ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠪᠡ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠩᠬᠢᠮ ᠤᠢᠷ᠎ᠠ ᠳ᠋ᠤ 《2026 ᠤᠨ ᠤ᠋ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠢ᠋ ᠬᠦᠴᠦᠷᠭᠡᠭᠵᠢᠭᠦᠯᠤᠨ ᠲᠠᠷᠢᠶᠠᠴᠢᠳ ᠲᠦ᠍ ᠠᠰᠢᠭ ᠬᠦᠷᠲᠡᠭᠡᠬᠦ ᠲᠠᠷᠢᠶᠠᠴᠢᠳ ᠢ᠋ ᠪᠠᠶᠠᠵᠢᠭᠤᠯᠬᠤ ᠲᠦᠷᠦ ᠶ᠋ᠢᠨ ᠪᠤᠳᠤᠯᠭ᠎ᠠ ᠶ᠋ᠢᠨ ᠨᠠᠷᠢᠨ ᠳᠠᠡᠭᠰᠠ》 ᠵᠢ ᠨᠠᠢᠲᠡᠯᠡᠵᠤ᠂ ᠡᠨᠡ ᠵᠢᠯ ᠮᠠᠨ ᠤ᠋ ᠤᠷᠤᠨ ᠮᠠᠯᠴᠢᠨ ᠲᠠᠷᠢᠶᠠᠴᠢᠨ ᠪᠠ ᠮᠠᠯ ᠠᠵᠤ ᠠᠬᠤᠢ ᠲᠠᠷᠢᠶᠠᠯᠠᠩ ᠤ᠋ᠨ ᠦᠢᠯᠡᠳᠪᠤᠷᠢᠯᠡᠯ ᠡᠷᠬᠢᠯᠡᠵᠤ ᠪᠠᠢᠭ᠎ᠠ ᠡᠵᠡᠩᠨᠡᠯᠳᠡ ᠶ᠋ᠢᠨ ᠭᠤᠤᠯ ᠴᠤᠭᠴᠠ ᠳ᠋ᠤ 10 ᠵᠦᠢᠯ ᠤ᠋ᠨ ᠨᠦᠬᠦᠪᠤᠷᠢ ᠤᠯᠭᠤᠨ᠎ᠠ ᠭᠡᠵᠦ ᠲᠤᠳᠤᠷᠬᠠᠢᠯᠠᠪᠠ᠃
ᠨᠢᠭᠡ᠂ ᠲᠠᠷᠢᠶᠠᠨ ᠭᠠᠵᠠᠷ ᠤ᠋ᠨ ᠱᠢᠮ᠎ᠡ ᠬᠦᠴᠦ ᠶ᠋ᠢ ᠪᠠᠳᠤᠯᠠᠬᠤ ᠨᠥᠬᠥᠪᠥᠷᠢ
ᠲᠤᠰ ᠨᠦᠬᠦᠪᠤᠷᠢ ᠶ᠋ᠢ ᠵᠠᠷᠴᠢᠮ ᠳᠡᠭᠡᠷ᠎ᠡ ᠪᠠᠨ ᠲᠠᠷᠢᠶᠠᠨ ᠭᠠᠵᠠᠷ ᠢ᠋ ᠲᠠᠭᠠᠭᠠᠴᠢᠯᠠᠬᠤ ᠡᠷᠭᠡ ᠲᠠᠢ ᠲᠠᠷᠢᠶ᠎ᠠ ᠲᠠᠷᠢᠵᠤ ᠪᠠᠢᠭ᠎ᠠ ᠲᠠᠷᠢᠶᠠᠴᠢᠨ ( ᠪᠤᠶᠤ ᠲᠠᠷᠢᠶᠠᠯᠠᠡᠭ ᠤ᠋ᠨ ᠲᠠᠯᠠᠪᠠᠢ ᠶ᠋ᠢᠨ ᠠᠵᠢᠯᠲᠠᠨ) ᠳ᠋ᠤ ᠤᠯᠭᠤᠨ᠎ᠠ᠃ ᠬᠠᠤᠯᠢ ᠶ᠋ᠢ ᠵᠥᠷᠢᠴᠡᠨ ᠰᠢᠨ᠎ᠠ ᠪᠡᠷ ᠬᠠᠭᠠᠯᠪᠤᠷᠢᠯᠠᠭᠰᠠᠨ᠂ ᠬᠡᠷᠡᠭ᠌ᠴᠡᠭᠡ ᠶ᠋ᠢ ᠨᠢ ᠬᠤᠪᠢᠷᠠᠭᠤᠯᠤᠭ᠍ᠰᠠᠨ ᠵᠢᠴᠢ ᠨᠢᠭᠡ ᠵᠢᠯ ᠡᠴᠡ ᠳᠡᠭᠡᠭ᠌ᠰᠢ ᠠᠲᠠᠷᠱᠢᠭᠤᠯᠤᠭ᠍ᠰᠠᠨ ᠲᠠᠷᠢᠶᠠᠨ ᠭᠠᠵᠠᠷ ᠲᠦ᠍ ᠨᠥᠬᠥᠪᠥᠷᠢ ᠤᠯᠭᠤᠬᠤ ᠦᠭᠡᠢ᠃
ᠬᠣᠶᠠᠷ᠂ ᠮᠠᠱᠢᠨ ᠲᠦᠬᠦᠭᠡᠷᠦᠮᠵᠢ ᠬᠤᠳᠠᠯᠳᠤᠨ ᠠᠪᠤᠭᠰᠠᠨ ᠪᠠ ᠬᠡᠷᠡᠭᠯᠡᠭᠰᠡᠨ ᠨᠥᠬᠥᠪᠥᠷᠢ
ᠲᠤᠰ ᠨᠦᠬᠦᠪᠤᠷᠢ ᠶ᠋ᠢ ᠮᠠᠯ ᠠᠵᠤ ᠠᠬᠤᠢ ᠲᠠᠷᠢᠶᠠᠯᠠᠡᠭ ᠤ᠋ᠨ ᠦᠢᠯᠡᠳᠪᠦᠷᠢᠯᠡᠯ ᠡᠷᠬᠢᠯᠡᠵᠦ ᠪᠠᠢᠭ᠎ᠠ ᠮᠠᠯᠴᠢᠨ ᠲᠠᠷᠢᠶᠠᠴᠢᠨ ᠵᠢᠴᠢ ᠮᠠᠯᠵᠢᠬᠤ ᠲᠠᠷᠢᠶᠠᠯᠠᠬᠤ ᠤᠷᠤᠨ ᠤ᠋ ᠬᠠᠮᠳᠤ ᠶ᠋ᠢᠨ ᠠᠵᠤ ᠠᠬᠤᠢ ᠶ᠋ᠢᠨ ᠵᠤᠬᠢᠶᠠᠨ ᠪᠠᠢᠭᠤᠯᠤᠯᠳᠠ᠂ ᠮᠠᠯᠴᠢᠨ ᠲᠠᠷᠢᠶᠠᠴᠢᠨ ᠤ᠋ ᠲᠤᠰᠬᠠᠢ ᠬᠤᠷᠰᠢᠶ᠎ᠠ᠂ ᠮᠠᠯ ᠠᠵᠤ ᠠᠬᠤᠢ ᠲᠠᠷᠢᠶᠠᠯᠠᠩ ᠤ᠋ᠨ ᠠᠵᠤ ᠠᠬᠤᠢᠯᠠᠯ ᠪᠠ ᠪᠤᠰᠤᠳ ᠮᠠᠯ ᠠᠵᠤ ᠠᠬᠤᠢ ᠲᠠᠷᠢᠶᠠᠯᠠᠩ ᠤ᠋ᠨ ᠦᠢᠯᠡᠳᠪᠤᠷᠢᠯᠡᠯ ᠡᠵᠡᠩᠨᠡᠬᠦ ᠵᠤᠬᠢᠶᠠᠨ ᠪᠠᠢᠭᠤᠯᠤᠯᠲᠠ ᠳ᠋ᠦ ᠤᠯᠭᠤᠵᠤ᠂ 《ᠤᠷᠢᠳ ᠶ᠋ᠢᠡᠷ ᠬᠤᠳᠠᠯᠳᠤᠨ ᠠᠪᠴᠤ ᠳᠠᠷᠠᠭ᠎ᠠ ᠨᠢ ᠨᠦᠬᠦᠪᠦᠷᠢ ᠦᠭᠬᠦ》 ᠠᠷᠭ᠎ᠠ ᠪᠡᠷ ᠤᠯᠭᠤᠨ᠎ᠠ᠃ ᠡᠭᠦᠨ ᠳ᠋ᠤ ᠳᠡᠭᠡᠳᠦ ᠴᠢᠳᠠᠪᠬᠢᠲᠦ ᠦᠷ᠎ᠡ ᠬᠠᠶᠠᠬᠤ ᠮᠠᠰᠢᠨ᠂ ᠤᠶᠤᠨᠳᠤ ᠴᠢᠬᠢ ᠰᠠᠭᠤᠯᠭᠠᠬᠤ ᠮᠠᠰᠢᠨ᠂ ᠲᠤᠮᠤ ᠬᠡᠯᠪᠡᠷᠢ ᠶ᠋ᠢᠨ ᠤᠶᠤᠨᠳᠤ ᠬᠠᠳᠤᠵᠤ ᠬᠤᠷᠢᠶᠠᠬᠤ ᠮᠠᠰᠢᠨ᠂ ᠬᠠᠰᠢᠶᠠᠯᠠᠨ ᠲᠡᠵᠢᠭᠡᠬᠦ ᠳ᠋ᠦ ᠬᠡᠷᠡᠭᠯᠡᠬᠦ ᠮᠠᠰᠢᠨ ᠲᠦᠬᠦᠭᠡᠷᠦᠮᠵᠢ ᠵᠡᠷᠭᠡ ᠲᠡᠷᠢᠭᠦᠨ ᠤ᠋ ᠮᠠᠰᠢᠨ ᠲᠦᠬᠦᠭᠡᠷᠦᠮᠵᠢ ᠬᠤᠳᠠᠯᠳᠤᠨ ᠠᠪᠬᠤ ᠶ᠋ᠢ ᠭᠤᠤᠯᠳᠠᠯᠭ᠎ᠠ ᠲᠠᠢ ᠲᠠᠮᠵᠢᠨ᠎ᠠ᠃
ᠭᠤᠷᠪᠠ᠂ ᠪᠣᠭᠣᠳᠠᠶ ᠵᠢᠨ 《 ᠨᠢᠭᠡ ᠰᠦᠷᠴᠢᠯᠲᠡ ᠪᠡᠷ ᠭᠤᠷᠪᠠ ᠵᠢ ᠰᠡᠷᠭᠡᠢᠯᠡᠬᠦ 》 ᠨᠥᠬᠥᠪᠥᠷᠢ
ᠲᠤᠰ ᠨᠦᠬᠦᠪᠤᠷᠢ ᠶ᠋ᠢ ᠪᠤᠭᠤᠳᠠᠢ ᠶ᠋ᠢᠨ 《ᠨᠢᠭᠡ ᠰᠦᠷᠴᠢᠯᠲᠡ ᠪᠡᠷ ᠭᠤᠷᠪᠠ ᠵᠢ ᠰᠡᠷᠭᠡᠢᠯᠡᠬᠦ》 ᠠᠵᠢᠯ ᠢ᠋ ᠡᠭᠦᠷᠭᠡᠯᠡᠨ ᠭᠦᠢᠴᠡᠳᠭᠡᠬᠦ ᠭᠤᠤᠯ ᠴᠤᠭᠴᠠ ᠳ᠋ᠤ ᠤᠯᠭᠤᠵᠤ᠂ ᠭᠤᠤᠯᠳᠠᠭᠤ ᠪᠣᠭᠣᠳᠠᠶ ᠶ᠋ᠢᠨ ᠳᠤᠮᠳᠠ ᠪᠠ ᠰᠡᠭᠦᠯᠴᠢ ᠶ᠋ᠢᠨ ᠤᠷᠭᠤᠯᠲᠠ ᠶ᠋ᠢᠨ ᠬᠤᠭᠤᠴᠠᠭᠠᠨ ᠤ᠋ ᠬᠤᠷᠤᠬᠠᠢ ᠰᠢᠪᠠᠵᠢ ᠠᠯᠠᠬᠤ ᠡᠮ ᠂ ᠪᠠᠺᠲ᠋ᠧᠷᠢ ᠠᠯᠠᠬᠤ ᠡᠮ᠂ ᠲᠠᠷᠢᠮᠠᠯ ᠤ᠋ᠨ ᠤᠷᠭᠤᠯᠲᠠ ᠵᠢ ᠠᠬᠢᠭᠤᠯᠬᠤ ᠡᠮ ᠰᠦᠷᠴᠢᠬᠦ ᠳ᠋ᠤ ᠬᠡᠷᠡᠭᠯᠡᠬᠦᠯᠦᠨ᠎ᠠ᠃
ᠳᠥᠷᠪᠡ᠂ ᠡᠷᠳᠡᠨᠢ ᠱᠢᠰᠢ ᠱᠢᠷᠠ ᠪᠤᠷᠴᠠᠭ ᠲᠥᠮᠥᠰᠥ᠍ ᠲᠠᠷᠢᠭᠰᠠᠳ ᠤ᠋ᠨ ᠨᠥᠬᠥᠪᠥᠷᠢ
ᠲᠤᠰ ᠨᠦᠬᠦᠪᠤᠷᠢ ᠶ᠋ᠢ ᠬᠠᠤᠯᠢ ᠶᠤᠰᠤᠨ ᠤ᠋ ᠲᠠᠷᠢᠶᠠᠨ ᠭᠠᠵᠠᠷ ᠲᠤ᠌ ᠡᠷᠳᠡᠨᠢ ᠰᠢᠰᠢ᠂ ᠰᠢᠷ᠎ᠠ ᠪᠤᠷᠴᠠᠭ᠂ ᠲᠦᠮᠦᠰᠦ ᠶ᠋ᠢ ᠪᠤᠳᠠᠳᠠᠢ ᠲᠠᠷᠢᠭᠰᠠᠳ ᠲᠤ᠌ ᠤᠯᠭᠤᠨ᠎ᠠ᠃ ᠡᠭᠦᠨ ᠳ᠋ᠤ ᠡᠯ᠎ᠠ ᠭᠠᠵᠠᠷ ᠤ᠋ᠨ ᠵᠦᠷᠢᠶᠡᠴᠢᠯᠡᠭᠰᠡᠨ ᠪᠠᠷᠢᠮᠵᠢᠶ᠎ᠠ ᠪᠡᠷ ᠨᠦᠬᠦᠪᠤᠷᠢ ᠤᠯᠭᠤᠬᠤ ᠶ᠋ᠢ ᠵᠦᠪᠰᠢᠶᠡᠷᠡᠵᠤ᠂ ᠵᠠᠷᠴᠢᠮ ᠳᠡᠭᠡᠷ᠎ᠠ ᠪᠡᠨ ᠰᠢᠶᠠᠨ ᠤ᠋ ᠬᠡᠪᠴᠢᠶᠠᠨ ᠤ᠋ ᠲᠤᠳᠤᠷ᠎ᠠ ᠪᠡᠨ ᠨᠢᠭᠡᠳᠦᠯᠳᠠᠢ ᠪᠠᠢᠬᠤ ᠶ᠋ᠢ ᠪᠠᠳᠤᠯᠠᠨ᠎ᠠ᠃
ᠲᠠᠪᠤ᠂ ᠰᠡᠯᠭᠦᠨ ᠳᠠᠷᠢᠬᠤ ᠨᠥᠬᠥᠪᠥᠷᠢ
ᠲᠤᠰ ᠨᠦᠬᠦᠪᠤᠷᠢ ᠶ᠋ᠢ ᠰᠡᠯᠭᠦᠨ ᠲᠠᠷᠢᠬᠤ ᠠᠵᠢᠯ ᠢ᠋ ᠡᠭᠦᠷᠭᠡᠯᠡᠨ ᠭᠦᠢᠴᠡᠳᠭᠡᠬᠦ ᠭᠤᠤᠯ ᠴᠤᠭᠴᠠ ᠳ᠋ᠦ ᠤᠯᠭᠤᠨ᠎ᠠ᠃ ᠡᠭᠦᠨ ᠳ᠋ᠤ ᠶᠡᠬᠡ ᠬᠢᠡᠭᠭᠠᠨ ᠳᠠᠪᠠᠭ᠎ᠠ ᠶ᠋ᠢᠨ ᠬᠤᠷᠮᠤᠢ ᠳᠠᠭᠠᠤ ᠤᠷᠤᠨ᠂ ᠪᠠᠷᠠᠭᠤᠨ ᠯᠢᠶᠣᠤᠾᠧ ᠭᠤᠤᠯ ᠤ᠋ᠨ ᠰᠠᠪᠠ ᠭᠠᠵᠠᠷ᠂ ᠮᠤᠨᠢ ᠠᠭᠤᠯᠠ ᠵᠢᠨ ᠬᠣᠷᠮᠣᠶ ᠳᠠᠭᠠᠤ ᠤᠷᠤᠨ᠂ ᠲᠦᠮᠡᠳ ᠤ᠋ᠨ ᠲᠠᠯ᠎ᠠ ᠵᠢᠴᠢ ᠬᠠᠲᠤᠨ ᠭᠤᠤᠯ ᠤ᠋ᠨ ᠰᠠᠪᠠ ᠭᠠᠵᠠᠷ ᠤ᠋ᠨ ᠡᠷᠳᠡᠨᠢ ᠰᠢᠰᠢ᠂ ᠰᠢᠷ᠎ᠠ ᠪᠤᠷᠴᠠᠭ᠂ ᠡᠯᠳᠡᠪ ᠠᠮᠤ ᠡᠯᠳᠡᠪ ᠪᠤᠷᠴᠠᠭ᠂ ᠪᠤᠭᠤᠳᠠᠢ᠂ ᠨᠠᠷᠠᠨ ᠬᠤᠸᠠᠷ᠂ ᠲᠦᠮᠦᠰᠤ᠂ ᠲᠤᠰᠤᠯᠢᠭ ᠲᠠᠷᠢᠮᠠᠯ ᠵᠡᠷᠭᠡ ᠶ᠋ᠢ ᠰᠡᠯᠭᠦᠨ ᠲᠠᠷᠢᠬᠤ ᠵᠢ ᠭᠤᠤᠯᠳᠠᠯᠭ᠎ᠠ ᠲᠡᠢ ᠳᠡᠳᠬᠦᠵᠦ᠂ ᠬᠠᠲᠤᠨ ᠭᠤᠤᠯ ᠤ᠋ᠨ ᠳᠠᠡᠭ ᠭᠠᠵᠠᠷ ᠲᠦ᠍ ᠪᠤᠭᠤᠨᠢ ᠰᠦᠷᠡᠯ ᠤ᠋ᠨ ᠲᠠᠷᠢᠮᠠᠯ ᠲᠠᠷᠢᠬᠤ ᠵᠢ ᠬᠦᠲᠦᠯᠦᠨ ᠵᠢᠯᠤᠭᠤᠳᠴᠤ᠂ ᠡᠯ᠎ᠡ ᠭᠠᠵᠠᠷ ᠤ᠋ᠨ ᠤᠨᠴᠠᠯᠢᠭᠲᠦ ᠲᠠᠷᠢᠮᠠᠯ ᠢ᠋ ᠵᠤᠬᠢᠰᠲᠠᠢ ᠬᠦᠭᠵᠢᠭᠦᠯᠬᠦ ᠵᠢ ᠳᠡᠮᠵᠢᠨ᠎ᠡ᠃
ᠵᠢᠷᠭᠤᠭ᠎ᠠ᠂ ᠨᠡᠢᠭᠡᠮᠴᠢᠯᠡᠭ᠌ᠰᠡᠨ ᠦᠢᠯᠡᠴᠢᠯᠡᠭᠡᠨ ᠤ᠋ ᠨᠥᠬᠥᠪᠥᠷᠢ
ᠲᠤᠰ ᠨᠦᠬᠦᠪᠤᠷᠢ ᠶ᠋ᠢ ᠠᠮᠤ ᠲᠤᠰᠤ ᠵᠡᠷᠭᠡ ᠴᠢᠬᠤᠯᠠ ᠲᠠᠷᠢᠮᠠᠯ ᠢ᠋ ᠶᠡᠬᠡ ᠬᠡᠪᠴᠢᠶ᠎ᠠ ᠪᠡᠷ ᠲᠠᠷᠢᠭᠰᠠᠨ ᠲᠠᠷᠢᠶᠠᠨ ᠤ᠋ ᠮᠤ᠌ ᠨᠢᠭᠡᠴᠢ ᠶ᠋ᠢᠨ ᠤᠨᠠᠯᠳᠠ ᠶ᠋ᠢ ᠨᠡᠮᠡᠭᠳᠡᠭᠦᠯᠬᠦ ᠳ᠋ᠤ ᠳᠤᠬᠢᠷᠠᠬᠤ ᠮᠡᠷᠭᠡᠵᠢᠯ ᠢ᠋ ᠳᠡᠯᠭᠡᠷᠡᠭᠦᠯᠬᠦ ᠪᠡᠷ ᠭᠤᠤᠯ ᠪᠤᠯᠭᠠᠵᠤ᠂ ᠲᠦᠷᠦᠯ ᠵᠦᠢᠯ ᠤ᠋ᠨ ᠤᠷᠤᠨ ᠤ᠋ ᠲᠠᠷᠢᠶᠠᠯᠠᠡᠭ ᠦᠢᠯᠡᠳᠪᠦᠷᠢᠯᠡᠯ ᠳ᠋ᠤ ᠬᠠᠭᠠᠯᠪᠤᠷᠢᠯᠠᠬᠤ᠂ ᠲᠠᠷᠢᠬᠤ᠂ ᠡᠪᠡᠳᠴᠢᠨ ᠬᠤᠷᠤᠬᠠᠢ ᠶ᠋ᠢᠨ ᠬᠦᠨᠦᠭᠡᠯ ᠢ᠋ ᠰᠡᠷᠭᠡᠢᠯᠡᠬᠦ ᠪᠠ ᠬᠤᠷᠢᠶᠠᠬᠤ ᠵᠡᠷᠭᠡ ᠦᠢᠯᠡᠳᠪᠤᠷᠢᠯᠡᠯ ᠤ᠋ᠨ ᠶᠠᠪᠤᠴᠠ ᠳᠤᠮᠳᠠᠬᠢ ᠵᠢᠴᠢ ᠪᠡᠯᠡᠳᠭᠡᠯ ᠬᠤᠭᠤᠴᠠᠭ᠎ᠠ ᠪᠠ ᠬᠤᠢᠨᠠᠬᠢ ᠭᠤᠭᠴᠤᠭᠠᠨ ᠤ᠋ ᠦᠢᠯᠡᠴᠢᠯᠡᠭᠡ ᠬᠠᠩᠭᠠᠬᠤ ᠮᠠᠯᠴᠢᠨ ᠲᠠᠷᠢᠶᠠᠴᠢᠨ ᠤ᠋ ᠲᠤᠰᠬᠠᠢ ᠬᠤᠷᠰᠢᠶ᠎ᠠ᠂ ᠭᠡᠷ ᠪᠦᠯᠢ ᠶ᠋ᠢᠨ ᠲᠠᠷᠢᠶᠠᠯᠠᠡᠭ ᠮᠠᠯᠵᠢᠯ ᠤ᠋ᠨ ᠲᠠᠯᠠᠪᠠᠢ᠂ ᠮᠠᠯ ᠠᠵᠤ ᠠᠬᠤᠢ ᠲᠠᠷᠢᠶᠠᠯᠠᠡᠭ ᠤ᠋ᠨ ᠦᠢᠯᠡᠳᠪᠦᠷᠢᠯᠡᠯ ᠤ᠋ᠨ ᠦᠢᠯᠡᠴᠢᠯᠡᠭᠡᠨ ᠤ᠋ ᠠᠵᠤ ᠠᠬᠤᠢᠯᠠᠯ᠂ ᠬᠦᠳᠡᠭᠡ ᠲᠤᠰᠬᠤᠨ ᠤ᠋ ᠬᠠᠮᠲᠤ ᠶ᠋ᠢᠨ ᠠᠵᠤ ᠠᠬᠤᠢ ᠶ᠋ᠢᠨ ᠵᠤᠬᠢᠶᠠᠨ ᠪᠠᠢᠭᠤᠯᠤᠯᠲᠠ ᠵᠡᠷᠭᠡ ᠦᠢᠯᠡᠴᠢᠯᠡᠭᠡᠨ ᠤ᠋ ᠭᠤᠤᠯ ᠴᠤᠭᠴᠠ ᠳ᠋ᠦ ᠤᠯᠭᠤᠨ᠎ᠠ᠃ ᠵᠠᠷᠴᠢᠮ ᠳᠡᠭᠡᠷ᠎ᠠ ᠪᠡᠨ ᠡᠳ᠋ ᠤ᠋ᠨ ᠵᠠᠰᠠᠭ ᠤ᠋ᠨ ᠨᠥᠬᠥᠪᠥᠷᠢ ᠶ᠋ᠢ ᠦᠶ᠋ᠯᠡᠴᠢᠯᠡᠭᠡᠨ ᠤ᠋ ᠦᠨ᠎ᠡ ᠬᠠᠩᠰᠢ ᠶ᠋ᠢᠨ 30% ᠡᠴᠡ ᠳᠠᠪᠠᠭᠤᠯᠬᠤ ᠥᠬᠡᠶ᠂ ᠨᠢᠭᠡ ᠬᠤᠷᠢᠶᠠᠯᠳᠠ ᠶ᠋ᠢᠨ ᠲᠠᠷᠢᠮᠠᠯ ᠤ᠋ᠨ ᠮᠤ᠌ ᠨᠢᠭᠡᠴᠢ ᠶ᠋ᠢᠨ ᠳᠤᠮᠳᠠᠴᠢ ᠨᠥᠬᠥᠪᠥᠷᠢ ᠶ᠋ᠢ 100 ᠲᠥᠭᠥᠷᠢᠭ ᠡᠴᠡ ᠳᠠᠪᠠᠭᠤᠯᠬᠤ ᠦᠭᠡᠢ ; ᠶᠠᠳᠠᠭᠤ ᠡᠴᠡ ᠠᠡᠭᠬᠢᠵᠢᠷᠠᠭᠰᠠᠨ ᠭᠠᠵᠠᠷ ᠣᠷᠣᠨᠤ ᠡᠳ᠋ ᠤ᠋ᠨ ᠵᠠᠰᠠᠭ ᠤ᠋ᠨ ᠨᠥᠬᠥᠪᠥᠷᠢ ᠶ᠋ᠢ ᠵᠠᠷᠴᠢᠮ ᠳᠡᠭᠡᠷ᠎ᠠ ᠪᠡᠨ ᠦᠢᠯᠡᠴᠢᠯᠡᠭᠡᠨ ᠤ᠋ ᠦᠨ᠎ᠠ ᠬᠠᠩᠰᠢ ᠶ᠋ᠢᠨ 40% ᠡᠴᠡ ᠳᠠᠪᠠᠭᠤᠯᠬᠤ ᠥᠬᠡᠶ᠂ ᠨᠢᠭᠡ ᠬᠤᠷᠢᠶᠠᠯᠳᠠ ᠶ᠋ᠢᠨ ᠲᠠᠷᠢᠮᠠᠯ ᠤ᠋ᠨ ᠮᠤ᠌ ᠨᠢᠭᠡᠴᠢ ᠶ᠋ᠢᠨ ᠳᠤᠮᠳᠠᠴᠢ ᠨᠥᠬᠥᠪᠥᠷᠢ ᠶ᠋ᠢ 130 ᠲᠥᠭᠥᠷᠢᠭ ᠡᠴᠡ ᠳᠠᠪᠠᠭᠤᠯᠬᠤ ᠦᠭᠡᠢ᠃
ᠳᠣᠯᠣᠭ᠎ᠠ᠂ ᠠᠯᠪᠠ ᠪᠠᠷ ᠨᠢᠳᠤᠯᠤᠭᠤᠯᠤᠭᠰᠠᠨ ᠨᠥᠬᠥᠪᠥᠷᠢ
ᠲᠤᠰ ᠨᠦᠬᠦᠪᠤᠷᠢ ᠶ᠋ᠢ ᠭᠤᠤᠯᠳᠠᠭᠤ ᠤᠯᠤᠰ ᠤ᠋ᠨ ᠭᠤᠤᠯᠳᠠᠯᠭ᠎ᠠ ᠲᠠᠢ ᠠᠮᠢᠳᠠᠨ ᠤ᠋ ᠬᠡᠮ ᠬᠢᠵᠢᠭ ᠢ᠋ ᠰᠡᠷᠭᠡᠢᠯᠡᠨ ᠬᠢᠵᠠᠭᠠᠷᠯᠠᠬᠤ ᠪᠠ ᠤᠰᠠᠳᠬᠠᠬᠤ ᠠᠵᠢᠯᠯᠠᠭ᠎ᠠ ᠳ᠋ᠦ ᠬᠠᠤᠯᠢ ᠶᠤᠰᠤᠭᠠᠷ ᠠᠯᠪᠠ ᠪᠡᠷ ᠨᠢᠳᠤᠯᠤᠭᠤᠯᠤᠭᠰᠠᠨ ᠠᠮᠢᠳᠠᠨ ᠵᠢᠴᠢ ᠠᠯᠪᠠ ᠪᠡᠷ ᠤᠰᠠᠳᠬᠠᠭᠰᠠᠨ ᠠᠮᠢᠲᠠᠨ ᠤ᠋ ᠪᠦᠲᠦᠭᠡᠭᠳᠡᠭᠦᠨ ᠵᠢᠴᠢ ᠬᠤᠯᠪᠤᠭᠳᠠᠯ ᠪᠦᠬᠦᠢ ᠡᠳ᠋ ᠪᠤᠳᠠᠰ ᠤ᠋ᠨ ᠦᠮᠴᠢᠯᠡᠭᠴᠢ ᠳ᠋ᠦ ᠤᠯᠭᠤᠨ᠎ᠠ᠃
ᠨᠠᠶ᠋ᠮᠠ᠂ ᠳᠠᠭᠠᠳᠭᠠᠯ ᠤ᠋ᠨ ᠵᠠᠷᠤᠳᠠᠯ ᠤ᠋ᠨ ᠨᠥᠬᠥᠪᠥᠷᠢ (ᠮᠠᠯ ᠠᠵᠤ ᠠᠬᠤᠢ ᠲᠠᠷᠢᠶᠠᠯᠠᠡᠭ ᠤ᠋ᠨ ᠬᠦᠷᠢᠶ᠎ᠠ ᠶ᠋ᠢᠨ ᠬᠢ)
ᠲᠦᠪ ᠤ᠋ᠨ ᠡᠳ᠋ ᠤ᠋ᠨ ᠵᠠᠰᠠᠭ ᠡᠴᠡ ᠤᠰᠤᠨ ᠲᠤᠳᠤᠷᠭ᠎ᠠ᠂ ᠪᠤᠭᠤᠳᠠᠢ᠂ ᠡᠷᠳᠡᠨᠢ ᠰᠢᠰᠢ᠂ ᠰᠢᠷ᠎ᠠ ᠪᠤᠷᠴᠠᠭ᠂ ᠬᠦᠪᠤᠩ᠂ ᠲᠦᠮᠦᠰᠦ᠂ ᠲᠤᠰᠤᠯᠢᠭ ᠲᠠᠷᠢᠮᠠᠯ᠂ ᠰᠢᠬᠢᠷᠯᠢᠭ ᠲᠠᠷᠢᠮᠠᠯ᠂ ᠭᠤᠷᠪᠠᠨ ᠶᠡᠬᠡ ᠠᠮᠤ ᠪᠤᠳᠠᠭᠠᠨ ᠤ᠋ ᠲᠠᠷᠢᠮᠠᠯ (ᠤᠰᠤᠨ ᠲᠤᠳᠤᠷᠭ᠎ᠠ᠂ ᠪᠤᠭᠤᠳᠠᠢ᠂ ᠡᠷᠳᠡᠨᠢ ᠰᠢᠰᠢ) ᠤ᠋ᠨ ᠰᠠᠢᠨ ᠦᠷ᠎ᠠ ᠵᠢ ᠪᠤᠢᠵᠢᠭᠤᠯᠬᠤ᠂ ᠰᠠᠭᠠᠯᠢ ᠶ᠋ᠢᠨ ᠦᠨᠢᠶ᠎ᠠ᠂ ᠮᠡᠭᠡᠵᠢ ᠭᠠᠬᠠᠢ᠂ ᠠᠯᠠᠰᠢᠨ ᠤ᠋ ᠭᠠᠬᠠᠢ ᠵᠡᠷᠭᠡ 12 ᠵᠦᠢᠯ ᠤ᠋ᠨ ᠲᠠᠷᠢᠵᠤ ᠲᠡᠵᠢᠭᠡᠬᠦ ᠦᠢᠯᠡᠰ ᠤ᠋ᠨ ᠳᠠᠭᠠᠳᠬᠠᠯ ᠤ᠋ᠨ ᠵᠠᠷᠤᠳᠠᠯ ᠳ᠋ᠤ ᠦᠷᠬᠦᠯᠵᠢᠯᠡᠨ ᠨᠦᠬᠦᠪᠦᠷᠢ ᠤᠯᠭᠤᠨ᠎ᠠ᠃ ᠲᠡᠭᠦᠨᠴᠢᠯᠡᠨ ᠪᠦᠬᠦ ᠬᠤᠰᠢᠭᠤ ᠰᠢᠶᠠᠨ (ᠬᠤᠲᠠ᠂ ᠲᠤᠭᠤᠷᠢᠭ) ᠳ᠋ᠦ ᠭᠤᠷᠪᠠᠨ ᠶᠡᠬᠡ ᠠᠮᠤ ᠪᠤᠳᠠᠭᠠᠨ ᠤ᠋ ᠲᠠᠷᠢᠮᠠᠯ ᠵᠢᠴᠢ ᠰᠢᠷ᠎ᠡ ᠪᠤᠷᠴᠠᠭ ᠤ᠋ᠨ ᠪᠦᠭᠦᠢᠯᠡ ᠦᠪᠡᠷ ᠤ᠋ᠨ ᠦᠷᠳᠡᠭ ᠤ᠋ᠨ ᠳᠠᠭᠠᠳᠬᠠᠯ ᠢ᠋ ᠬᠡᠷᠡᠭᠵᠢᠭᠦᠯᠵᠦ᠂ ᠲᠤᠭᠲᠠᠬᠤ ᠰᠢᠶᠠᠨ ᠪᠠ ᠵᠠᠷᠤᠳ ᠬᠤᠰᠢᠭᠤᠨ ᠳ᠋ᠦ ᠡᠷᠳᠡᠨᠢ ᠰᠢᠰᠢ ᠲᠠᠷᠢᠬᠤ ᠤᠷᠤᠯᠭ᠎ᠠ ᠶ᠋ᠢᠨ ᠳᠠᠭᠠᠳᠬᠠᠯ᠂ ᠵᠠᠯᠠᠢᠳ ᠬᠤᠰᠢᠭᠤᠨ ᠳ᠋ᠦ ᠰᠢᠷ᠎ᠡ ᠪᠤᠷᠴᠠᠭ ᠲᠠᠷᠢᠬᠤ ᠤᠷᠤᠯᠭ᠎ᠠ ᠶ᠋ᠢᠨ ᠳᠠᠭᠠᠳᠬᠠᠯ ᠢ᠋ ᠬᠡᠷᠡᠭᠵᠢᠭᠦᠯᠦᠨ᠎ᠡ᠃ ᠡᠭᠦᠨ ᠳ᠋ᠤ ᠳᠠᠭᠠᠳᠬᠠᠯ ᠳ᠋ᠦ ᠤᠷᠤᠯᠴᠠᠭᠰᠠᠨ ᠭᠤᠤᠯ ᠴᠤᠭᠴᠠ ᠦᠪᠡᠰᠦᠪᠡᠨ 20% ᠶ᠋ᠢᠨ ᠰᠦᠢᠳᠭᠡᠯ ᠢ᠋ ᠲᠤᠰᠢᠶᠠᠪᠡᠯ ᠪᠤᠯᠴᠢᠬᠠᠨ᠎ᠠ᠃ ᠤᠯᠤᠰ ᠡᠴᠡ ᠦᠨᠡᠯᠡᠨ ᠳᠤᠭᠳᠠᠭᠠᠭᠰᠠᠨ ᠡᠷᠳᠡᠨᠢ ᠰᠢᠰᠢ᠂ ᠪᠤᠭᠤᠳᠠᠢ ᠶ᠋ᠢᠨ ᠰᠠᠢᠨ ᠦᠷ᠎ᠡ ᠵᠢ ᠪᠤᠢᠵᠢᠭᠤᠯᠬᠤ ᠲᠤᠮᠤ ᠰᠢᠶᠠᠨ ᠵᠢᠴᠢ ᠰᠠᠢᠨ ᠦᠷ᠎ᠠ ᠵᠢ ᠪᠤᠢᠵᠢᠭᠤᠯᠬᠤ ᠬᠢᠭᠡᠳ ᠳᠡᠯᠭᠡᠷᠡᠭᠦᠯᠬᠦ ᠶ᠋ᠢ ᠨᠢᠭᠡ ᠴᠤᠭᠴᠠᠵᠢᠵᠢᠭᠤᠯᠤᠭᠰᠠᠨ ᠠᠵᠤ ᠠᠬᠤᠢᠯᠠᠯ ᠦᠪᠡᠰᠦᠪᠡᠨ 15% ᠶ᠋ᠢᠨ ᠰᠦᠢᠳᠬᠡᠯ ᠢ᠋ ᠲᠤᠰᠢᠶᠠᠪᠡᠯ ᠪᠤᠯᠴᠢᠬᠠᠨ᠎ᠠ᠃
ᠦᠪᠡᠷᠲᠡᠭᠡᠨ ᠵᠠᠰᠠᠬᠤ ᠤᠷᠤᠨ ᠡᠴᠡ ᠪᠠᠶᠠᠨᠨᠠᠭᠤᠷ ᠤ᠋ᠨ ᠵᠢᠮᠢᠰ ᠢᠳᠡᠰᠢᠨ ᠨᠤᠭᠤᠭ᠎ᠠ᠂ ᠺᠠᠢᠯᠤ ᠰᠢᠶᠠᠨ ᠤ᠋ ᠤᠯᠠᠭᠠᠨ ᠯᠠᠵᠤᠤ᠂ ᠠᠤᠬᠠᠨ ᠤ᠋ ᠨᠠᠷᠢᠮᠤ᠂ ᠲᠦᠡᠭᠯᠢᠶᠤᠤ ᠶ᠋ᠢᠨ ᠮᠢᠬᠠᠨ ᠤ᠋ ᠦᠭᠡᠷ᠂ ᠪᠠᠶᠠᠨᠨᠠᠭᠤᠷ ᠤ᠋ᠨ ᠯᠢᠨᠾᠧ ᠲᠤᠭᠤᠷᠢᠭ ᠪᠤᠯᠤᠨ ᠬᠠᠩᠬᠢᠨ ᠬᠤᠢᠳᠤ ᠬᠤᠰᠢᠭᠤᠨ ᠤ᠋ ᠮᠢᠬᠠᠨ ᠤ᠋ ᠬᠤᠨᠢ᠂ ᠠᠯᠠᠱᠠ ᠶ᠋ᠢᠨ ᠲᠡᠮᠡᠭᠡ ᠵᠡᠷᠭᠡ 12 ᠵᠦᠢᠯ ᠤ᠋ᠨ ᠤᠷᠤᠨ ᠨᠤᠳᠤᠭ ᠤ᠋ᠨ ᠦᠪᠡᠷᠮᠢᠴᠡ ᠤᠨᠴᠠᠯᠢᠭ ᠲᠠᠢ ᠳᠠᠪᠠᠭᠤᠯᠢᠭᠳᠤ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠤ᠋ ᠳᠠᠭᠠᠳᠬᠠᠯ ᠢ᠋ ᠦᠪᠡᠷᠳᠡᠭᠡᠨ ᠵᠠᠰᠠᠬᠤ ᠤᠷᠤᠨ ᠤ᠋ ᠡᠳ᠋ ᠤ᠋ᠨ ᠵᠠᠰᠠᠭ ᠡᠴᠡ ᠨᠦᠬᠦᠪᠤᠷᠢ ᠤᠯᠭᠤᠬᠤ ᠬᠡᠪᠴᠢᠶᠠᠨ ᠳ᠋ᠤ ᠤᠷᠤᠭᠤᠯᠵᠤ᠂ ᠳᠠᠭᠠᠳᠬᠠᠯ ᠳ᠋ᠦ ᠤᠷᠤᠯᠴᠠᠬᠤ ᠡᠲᠡᠭᠡᠳ ᠦᠪᠡᠰᠦᠪᠡᠨ 20% ᠶ᠋ᠢᠨ ᠰᠦᠢᠳᠬᠡᠯ ᠢ᠋ ᠲᠤᠰᠢᠶᠠᠪᠠᠯ ᠪᠤᠯᠴᠢᠬᠠᠨ᠎ᠠ᠃
ᠶᠢᠰᠦ᠂ ᠮᠤᠵᠢ ᠠᠯᠤᠰᠯᠠᠨ ᠠᠵᠢᠯ ᠤᠯᠬᠤ ᠵᠠᠮ ᠬᠠᠷᠢᠯᠴᠠᠭᠠᠨ ᠤ᠋ ᠨᠥᠬᠥᠪᠥᠷᠢ
ᠲᠤᠰ ᠨᠦᠬᠦᠪᠤᠷᠢ ᠶ᠋ᠢ ᠳᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ ᠡᠳᠡᠭᠡᠳ ᠵᠢᠴᠢ ᠦᠷᠬᠦᠯᠵᠢᠯᠡᠨ ᠳᠡᠳᠬᠦᠨ ᠳᠡᠮᠵᠢᠬᠦ ᠴᠢᠬᠤᠯᠠᠲᠠᠢ ᠤᠤᠯ ᠤ᠋ᠨ ᠳᠠᠡᠭᠰᠠᠯᠠᠵᠤ ᠺᠠᠷᠲ᠋ᠯᠠᠭᠰᠠᠨ ᠶᠠᠳᠠᠭᠤ ᠡᠴᠡ ᠠᠡᠭᠬᠢᠵᠢᠷᠠᠭᠰᠠᠨ ᠬᠦᠮᠦᠰ ᠤ᠋ᠨ ᠲᠤᠳᠤᠷᠠᠬᠢ ᠨᠦᠬᠦᠴᠡᠯ ᠳ᠋ᠤ ᠨᠡᠢᠴᠡᠭᠰᠡᠨ ᠮᠤᠵᠢ ᠠᠯᠤᠰᠯᠠᠨ ᠬᠦᠴᠦ ᠶᠠᠪᠤᠵᠤ ᠠᠵᠢᠯ ᠤᠯᠤᠭᠰᠠᠨ ᠬᠦᠮᠦᠰ ᠲᠦ᠍ ᠤᠯᠭᠤᠵᠤ ᠂ ᠵᠢᠯ ᠪᠦᠷᠢ ᠨᠢᠭᠡ ᠤᠳᠠᠭ᠎ᠠ ᠵᠢᠨ ᠢᠷᠡᠵᠦ ᠶᠠᠪᠤᠬᠤ ᠵᠠᠮ ᠤ᠋ᠨ ᠵᠠᠷᠤᠳᠠᠯ ᠤ᠋ᠨ ᠨᠦᠬᠦᠪᠦᠷᠢ ᠤᠯᠭᠤᠨ᠎ᠠ᠃
ᠠᠷᠪᠠ᠂ 《ᠬᠤᠷ᠎ᠠ ᠪᠣᠷᠣᠭᠠᠨ ᠤ᠋ ᠲᠥᠯᠥᠪᠯᠡᠭᠡ》 ᠶ᠋ᠢᠨ ᠨᠦᠬᠦᠪᠤᠷᠢ
ᠲᠤᠰ ᠨᠦᠬᠦᠪᠤᠷᠢ ᠶ᠋ᠢ ᠳᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ ᠡᠳᠡᠭᠡᠳ ᠵᠢᠴᠢ ᠦᠷᠬᠦᠯᠵᠢᠯᠡᠨ ᠳᠡᠳᠬᠦᠨ ᠳᠡᠮᠵᠢᠬᠦ ᠴᠢᠬᠤᠯᠠᠲᠠᠢ ᠤᠤᠯ ᠤ᠋ᠨ ᠳᠠᠡᠭᠰᠠᠯᠠᠵᠤ ᠺᠠᠷᠲ᠋ᠯᠠᠭᠰᠠᠨ ᠶᠠᠳᠠᠭᠤ ᠡᠴᠡ ᠠᠡᠭᠬᠢᠵᠢᠷᠠᠭᠰᠠᠨ ᠭᠡᠷ ᠪᠦᠯᠢ ᠶ᠋ᠢᠨ ᠲᠤᠳᠤᠷᠠᠬᠢ ᠳᠤᠮᠳᠠ ᠵᠡᠷᠭᠡ ᠶ᠋ᠢᠨ ᠪᠠ ᠳᠡᠭᠡᠳᠦ ᠵᠡᠷᠭᠡ ᠶ᠋ᠢᠨ ᠠᠵᠢᠯ ᠮᠡᠷᠭᠡᠵᠢᠯ ᠤ᠋ᠨ ᠰᠤᠷᠭᠠᠨ ᠬᠦᠮᠦᠵᠢᠯ ᠬᠦᠷᠳᠡᠬᠦ ᠰᠢᠨ᠎ᠠ ᠪᠡᠷ ᠪᠤᠢᠵᠢᠵᠦ ᠪᠠᠢᠭ᠎ᠠ ᠬᠦᠳᠡᠯᠮᠦᠷᠢ ᠬᠦᠴᠦᠨ ᠳ᠋ᠤ ᠤᠯᠭᠤᠵᠤ᠂ ᠰᠤᠷᠭᠠᠭᠤᠯᠢ ᠲᠡᠭᠦᠰᠳᠡᠯ᠎ᠠ ᠨᠢ ᠨᠦᠬᠦᠪᠤᠷᠢ ᠤᠯᠭᠤᠨ᠎ᠠ᠃
ᠡᠳᠡᠭᠡᠷ ᠨᠦᠬᠦᠪᠤᠷᠢ ᠶ᠋ᠢ ᠴᠥᠮ 《ᠪᠦᠷᠢᠨ ᠴᠢᠳᠠᠮᠵᠢᠲᠦ ᠺᠠᠷᠲ》 ᠶ᠋ᠢᠡᠷ ᠰᠢᠭᠤᠳ ᠤᠯᠭᠤᠬᠤ ᠪᠤᠯᠤᠨ᠎ᠠ