ᠮᠠᠯᠴᠢᠨ ᠲᠠᠷᠢᠶᠠᠴᠢᠨ ᠮᠠᠯ ᠮᠠᠯᠵᠢᠵᠤ ᠲᠠᠷᠢᠶ᠎ᠠ ᠲᠠᠷᠢᠬᠤ ᠳ᠋ᠠᠭᠠᠨ 《 ᠢᠵᠢ ᠪᠥᠷᠢᠨ ᠦᠶ᠋ᠯᠡᠴᠢᠯᠡᠭᠡ 》 ᠵᠢ ᠵᠠᠬᠢᠶᠠᠯᠠᠵᠦ ᠪᠤᠯᠬᠤ ᠪᠤᠯᠵᠠᠢ
2026-03-25 10:12:25
ᠵᠣᠬᠢᠶᠠᠭ᠍ᠴᠢ᠄
​ᠼᠠᠢ ᠳ᠋ᠦᠩ ᠮᠧᠶ
ᠣᠩᠱᠢᠭ᠍ᠰᠠᠨ ᠣᠳᠠᠭ᠎ᠠ᠄
★★★☆☆

3 ᠰᠠᠷ᠎ᠠ ᠶ᠋ᠢᠨ 18 ᠤ᠋ ᠡᠳᠦᠷ᠂ ᠪᠤᠭᠤᠲᠤ ᠬᠤᠳᠠ ᠶ᠋ᠢᠨ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠤ᠋ ᠪᠠᠲᠤᠬᠠᠭᠠᠯᠭ᠎ᠠ ᠪᠠᠯᠭᠠᠰᠤᠨ ᠳ᠋ᠤ ᠨᠢᠭᠡᠨ ᠣᠨᠴᠠᠭᠠᠶ 《ᠳᠡᠯᠭᠡᠭᠦᠷ》ᠡᠬᠦᠳᠡ ᠪᠠᠨ ᠰᠡᠬᠦᠯ᠎ᠠ᠃ ᠡᠨᠡ 《ᠳᠡᠯᠭᠡᠭᠦᠷ》ᠨᠢ ᠲᠣᠰᠣᠨ ᠳ᠋ᠦ ᠪᠤᠴᠠᠯᠭᠠᠭ᠍ᠰᠠᠨ ᠲᠠᠬᠢᠶᠠᠨ ᠮᠢᠬᠠᠨ ᠤ᠋ ᠬᠠᠮᠪᠦ᠋ᠷᠡᠭ ᠬᠤᠳᠠᠯᠳᠤᠬᠤ ᠪᠢᠰᠢ᠂ ᠬᠠᠷᠢᠨ ᠲᠠᠷᠢᠶ᠎ᠠ ᠳᠠᠷᠢᠬᠤ᠂ ᠦᠬᠡᠷ ᠲᠡᠵᠢᠭᠡᠬᠦ᠌ ᠢᠵᠢ ᠪᠦᠷᠢᠨ ᠦᠶ᠋ᠯᠡᠴᠢᠯᠡᠭᠡ ᠵᠢ ᠬᠤᠳᠠᠯᠳᠤᠳᠠᠭ᠂ ᠲᠡᠷᠡ ᠪᠤᠯ ᠲᠠᠷᠤᠢ ᠣᠲᠣ ᠦᠶ᠎ᠡ ᠶ᠋ᠢᠨ ᠲᠠᠷᠢᠶᠠᠯᠠᠩ ᠤ᠋ᠨ ᠶᠠᠪᠤᠳᠠᠯ ᠤ᠋ᠨ ᠶᠡᠷᠦᠩᠬᠡᠢᠯᠡᠭ᠌ᠰᠡᠨ ᠦᠶ᠋ᠯᠡᠴᠢᠯᠡᠭᠡᠨ ᠤ᠋ ᠲᠥᠪ ᠪᠤᠯᠤᠨ᠎ᠠ᠃ ᠲᠤᠰ ᠡᠳᠤᠷ ᠪᠠᠲᠤᠬᠠᠭᠠᠯᠭ᠎ᠠ ᠪᠠᠯᠭᠠᠰᠤ ᠵᠢᠨ ᠣᠲᠣ ᠦᠶ᠎ᠡ ᠶ᠋ᠢᠨ ᠲᠠᠷᠢᠶᠠᠯᠠᠩ ᠤ᠋ᠨ ᠶᠠᠪᠤᠳᠠᠯ ᠤ᠋ᠨ ᠶᠡᠷᠦᠩᠬᠡᠢᠯᠡᠭ᠌ᠰᠡᠨ ᠦᠶ᠋ᠯᠡᠴᠢᠯᠡᠭᠡᠨ ᠤ᠋ ᠲᠥᠪ ᠵᠢᠩᠬᠢᠨᠢ ᠪᠡᠷ ᠫᠠᠢᠰᠠ ᠡᠯᠭᠦᠨ ᠪᠠᠢᠭᠤᠯᠤᠭ᠍ᠳᠠᠵᠤ᠂ ᠲᠤᠬᠠᠶ ᠶ᠋ᠢᠨ ᠭᠠᠵᠠᠷ ᠤ᠋ᠨ ᠮᠠᠯᠴᠢᠨ ᠲᠠᠷᠢᠶᠠᠴᠢᠳ ᠡᠭᠦᠨ ᠡᠴᠡ ᠡᠬᠢᠯᠡᠨ ᠬᠣᠭᠣᠯᠠ ᠵᠠᠬᠢᠶᠠᠯᠠᠬᠤ ᠲᠠᠶ ᠠᠳᠠᠯᠢ ᠪᠠᠷ ᠥᠪᠡᠷ ᠤ᠋ᠨ ᠲᠠᠷᠢᠶ᠎ᠠ ᠪᠠ ᠦᠬᠡᠷ ᠬᠣᠨᠢ ᠳ᠋ᠠᠭᠠᠨ ᠢᠵᠢ ᠪᠦᠷᠢᠨ ᠦᠢᠯᠡᠴᠢᠯᠡᠬᠡ ᠵᠢ ᠵᠠᠬᠢᠶᠠᠯᠠᠵᠤ ᠪᠣᠯᠬᠤ ᠪᠤᠯᠵᠠᠢ᠃

ᠡᠨᠡ ᠪᠣᠯ 2026 ᠣᠨ ᠤ᠋ ᠲᠥᠪ ᠤ᠋ᠨ ᠨᠢᠭᠡᠳᠦᠭᠡᠷ ᠲᠣᠭᠠᠲᠤ ᠪᠢᠴᠢᠭ ᠮᠠᠲ᠋ᠧᠷᠢᠶᠠᠯ ᠤ᠋ᠨ ᠵᠣᠷᠢᠭ ᠰᠠᠨᠠᠭᠠᠨ ᠤ᠋ ᠦᠨᠳᠦᠰᠦᠨ ᠱᠠᠲᠤᠨ ᠳ᠋ᠠᠬᠢ ᠠᠮᠢᠳᠤᠯᠢᠭ ᠦᠢᠯᠡᠳᠦᠯᠭᠡ ᠪᠣᠯᠤᠨ᠎ᠠ᠃ ᠪᠠᠲᠤᠬᠠᠭᠠᠯᠭ᠎ᠠ ᠪᠠᠯᠭᠠᠰᠤ ᠵᠢᠨ ᠠᠷᠠᠳ ᠤ᠋ᠨ ᠵᠠᠰᠠᠭ ᠤ᠋ᠨ ᠣᠷᠳᠣᠨ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ ᠤ᠋ ᠬᠠᠩᠭᠠᠨ ᠪᠣᠷᠣᠯᠠᠭᠤᠯᠬᠤ ᠬᠣᠷᠱᠢᠶ᠎ᠠ ᠲᠠᠶ ᠬᠣᠯᠪᠣᠭᠠᠯᠠᠨ ᠲᠠᠷᠠᠬᠠᠶ ᠪᠤᠲᠠᠷᠬᠠᠶ ᠲᠠᠷᠢᠶᠠᠯᠠᠩ ᠤ᠋ᠨ ᠡᠳ᠋ ᠬᠡᠷᠡᠭ᠌ᠰᠡᠯ ᠤ᠋ᠨ ᠬᠠᠩᠭᠠᠨ ᠪᠣᠷᠣᠯᠠᠭᠤᠯᠭ᠎ᠠ᠂ ᠨᠢᠲᠤᠯᠵᠤ ᠡᠳ᠋ᠱᠢᠭᠦᠯᠬᠦ᠌᠂ ᠬᠡᠮ ᠬᠢᠵᠢᠭ ᠢ᠋ ᠰᠡᠷᠭᠡᠢᠯᠡᠬᠦ᠌᠂ ᠲᠠᠷᠢᠶᠠᠯᠠᠩ ᠤ᠋ᠨ ᠳᠠᠭᠠᠳᠭᠠᠯ ᠵᠡᠷᠭᠡ ᠦᠶ᠋ᠯᠡᠴᠢᠯᠡᠭᠡᠨ ᠤ᠋ ᠡᠬᠢ ᠪᠠᠶᠠᠯᠢᠭ ᠢ᠋ ᠨᠡᠢᠳᠬᠡᠵᠤ᠂ 1 ᠶᠡᠷᠦᠩᠬᠡᠢᠯᠡᠭ᠌ᠰᠡᠨ ᠦᠶ᠋ᠯᠡᠴᠢᠯᠡᠭᠡᠨ ᠤ᠋ ᠲᠥᠪ᠂ 2 ᠶᠡᠬᠡ ᠠᠵᠤ ᠦᠶ᠋ᠯᠡᠰ ᠤ᠋ᠨ ᠬᠡᠰᠡᠭ᠂ 5 ᠲᠥᠷᠥᠯ ᠤ᠋ᠨ ᠦᠶ᠋ᠯᠡᠴᠢᠯᠡᠭᠡᠨ ᠤ᠋ ᠱᠢᠰᠲ᠋ᠧᠮ᠂ 4 ᠭᠠᠴᠠᠭ᠎ᠠ ᠲᠣᠰᠭᠣᠨ ᠢ᠋ ᠬᠣᠯᠪᠣᠭᠠᠯᠠᠨ ᠬᠥᠳᠡᠯᠦᠯᠴᠡᠵᠦ᠍ ᠠᠵᠢᠯᠯᠠᠭᠤᠯᠬᠤ 《1254》 ᠡᠵᠡᠩᠨᠡᠯᠲᠡ ᠶ᠋ᠢᠨ ᠪᠦᠲᠦᠴᠡ ᠵᠢ ᠪᠠᠢᠭᠤᠯᠪᠠ᠃

《ᠥᠩᠭᠡᠷᠡᠭ᠌ᠰᠡᠨ ᠳ᠋ᠦ ᠮᠠᠯᠴᠢᠨ ᠲᠠᠷᠢᠶᠠᠴᠢᠳ ᠲᠠᠷᠢᠶᠠᠯᠠᠩ ᠤ᠋ᠨ ᠦᠢᠯᠡᠳᠪᠦᠷᠢᠯᠡᠯ ᠤ᠋ᠨ ᠬᠡᠷᠡᠭ᠌ᠰᠡᠯ ᠢ᠋ ᠬᠤᠳᠠᠯᠳᠤᠨ ᠠᠪᠬᠤ ᠳ᠋ᠠᠭᠠᠨ ᠡᠨᠳᠡ ᠡᠴᠡ ᠨᠢ ᠲᠠᠷᠢᠶᠠᠨ ᠦᠷ᠎ᠡ᠂ ᠳᠡᠨᠳᠡ ᠡᠴᠡ ᠨᠢ ᠬᠢᠮᠢ ᠶ᠋ᠢᠨ ᠪᠤᠷᠳᠤᠭᠤᠷ ᠬᠤᠳᠠᠯᠳᠤᠨ ᠠᠪᠴᠤ᠌᠂ ᠶᠠᠭ ᠯᠠ ᠱᠢᠷᠭᠤᠯᠵᠢ ᠨᠡᠭᠦᠵᠦ᠍ ᠪᠠᠢᠬᠤ ᠱᠢᠭ᠋ ᠶᠠᠭᠠᠷᠠᠯᠳᠤᠵᠦ᠂ ᠵᠠᠷᠤᠳᠠᠯ ᠨᠢ ᠴᠦ᠍ ᠶᠡᠬᠡ ᠪᠠᠢᠭᠰᠠᠨ》 ᠬᠡᠵᠤ ᠪᠠᠲᠤᠬᠠᠭᠠᠯᠭ᠎ᠠ ᠪᠠᠯᠭᠠᠰᠤ ᠵᠢᠨ ᠬᠤᠩᠭᠤᠷ ᠳᠠᠯ᠎ᠠ ᠲᠣᠰᠭᠣᠨ ᠤ᠋ ᠨᠠᠮ ᠤ᠋ᠨ ᠡᠭᠦᠷ ᠤ᠋ᠨ ᠱᠦᠵᠢ ᠸᠠᠩ ᠵᠢᠶᠠᠨ ᠪᠥᠸᠧ ᠶᠠᠷᠢᠭᠰᠠᠨ ᠵᠢᠡᠨ ᠵᠠᠯᠭᠠᠭᠠᠳ᠄ 《ᠣᠳᠣ ᠰᠠᠢᠨ ᠪᠣᠯᠵᠠᠶ᠂ ᠶᠠᠭ ᠺᠧᠨ ᠳ᠋ᠧ ᠵᠢᠶ ᠳ᠋ᠦ ᠣᠴᠢᠵᠤ ᠬᠣᠭᠣᠯᠠ ᠵᠠᠬᠢᠶᠠᠯᠠᠬᠤ ᠲᠠᠶ ᠠᠳᠠᠯᠢ ᠪᠡᠷ ᠲᠥᠮᠥᠰᠥᠨ ᠬᠡᠷᠴᠢᠮᠡᠯ᠂ ᠬᠠᠮᠪᠦ᠋ᠷᠡᠭ᠂ ᠺᠤᠯᠠ ᠵᠢ ᠨᠢᠭᠡ ᠯᠡ ᠤᠳᠠᠭ᠎ᠠ ᠳ᠋ᠦ ᠵᠠᠬᠢᠶᠠᠯᠠᠵᠦ᠂ ᠠᠵᠢᠯ ᠨᠢ ᠪᠠᠭ᠎ᠠ ᠵᠣᠭᠣᠰᠤᠨ ᠳ᠋ᠦ ᠴᠦ᠍ ᠠᠷᠪᠢᠳᠠᠢ ᠶᠤᠮ》 ᠬᠡᠵᠦ ᠬᠡᠯᠡᠨ᠎ᠠ᠃

ᠲᠤᠬᠠᠶ ᠶ᠋ᠢᠨ ᠭᠠᠵᠠᠷ ᠤ᠋ᠨ ᠮᠠᠯᠴᠢᠨ ᠲᠠᠷᠢᠶᠠᠴᠢᠨ ᠳ᠋ᠦ 《ᠮᠠᠯ ᠠᠵᠤ ᠠᠬᠤᠶ ᠲᠠᠷᠢᠶᠠᠯᠠᠩ ᠤ᠋ᠨ ᠺᠸᠨ ᠳ᠋ᠧ ᠵᠢᠢ》 ᠬᠡᠮᠡᠭ᠌ᠳᠡᠭ᠌ᠰᠡᠨ ᠡᠨᠡ ᠬᠦ᠌ ᠦᠶ᠋ᠯᠡᠴᠢᠯᠡᠭᠡᠨ ᠤ᠋ ᠲᠥᠪ ᠨᠢ ᠳᠠᠷᠢᠬᠤ᠂ ᠲᠡᠵᠢᠭᠡᠨ ᠦᠷᠡᠵᠢᠭᠦᠯᠬᠦ᠌᠂ ᠮᠠᠯᠵᠢᠬᠤ ᠡᠷᠦᠬᠡ ᠬᠤᠯᠪᠤᠭᠠᠯᠠᠨ ᠱᠢᠭᠤᠳ ᠪᠣᠷᠣᠯᠠᠭᠤᠯᠬᠤ᠂ ᠰᠦᠯᠵᠢᠶᠡᠨ ᠤᠳᠤᠨ ᠱᠦᠵᠢ ᠶ᠋ᠢᠨ ᠱᠢᠭᠤᠳ ᠨᠡᠪᠲᠡᠷᠡᠭᠦᠯᠭᠡ ᠪᠡᠷ ᠲᠠᠷᠢᠶᠠᠯᠠᠩ ᠳ᠋ᠦ ᠦᠢᠯᠡᠴᠢᠯᠡᠬᠦ᠂ ᠲᠠᠷᠢᠶᠠᠯᠠᠩ ᠤ᠋ᠨ ᠬᠠᠶᠠᠭ᠍ᠳᠠᠮᠠᠯ ᠪᠣᠳᠠᠰ ᠢ᠋ ᠡᠬᠢ ᠪᠠᠶᠠᠯᠢᠭ᠍ᠵᠢᠭᠤᠯᠤᠨ ᠱᠢᠶ᠋ᠳᠪᠦᠷᠢᠯᠡᠬᠦ᠌ ᠵᠡᠷᠭᠡ ᠪᠠᠭᠳᠠᠭᠠᠭᠰᠠᠨ ᠠᠩᠬ᠎ᠠ ᠠᠯᠬᠤᠮ ᠤ᠋ᠨ 5 ᠲᠦᠷᠦᠯ ᠤ᠋ᠨ ᠦᠢᠯᠡᠴᠢᠯᠡᠬᠡ ᠭᠠᠷᠭᠠᠵᠤ᠂ ᠢᠵᠢ ᠦᠢᠯᠡᠴᠢᠯᠡᠬᠡ ᠪᠦᠷᠢ ᠳ᠋ᠤ ᠴᠦᠮ ᠢᠯᠡ ᠦᠨ᠎ᠡ ᠬᠠᠳᠠᠵᠤ᠂ ᠡᠷᠦᠬᠡ ᠪᠤᠯᠭᠠᠨ ᠳ᠋ᠦ ᠦᠶ᠋ᠯᠡᠴᠢᠯᠡᠬᠦ ᠪᠤᠯᠤᠨ᠎ᠠ᠃

ᠲᠣᠭᠠᠴᠢᠯᠠᠯᠲᠠ ᠨᠢ ᠦᠶ᠋ᠯᠡᠴᠢᠯᠡᠭᠡ ᠵᠢ ᠤᠯᠠᠮ ᠢᠯᠡ ᠲᠤᠳᠤᠷᠬᠠᠢ ᠮᠦᠷᠳᠡᠬᠡᠨ ᠪᠤᠳᠠᠳᠠᠢ ᠪᠤᠯᠭᠠᠵᠠᠢ᠃ ᠮᠠᠯᠴᠢᠨ ᠲᠠᠷᠢᠶᠠᠴᠢᠳ 《ᠳᠠᠷᠬᠠᠨ ᠮᠤᠸ᠋ᠮᠢᠩᠭᠠᠨ ᠤ᠋ ᠲᠠᠷᠢᠶᠠᠯᠠᠩ ᠤ᠋ᠨ ᠦᠢᠯᠡᠴᠢᠯᠡᠬᠡ》 ᠲᠠᠪᠴᠠᠩ ᠪᠤᠯᠤᠨ 《ᠳᠠᠷᠬᠠᠨ ᠮᠤᠸ᠋ᠮᠢᠩᠭᠠᠨ ᠬᠣᠯᠪᠣᠭᠠᠲᠤ ᠬᠤᠰᠢᠭᠤᠨ ᠤ᠋ ᠬᠠᠩᠭᠠᠨ ᠪᠣᠷᠣᠯᠠᠭᠤᠯᠬᠤ ᠱᠢᠯᠢᠳᠡᠭ ᠪᠠᠷᠠᠭ᠎ᠠ》 ᠵᠢᠵᠢᠭ ᠫᠷᠤᠭ᠌ᠷᠠᠮ ᠳ᠋ᠦ ᠳᠠᠩᠰᠠᠯᠠᠭᠤᠯᠤᠭ᠍ᠰᠠᠨ ᠤ᠋ ᠳᠠᠷᠠᠭ᠎ᠠ ᠬᠡᠷ ᠲᠡᠬᠡᠨ ᠰᠠᠭᠤᠵᠦ ᠪᠠᠢᠭᠠᠳ 《ᠰᠦᠯᠵᠢᠶᠡᠨ ᠳᠡᠭᠡᠷ᠎ᠡ ᠵᠠᠬᠢᠶᠠᠯᠠᠭ᠎ᠠ ᠦᠭᠪᠡᠯ》ᠦᠶ᠋ᠯᠡᠴᠢᠯᠡᠭᠡᠨ ᠤ᠋ ᠠᠩᠭᠢ ᠡᠴᠡ 《ᠠᠬᠤᠢ ᠳᠠᠯᠠᠪᠠᠢ ᠳ᠋ᠦ ᠵᠠᠬᠢᠶᠠᠯᠠᠭ᠎ᠠ ᠬᠦᠢᠴᠡᠳᠬᠡᠬᠦ》 ᠪᠣᠯᠤᠨ᠎ᠠ᠃ ᠪᠤᠭᠤᠲᠤ ᠬᠣᠲᠠ ᠶ᠋ᠢᠨ ᠲᠠᠷᠢᠶᠠᠯᠠᠩ ᠮᠠᠯ ᠠᠵᠤ ᠠᠬᠤᠶ ᠶ᠋ᠢᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠬᠦᠷᠢᠶᠡᠯᠡᠩ᠂ ᠲᠤᠮᠳᠠᠳᠦ ᠤᠯᠤᠰ ᠤ᠋ᠨ ᠠᠷᠠᠳ ᠤ᠋ᠨ ᠡᠳ᠋ ᠬᠦᠷᠦᠩᠭᠡ ᠶ᠋ᠢᠨ ᠳᠠᠭᠠᠳᠬᠠᠯ ᠤ᠋ᠨ ᠺᠤᠮᠫᠠᠨᠢ᠂ ᠱᠧᠩ ᠳ᠋ᠡ ᠲᠠᠷᠢᠶᠠᠯᠠᠩ ᠮᠠᠯ ᠠᠵᠤ ᠠᠬᠤᠶ ᠶ᠋ᠢᠨ ᠺᠣᠮᠫᠠᠨᠢ ᠵᠡᠷᠭᠡ ᠮᠡᠷᠭᠡᠵᠢᠯ ᠤ᠋ᠨ ᠪᠦᠯᠬᠦᠮ ᠨᠡᠢᠲᠡ ᠪᠠ ᠦᠶ᠋ᠯᠡᠴᠢᠯᠡᠭᠡᠨ ᠤ᠋ ᠬᠤᠳᠠᠯᠳᠤᠭᠠᠴᠢᠳ ᠬᠣᠢᠨ᠎ᠠ ᠬᠣᠢᠨ᠎ᠠ ᠡᠴᠡ ᠪᠠᠨ ᠡᠨᠡ ᠬᠦ᠌ ᠲᠠᠪᠴᠠᠩ ᠳ᠋ᠤ ᠨᠤᠲᠤᠭᠰᠢᠨ ᠢᠵᠢ ᠦᠢᠯᠡᠴᠢᠯᠡᠬᠡ ᠬᠠᠩᠭᠠᠬᠤ ᠪᠡᠷ ᠪᠡᠯᠡᠬᠡᠨ ᠪᠤᠯᠵᠠᠢ᠃

ᠠᠵᠤ ᠠᠬᠤᠶ ᠶ᠋ᠢᠨ ᠨᠠᠷᠢᠨ ᠳᠠᠩᠰᠠ ᠵᠢ ᠪᠤᠳᠤᠪᠠᠯ ᠠᠰᠢᠭ ᠲᠤᠰᠠ ᠨᠢ ᠢᠯᠡ ᠳᠤᠳᠤᠷᠬᠠᠢ᠃ ᠡᠷᠳᠡᠨᠢ ᠱᠢᠰᠢ ᠳᠠᠷᠢᠬᠤ ᠲᠠᠷᠢᠶᠠᠯᠠᠬᠤ ᠡᠷᠦᠬᠡ ᠪᠡᠷ ᠵᠢᠱ᠌ᠢᠶᠡᠯᠡᠪᠡᠯ᠂ ᠬᠡᠷᠪᠡ ᠲᠠᠷᠢᠬᠤ ᠡᠴᠡ ᠬᠤᠷᠢᠶᠠᠬᠤ ᠬᠦᠷᠲᠡᠯᠡᠬᠢ ᠪᠥᠬᠥ᠌ ᠶᠠᠪᠤᠴᠠ ᠵᠢ ᠨᠠᠢᠳᠠᠨ ᠬᠠᠮᠢᠶᠠᠷᠤᠭᠤᠯᠪᠠᠯ ᠮᠥ᠍ ᠪᠦᠷᠢ ᠶ᠋ᠢᠨ ᠵᠠᠷᠤᠳᠠᠯ ᠢ᠋ 50 — 60 ᠲᠥᠭᠥᠷᠢᠭ ᠠᠷᠪᠢᠯᠠᠵᠦ᠂ ᠡᠨᠡ ᠨᠢ 1 ᠤᠭᠤᠲᠠ ᠬᠢᠮᠢ ᠶ᠋ᠢᠨ ᠪᠣᠷᠲᠣᠭᠣᠷ ᠤ᠋ᠨ ᠵᠣᠭᠣᠰ ᠢ᠋ ᠠᠷᠪᠢᠯᠠᠵᠤ ᠭᠠᠷᠭᠠᠭ᠍ᠰᠠᠨ ᠲᠠᠶ ᠲᠡᠩᠴᠡᠨ᠎ᠡ;ᠲᠠᠷᠢᠶᠠᠯᠠᠩ ᠤ᠋ᠨ ᠳᠠᠭᠠᠳᠭᠠᠯ ᠬᠤᠳᠠᠯᠳᠤᠨ ᠠᠪᠤᠪᠠᠯ ᠪᠠᠰᠠ ᠲᠠᠷᠢᠶᠠᠯᠠᠩ ᠤ᠋ᠨ ᠮᠠᠱᠢᠨ ᠤ᠋ ᠵᠢᠯᠤᠭᠤᠴᠢ ᠶ᠋ᠢᠨ ᠭᠡᠨᠡᠳᠲᠡ ᠶ᠋ᠢᠨ ᠤᠰᠤᠯ ᠤ᠋ᠨ ᠳᠠᠭᠠᠳᠭᠠᠯ ᠤ᠋ᠨ ᠰᠦᠶ᠋ᠳᠭᠡᠯ ᠢ᠋ 10% ᠪᠡᠷ ᠬᠠᠰᠤᠵᠤ ᠬᠡᠯᠲᠦᠷᠢᠭᠦᠯᠦᠨ᠎ᠡ; ᠦᠬᠡᠷ ᠲᠡᠵᠢᠭᠡᠬᠦ᠌ ᠮᠠᠯᠴᠢᠳ ᠡᠷᠦᠬᠡ ᠬᠣᠯᠪᠣᠭᠠᠯᠠᠨ ᠠᠳᠠᠯᠢ ᠬᠤᠭᠤᠴᠠᠭᠠᠨ ᠳ᠋ᠦ ᠣᠷᠣᠭ᠎ᠠ ᠣᠷᠣᠭᠤᠯᠵᠤ ᠬᠦᠪᠦᠷᠡᠯ ᠱᠢᠯᠵᠢᠭᠦᠯᠦᠨ ᠪᠤᠢᠵᠢᠭᠤᠯᠪᠠᠯ ᠨᠥᠬᠥᠪᠥᠷᠢ ᠥᠭ᠌ᠭᠦᠨ᠎ᠡ; ᠡᠪᠡᠰᠦ ᠬᠤᠳᠠᠯᠳᠤᠵᠤ ᠠᠪᠤᠪᠠᠯ 5% ᠪᠠᠷ ᠬᠢᠮᠳᠠᠷᠠᠭᠤᠯᠤᠨ᠎ᠠ ᠁

ᠮᠠᠯᠴᠢᠳ ᠲᠦ᠍ ᠬᠠᠮᠤᠭ᠎ᠤ᠋ᠨ ᠰᠢᠭᠤᠳ ᠠᠰᠢᠭ ᠬᠦᠷᠳᠡᠭᠡᠳᠡᠭ ᠨᠢ ᠦᠬᠡᠷ ᠬᠤᠳᠠᠯᠳᠤᠬᠤ ᠶᠠᠪᠤᠳᠠᠯ ᠶᠤᠮ᠃ ᠦᠢᠯᠡᠴᠢᠯᠡᠭᠡᠨ ᠤ᠋ ᠲᠥᠪ ᠨᠢ ᠰᠸᠴᠤᠸᠠᠨ᠂ ᠭᠤᠸᠠᠩᠳᠦ᠋ᠩ ᠵᠡᠷᠭᠡ ᠭᠠᠵᠠᠷ ᠤ᠋ᠨ ᠲᠣᠮᠣ ᠬᠤᠳᠠᠯᠳᠤᠭᠠᠴᠢᠨ ᠲᠠᠶ ᠬᠠᠮᠳᠤᠷᠠᠯᠴᠠᠨ 700 ᠺᠢᠯᠣᠭ᠌ᠷᠠᠮ ᠡᠴᠡ ᠳᠡᠭᠡᠭ᠌ᠰᠢᠬᠢ ᠪᠣᠷᠳᠣᠨ ᠲᠠᠷᠭᠤᠯᠠᠭᠤᠯᠤᠭ᠍ᠰᠠᠨ ᠮᠢᠬᠠᠨ ᠤ᠋ ᠦᠬᠡᠷ ᠢ᠋ ᠲᠥᠪᠯᠡᠷᠡᠭᠦᠯᠦᠨ ᠭᠠᠳᠠᠭ᠍ᠰᠢ ᠪᠣᠷᠣᠯᠠᠭᠤᠯᠵᠤ᠂ ᠵᠠᠪᠰᠠᠷ ᠤ᠋ᠨ ᠬᠤᠳᠠᠯᠳᠤᠭᠠᠴᠢᠨ ᠢ᠋ ᠲᠣᠭᠣᠷᠢᠨ ᠭᠠᠷᠴᠤ᠌᠂ ᠵᠢᠩ ᠳ᠋ᠡᠭᠡᠨ ᠢᠯᠡᠭᠦᠦ ᠬᠡᠳᠦᠨ ᠮᠥᠩᠭᠥ᠌ ᠪᠡᠷ ᠬᠤᠳᠠᠯᠳᠤᠵᠤ ᠲᠠᠢᠯᠬᠦ ᠪᠤᠯᠵᠠᠢ᠃ 《ᠥᠩᠭᠡᠷᠡᠭ᠌ᠰᠡᠨ ᠳ᠋ᠦ ᠦᠬᠡᠷ ᠤ᠋ᠨ ᠮᠠᠢᠮᠠᠢᠴᠢᠨ ᠢᠷᠡᠵᠦ᠍ ᠬᠤᠳᠠᠯᠳᠤᠨ ᠠᠪᠤᠪᠠᠯ ᠦᠨ᠎ᠡ ᠵᠢ ᠨᠢ ᠰᠦᠷᠡᠬᠡᠢ ᠳᠠᠷᠤᠵᠤ ᠪᠠᠢᠭ᠍ᠰᠠᠨ᠂ ᠤᠳᠤ ᠪᠢᠳᠡ ᠬᠠᠮᠳᠤᠷᠠᠨ ᠬᠤᠳᠠᠯᠳᠤᠬᠤ ᠪᠤᠯᠤᠭᠰᠠᠨ ᠡᠴᠡ ᠠᠰᠢᠭ ᠤᠷᠤᠯᠭ᠎ᠠ ᠪᠠᠨ ᠪᠠᠳᠤᠯᠠᠬᠤ ᠪᠤᠯᠵᠠᠢ》 ᠭᠡᠵᠦ᠍ ᠨᠢᠭᠡᠨ ᠦᠬᠡᠷ ᠬᠤᠳᠠᠯᠳᠤᠬᠤ ᠪᠡᠷ ᠪᠦᠷᠢᠳᠭᠡᠭᠦᠯᠵᠦ᠍ ᠪᠠᠢᠭ᠍ᠰᠠᠨ ᠮᠠᠯᠴᠢᠨ ᠪᠠᠶᠠᠷᠳᠠᠢᠬᠠᠨ ᠬᠡᠯᠡᠨ᠎ᠡ᠃

ᠬᠤᠩᠭᠤᠷ ᠳᠠᠯ᠎ᠠ ᠲᠣᠰᠭᠣᠨ ᠤ᠋ ᠱᠢᠭᠤᠳ ᠨᠡᠪᠲᠡᠷᠡᠭᠦᠯᠭᠡ ᠶ᠋ᠢᠨ ᠲᠠᠰᠤᠭ ᠴᠦ᠍ ᠦᠢᠯᠡᠳᠤᠯ ᠵᠢᠡᠨ ᠪᠦᠷᠢᠨ ᠪᠠᠳᠠᠷᠠᠭᠤᠯᠵᠤ ᠡᠬᠢᠯᠡᠪᠡ᠃ 《ᠰᠦᠯᠵᠢᠶᠡᠨ ᠤ᠋ ᠤᠳᠤᠨ ᠱᠦᠵᠢ》ᠪᠡᠶ᠎ᠡ ᠪᠡᠷ ᠵᠢᠡᠨ ᠣᠷᠣᠯᠴᠠᠵᠤ᠂ ᠨᠤᠲᠤᠭ ᠤ᠋ᠨ ᠠᠬ᠎ᠠ ᠳᠡᠭᠦᠦ᠍ ᠨᠡᠷ ᠵᠢᠡᠨ ᠬᠠᠪᠰᠤᠷᠤᠨ ᠦᠬᠡᠷ ᠬᠤᠨᠢᠨ ᠮᠢᠬ᠎ᠠ᠂ ᠴᠠᠭᠠᠨ ᠢᠳᠡᠭᠡᠨ ᠢ᠋ ᠨᠢ ᠪᠤᠷᠤᠯᠠᠭᠤᠯᠵᠤ᠂ ᠭᠠᠷ ᠤᠲᠠᠰᠤ ᠨᠢ ᠱᠢᠨ᠎ᠡ ᠲᠠᠷᠢᠶᠠᠯᠠᠩ ᠤ᠋ᠨ ᠬᠡᠷᠡᠭᠰᠡᠯ ᠪᠤᠯᠵᠤ᠂ ᠱᠢᠭᠤᠳ ᠨᠡᠪᠲᠡᠷᠡᠭᠦᠯᠭᠡ ᠨᠢ ᠱᠢᠨ᠎ᠡ ᠲᠠᠷᠢᠶᠠᠨ ᠠᠵᠢᠯ ᠪᠣᠯᠵᠠᠢ᠃ ᠰᠦᠯᠢᠶᠤᠤ ᠪᠦᠷᠬᠦᠪᠴᠢ ᠵᠢ ᠴᠦ᠍ ᠡᠬᠢ ᠪᠠᠶᠠᠯᠢᠭᠵᠢᠭᠤᠯᠤᠨ ᠠᠰᠢᠭᠯᠠᠬᠤ ᠪᠤᠯᠵᠤ᠂ ᠢᠵᠢ ᠦᠢᠯᠡᠴᠢᠯᠡᠬᠡ ᠳ᠋ᠦ ᠣᠷᠣᠯᠴᠠᠭ᠍ᠰᠠᠨ ᠲᠠᠷᠢᠶᠠᠯᠠᠬᠤ ᠡᠷᠦᠬᠡ ᠵᠢᠨ ᠬᠢᠨ ᠰᠦᠯᠢᠶᠣᠣ ᠪᠦᠷᠬᠦᠪᠴᠢ ᠵᠢ ᠬᠣᠷᠢᠶᠠᠨ ᠠᠪᠬᠤ ᠳ᠋ᠦ ᠵᠥᠪᠬᠡᠨ ᠲᠣᠰᠣᠨ ᠵᠣᠭᠣᠰ ᠪᠠ ᠬᠥᠮᠦᠨ ᠤ᠋ ᠬᠦᠴᠦᠨ ᠤ᠋ ᠵᠠᠷᠤᠳᠠᠯ ᠭᠠᠷᠭᠠᠪᠠᠯ ᠪᠤᠯᠴᠢᠬᠠᠨ᠎ᠠ᠃ ᠡᠨᠡ ᠨᠢ ᠣᠷᠴᠢᠨ ᠲᠣᠭᠣᠷᠢᠨ ᠢ᠋ ᠬᠠᠮᠠᠭᠠᠯᠠᠬᠤ ᠮᠥᠷᠲᠡᠭᠡᠨ ᠪᠠᠰᠠ ᠵᠣᠭᠣᠰ ᠮᠦᠩᠬᠦᠨ ᠳ᠋ᠤ ᠠᠷᠪᠢᠳᠠᠢ ᠪᠤᠯᠵᠠᠢ᠃

《ᠪᠢᠳᠡᠨ ᠤ᠋ ᠬᠢᠬᠦ᠌ ᠠᠵᠢᠯ ᠪᠣᠯ 〈ᠬᠣᠶᠠᠷ ᠦᠵᠦᠭᠦᠷ ᠲᠦ᠍ ᠪᠦᠳᠦᠬᠡᠨ ᠪᠠᠢᠭᠤᠯᠤᠯᠳᠠ ᠬᠢᠵᠤ᠂ ᠳᠤᠮᠳᠠ ᠨᠢ ᠬᠣᠯᠪᠣᠬᠤ ᠶᠠᠪᠤᠳᠠᠯ〉 ᠪᠣᠯᠤᠨ᠎ᠠ᠂ ᠨᠢᠭᠡ ᠲᠠᠯ᠎ᠠ ᠪᠠᠷ ᠦᠶ᠋ᠯᠡᠴᠢᠯᠡᠭᠡᠨ ᠤ᠋ ᠡᠬᠢ ᠪᠠᠶᠠᠯᠢᠭ ᠲᠠᠶ ᠬᠣᠯᠪᠣᠨ᠂ ᠨᠥᠭᠥᠭᠡ ᠲᠠᠯ᠎ᠠ ᠪᠠᠷ ᠮᠠᠯᠴᠢᠨ ᠲᠠᠷᠢᠶᠠᠴᠢᠨ ᠤ᠋ ᠬᠡᠷᠡᠭ᠌ᠴᠡᠭᠡ ᠲᠡᠶ ᠬᠣᠯᠪᠣᠵᠤ᠂ ᠳᠤᠮᠳᠠᠬᠢ ᠭᠣᠭ᠍ᠴᠣᠭ᠎ᠠ ᠵᠢ ᠨᠡᠪᠲᠡᠷᠡᠭᠦᠯᠦᠨ᠎ᠠ》 ᠭᠡᠵᠦ ᠦᠶ᠋ᠯᠡᠴᠢᠯᠡᠭᠡᠨ ᠤ᠋ ᠲᠥᠪ ᠤ᠋ᠨ ᠬᠠᠷᠢᠭᠤᠴᠠᠯᠭᠠᠲᠠᠨ ᠵᠢᠨ ᠶᠦᠩ ᠹᠸᠩ ᠬᠡᠯᠡᠨ᠎ᠠ᠃ ᠲᠡᠬᠦᠨ ᠤ᠋ ᠬᠡᠯᠡᠬᠦ ᠪᠡᠷ᠂ ᠫᠠᠢᠰᠠ ᠡᠯᠭᠦᠬᠦ᠌ ᠪᠣᠯ ᠨᠢᠭᠡᠳᠦᠭᠡᠷ ᠠᠯᠬᠤᠮ ᠲᠡᠳᠦᠶ ᠶᠤᠮ᠂ ᠵᠠᠯᠭᠠᠭᠠᠳ ᠦᠶ᠋ᠯᠡᠴᠢᠯᠡᠭᠡ ᠪᠡᠨ ᠲᠠᠰᠤᠷᠠᠯᠲᠠ ᠥᠬᠡᠶ ᠲᠡᠭᠦᠯᠳᠡᠷᠵᠢᠭᠦᠯᠤᠨ᠂ ᠨᠠᠩ ᠣᠯᠠᠨ ᠮᠠᠯᠴᠢᠨ ᠲᠠᠷᠢᠶᠠᠴᠢᠨ ᠳ᠋ᠦ ᠢᠵᠢ ᠦᠶ᠋ᠯᠡᠴᠢᠯᠡᠭᠡ ᠬᠠᠩᠭᠠᠵᠦ᠂ ᠦᠨᠡᠨ ᠪᠤᠳᠠᠳᠠᠢ ᠠᠰᠢᠭ ᠬᠦᠷᠳᠡᠭᠡᠬᠦ ᠪᠤᠯᠤᠨ᠎ᠠ᠃

ᠣᠳᠣ ᠪᠠᠲᠤᠬᠠᠭᠠᠯᠭ᠎ᠠ ᠪᠠᠯᠭᠠᠰᠤᠨ ᠳ᠋ᠦ ᠲᠠᠷᠢᠶ᠎ᠠ ᠲᠠᠷᠢᠵᠤ ᠦᠬᠡᠷ ᠲᠡᠵᠢᠭᠡᠬᠦ᠌ ᠨᠢ《ᠭᠠᠭ᠍ᠴᠠᠭᠠᠷ ᠵᠢᠡᠨ ᠬᠢᠬᠦ》 ᠶᠠᠪᠤᠳᠠᠯ ᠪᠢᠰᠢ ᠪᠣᠯᠵᠠᠶ᠃ ᠲᠠᠷᠢᠶᠠᠯᠠᠩ ᠤ᠋ᠨ ᠦᠢᠯᠡᠳᠪᠦᠷᠢᠯᠡᠯ ᠤ᠋ᠨ ᠬᠡᠷᠡᠭ᠌ᠰᠡᠯ ᠢ᠋ ᠬᠤᠳᠠᠯᠳᠤᠨ ᠠᠪᠬᠤ ᠡᠴᠡ ᠪᠦᠳᠦᠭᠡᠭᠳᠡᠬᠦᠨ ᠢ᠋ᠶ᠋ᠡᠨ ᠬᠤᠳᠠᠯᠳᠤᠬᠤ ᠬᠦᠷᠲᠡᠯ᠎ᠡ᠂ ᠮᠡᠷᠭᠡᠵᠢᠯ ᠤ᠋ᠨ ᠵᠢᠯᠤᠭᠤᠳᠤᠯᠭ᠎ᠠ ᠡᠴᠡ ᠮᠥᠩᠭᠥᠨ ᠭᠦᠢᠯᠭᠡᠭᠡᠨ ᠳᠠᠭᠠᠳᠭᠠᠯ ᠬᠦᠷᠲᠡᠯ᠎ᠡ᠂ ᠪᠦᠷᠢᠨ ᠪᠦᠳᠦᠨ《ᠲᠠᠷᠢᠶᠠᠯᠠᠩ ᠤ᠋ᠨ ᠶᠠᠪᠤᠳᠠᠯ ᠤ᠋ᠨ ᠶᠡᠷᠦᠩᠬᠡᠢᠯᠡᠭ᠌ᠰᠡᠨ ᠦᠢᠯᠡᠴᠢᠯᠡᠭᠡᠨ ᠤ᠋ ᠲᠣᠭᠣᠷᠢᠭ》ᠨᠢᠬᠡᠨᠳᠡ ᠠᠩᠬ᠎ᠠ ᠠᠯᠬᠤᠮ ᠪᠦᠷᠢᠯᠳᠦᠵᠦ᠍᠂ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠳ᠋ᠦ ᠴᠤ᠋ ᠰᠢᠨ᠎ᠠ ᠠᠮᠢᠵᠢᠷᠠᠯ ᠤ᠋ᠨ ᠬᠦᠴᠦᠨ ᠨᠡᠮᠡᠭᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号