— 《ᠲᠠᠯ᠎ᠠ ᠵᠢᠨ ᠲᠤᠶᠠᠭ᠎ᠠ》 ᠳ᠋ᠦ ᠤᠤᠭᠠᠨ ᠱᠢᠯᠦᠭ᠎ᠢᠶᠠᠨ ᠨᠡᠢᠳᠡᠯᠡᠭᠦᠯᠦᠭ᠌ᠰᠡᠨ 60 ᠵᠢᠯ᠎ᠤᠨ ᠤᠢ᠎ᠳᠤ ᠵᠤᠷᠢᠭᠤᠯᠪᠠ
ᠭᠦᠨᠪᠤᠯᠠᠭ ① ᠬᠠᠷᠠᠵᠤ ᠪᠠᠢᠯ᠎ᠠ —
ᠤᠩᠭᠤᠨ ᠠᠭᠤᠯᠠ᠎ᠶ᠋ᠢᠨ ᠪᠡᠯ
ᠤᠩᠭᠠᠰᠤᠭ᠍ᠰᠠᠨ ᠬᠤᠮᠤᠯ᠎ᠤᠨ ᠢᠯᠴᠢ
《ᠬᠤᠳᠳᠤᠭ ᠁》
ᠭᠦᠢᠴᠡᠳ ᠳᠤᠷ᠎ᠠ᠎ᠶ᠋ᠢᠨ ᠰᠡᠬᠡᠬᠡ
ᠱᠦᠯᠦᠨ ᠲᠤᠰ᠎ᠤᠨ ᠳ᠋ᠧᠩ᠎ᠤᠨ ᠭᠡᠭᠡ
ᠰᠤᠷᠤᠭ᠍ᠴᠢ ᠬᠦᠦ ᠭᠤᠷᠪᠠᠭᠤᠯᠠ ᠴᠠᠭᠠᠰᠤᠨ ᠳᠡᠭᠡᠷ᠎ᠡ
ᠱᠢᠪᠠᠭᠤᠨ᠎ᠤ ᠳᠡᠭ᠌ᠳᠡᠭᠡᠬᠡᠢ ᠵᠢᠷᠤᠵᠤ ᠪᠠᠢᠪᠠ ᠁
ᠳᠡᠭᠡᠷ᠎ᠡ ᠵᠠᠭᠤᠨ᠎ᠤ ᠵᠢᠷᠡᠨ ᠵᠢᠷᠭᠤᠭᠠᠨ ᠤᠨ᠎ᠤ
ᠳᠦᠷᠪᠡᠨ ᠰᠠᠷ᠎ᠠ᠎ᠶ᠋ᠢᠨ ᠭᠤᠷᠪᠠᠨ᠎ᠳᠤ
ᠳᠡᠭ᠌ᠳᠡᠭᠡᠭᠡᠢ ᠠᠮᠢᠯᠠᠪᠠ —
《ᠲᠠᠯ᠎ᠠ᠎ᠶ᠋ᠢᠨ ᠲᠤᠶᠠᠭ᠎ᠠ》 ᠡᠴᠡ ᠳᠡᠷᠪᠡᠪᠡ
ᠳᠡᠷᠪᠡᠭ᠌ᠰᠡᠭᠡᠷ ᠁
ᠴᠢᠯ ᠵᠠᠯᠠᠭᠤ
ᠴᠡᠯ ᠪᠤᠭᠤᠷᠤᠯ
ᠴᠢᠭ᠎ᠤᠨ ᠳᠤᠮᠳᠠᠭᠤᠷ
ᠴᠠᠭ᠎ᠤᠨ ᠳᠤᠮᠳᠠᠭᠤᠷ
ᠴᠡᠴᠡᠭᠡᠰ ᠳᠤᠤᠯᠢᠰ
ᠪᠤᠯᠤᠷ ᠪᠤᠳᠤᠭ
ᠪᠤᠳᠤᠯ᠎ᠤᠨ ᠳᠤᠮᠳᠠᠭᠤᠷ
ᠴᠡᠷᠪᠡᠭ᠌ᠰᠡᠭᠡᠷ
ᠵᠢᠷᠭᠢᠭ᠌ᠰᠡᠭᠡᠷ
ᠬᠠᠳᠤᠯᠠᠩ᠎ᠤᠨ ᠬᠦᠯᠦᠰᠦ
ᠬᠠᠳᠠᠨ᠎ᠤ ᠨᠢᠯᠪᠤᠰᠤ
ᠬᠠᠷᠢᠶᠠᠴᠠᠢ
ᠬᠠᠶᠠᠭ᠎ᠠ ᠲᠡᠭ᠌ᠷᠢ᠎ᠠᠴᠠ
ᠵᠠᠭᠤᠵᠤ ᠢᠷᠡᠭ᠌ᠰᠡᠨ
ᠪᠤᠷᠤᠭᠠᠨ᠎ᠤ ᠳᠤᠰᠤᠯ
ᠬᠠᠷᠠᠭᠠᠨ᠎ᠤ ᠦᠵᠦᠭᠦᠷ ᠪᠠᠯᠠᠷᠠᠭ᠍ᠰᠠᠨ
ᠠᠴᠢᠶᠠᠨ᠎ᠤ ᠭᠠᠯᠳᠤ᠎ᠠᠴᠠ
ᠲᠠᠰᠤᠷᠠᠵᠤ ᠦᠯᠡᠳᠡᠭ᠌ᠰᠡᠨ ᠨᠦᠷᠭᠢᠭᠡᠨᠤ
ᠳᠤᠮᠳᠠᠭᠤᠷ
ᠬᠠᠮᠤᠭ᠎ᠤᠨ ᠰᠠᠢᠬᠠᠨ ᠵᠢᠷᠭᠠᠯ᠎ᠤᠨ
ᠬᠠᠮᠤᠭ᠎ᠤᠨ ᠰᠠᠢᠬᠠᠨ ᠳᠤᠮᠳᠠᠭᠤᠷ
ᠬᠠᠯᠢᠭ᠍ᠰᠠᠭᠠᠷ
ᠬᠠᠢᠷᠠᠯᠠᠭ᠍ᠰᠠᠭᠠᠷ
ᠭᠠᠯ
ᠭᠠᠩ ᠪᠤᠯᠤᠳ
ᠭᠠᠮᠱᠢᠭ ᠵᠤᠳ
《ᠡᠵᠢ ᠨᠠᠭᠤᠷ》
ᠭᠠᠢᠬᠠᠮᠱᠢᠭ
ᠠᠭᠤᠤ ᠶᠡᠭᠡ᠎ᠶ᠋ᠢᠨ
ᠳᠤᠮᠳᠠᠭᠤᠷ
ᠳᠤᠭ᠍ᠳᠤᠯᠤᠭ᠍ᠰᠠᠭᠠᠷ
ᠳᠤᠩᠭᠤᠳᠤᠭ᠍ᠰᠠᠭᠠᠷ
ᠠᠯᠳᠠᠰᠤᠨ ᠴᠢᠨᠢ
ᠠᠮᠵᠢᠯᠳᠠ᠎ᠶ᠋ᠢᠨ ᠴᠢᠨᠢ
ᠠᠶᠠᠯᠤᠭ᠍ᠰᠠᠨ᠂ ᠠᠶᠠᠯᠵᠤ ᠪᠠᠢᠭ᠎ᠠ
ᠠᠶᠠᠯᠬᠤ —
ᠠᠶᠠᠯᠭᠤ ᠲᠠᠩᠰᠤᠭ ᠳᠠᠭᠤᠤ᠎ᠶ᠋ᠢᠨ ᠴᠢᠨᠢ
ᠳᠤᠮᠳᠠᠭᠤᠷ
ᠳᠡᠪᠳᠡᠷᠢᠭ᠌ᠰᠡᠭᠡᠷ
ᠲᠡᠭᠦᠯᠢᠭ᠌ᠰᠡᠭᠡᠷ
ᠴᠡᠩᠬᠡᠷ ᠬᠤᠷᠸ᠎ᠠ᠎ᠶ᠋ᠢᠨ
ᠦᠯᠡᠮᠵᠢ᠎ᠶ᠋ᠢᠨ ᠬᠤᠮᠠᠬᠢ᠎ᠶ᠋ᠢᠨ ᠴᠢᠨᠠᠷ
ᠳᠤᠮᠳᠠᠭᠤᠷ
ᠴᠢᠩ ᠰᠡᠳᠭᠢᠯ᠎ᠤᠨ
ᠴᠢᠩ ᠰᠡᠳᠭᠢᠯ
ᠳᠤᠮᠳᠠᠭᠤᠷ
ᠤᠶᠠᠩᠭᠠᠯᠠᠭ᠍ᠰᠠᠭᠠᠷ
ᠤᠶᠠᠷᠠᠭ᠍ᠰᠠᠭᠠᠷ
ᠡᠷᠬᠢᠮ ᠤᠷᠤᠱᠢᠬᠤᠢ᠎ᠶ᠋ᠢᠨ
ᠪᠡᠶ᠎ᠡ ᠳᠤᠮᠳᠠᠭᠤᠷ
ᠡᠬᠡᠯ ᠮᠢᠨᠤ
ᠪᠡᠶ᠎ᠡ ᠳᠤᠮᠳᠠᠭᠤᠷ
ᠡᠭᠡᠯᠵᠢᠯᠡᠵᠤ
ᠤᠩᠭᠤᠳ
ᠵᠠᠷᠢᠮ᠎ᠳᠠᠭᠠᠨ
ᠡᠰᠡᠭᠦᠯ᠎ᠡ
ᠴᠤᠭ᠎ᠲᠠᠭᠠᠨ
ᠨᠢᠰᠳᠡᠭᠢᠶᠠᠷᠢᠶᠠᠨ
ᠨᠢᠰᠦᠭ᠌ᠰᠡᠭᠡᠷ
ᠡᠯᠡᠭ᠌ᠳᠡᠳᠡᠭ ᠦᠭᠡᠢ
ᠤᠨ ᠵᠢᠯ᠎ᠤᠳ᠎ᠲᠤ
ᠡᠯᠡᠭ᠌ᠳᠡᠵᠦ᠍
ᠪᠤᠭᠤᠷᠤᠯᠳᠤᠵᠤ
ᠡᠶᠡᠷᠬᠦ᠌ ᠰᠦᠬᠡᠷᠬᠦ᠌ᠶ᠋ᠢᠨ
ᠵᠠᠩ ᠵᠢᠷᠤᠮ᠎ᠢᠶᠠᠷ
ᠡᠪᠱᠢᠶᠡᠯᠭᠡᠭ᠌ᠰᠡᠨ
ᠡᠷᠴᠢ᠎ᠨᠢ ᠰᠠᠭᠠᠷᠠᠵᠤ
ᠡᠬᠡᠱᠢᠭ᠌ᠯᠡᠭ᠌ᠰᠡᠭᠡᠷ
ᠡᠷᠬᠢᠯᠳᠦᠭ᠌ᠰᠡᠭᠡᠷ
ᠡᠨᠡ ᠱᠢᠪᠠᠭᠤ ᠡᠪᠦᠭᠡᠷᠡᠵᠠᠢ
ᠬᠦᠴᠦᠳᠦ ᠵᠢᠬᠦᠷ᠎ᠨᠢ ᠴᠤᠴᠠᠵᠠᠢ
ᠬᠦᠷᠳᠦᠳᠦ ᠰᠠᠨᠳᠠᠯᠢ ᠳᠡᠭᠡᠷ᠎ᠡ ᠪᠠᠭᠤᠵᠠᠢ
ᠡᠷᠢᠶᠡᠨ ᠬᠤᠷᠸ᠎ᠠ
ᠡᠷᠡᠭᠡᠯᠵᠡᠵᠦ᠍ ᠪᠠᠢᠳᠠᠯ᠎ᠠ
ᠡᠷᠬᠢᠵᠤ ᠪᠤᠰᠤᠭᠠᠳ ᠨᠢᠰᠴᠠᠢ!
ᠭᠦᠨᠪᠤᠯᠠᠭ ᠬᠠᠷᠠᠵᠤ ᠪᠠᠢᠨ᠎ᠠ!
ᠵᠡᠭᠦᠯᠳᠡ᠄ ① ᠵᠤᠬᠢᠶᠠᠭ᠍ᠴᠢ᠎ᠶ᠋ᠢᠨ ᠲᠦᠷᠦᠭ᠌ᠰᠡᠨ ᠨᠤᠳᠤᠭ᠎ᠤᠨ ᠨᠡᠷ᠎ᠡ᠃
ᠲᠣᠪᠴᠢ ᠨᠠᠮᠲᠠᠷ᠄

ᠠᠷᠲᠠᠢ
ᠲᠣᠮᠲᠠᠲᠣ ᠣᠯᠣᠰ᠎ᠤᠨ ᠣᠲᠣ ᠦᠶ᠎ᠡ᠎ᠶᠢᠨ ᠮᠣᠩᠭᠣᠯ ᠦᠨᠳᠦᠰᠦᠲᠡᠨ᠎ᠤ ᠠᠯᠲᠠᠷᠲᠣ ᠢᠷᠠᠭᠣ ᠨᠠᠢᠷᠠᠬᠴᠢ ᠠᠷᠲᠠᠢ 1949 ᠤᠨ ᠳ᠋ᠦ ᠰᠢᠯᠢ ᠵᠢᠨ ᠭᠣᠣᠯ ᠠᠢᠮᠠᠬ᠎ᠤᠨ ᠲᠠᠢᠫᠣᠰᠸ ᠬᠣᠰᠢᠭᠣᠨ᠎ᠤ ᠬᠦᠨᠪᠣᠯᠠᠬ ᠰᠣᠮᠣᠨ᠎ᠤ ᠡᠭᠡᠯ ᠮᠠᠯᠴᠢᠨ᠎ᠤ ᠭᠡᠷ ᠲᠦ᠍ ᠵᠠᠶᠠᠭᠠᠵᠠᠢ᠃ ᠲᠡᠬᠦᠨ ᠤ᠋ ᠵᠣᠬᠢᠶᠠᠯ ᠪᠦᠲᠦᠭᠡᠯ ᠨᠢ ᠣᠷᠢᠳ ᠬᠣᠵᠢᠳ ᠪᠦᠬᠦ ᠣᠯᠣᠰ᠎ᠤᠨ ᠴᠦᠬᠡᠨ ᠲᠣᠭᠠᠲᠣ ᠦᠨᠳᠦᠰᠦᠲᠡᠨ᠎ᠤ ᠣᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ 《ᠠᠵᠢᠨᠠᠢ》 ᠱᠠᠩᠨᠠᠯ᠂ ᠲᠣᠮᠲᠠᠲᠣ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ 《ᠵᠣᠸᠠᠩ ᠵᠦᠩ ᠸᠸᠨ》 ᠱᠠᠩᠨᠠᠯ᠂ ᠦᠪᠦᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ ᠤ 《ᠰᠣᠯᠣᠩᠭ᠎ᠠ》᠂ 《ᠰᠠᠷᠠᠨ᠎ᠠ》 ᠱᠠᠩᠨᠠᠯ ᠵᠡᠷᠭᠡ᠎ᠶᠢ ᠬᠦᠷᠲᠡᠵᠡᠢ᠃ 《ᠪᠣᠲᠣᠯ᠎ᠤᠨ ᠴᠡᠩᠭᠡᠷ ᠢᠷᠭᠣᠢ》᠂ 《ᠰᠡᠳᠬᠢᠯ ᠣᠷᠠᠯᠢᠬ᠎ᠤᠨ ᠵᠠᠢ》 ᠵᠡᠷᠭᠡ ᠰᠢᠯᠦᠭ ᠨᠠᠢᠷᠠᠬᠯᠠᠯ᠂ ᠣᠷᠣᠰᠢᠯ ᠨᠠᠢᠷᠠᠭᠣᠯᠣᠯᠤᠨ ᠠᠷᠪᠠᠨ ᠲᠦᠷᠪᠡᠨ ᠨᠣᠮ᠂ 《ᠲᠣᠣᠯᠢᠰ᠎ᠤᠨ ᠴᠡᠩᠭᠡᠷ ᠲᠠᠯ᠎ᠠ》 (ᠬᠢᠲᠡᠳ ᠮᠣᠩᠭᠣᠯ ᠬᠡᠪᠯᠡᠯ) ᠵᠡᠷᠭᠡ ᠭᠠᠬᠴᠠᠭᠠᠷ ᠪᠣᠶᠣ ᠬᠣᠶᠠᠭᠣᠯᠠ ᠬᠠᠮᠲᠣᠷᠠᠵᠦ ᠣᠷᠴᠢᠭᠣᠯᠵᠦ ᠨᠠᠢᠷᠠᠭᠣᠯᠣᠬᠰᠠᠨ ᠵᠢᠷᠭᠣᠭᠠᠨ ᠨᠣᠮ ᠬᠡᠪᠯᠡᠬᠦᠯᠵᠦ᠂ ᠵᠣᠬᠢᠶᠠᠯ ᠪᠦᠲᠦᠭᠡᠯ ᠨᠢ ᠪᠠᠭ᠎ᠠ᠂ ᠲᠣᠮᠲᠠᠲᠣ᠂ ᠶᠡᠬᠡ ᠰᠣᠷᠭᠠᠭᠣᠯᠢ᠎ᠶᠢᠨ ᠰᠣᠷᠬᠣ ᠪᠢᠴᠢᠭ ᠲᠦ᠍ ᠰᠣᠩᠭᠣᠬᠲᠠᠵᠦ᠂ ᠬᠢᠲᠡᠳ᠂ ᠠᠩᠭᠯᠢ᠂ ᠶᠠᠫᠣᠨ᠂ ᠰᠣᠯᠣᠩᠭᠣᠰ᠂ ᠺᠢᠷᠢᠯ ᠦᠰᠦᠭ ᠶ᠋ᠢᠡᠷ ᠨᠡᠢᠲᠡᠯᠡᠭᠲᠡᠭᠰᠡᠨ ᠪᠣᠶᠣ ᠬᠡᠪᠯᠡᠭᠲᠡᠭᠰᠡᠨ ᠪᠠᠢᠨ᠎ᠠ᠃