《ᠲᠠᠯ᠎ᠠ ᠵᠢᠨ ᠲᠤᠶᠠᠭ᠎ᠠ》 ᠶ᠋ᠢᠨ ᠭᠡᠪᠯᠡᠯ ᠡᠬᠢᠯᠡᠭᠰᠡᠨ 80 ᠵᠢᠯ᠎ᠤᠨ ᠤᠢ᠎ᠳᠤ ᠵᠤᠷᠢᠭᠤᠯᠤᠭᠰᠠᠨ 《ᠣᠳᠬ᠎ᠠ᠎ᠶᠢᠨ ᠡᠷᠢᠬᠡ》 ᠲᠤᠰᠬᠠᠢ ᠪᠤᠯᠤᠩ ᠡᠬᠢᠯᠡᠯ᠎ᠡ
2026-04-01 11:29:35
ᠵᠣᠬᠢᠶᠠᠭ᠍ᠴᠢ᠄
ᠸᠠᠩ ᠰᠢᠶᠤᠤ ᠮᠢᠩ
ᠣᠩᠱᠢᠭ᠍ᠰᠠᠨ ᠣᠳᠠᠭ᠎ᠠ᠄
★★★☆☆


QQ截图20260207120745.png


ᠦᠪᠦᠷ ᠮᠤᠩᠭᠤᠯ᠎ᠤᠨ ᠡᠳᠦᠷ᠎ᠤᠨ ᠰᠤᠨᠢᠨ (ᠮᠣᠩᠭᠣᠯ ᠬᠡᠪᠯᠡᠯ) ᠤ᠋ ᠴᠤᠷᠢ ᠶ᠋ᠢᠨ ᠭᠠᠭᠴᠠ ᠤᠷᠠᠨ ᠵᠤᠬᠢᠶᠠᠯ᠎ᠤᠨ ᠲᠤᠰᠬᠠᠢ ᠭᠡᠪᠯᠡᠯ ᠪᠣᠯᠬᠣ 《ᠲᠠᠯ᠎ᠠ ᠶ᠋ᠢᠨ ᠲᠤᠶᠠᠭ᠎ᠠ》 ᠨᠢ ᠣᠷᠢᠳ ᠬᠣᠵᠢᠳ 《ᠡᠯᠡᠰᠦ ᠮᠠᠩᠬ᠎ᠠ》᠂ 《ᠤᠷᠠᠨ ᠵᠤᠬᠢᠶᠠᠯ》᠂ 《ᠲᠠᠯ᠎ᠠ ᠵᠢᠨ ᠲᠤᠶᠠᠭ᠎ᠠ》 ᠵᠡᠷᠭᠡ ᠣᠯᠠᠨ ᠪᠤᠯᠤᠩ ᠶ᠋ᠢᠡᠷ ᠣᠩᠰᠢᠬᠴᠢ ᠪᠣᠯᠣᠨ ᠵᠣᠬᠢᠶᠠᠯᠴᠢᠳ ᠲᠠᠢ ᠪᠠᠨ ᠵᠣᠯᠭᠠᠵᠦ ᠪᠠᠢᠬᠰᠠᠨ ᠶᠤᠮ᠃ 70 ᠭᠠᠷᠣᠢ ᠵᠢᠯ᠎ᠤᠨ ᠲᠤᠷᠰᠢ᠂ 《ᠲᠠᠯ᠎ᠠ᠎ᠶᠢᠨ ᠲᠣᠶᠠᠭ᠎ᠠ》 ᠶ᠋ᠢᠨ ᠠᠭᠣᠲᠠᠮ ᠲᠠᠨᠵᠢᠨ ᠡᠴᠡ ᠣᠯᠠᠨ ᠰᠢᠯᠦᠭᠴᠢ ᠵᠣᠬᠢᠶᠠᠯᠴᠢ ᠣᠷᠠᠨ ᠵᠣᠬᠢᠶᠠᠯ᠎ᠤᠨ ᠭᠠᠷᠣᠭ᠎ᠠ ᠡᠯᠬᠦᠵᠦ᠂ ᠦᠭᠡᠰ᠎ᠢ ᠬᠡᠯᠬᠢᠨ ᠣᠳᠬ᠎ᠠ᠎ᠶᠢ ᠪᠢᠰᠢᠯᠭᠠᠬᠰᠠᠭᠠᠷ ᠦᠨᠦᠲᠦᠷ ᠢᠷᠡᠭᠰᠡᠨ ᠪᠦᠯᠦᠭᠡ᠃ ᠨᠡᠬᠡᠨ ᠰᠠᠨᠠᠪᠠᠰᠣ᠂ ᠵᠤᠬᠢᠶᠠᠯᠴᠢᠳ ᠲᠠᠭᠠᠨ ᠤᠷᠠᠨ ᠵᠤᠬᠢᠶᠠᠯ᠎ᠤᠨ ᠬᠢᠨᠢ ᠵᠠᠮ᠎ᠳᠤ ᠢᠳᠡᠭᠡᠯ᠎ᠤᠨ ᠲᠤᠶᠠᠭ᠎ᠠ ᠬᠠᠢᠷᠠᠯᠠᠵᠦ ᠶᠠᠪᠤᠭᠰᠠᠨ ᠨᠢ 《ᠲᠠᠯ᠎ᠠ ᠵᠢᠨ ᠲᠤᠶᠠᠭ᠎ᠠ》 ᠵᠢᠨ ᠦᠩᠭᠡ ᠭᠡᠷᠡᠯ ᠲᠠᠢ ᠡᠭᠦᠷᠭᠡ ᠬᠠᠷᠢᠭᠤᠴᠠᠯᠭ᠎ᠠ ᠤᠭ ᠰᠠᠨᠠᠭ᠎ᠠ᠃


QQ截图20260209113408.png


QQ截图20260312093543.png


ᠬᠦᠮᠦᠨ ᠦᠩᠭᠡᠷᠡᠭᠰᠡᠨ ᠶ᠋ᠢᠡᠨ ᠲᠣᠷᠠᠰᠴᠣ ᠴᠢᠲᠠᠲᠠᠬ ᠣᠴᠢᠷ ᠡᠴᠡ ᠠᠵᠠ ᠵᠢᠷᠭᠠᠯ ᠲᠠᠢ ᠰᠠᠨᠠᠬᠲᠠᠨ᠎ᠠ ᠭᠡᠲᠡᠭ᠃ ᠲᠡᠢᠮᠦ ᠡ᠂ ᠪᠢᠳᠡ ᠦᠲᠡᠬᠦᠰ ᠪᠣᠭᠣᠷᠣᠯ᠎ᠤᠨ ᠶ᠋ᠢᠡᠨ ᠠᠯᠬᠣᠬᠰᠠᠨ ᠮᠦᠷ᠂ ᠲᠣᠭᠣᠯᠣᠬᠰᠠᠨ ᠵᠠᠮ᠎ᠢ ᠡᠷᠬᠢᠴᠡᠬᠦᠯᠵᠦ᠂ ᠠᠮᠵᠢᠯᠲᠠ ᠡᠴᠡ ᠠᠮᠵᠢᠯᠲᠠ ᠲᠡᠢᠰᠢ ᠵᠣᠷᠢᠨᠠᠮ᠃ ᠤᠨ ᠴᠠᠬ ᠬᠡᠮᠡᠬᠦ ᠠᠬᠰᠣᠮ ᠬᠦᠯᠦᠭ ᠠᠮᠠᠭᠠᠢ ᠬᠠᠲᠠᠷᠢᠭᠣᠯᠣᠨ ᠲᠠᠪᠬᠢᠭᠣᠯᠬᠣ ᠳ᠋ᠦ ᠣᠷᠠᠨ ᠵᠣᠬᠢᠶᠠᠯ᠎ᠤᠨ ᠵᠦᠲᠡᠬᠦᠷᠢᠲᠦ ᠠᠶᠠᠨ ᠳ᠋ᠦ ᠵᠣᠷᠢᠬ ᠰᠢᠭᠣᠲᠣᠨ ᠮᠣᠷᠲᠠᠬᠰᠠᠨ ᠪᠠᠭᠠᠲᠣᠳ ᠦᠵᠦᠭ ᠬᠣᠷᠴᠠᠯᠠᠨ ᠪᠢᠷ ᠵᠢᠷᠢᠯᠵᠡᠬᠦᠯᠦᠭᠰᠡᠭᠡᠷ᠃


QQ截图20250224163936.png


80 ᠵᠢᠯ᠎ᠤᠨ ᠤᠢ ᠪᠠᠨ ᠣᠬᠲᠣᠨ ᠪᠡᠯᠭᠡᠯᠡᠬᠦ᠎ᠳᠤ ᠵᠤᠷᠢᠭᠤᠯᠤᠨ ᠪᠢᠳᠠ ᠲᠤᠰ ᠬᠤᠭᠤᠴᠠᠭ᠎ᠠ ᠡᠴᠡ ᠡᠬᠢᠯᠡᠨ 《ᠤᠳᠬ᠎ᠠ ᠵᠢᠨ ᠡᠷᠢᠭᠡ》 ᠲᠤᠰᠬᠠᠢ ᠪᠤᠯᠤᠩ ᠨᠡᠭᠡᠭᠡᠵᠦ᠂ ᠲᠠᠯ᠎ᠠ ᠵᠢᠨ ᠲᠤᠶᠠᠭ᠎ᠠ ᠲᠠᠢ ᠪᠠᠨ ᠬᠠᠮᠳᠤ ᠦᠰᠦᠨ ᠪᠤᠢᠵᠢᠭᠰᠠᠨ ᠤᠷᠠᠨ ᠪᠦᠲᠦᠭᠡᠯᠴᠢᠳ ᠵᠢᠨᠨ ᠤᠷᠢᠨ ᠲᠤᠷᠠᠳᠬᠠᠯ ᠪᠢᠴᠢᠬᠦᠯᠬᠦ ᠪᠤᠯᠤᠯ᠎ᠠ᠃ ᠤᠷᠠᠨ ᠪᠦᠲᠦᠭᠡᠯᠴᠢᠳ ᠮᠠᠨᠢ ᠰᠠᠢᠬᠠᠨ ᠪᠦᠲᠦᠭᠡᠯ ᠵᠢᠡᠨ ᠢᠷᠡᠬᠦᠯᠦᠭᠡᠷᠡᠢ᠂ 《ᠲᠠᠯ᠎ᠠ ᠵᠢᠨ ᠲᠤᠶᠠᠭ᠎ᠠ》 ᠴᠢᠨᠢ 80 ᠵᠢᠯ᠎ᠤᠨ ᠵᠢᠡᠨ ᠤᠢ ᠵᠢ ᠪᠡᠯᠭᠡᠯᠡᠬᠦ ᠪᠡᠷ ᠲᠠᠨ᠎ᠤ ᠪᠠᠨ ᠪᠦᠲᠦᠭᠡᠯ᠎ᠢ ᠪᠠᠶᠠᠷᠯᠠᠨ ᠤᠬᠳᠤᠵᠦ ᠪᠠᠢᠨᠠᠮ!

60 ᠵᠢᠯ᠎ᠤᠨ ᠡᠮᠦᠨᠡᠬᠢ 4 ᠰᠠᠷ᠎ᠠ᠎ᠶᠢᠨ 3 ᠎ᠤ᠋ ᠡᠳᠦᠷ᠂ ᠠᠯᠲᠠᠷᠲᠣ ᠰᠢᠯᠦᠭᠴᠢ ᠠᠷᠲᠠᠢ ᠪᠠᠬᠰᠢᠲᠠᠨ᠎ᠤ ᠣᠣᠭᠠᠨ ᠰᠢᠯᠦᠭ 《ᠲᠠᠯ᠎ᠠ᠎ᠶᠢᠨ ᠲᠣᠶᠠᠭ᠎ᠠ》 ᠲᠣᠰᠬᠠᠢ ᠬᠡᠪᠯᠡᠯ ᠳ᠋ᠦ ᠨᠡᠢᠲᠡᠯᠡᠭᠲᠡᠵᠦ᠂ ᠪᠠᠭᠰᠢᠳᠠᠨ ᠮᠠᠨᠢ ᠣᠷᠠᠨ ᠵᠣᠬᠢᠶᠠᠯ᠎ᠤᠨ ᠵᠠᠮ ᠶ᠋ᠢᠡᠨ ᠡᠯᠬᠦᠭᠰᠡᠨ ᠪᠢᠯᠡ᠃

《ᠦᠭᠬᠢᠶᠡᠮᠦᠷ᠎ᠤᠨ ᠬᠢᠵᠠᠭᠠᠯᠠᠰᠢ ᠦᠭᠡᠢ᠎ᠶᠢ ᠲᠠᠯ᠎ᠠ ᠭᠡᠲᠡᠭ ᠴᠦ᠍ ᠶᠣᠮ᠎ᠤᠤ ᠳ᠋ᠠ᠂ ᠦᠵᠡᠮᠵᠢ᠎ᠶᠢᠨ ᠴᠠᠬᠯᠠᠰᠢ ᠦᠭᠡᠢ᠎ᠶᠢ ᠲᠣᠶᠠᠭ᠎ᠠ ᠭᠡᠲᠡᠭ ᠴᠦ᠍ ᠶᠣᠮ᠎ᠤᠤ ᠳ᠋ᠠ》 ᠭᠡᠵᠦ ᠠᠯᠳᠠᠷᠳᠤ ᠰᠢᠯᠦᠭᠴᠢ᠎ᠠᠷᠳᠠᠢ ᠭᠤᠸᠠᠢ ᠶ᠋ᠢᠨ ᠰᠢᠯᠦᠭᠯᠡᠭᠰᠡᠨ ᠰᠢᠭ ᠶ᠋ᠢᠡᠷ᠂ ᠪᠢᠳᠡ ᠡᠨᠡ ᠳ᠋ᠣᠭᠠᠷ ᠲᠠᠭᠠᠨ ᠰᠢᠯᠦᠭᠴᠢ᠎ᠶᠢᠨ ᠣᠣᠭᠠᠨ ᠰᠢᠯᠦᠭ ᠶ᠋ᠢᠡᠨ ᠨᠡᠢᠲᠡᠯᠡᠬᠦᠯᠦᠭᠰᠡᠨ 60 ᠵᠢᠯ᠎ᠤᠨ ᠣᠢ᠎ᠪᠠᠨ ᠲᠣᠷᠠᠰᠬᠠᠬᠰᠠᠨ ᠵᠣᠬᠢᠶᠠᠯ᠎ᠢ ᠨᠡᠢᠲᠡᠯᠡᠵᠦ᠂ 《ᠣᠳᠬ᠎ᠠ᠎ᠶᠢᠨ ᠡᠷᠢᠬᠡ》 ᠭᠡᠬᠦ ᠪᠣᠯᠣᠩ ᠶ᠋ᠢᠡᠨ ᠨᠡᠭᠡᠭᠡᠭᠰᠡᠨ ᠢ᠋ ᠵᠠᠷᠯᠠᠵᠦ ᠪᠠᠢᠨ᠎ᠠ᠃ ᠲᠠ ᠪᠦᠬᠦᠨ ᠲᠠᠭᠠᠯᠠᠨ ᠰᠣᠨᠢᠷᠬᠠᠮᠣ᠃


QQ截图20260401114425.png


QQ截图20260401114501.png


ᠠᠷᠲᠠᠢ ᠵᠢᠨ 《ᠲᠠᠯ᠎ᠠ ᠵᠢᠨ ᠲᠤᠶᠠᠭ᠎ᠠ》 ᠳ᠋ᠦ ᠨᠡᠢᠳᠡᠯᠡᠭᠦᠯᠦᠭ᠌ᠰᠡᠨ ᠤᠤᠭᠠᠨ ᠱᠢᠯᠦᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号