ᠬᠠᠪᠤᠷ᠎ᠤᠨ ᠰᠤᠷᠠᠬ
2026-04-01 11:16:57
ᠵᠣᠬᠢᠶᠠᠭ᠍ᠴᠢ᠄
ᠪᠠᠢ᠎ᠶ᠋ᠢᠨ ᠱᠧᠩ
ᠣᠩᠱᠢᠭ᠍ᠰᠠᠨ ᠣᠳᠠᠭ᠎ᠠ᠄
★★★☆☆

ᠬᠠᠪᠤᠷ᠎ᠤᠨ ᠰᠤᠷᠠᠬ ᠰᠡᠳᠭᠢᠯ᠎ᠳᠤ ᠪᠠᠢᠳᠠᠬ᠂ ᠢᠳᠡᠬᠡᠯ᠎ᠳᠤ ᠢᠷᠡᠳᠡᠭ᠃ ᠪᠠᠭ᠎ᠠ᠎ᠳᠤ᠂ ᠬᠠᠨᠭ᠌ᠰᠢ ᠲᠦᠬᠦᠵᠦ᠍ ᠠᠮᠢᠰᠬᠤᠯ ᠡᠶᠡᠷᠡᠭ᠌ᠰᠡᠨ ᠲᠡᠷᠡ ᠨᠢᠬᠡᠨ ᠡᠳᠦᠷ᠂ ᠵᠡᠬᠦᠨ ᠬᠡᠷ᠎ᠤᠨ ᠡᠮᠡᠭᠡ ᠬᠡᠨᠡᠳᠳᠡ᠄ 《ᠬᠦᠷᠡᠭ᠌ᠴᠢ ᠦᠨᠢᠶ᠎ᠠ ᠲᠠᠯᠠᠩᠨᠡᠴᠢᠬᠡᠵᠠᠢ᠂ ᠬᠤᠱᠢᠭᠤ ᠬᠠᠷ᠎ᠠ ᠬᠤᠨᠢ ᠢᠬᠡᠷᠡᠯᠡᠴᠢᠬᠡᠵᠡᠢ!》 ᠬᠡᠵᠦ᠍ ᠬᠦᠷᠢᠶ᠎ᠠ ᠲᠦᠬᠦᠷᠡᠩ ᠪᠠᠷᠬᠢᠷᠠᠨ᠎ᠠ᠃ ᠵᠡᠬᠦᠨ ᠬᠡᠷ᠎ᠤᠨ ᠡᠮᠡᠭᠡ᠎ᠶ᠋ᠢᠨ ᠴᠢᠬᠢ᠎ᠨᠢ ᠬᠠᠳᠠᠭᠤ ᠪᠤᠯᠬᠤᠷ᠂ ᠦᠬᠡ᠎ᠶ᠋ᠢ ᠢᠳᠡᠳᠡᠢ ᠢᠳᠡᠳᠡᠢ ᠪᠠᠷᠬᠢᠷᠠᠵᠦ᠍ ᠬᠡᠯᠡᠬᠡᠳ ᠵᠠᠩᠱᠢᠴᠢᠬᠠᠵᠠᠢ᠃ ᠡᠵᠢ ᠮᠠᠨ᠎ᠤ ᠬᠤᠶᠠᠭᠤᠯᠠ ᠬᠦᠶᠦᠯᠳᠦᠨ ᠬᠦᠷᠴᠤ᠌᠂ ᠡᠵᠢ ᠵᠡᠬᠦᠨ ᠬᠡᠷ᠎ᠤᠨ ᠡᠮᠡᠭᠡ᠎ᠳᠤ ᠪᠠᠶᠠᠷ ᠬᠦᠷᠬᠡᠬᠦ᠌᠎ᠶ᠋ᠢᠨ ᠲᠠᠯᠢᠮ᠎ᠳᠤ ᠲᠡᠮᠴᠦᠭ ᠲᠡᠪᠬᠡᠷᠦᠨ ᠢᠷᠡᠵᠦ᠍ ᠮᠢᠨᠤ ᠭᠠᠷ᠎ᠠᠴᠠ ᠠᠳᠭᠤᠨ ᠲᠡᠭ᠌ᠳᠡᠯᠵᠡᠨ ᠦᠰᠦᠷᠦᠨ᠎ᠠ᠃

ᠲᠡᠮᠴᠦᠭ ᠮᠠᠨ᠎ᠤ ᠬᠤᠶᠠᠭᠤᠯᠠ ᠨᠢᠬᠡ ᠯᠡ ᠵᠢᠯ᠎ᠤᠨ ᠲᠦᠯ᠂ ᠢᠬᠡᠷ᠎ᠠ᠎ᠶ᠋ᠢᠨ ᠦᠷᠦᠬᠡᠰᠦᠨ ᠱᠢᠭ ᠪᠡᠶ᠎ᠠ ᠪᠡᠶ᠎ᠠ᠎ᠪᠠᠨ ᠡᠷᠢᠵᠦ᠍ ᠬᠦᠶᠦᠳᠡᠭ ᠬᠤᠶᠠᠷ᠃ ᠡᠨᠡ ᠦᠶ᠎ᠠ᠎ᠳᠤ᠂ ᠵᠡᠬᠦᠨ ᠬᠡᠷ᠎ᠤᠨ ᠡᠮᠡᠭᠡ ᠬᠡᠨᠡᠳᠳᠡ᠄ 《ᠤᠳᠤ ᠤᠳᠠᠬᠤ ᠤᠤ ᠳ᠋ᠠ? ᠬᠠᠷᠢᠶᠠᠴᠠᠢ ᠬᠦᠷᠦᠬᠡᠳ ᠢᠷᠡᠨ᠎ᠠ᠂ ᠬᠤᠷ᠎ᠠ᠎ᠶ᠋ᠢᠨ ᠡᠬᠦᠯᠡ ᠵᠠᠭᠤᠭᠠᠳ ᠢᠷᠡᠨ᠎ᠠ᠂ ᠬᠠᠭ᠍ᠳᠠ ᠨᠤᠭᠤᠭ᠎ᠠ ᠬᠦᠬᠡᠷᠡᠬᠡᠳ ᠦᠭ᠌ᠬᠦᠨ᠎ᠠ᠃ ᠲᠡᠷᠡ ᠦᠶ᠎ᠠ᠎ᠳᠤ ᠡᠮᠡᠭᠡ᠎ᠨᠢ ᠬᠤᠶᠠᠷ ᠬᠦᠦ᠍᠎ᠳᠡᠭᠡᠨ 〈ᠵᠦᠬᠡᠬᠡᠢ ᠲᠠᠢ ᠠᠮᠤ〉 ᠬᠤᠳᠭᠤᠭᠠᠳ ᠦᠭ᠌ᠬᠦᠨ᠎ᠠ!》 ᠬᠡᠳ ᠲᠡᠮᠴᠦᠭ ᠮᠠᠨ᠎ᠤ ᠬᠤᠶᠠᠭᠤᠯᠠ᠎ᠶ᠋ᠢᠨ ᠲᠤᠬᠤ᠎ᠶ᠋ᠢ ᠢᠯᠪᠢᠨ ᠦᠮᠤᠯᠵᠡᠨ ᠢᠨᠢᠶᠡᠨ᠎ᠠ᠃

ᠲᠠᠮᠴᠦᠭ ᠮᠠᠨ᠎ᠤ ᠬᠤᠶᠠᠭᠤᠯᠠ᠎ᠶ᠋ᠢ ᠬᠦᠯᠢᠶᠡᠨ ᠬᠦᠯᠢᠶᠡᠨ ᠪᠠᠢᠳᠠᠯ᠎ᠠ᠂ ᠬᠠᠷᠢᠶᠠᠴᠠᠢ ᠦᠨᠡᠬᠡᠷ ᠬᠦᠷᠦᠬᠡᠳ ᠢᠷᠡᠵᠡᠢ᠃ ᠬᠤᠷ᠎ᠠ ᠤᠰᠤ ᠴᠤ᠌ ᠨᠠᠮᠢᠷᠠᠭᠠᠯᠠᠵᠠᠢ᠃ ᠲᠡᠮᠴᠦᠭ ᠮᠠᠨ᠎ᠤ ᠬᠤᠶᠠᠭᠤᠯᠠ ᠶᠤᠰᠤᠳᠠᠢ ᠯᠡ 《ᠵᠦᠬᠡᠬᠡᠢ᠎ᠲᠠᠢ ᠠᠮᠤ》 ᠳ᠋ᠦ ᠪᠢᠯᠠᠭᠤᠷᠠᠵᠠᠢ᠃ ᠡᠵᠢ ᠠᠪᠤ ᠬᠤᠶᠠᠷ ᠬᠠᠷᠢᠶᠠᠴᠠᠢ ᠤᠷᠤᠨ ᠭᠠᠷᠤᠨ ᠡᠬᠦᠷ ᠤᠷᠤᠮᠵᠢ᠎ᠪᠠᠨ ᠰᠡᠯᠪᠢᠵᠦ᠍᠂ ᠤᠳᠠᠯ ᠦᠬᠡᠢ ᠦᠨᠳᠡᠭᠡ ᠵᠤᠯᠵᠠᠭ᠎ᠠ᠎ᠪᠠᠨ ᠨᠠᠪᠴᠢᠬᠡᠴᠢᠬᠡᠵᠡᠢ᠃ ᠵᠡᠬᠦᠨ ᠬᠡᠷ᠎ᠤᠨ ᠡᠮᠡᠭᠡ ᠬᠠᠷ᠎ᠠ ᠴᠠᠢ᠎ᠪᠠᠨ ᠬᠦᠯᠦᠰᠦ ᠭᠠᠷᠳᠠᠯ᠎ᠠ ᠤᠤᠭᠤᠬᠤ᠎ᠶ᠋ᠢᠨ ᠬᠠᠮᠳᠦ ᠲᠡᠳᠡᠨ᠎ᠢ ᠬᠠᠷᠠᠨ ᠬᠠᠷᠠᠨ ᠪᠠᠶᠠᠰᠦᠨ᠎ᠠ᠃

ᠬᠡᠨᠡᠳᠳᠡ ᠨᠢᠬᠡᠨ ᠡᠳᠦᠷ ᠨᠡᠬᠡᠬᠡᠯᠳᠡᠳᠡᠢ ᠴᠤᠩᠬᠤ᠎ᠪᠠᠷ ᠨᠢᠬᠡᠨ ᠬᠠᠷᠢᠶᠠᠴᠠᠢ ᠲᠡᠪᠢᠯᠬᠢᠯᠡᠨ ᠤᠷᠤᠵᠦ᠍ ᠢᠷᠡᠵᠦ᠍᠂ ᠵᠡᠬᠦᠨ ᠬᠡᠷ᠎ᠤᠨ ᠡᠮᠡᠭᠡ᠎ᠶ᠋ᠢᠨ ᠤᠷᠤᠨ ᠲᠡᠬᠡᠷ᠎ᠠ ᠰᠠᠭᠤᠵᠦ᠍ ᠵᠢᠷᠵᠢᠬᠢᠨᠠᠨ᠎ᠠ᠃ ᠵᠡᠬᠦᠨ ᠬᠡᠷ᠎ᠤᠨ ᠡᠮᠡᠭᠡ ᠬᠡᠨᠡᠳᠳᠡ᠄ 《ᠢᠯᠡᠢ᠂ ᠡᠨᠡ ᠮᠢᠨᠢ ᠶᠠᠭᠠᠬᠢᠭᠠᠳ ᠬᠦᠯ᠎ᠢᠶᠠᠨ ᠬᠤᠭᠤᠯᠴᠢᠬᠠᠵᠠᠢ ᠳ᠋ᠠ?》 ᠬᠡᠳ ᠠᠮᠠ ᠲᠦᠷᠪᠡᠯᠵᠢᠨ ᠪᠦᠰ᠎ᠢᠶᠠᠷ ᠬᠠᠷᠢᠶᠠᠴᠠᠢ᠎ᠶ᠋ᠢ ᠬᠦᠡᠭ᠌ᠬᠡᠬᠡᠨ ᠠᠳᠭᠤᠨ ᠠᠪᠴᠤ᠌᠂ ᠡᠷᠡᠤ᠎ᠶ᠋ᠢᠨ ᠵᠢᠷᠦᠭᠠᠰᠦ᠎ᠶ᠋ᠢ᠎ᠨᠢ ᠬᠠᠷᠠᠬ᠍ᠰᠠᠨ᠎ᠢᠶᠠᠨ᠄ 《ᠡᠵᠢ ᠬᠠᠷᠢᠶᠠᠴᠠᠢ᠎ᠨᠢ ᠳ᠋ᠠ!》 ᠬᠡᠳ ᠮᠡᠭ᠌ᠰᠢᠨ᠎ᠠ᠃ ᠲᠡᠬᠡᠬᠡᠳ ᠵᠡᠬᠦᠨ ᠬᠡᠷ᠎ᠤᠨ ᠡᠮᠡᠭᠡ᠂ ᠲᠡᠮᠴᠦᠭ ᠮᠠᠨ᠎ᠤ ᠬᠤᠶᠠᠭᠤᠯᠠ᠎ᠪᠠᠷ ᠠᠮᠠ ᠲᠦᠷᠪᠡᠯᠵᠢᠨ ᠪᠦᠰ᠎ᠲᠤ ᠪᠠᠭ᠍ᠯᠠᠬ᠍ᠰᠠᠨ ᠬᠠᠷᠢᠶᠠᠴᠠᠢ᠎ᠶ᠋ᠢ ᠬᠦᠡᠭ᠌ᠬᠡᠬᠡᠨ ᠪᠠᠷᠢᠭᠤᠯᠵᠦ᠍᠂ ᠤᠯᠠᠭᠠᠨ ᠲᠤᠷᠭᠠᠨ ᠤᠳᠠᠰᠦ᠎ᠪᠠᠷ ᠬᠤᠭᠤᠷᠠᠬ᠍ᠰᠠᠨ ᠬᠦᠯ᠎ᠢ᠎ᠨᠢ ᠨᠠᠷᠢᠯᠢᠬ ᠪᠠᠬᠢᠯᠡᠭ᠌ᠰᠡᠨ᠎ᠢᠶᠠᠨ ᠠᠷᠢᠬᠢ᠎ᠪᠠᠷ ᠠᠷᠢᠭᠤᠳᠭᠠᠨ ᠬᠡᠰᠡᠭ ᠤᠳᠠᠵᠠᠢ᠃ ᠲᠡᠮᠴᠦᠭ ᠮᠡᠨ᠎ᠤ ᠬᠤᠶᠠᠭᠤᠯᠠ ᠶᠡᠭᠡ ᠯᠡ ᠭᠠᠢᠬᠠᠵᠦ᠍᠄ 《ᠡᠮᠡᠭᠡ ᠡ᠂ ᠶᠠᠭᠤᠨ᠎ᠳᠤ ᠠᠮᠠ ᠲᠦᠷᠪᠡᠯᠵᠢᠨ ᠪᠦᠰ᠎ᠢᠶᠠᠷ ᠪᠠᠭ᠍ᠯᠠᠨ᠎ᠠ ᠳ᠋ᠠ?》 ᠬᠡᠬᠦ᠌᠎ᠳᠤ᠂ ᠡᠮᠡᠭᠡ᠄ 《ᠬᠦᠮᠦᠨ᠎ᠤ ᠭᠠᠷ᠎ᠤᠨ ᠬᠦᠯᠦᠰᠦ ᠱᠢᠩᠬᠡᠪᠡᠯ ᠲᠠᠯᠠᠢ ᠬᠡᠳᠦᠯᠵᠦ᠍ ᠴᠢᠳᠠᠬᠤ ᠦᠬᠡᠢ ᠪᠤᠯᠤᠨ᠎ᠠ ᠱᠢᠦ ᠳ᠋ᠠ!》 ᠬᠡᠳ ᠨᠢᠯᠪᠤᠰᠤ᠎ᠪᠠᠨ ᠠᠷᠴᠢᠬᠤᠢ᠌ᠴᠠ ᠪᠤᠯᠵᠦ᠍᠂ ᠬᠠᠷᠢᠶᠠᠴᠠᠢ᠎ᠶ᠋ᠢ ᠴᠤᠩᠬᠤ᠎ᠪᠠᠷ ᠲᠠᠯᠪᠢᠨ ᠢᠯᠡᠬᠡᠵᠡᠢ᠃ ᠬᠠᠷᠢᠶᠠᠴᠠᠢ ᠵᠢᠷᠵᠢᠬᠢᠨᠡᠨ ᠲᠤᠤᠭᠠᠷᠤᠬ᠍ᠰᠠᠭᠠᠷ ᠨᠢᠰᠦᠨ ᠤᠳᠴᠤ᠌᠂ ᠡᠷᠬᠢᠯᠳᠦᠨ ᠨᠢᠰᠦᠭ᠌ᠰᠡᠬᠡᠷ ᠡᠬᠡᠵᠦ᠍ ᠢᠷᠡᠨ ᠡᠬᠦᠷ᠎ᠲᠡᠭᠡᠨ ᠤᠷᠤᠵᠠᠢ᠃ ᠲᠡᠷᠡ ᠬᠡᠳᠦᠨ ᠡᠳᠦᠷ ᠠᠪᠤ ᠬᠠᠷᠢᠶᠠᠴᠠᠢ᠎ᠨᠢ ᠶᠠᠭᠠᠷᠠᠤ᠂ ᠠᠮᠠ ᠠᠮᠠ᠎ᠪᠠᠷ ᠱᠢᠪᠡᠵᠢ ᠵᠠᠭᠤᠵᠦ᠍ ᠢᠷᠡᠨ ᠠᠮᠠ ᠪᠦᠯᠢ᠎ᠪᠠᠨ ᠲᠡᠵᠢᠬᠡᠨ᠎ᠠ᠃ ᠭᠤᠷᠪᠠᠳᠡᠬᠢ ᠡᠳᠦᠷ᠎ᠨᠢ ᠡᠵᠢ ᠬᠠᠷᠢᠶᠠᠴᠠᠢ ᠡᠬᠦᠷ᠎ᠠᠴᠠ᠎ᠪᠠᠨ ᠭᠠᠷᠴᠤ᠌᠂ ᠴᠤᠩᠬᠤᠨ ᠲᠤᠱᠢᠶᠠᠬᠢ ᠲᠡᠮᠤᠷ ᠤᠳᠠᠰᠤᠨ ᠵᠡᠯ᠎ᠠ ᠲᠡᠬᠡᠷ᠎ᠠ ᠰᠠᠭᠤᠵᠦ᠍ ᠵᠢᠷᠵᠢᠬᠢᠨᠠᠨ᠎ᠠ᠃ ᠵᠡᠬᠦᠨ ᠬᠡᠷ᠎ᠤᠨ ᠡᠮᠡᠭᠡ ᠠᠮᠠ ᠬᠠᠮᠬᠢᠯ ᠦᠬᠡᠢ ᠪᠠᠶᠠᠷᠯᠠᠵᠦ᠍᠂ ᠴᠤᠩᠬᠤ᠎ᠪᠠᠷ ᠰᠠᠴᠤᠯᠢ ᠡᠷᠬᠦᠨ᠎ᠠ᠃

ᠲᠠᠷᠠᠭ᠎ᠠ ᠵᠤᠨ᠎ᠨᠢ ᠬᠠᠷᠢᠶᠠᠴᠠᠢ᠎ᠨᠤᠭᠤᠳ ᠢᠷᠡᠵᠦ᠍ ᠲᠡᠮᠤᠷ ᠤᠳᠠᠰᠤᠨ ᠵᠡᠯ᠎ᠠ ᠲᠡᠬᠡᠷ᠎ᠠ ᠰᠠᠭᠤᠨ ᠵᠢᠷᠵᠢᠬᠢᠨᠠᠬᠦ᠎ᠳᠤ ᠵᠡᠬᠦᠨ ᠬᠡᠷ᠎ᠤᠨ ᠡᠮᠡᠭᠡ ᠬᠡᠨᠡᠳᠳᠡ᠄ 《ᠮᠢᠨᠤ ᠬᠠᠷᠢᠶᠠᠴᠠᠢ ᠢᠷᠡᠭ᠌ᠰᠡᠨ ᠦᠬᠡᠢ ᠡ!》 ᠬᠡᠳ ᠤᠬᠢᠯᠠᠴᠢᠬᠠᠵᠠᠢ᠃ 《ᠵᠢᠷᠭᠤᠭᠤᠯᠠ ᠶᠠᠪᠤᠵᠦ᠍᠂ ᠵᠢᠷᠭᠤᠭᠤᠯᠠ ᠢᠷᠡᠭᠰᠡᠨ ᠪᠢᠰᠢ ᠤᠤ?》 ᠬᠡᠳ ᠲᠡᠮᠴᠦᠭ ᠮᠠᠨ᠎ᠤ ᠬᠤᠶᠠᠭᠤᠯᠠ ᠭᠠᠢᠬᠠᠱᠢᠷᠠᠬᠤ᠎ᠳᠤ᠂ ᠡᠮᠡᠭᠡ᠄ 《ᠤᠯᠠᠭᠠᠨ ᠲᠤᠷᠭᠠᠨ ᠤᠳᠠᠰᠦ᠎ᠪᠠᠷ ᠬᠦᠯ᠎ᠢ᠎ᠨᠢ ᠤᠷᠢᠶᠠᠬ᠍ᠰᠠᠨ ᠬᠠᠷᠢᠶᠠᠴᠠᠢ ᠢᠷᠡᠭ᠌ᠰᠡᠨ ᠦᠬᠡᠢ ᠪᠢᠰᠢ ᠤᠤ!》 ᠬᠡᠳ ᠤᠯᠠᠮ ᠱᠤᠬ᠍ᠰᠢᠷᠠᠨ ᠤᠬᠢᠯᠠᠨ᠎ᠠ᠃ ᠲᠠᠮᠴᠦᠭ ᠮᠠᠨ᠎ᠤ ᠬᠤᠶᠠᠭᠤᠯᠠ ᠬᠠᠳᠠᠭᠠᠨᠠᠳᠠᠯ᠎ᠠ ᠢᠨᠢᠶᠡᠵᠦ᠍᠄ 《ᠲᠠᠨ᠎ᠤ ᠤᠷᠢᠶᠠᠬ᠍ᠰᠠᠨ ᠤᠯᠠᠭᠠᠨ ᠤᠳᠠᠰᠤᠨ᠎ᠤ ᠴᠢᠨᠢ ᠦᠡᠭ᠌ᠬᠡ᠎ᠨᠢ ᠤᠨᠠᠬ᠍ᠰᠠᠨ᠎ᠠᠴᠠ ᠪᠢᠰᠢ ᠤᠶᠠᠳᠠᠯ ᠤᠷᠢᠶᠠᠳᠠᠯ᠎ᠨᠢ ᠤᠤᠯ ᠬᠡᠪ᠎ᠢᠶᠠᠷ᠎ᠢᠶᠠᠨ ᠱᠢᠦ!》 ᠬᠡᠬᠦ᠌᠎ᠳᠤ᠂ ᠵᠡᠬᠦᠨ ᠬᠡᠷ᠎ᠤᠨ ᠡᠮᠡᠭᠡ ᠭᠠᠯ ᠱᠢᠯ᠎ᠢᠶᠠᠨ ᠵᠡᠬᠦᠵᠦ᠍ ᠨᠠᠷᠢᠨ ᠠᠵᠢᠬ᠍ᠯᠠᠬ᠍ᠰᠠᠨ᠎ᠢᠶᠠᠨ᠄ 《ᠤ᠂ ᠢᠷᠡᠴᠢᠬᠡᠵᠡᠢ᠂ ᠢᠷᠡᠴᠢᠬᠡᠵᠡᠢ!》 ᠬᠡᠳ ᠨᠢᠯᠪᠤᠰᠤ᠎ᠪᠠᠨ ᠠᠷᠴᠢᠨ᠂ ᠮᠦᠨ ᠯᠠ ᠴᠤᠩᠬᠤ᠎ᠪᠠᠷ ᠰᠠᠴᠤᠯᠢ ᠡᠷᠬᠦᠨ᠎ᠠ᠃

ᠲᠠᠷᠠᠭ᠎ᠠ ᠵᠢᠯ᠎ᠤᠨ ᠬᠢᠨᠢ ᠬᠠᠪᠤᠷ ᠵᠡᠬᠦᠨ ᠬᠡᠷ᠎ᠤᠨ ᠡᠮᠡᠭᠡ ᠨᠠᠰᠦ ᠪᠠᠷᠠᠵᠦ᠍᠂ ᠠᠢᠯ ᠬᠤᠨᠠᠷ ᠪᠦᠬᠦᠳᠡ ᠤᠢ ᠭᠠᠱᠢᠭᠤ᠎ᠳᠤ ᠠᠪᠳᠠᠵᠠᠢ᠃ ᠤᠳᠠᠯ ᠦᠬᠡᠢ ᠬᠠᠷᠢᠶᠠᠴᠠᠢ᠎ᠨᠤᠭᠤᠳ ᠢᠷᠡᠵᠦ᠍ ᠬᠦᠯ᠎ᠳᠡᠭᠡᠨ ᠤᠷᠢᠶᠠᠳᠠᠯ᠎ᠲᠠᠢ ᠲᠡᠷᠡ ᠬᠠᠷᠢᠶᠠᠴᠠᠢ ᠦᠷ᠎ᠠ ᠵᠤᠯᠵᠠᠭ᠎ᠠ᠎ᠪᠠᠨ ᠲᠠᠭᠠᠭᠤᠯᠵᠦ᠍᠂ ᠵᠡᠬᠦᠨ ᠬᠡᠷ᠎ᠤᠨ ᠡᠮᠡᠭᠡ᠎ᠶ᠋ᠢᠨ ᠤᠷᠤ ᠲᠡᠷ᠎ᠠ ᠪᠠᠢᠷᠢᠯᠠᠳᠠᠬ ᠪᠠᠢᠬ᠍ᠰᠠᠨ ᠲᠡᠷᠡ ᠲᠠᠯ᠎ᠠ᠎ᠶ᠋ᠢᠨ ᠴᠤᠩᠬᠤ᠎ᠶ᠋ᠢ ᠱᠢᠷᠳᠡᠨ ᠬᠠᠭᠠᠰ ᠡᠳᠦᠷ ᠵᠢᠷᠵᠢᠬᠢᠨᠠᠵᠠᠢ᠃ ᠬᠠᠷᠠᠬ᠍ᠰᠠᠨ ᠪᠤᠯᠭᠠᠨ ᠨᠢᠯᠪᠤᠰᠤ ᠤᠨᠠᠭᠠᠵᠠᠢ᠃ ᠲᠡᠷᠡ ᠵᠢᠯ᠎ᠤᠨ ᠬᠢᠨᠢ ᠨᠠᠮᠤᠷ᠂ ᠮᠠᠨ᠎ᠤ᠎ᠬᠢᠨ ᠠᠪᠤ᠎ᠶ᠋ᠢᠨ ᠠᠵᠢᠯᠯᠠᠳᠠᠬ ᠪᠠᠯᠭᠠᠰᠤᠨ᠎ᠳᠤ ᠨᠡᠬᠦᠵᠦ᠍ ᠶᠠᠪᠤᠵᠠᠢ᠃ ᠲᠡᠮᠴᠦᠭ ᠮᠠᠨᠢ ᠦᠨᠦᠴᠢᠨ ᠤᠯᠠᠭᠠᠨ ᠲᠠᠭ᠎ᠠ᠎ᠪᠠᠨ ᠤᠨᠤᠵᠦ᠍᠂ ᠬᠡᠳᠦᠨ ᠮᠠᠩᠬᠠᠨ ᠲᠤᠯᠤᠭᠠᠢ᠎ᠶ᠋ᠢ ᠲᠠᠪᠠᠳᠠᠯ᠎ᠠ ᠠᠷᠦ᠍᠎ᠠᠴᠠ ᠲᠠᠯᠠᠯᠤᠨ ᠲᠠᠪᠬᠢᠬ᠍ᠰᠠᠨ ᠪᠢᠯᠠ᠃

ᠲᠠᠷᠠᠭ᠎ᠠ ᠵᠢᠯ᠎ᠤᠨ ᠬᠢᠨᠢ ᠵᠤᠨ ᠲᠡᠮᠴᠦᠭ ᠮᠠᠨᠢ ᠲᠦᠡᠭ᠌ᠰᠡ᠎ᠲᠠᠢ ᠵᠦᠬᠡᠬᠡᠢ ᠲᠠᠭᠠᠷ᠎ᠲᠠᠢ ᠠᠮᠤ ᠠᠪᠴᠤ᠌ ᠮᠠᠨ᠎ᠤ᠎ᠬᠢ᠎ᠳᠤ ᠢᠷᠡᠵᠦ᠍᠂ ᠮᠠᠨᠤᠰ ᠪᠤᠷᠤ ᠬᠡᠷ ᠪᠤᠴᠠᠯᠳᠠᠯ᠎ᠠ ᠪᠠᠶᠠᠷ ᠪᠤᠯᠵᠠᠢ᠃ ᠪᠢ ᠶᠠᠭᠠᠷᠠᠤᠬᠠᠨ ᠬᠡᠭ᠌ᠴᠢ᠄ 《ᠲᠡᠷᠡ ᠬᠦ᠌ ᠬᠦᠯ᠎ᠳᠡᠭᠡᠨ ᠤᠷᠢᠶᠠᠳᠠᠯ᠎ᠲᠠᠢ ᠡᠵᠢ ᠬᠠᠷᠢᠶᠠᠴᠠᠢ ᠢᠷᠡᠭ᠌ᠰᠡᠨ ᠤᠤ?》 ᠬᠡᠬᠦ᠌᠎ᠳᠤ᠂ ᠲᠠᠮᠴᠦᠭ ᠮᠠᠨᠢ᠄ 《ᠢᠷᠡᠭ᠌ᠰᠡᠨ ᠦᠬᠡᠢ ᠡ!》 ᠬᠡᠵᠦ᠍ ᠡᠷᠢᠶᠡᠨᠳᠦᠭ᠌ᠰᠡᠨ ᠬᠤᠭᠤᠯᠠᠢ᠎ᠪᠠᠷ ᠶᠠᠷᠢᠵᠦ᠍ ᠪᠤᠷᠤᠭᠤᠰᠢ᠎ᠪᠠᠨ ᠬᠠᠷᠠᠵᠠᠢ᠃ ᠲᠡᠮᠴᠦᠭ᠎ᠲᠤ 《ᠪᠠᠩᠰᠢ》 ᠪᠡᠯᠡᠳᠭᠡᠵᠦ᠍ ᠪᠠᠢᠬ᠍ᠰᠠᠨ ᠡᠵᠢ ᠰᠤᠨᠤᠰᠤᠭᠠᠳ ᠨᠢᠯᠪᠤᠰᠤ᠎ᠪᠠᠨ ᠠᠷᠴᠢᠨ᠎ᠠ᠃ ᠪᠢ ᠬᠡᠨᠡᠳᠳᠡ ᠡᠬᠡᠷ ᠲᠠᠳᠠᠨ ᠤᠬᠢᠯᠠᠵᠠᠢ᠃

᠁ 《ᠬᠠᠪᠤᠷ ᠨᠦᠢᠷ ᠲᠠᠷᠤᠳᠠᠭ》 ᠬᠡᠳᠡᠭ ᠴᠤ᠌ ᠪᠢ ᠶᠠᠷᠦ᠍᠎ᠠᠴᠠ ᠬᠠᠪᠤᠷ᠎ᠲᠤ ᠰᠡᠷᠬᠡᠭ ᠪᠠᠢᠵᠦ᠍᠂ ᠡᠷᠳᠡᠯᠡᠨ ᠪᠤᠰᠴᠤ᠌ ᠦᠪᠡᠷ᠎ᠤᠨ᠎ᠢᠶᠠᠨ ᠪᠢᠴᠢᠵᠦ᠍ ᠤᠷᠤᠯᠳᠤᠳᠠᠬ ᠪᠠᠭ᠎ᠠ ᠰᠠᠭ᠎ᠠ᠎ᠲᠠᠢ᠎ᠪᠠᠨ ᠨᠣᠣᠷᠠᠨ᠎ᠠ᠃ 《ᠬᠦᠷᠡᠭ᠌ᠴᠢ ᠦᠨᠢᠶ᠎ᠠ ᠲᠡᠯᠡᠩᠨᠡᠴᠢᠬᠡᠵᠡᠢ ᠁》 ᠬᠡᠰᠡᠨ ᠵᠡᠬᠦᠨ ᠬᠡᠷ᠎ᠤᠨ ᠡᠮᠡᠭᠡ᠎ᠶ᠋ᠢᠨ ᠦᠬᠡ᠎ᠶ᠋ᠢ ᠵᠡᠬᠦᠳᠦᠯᠡᠬᠡᠳ ᠰᠡᠷᠡᠭ᠌ᠰᠡᠨ ᠲᠡᠷᠡ ᠦᠷᠯᠦᠬᠡ ᠪᠢᠵᠠ ᠡ᠂ ᠬᠠᠭᠠᠰ ᠨᠡᠬᠡᠬᠡᠯᠳᠡᠳᠡᠢ ᠠᠰᠠᠷ᠎ᠤᠨ ᠴᠤᠩᠬᠤ᠎ᠪᠠᠷ ᠬᠠᠷᠢᠶᠠᠴᠠᠢ ᠵᠢᠷᠵᠢᠬᠢᠨᠡᠬᠦ ᠰᠤᠨᠤᠰᠳᠠᠨ᠎ᠠ᠃ ᠪᠢ ᠪᠢᠴᠢᠭ᠎ᠤᠨ ᠱᠢᠷᠡᠭᠡᠨ᠎ᠠᠴᠠ᠎ᠪᠠᠨ ᠲᠡᠪᠬᠡᠷᠬᠦ᠌ ᠱᠢᠭ ᠪᠤᠰᠴᠤ᠌ ᠴᠤᠩᠬᠤ ᠤᠢ᠍ᠢᠷᠠᠳᠭᠤ᠎ᠳᠤ᠂ ᠵᠡᠬᠦᠨ᠎ᠠᠴᠠ ᠤᠯᠠᠭᠠᠷᠠᠨ ᠲᠤᠶᠠᠭᠠᠷᠠᠭ᠎ᠠ ᠨᠠᠷᠠᠨ᠎ᠤ ᠬᠡᠷᠡᠯ᠎ᠢ ᠰᠡᠬᠦᠯ᠎ᠢᠶᠠᠷ᠎ᠢᠶᠠᠨ ᠬᠠᠢᠴᠢᠯᠠᠵᠦ᠍ ᠬᠤᠤᠰ ᠬᠠᠷᠢᠶᠠᠴᠠᠢ ᠬᠠᠯᠢᠨ ᠬᠠᠯᠢᠨ ᠨᠠᠭᠠᠱᠢᠯᠠᠬᠤ ᠬᠠᠷᠠᠬ᠍ᠳᠠᠨ᠎ᠠ᠃ ᠮᠢᠨᠤ ᠨᠢᠳᠦᠨ᠎ᠳᠤ ᠨᠢᠯᠪᠤᠰᠤ ᠪᠦᠷᠬᠦᠪᠡ᠃ 《ᠬᠦᠯ᠎ᠳᠡᠭᠡᠨ ᠤᠷᠢᠶᠠᠳᠠᠯ᠎ᠲᠠᠢ ᠲᠡᠷᠡ ᠬᠦ᠌ ᠡᠵᠢ ᠬᠠᠷᠢᠶᠠᠴᠠᠢ᠎ᠶ᠋ᠢᠨ ᠦᠷ᠎ᠠ ᠵᠤᠯᠵᠠᠭ᠎ᠠ᠎ᠨᠤᠭᠤᠳ᠂ ᠦᠨᠤ ᠶᠠᠬ ᠬᠤᠱᠢᠭᠤᠨ᠎ᠳᠠᠭᠠᠨ ᠬᠤᠷ᠎ᠠ᠎ᠶ᠋ᠢᠨ ᠡᠬᠦᠯᠡ ᠵᠠᠭᠤᠵᠦ᠍ ᠨᠤᠳᠤᠬ᠎ᠢᠶᠠᠨ ᠵᠤᠷᠢᠨ᠎ᠠ ᠳ᠋ᠠ!》 ᠬᠡᠵᠦ᠍ ᠪᠢ ᠪᠠᠳᠦ ᠢᠳᠡᠭᠡᠪᠡ᠃

ᠬᠠᠪᠤᠷ᠎ᠤᠨ ᠰᠤᠷᠠᠬ ᠰᠡᠳᠭᠢᠯ᠎ᠳᠤ ᠪᠠᠢᠳᠠᠬ᠂ ᠢᠳᠡᠬᠡᠯ᠎ᠳᠤ ᠢᠷᠡᠳᠡᠭ᠃ ᠰᠠᠢᠬᠠᠨ ᠶᠤᠮ ᠡ᠂ ᠰᠠᠢᠬᠠᠨ ᠶᠤᠮ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号