ᠰᠠᠨᠰᠠᠷ — ᠤᠭᠳᠠᠷᠭᠤᠢ — ᠭᠠᠵᠠᠷ᠎ᠢ ᠨᠢᠭᠡ ᠴᠣᠭ᠍ᠴᠠᠵᠢᠭᠤᠯᠤᠭ᠍ᠰᠠᠨ ᠬᠢᠨᠠᠨ ᠬᠡᠮᠵᠢᠬᠦ᠌ ᠲᠠᠪᠴᠠᠩ 《ᠤᠮᠠᠷᠠᠲᠤ᠎ᠶ᠋ᠢᠨ ᠭᠤᠷᠪᠠᠨ ᠣᠷᠣᠨ》 ᠤ᠋ ᠢᠨᠵᠧᠨᠧᠷᠢᠩ᠎ᠳᠦ 《ᠤᠶᠤᠨᠲᠤ ᠶᠡᠬᠡ ᠲᠠᠷᠢᠬᠢ》 ᠤᠭ᠍ᠰᠠᠷᠠᠵᠤ ᠦᠭᠪᠠ
2026-04-26 12:24:11
ᠵᠣᠬᠢᠶᠠᠭ᠍ᠴᠢ᠄
ᠪᠠᠢ ᠯᠢᠶᠠᠨ
ᠣᠩᠱᠢᠭ᠍ᠰᠠᠨ ᠣᠳᠠᠭ᠎ᠠ᠄
★★★☆☆

ᠱᠠᠩᠬᠠᠢ᠎ᠶ᠋ᠢᠨ ᠵᠠᠮ ᠬᠠᠷᠢᠯᠴᠠᠭᠠᠨ᠎ᠤ ᠶᠡᠬᠡ ᠰᠤᠷᠭᠠᠭᠤᠯᠢ᠎ᠶ᠋ᠢᠨ ᠥᠪᠥᠷ ᠮᠣᠩᠭᠣᠯ᠎ᠤᠨ ᠰᠤᠳᠤᠯᠭᠠᠨ᠎ᠤ ᠬᠦᠷᠢᠶᠡᠯᠡᠩ᠎ᠡᠴᠡ ᠤᠢ᠍ᠢᠯᠠᠭᠠᠭ᠍ᠰᠠᠠ᠎ᠢᠶᠡᠷ᠂ ᠲᠤᠰ ᠰᠤᠳᠤᠯᠭᠠᠨ᠎ᠤ ᠬᠦᠷᠢᠶᠡᠯᠡᠩ᠎ᠦᠨ ᠣᠨᠴᠠ ᠤᠷᠢᠭ᠍ᠰᠠᠨ ᠫᠷᠤᠹᠸᠰᠰᠤᠷ᠂ ᠱᠠᠩᠬᠠᠢ᠎ᠶ᠋ᠢᠨ ᠵᠠᠮ ᠬᠠᠷᠢᠯᠴᠠᠭᠠᠨ᠎ᠤ ᠶᠡᠬᠡ ᠰᠤᠷᠭᠠᠭᠤᠯᠢ᠎ᠶ᠋ᠢᠨ ᠵᠢᠷᠤᠭ ᠲᠥᠯᠥᠪᠯᠡᠭᠡᠨ᠎ᠦ ᠳᠡᠭᠡᠳᠦ ᠰᠤᠷᠭᠠᠭᠤᠯᠢ᠎ᠶ᠋ᠢᠨ ᠫᠷᠤᠹᠸᠰᠰᠤᠷ ᠴᠧᠨ ᠷᠦᠢ ᠱᠠᠨ᠎ᠤ ᠪᠦᠯᠬᠦᠮ᠎ᠦᠨ ᠰᠤᠳᠤᠯᠤᠨ ᠦᠢᠯᠡᠳᠦᠭ᠌ᠰᠡᠨ 《ᠠᠯᠤᠰ ᠰᠡᠷᠡᠯ᠎ᠦᠨ ᠡᠭᠦᠯᠡᠨ ᠲᠠᠪᠴᠠᠩ᠎ᠳᠤ ᠰᠠᠭᠤᠷᠢᠯᠠᠨ ᠭᠠᠵᠠᠷ᠎ᠲᠡᠭᠡᠷᠡᠬᠢ ᠪᠣᠳᠠᠰ᠎ᠤᠨ ᠴᠠᠭ᠎ᠤᠨ ᠳᠠᠷᠠᠭᠠᠯᠠᠯ᠎ᠤᠨ ᠬᠤᠪᠢᠷᠠᠯᠲᠠ᠎ᠶ᠋ᠢ ᠬᠢᠨᠠᠨ ᠬᠡᠮᠵᠢᠬᠦ᠌ ᠠᠷᠭ᠎ᠠ》 ᠵᠢ ᠬᠣᠷᠴᠢᠨ ᠪᠣᠯᠤᠨ ᠬᠤᠯᠠᠨ ᠱᠢᠷᠭ᠎ᠠ ᠲᠠᠭ᠎ᠠ᠎ᠶ᠋ᠢᠨ ᠡᠯᠡᠰᠦᠷᠬᠡᠭ ᠭᠠᠵᠠᠷ᠎ᠲᠤ ᠵᠢᠱ᠌ᠢᠢ᠎ᠡ ᠦᠵᠡᠭᠦᠯᠦᠨ ᠬᠡᠷᠡᠭ᠌ᠯᠡᠵᠦ᠍ ᠪᠤᠢ᠃ ᠲᠣᠰ ᠦᠷ᠎ᠡ ᠪᠦᠲᠦᠭᠡᠯ᠎ᠦᠨ ᠱᠢᠰᠲ᠋ᠧᠮ ᠨᠢ ᠴᠦᠯᠯᠡᠷᠭᠡᠭ᠌ᠵᠢᠯ᠎ᠢ ᠰᠡᠷᠭᠡᠢᠯᠡᠨ ᠵᠠᠰᠠᠬᠤ ᠳ᠋ᠤ ᠪᠥᠬᠥ᠌ ᠲᠠᠯ᠎ᠠ᠎ᠪᠡᠷ ᠴᠠᠭ ᠲᠤᠬᠠᠶ᠎ᠳᠤᠨᠢ ᠬᠢᠨᠠᠨ ᠬᠡᠮᠵᠢᠯᠳᠡ ᠬᠢᠬᠦ ᠶ᠋ᠢ ᠪᠡᠶᠡᠯᠡᠭᠦᠯᠵᠦ᠍᠂ ᠣᠨᠣᠪᠴᠢ᠎ᠶ᠋ᠢᠨ ᠬᠡᠮᠵᠢᠶ᠎ᠡ᠎ᠨᠢ 95%᠎ᠡᠴᠠ ᠳᠡᠭᠡᠭ᠌ᠰᠢ᠎ᠳᠦ ᠬᠦᠷᠴᠦ᠍᠂ ᠮᠢᠨᠦ᠋ᠲ᠎ᠦᠨ ᠲᠠᠰ᠎ᠤᠨ ᠰᠢᠨᠡᠴᠢᠯᠡᠯᠳᠡ ᠬᠢᠭᠰᠡᠨ ᠪᠠᠢᠨ᠎ᠠ; ᠣᠷᠴᠢᠨ ᠲᠣᠭᠣᠷᠢᠨ᠎ᠤ ᠠᠶᠤᠯ ᠲᠦᠭ᠌ᠰᠢᠭᠦᠷᠢ᠎ᠶ᠋ᠢ ᠤᠷᠢᠳᠴᠢᠯᠠᠨ ᠵᠢᠱ᠌ᠢᠬᠦ ᠣᠨᠣᠪᠴᠢ᠎ᠶ᠋ᠢᠨ ᠬᠡᠮᠵᠢᠶ᠎ᠡ 85% ᠵᠢ ᠳᠠᠪᠠᠵᠤ᠂ ᠪᠦᠬᠦ᠌ ᠶᠠᠪᠤᠴᠠ᠎ᠶ᠋ᠢᠨ ᠲᠣᠭᠠᠴᠢᠯᠠᠭ᠍ᠰᠠᠨ ᠬᠠᠮᠢᠶᠠᠷᠤᠯᠲᠠ ᠨᠢ ᠡᠯᠡᠰᠦ ᠵᠢ ᠵᠠᠰᠠᠬᠤ ᠦᠷ᠎ᠡ ᠪᠦᠲᠦᠮᠵᠢ᠎ᠶ᠋ᠢ 30% ᠪᠡᠷ ᠳᠡᠭᠡᠭ᠌ᠰᠢᠯᠡᠭᠦᠯᠵᠦ᠍᠂ ᠮᠠᠨ᠎ᠤ ᠤᠯᠤᠰ᠎ᠤᠨ ᠤᠮᠠᠷᠠᠲᠤ᠎ᠶ᠋ᠢᠨ ᠴᠢᠬᠤᠯᠠ ᠠᠮᠢ ᠠᠬᠤᠢ᠎ᠶ᠋ᠢᠨ ᠠᠮᠤᠷ ᠲᠦᠪᠱᠢᠨ᠎ᠦ ᠬᠠᠯᠬᠠᠪᠴᠢ᠎ᠶ᠋ᠢ ᠪᠠᠲᠤ ᠴᠣᠭ᠍ᠴᠠᠯᠠᠬᠤ᠎ᠳᠤ ᠬᠦᠴᠦᠲᠡᠢ ᠲᠤᠯᠭᠠᠭᠤᠷᠢᠯᠠᠯ ᠬᠠᠩᠭᠠᠪᠠ᠃

ᠥᠪᠥᠷ ᠮᠣᠩᠭᠣᠯ ᠮᠠᠨ᠎ᠤ ᠤᠯᠤᠰ᠎ᠤᠨ 《ᠤᠮᠠᠷᠠᠲᠤ ᠵᠢᠨ ᠭᠤᠷᠪᠠᠨ ᠤᠷᠤᠨ》᠎ᠤ᠋ ᠢᠨᠵᠧᠨᠧᠷᠢᠩ᠎ᠦᠨ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠭᠣᠣᠯ ᠲᠠᠯᠠᠪᠤᠷ ᠪᠣᠯᠤᠭ᠍ᠰᠠᠨ᠎ᠤ ᠬᠤᠪᠢ᠎ᠳᠤ᠂ ᠪᠠᠷᠠᠭᠤᠨ ᠬᠣᠢᠲᠤ ᠣᠷᠣᠨ᠂ ᠤᠮᠠᠷᠠᠲᠤ ᠣᠷᠣᠨ᠂ ᠵᠡᠭᠦᠨ ᠬᠣᠢᠲᠤ ᠣᠷᠣᠨ᠎ᠢ ᠰᠤᠨᠳᠠᠯᠠᠵᠤ᠂ ᠠᠮᠢ ᠠᠬᠤᠢ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠪᠠᠢᠷᠢ ᠰᠠᠭᠤᠷᠢ ᠮᠠᠰᠢ ᠲᠤᠪᠤᠢ᠌ᠮ᠎ᠠ ᠪᠠᠢᠳᠠᠭ᠃ ᠤᠯᠠᠭᠠᠨᠬᠠᠳᠠ ᠬᠣᠲᠠ᠎ᠶ᠋ᠢᠨ ᠬᠢᠯᠢ ᠳᠣᠲᠣᠷ᠎ᠠ ᠪᠠᠷᠠᠭᠤᠨ᠎ᠠᠴᠠ ᠵᠡᠭᠦᠨᠰᠢ ᠬᠤᠯᠠᠨ ᠱᠢᠷᠭ᠎ᠠ ᠲᠠᠭ᠎ᠠ᠂ ᠬᠣᠷᠴᠢᠨ᠎ᠤ ᠬᠣᠶᠠᠷ ᠶᠡᠬᠡ ᠡᠯᠡᠰᠦᠷᠬᠡᠭ ᠭᠠᠵᠠᠷ ᠲᠠᠷᠬᠠᠵᠤ᠂ ᠡᠯᠡᠰᠦᠷᠬᠡᠭ ᠭᠠᠵᠠᠷ᠎ᠤᠨ ᠨᠡᠢᠯᠡᠬᠦ ᠵᠢ ᠬᠣᠷᠢᠭ᠍ᠯᠠᠬᠤ ᠴᠢᠬᠤᠯᠠ ᠡᠭᠦᠷᠭᠡ᠎ᠶ᠋ᠢ ᠡᠭᠦᠷᠭᠡᠯᠡᠵᠦ᠍ ᠪᠣᠶ᠃ ᠴᠦᠯᠯᠡᠷᠭᠡᠭ᠌ᠵᠢᠯ᠎ᠢ ᠵᠠᠰᠠᠬᠤ ᠲᠠᠯᠠᠪᠠᠢ ᠶᠡᠬᠡ᠂ ᠴᠡᠭ ᠲᠠᠷᠠᠬᠠᠢ᠂ ᠬᠤᠪᠢᠷᠠᠯᠲᠠ ᠲᠦᠷᠭᠡᠨ ᠵᠡᠷᠭᠡ ᠪᠣᠳᠠᠲᠠᠢ ᠬᠦᠴᠢᠷ ᠠᠰᠠᠭᠤᠳᠠᠯ᠎ᠳᠤ ᠴᠢᠭ᠌ᠯᠡᠭᠦᠯᠦᠨ᠂ ᠱᠠᠩᠬᠠᠢ ᠥᠪᠥᠷ ᠮᠣᠩᠭᠣᠯ᠎ᠤᠨ 《4 + 8 + N》 ᠬᠠᠮᠲᠤᠷᠠᠯᠴᠠᠭᠠᠨ᠎ᠤ ᠲᠣᠭ᠍ᠲᠠᠴᠠ᠎ᠶ᠋ᠢᠨ ᠳᠡᠮᠵᠢᠯᠭᠡ ᠳᠣᠣᠷ᠎ᠠ᠂ ᠱᠠᠩᠬᠠᠢ᠎ᠶ᠋ᠢᠨ ᠵᠠᠮ ᠬᠠᠷᠢᠯᠴᠠᠭᠠᠨ᠎ᠤ ᠶᠡᠬᠡ ᠰᠤᠷᠭᠠᠭᠤᠯᠢ᠎ᠶ᠋ᠢᠨ ᠥᠪᠥᠷ ᠮᠣᠩᠭᠣᠯ᠎ᠤᠨ ᠰᠤᠳᠤᠯᠭᠠᠨ᠎ᠤ ᠬᠦᠷᠢᠶᠡᠯᠡᠩ ᠤᠯᠠᠭᠠᠨᠬᠠᠳᠠ ᠬᠤᠳᠠ᠎ᠶ᠋ᠢᠨ ᠤᠢ ᠱᠢᠭᠤᠢ ᠪᠠ ᠨᠤᠲᠤᠭ ᠪᠡᠯᠴᠢᠭᠡᠷ᠎ᠦᠨ ᠲᠣᠪᠴᠢᠶ᠎ᠠ᠂ ᠤᠯᠠᠭᠠᠨᠬᠠᠳᠠ ᠶᠡᠬᠡ ᠰᠤᠷᠭᠠᠭᠤᠯᠢ ᠵᠡᠷᠭᠡ ᠨᠢᠭᠡᠴᠢ᠎ᠲᠡᠶ ᠬᠠᠮᠲᠤᠷᠠᠨ᠂ 《ᠴᠦᠯᠯᠡᠷᠭᠡᠭ᠌ᠵᠢᠯ᠎ᠤᠨ ᠤᠯᠠᠨ ᠬᠡᠯᠪᠡᠷᠢ ᠪᠠᠢᠳᠠᠯ᠎ᠢ ᠠᠯᠤᠰ ᠰᠡᠷᠡᠯ᠎ᠵᠢᠡᠷ ᠬᠡᠮᠵᠢᠭᠰᠡᠨ ᠲᠣᠭ᠎ᠠ ᠪᠠᠷᠢᠮᠲᠠ᠎ᠶ᠋ᠢ ᠣᠶᠤᠨᠴᠢ᠎ᠪᠠᠷ ᠱᠢᠢᠳᠪᠦᠷᠢᠯᠡᠬᠦ᠌ ᠪᠠ ᠬᠢᠨᠠᠨ ᠬᠡᠮᠵᠢᠵᠦ᠍ ᠵᠠᠰᠠᠬᠤ ᠲᠠᠪᠴᠠᠩ᠎ᠢ ᠵᠢᠱ᠌ᠢᠶ᠎ᠡ ᠦᠵᠡᠭᠦᠯᠦᠨ ᠬᠡᠷᠡᠭᠯᠡᠬᠦ》 ᠲᠦᠷᠦᠯ ᠵᠦᠢᠯ᠎ᠢ ᠬᠠᠮᠲᠤ᠎ᠪᠠᠷ ᠬᠡᠷᠡᠭ᠌ᠵᠢᠭᠦᠯᠪᠡ᠃

《ᠲᠣᠭᠠᠴᠢᠯᠠᠯᠳᠠ ᠪᠡᠷ ᠡᠯᠡᠰᠦ ᠵᠠᠰᠠᠬᠤ》 ᠴᠢᠭᠯᠡᠯ ᠵᠢᠡᠷ ᠬᠣᠶᠠᠷ ᠵᠢᠯ ᠮᠡᠷᠭᠡᠵᠢᠯ᠎ᠦᠨ ᠪᠣᠭᠣᠮᠲᠠ ᠱᠢᠪᠲᠤᠯᠤᠯᠲᠠ᠎ᠬᠢᠬᠦ ᠪᠡᠷ ᠲᠠᠮᠵᠢᠨ ᠲᠤᠰ ᠰᠤᠳᠤᠯᠭᠠᠨ᠎ᠤ ᠪᠦᠯᠬᠦᠮ 《ᠠᠯᠤᠰ ᠰᠡᠷᠡᠯ᠎ᠦᠨ ᠡᠭᠦᠯᠡᠨ ᠲᠠᠪᠴᠠᠩ᠎ᠳᠤ ᠰᠠᠭᠤᠷᠢᠯᠠᠨ ᠭᠠᠵᠠᠷ᠎ᠲᠡᠭᠡᠷᠡᠬᠢ ᠪᠣᠳᠠᠰ᠎ᠤᠨ ᠴᠠᠭ᠎ᠤᠨ ᠳᠠᠷᠠᠭᠠᠯᠠᠯ᠎ᠤᠨ ᠬᠤᠪᠢᠷᠠᠯᠲᠠ᠎ᠶ᠋ᠢ ᠬᠢᠨᠠᠨ ᠬᠡᠮᠵᠢᠬᠦ᠌ ᠠᠷᠭ᠎ᠠ》 ᠶ᠋ᠢ ᠰᠤᠳᠤᠯᠤᠨ ᠨᠡᠭᠡᠭᠡᠵᠦ᠍᠂ ᠳᠠᠭᠠᠭᠤᠯᠢ ᠣᠳᠣᠨ᠎ᠤ ᠠᠯᠤᠰ ᠰᠡᠷᠡᠯ᠂ ᠵᠢᠯᠣᠭᠣᠴᠢ ᠥᠬᠡᠶ ᠨᠢᠰᠭᠡᠯ᠂ ᠭᠠᠵᠠᠷ᠎ᠤᠨ ᠭᠠᠳᠠᠷᠭᠤ᠎ᠶ᠋ᠢᠨ ᠬᠢᠨᠠᠨ ᠬᠡᠮᠵᠢᠯᠲᠡ᠂ ᠵᠣᠬᠢᠶᠠᠮᠠᠯ ᠣᠶᠤᠨ ᠴᠢᠳᠠᠪᠤᠷᠢ ᠪᠠ ᠲᠣᠭᠠᠴᠢᠯᠠᠭ᠍ᠰᠠᠨ ᠢᠬᠡᠷ᠎ᠡ ᠵᠠᠭᠪᠤᠷ ᠵᠡᠷᠭᠡ ᠲᠡᠷᠢᠭᠦᠨ᠎ᠦ ᠮᠡᠷᠭᠡᠵᠢᠯ᠎ᠢ ᠶᠡᠷᠦᠩᠬᠡᠢᠯᠡᠨ ᠬᠡᠷᠡᠭ᠌ᠯᠡᠵᠦ᠍᠂ 《ᠰᠠᠨᠰᠠᠷ — ᠤᠭᠳᠠᠷᠭᠤᠢ — ᠭᠠᠵᠠᠷ》 ᠢ᠋ ᠨᠢᠭᠡ ᠴᠤᠭ᠍ᠴᠠᠵᠢᠭᠤᠯᠤᠭ᠍ᠰᠠᠨ ᠬᠢᠨᠠᠨ ᠬᠡᠮᠵᠢᠬᠦ᠌ ᠪᠠ ᠵᠠᠰᠠᠬᠤ ᠲᠠᠪᠴᠠᠩ᠎ᠢ ᠪᠠᠢᠭᠤᠯᠤᠨ᠂ ᠬᠢᠨᠠᠨ ᠬᠡᠮᠵᠢᠬᠦ᠌᠂ ᠦᠨᠡᠯᠡᠨ ᠵᠢᠱ᠌ᠢᠬᠦ᠌᠂ ᠤᠷᠢᠳᠴᠢᠯᠠᠨ ᠰᠡᠷᠡᠮᠵᠢᠯᠡᠭᠦᠯᠬᠦ᠌᠂ ᠵᠠᠳᠠᠯᠬᠤ ᠵᠢᠴᠢ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ᠎ᠳᠤ ᠲᠤᠰᠠᠯᠠᠮᠵᠢ ᠪᠣᠯᠬᠤ ᠵᠠᠰᠠᠯᠲᠠ᠎ᠶ᠋ᠢᠨ ᠪᠢᠲᠡᠭᠦᠦ ᠴᠠᠭᠠᠷᠢᠭ᠎ᠢ ᠪᠣᠶ ᠪᠣᠯᠭᠠᠵᠤ᠂ ᠡᠯᠡᠰᠦ ᠵᠢ ᠵᠠᠰᠠᠬᠤ ᠢᠨᠵᠧᠨᠧᠷᠢᠩ᠎ᠳᠦ 《ᠣᠶᠤᠨᠴᠢ ᠶᠡᠬᠡ ᠲᠠᠷᠢᠬᠢ》 ᠶ᠋ᠢ ᠤᠭᠰᠠᠷᠠᠵᠤ ᠦᠭᠬᠦᠭᠰᠡᠨ ᠪᠠᠢᠨ᠎ᠠ᠃ 《ᠤᠯᠠᠮᠵᠢᠯᠠᠯᠳᠤ ᠡᠯᠡᠰᠦ ᠵᠠᠰᠠᠬᠤ᠎ᠨᠢ ᠬᠥᠮᠦᠨ᠎ᠦ ᠬᠦᠴᠦ᠍᠎ᠪᠡᠷ ᠲᠣᠭᠣᠷᠢᠨ ᠪᠠᠢᠴᠠᠭᠠᠬᠤ ᠪᠠ ᠦᠢᠯᠡᠳᠦᠯᠭᠡ ᠵᠢᠨ ᠲᠤᠷᠱᠢᠯᠭ᠎ᠠ᠎ᠳᠤ ᠲᠦᠱᠢᠭ᠌ᠯᠡᠵᠦ᠂ ᠴᠠᠭ ᠪᠠ ᠬᠦᠴᠦ᠍᠎ᠶᠡᠭᠡᠭᠡᠨ ᠵᠠᠷᠤᠴᠠᠭᠤᠯᠳᠠᠭ ᠪᠠᠢᠭᠰᠠᠨ ᠪᠤᠯ᠂ ᠱᠢᠨ᠎ᠡ ᠠᠷᠭ᠎ᠠ ᠨᠢ ᠥᠯᠢᠭᠡᠷ᠎ᠦᠨ ᠴᠡᠭ ᠪᠠ ᠠᠳᠠᠯᠢᠪᠲᠤᠷ ᠬᠡᠮᠵᠢᠶᠡᠨ᠎ᠦ ᠪᠣᠱᠣᠭ᠎ᠠ ᠬᠡᠮᠵᠢᠭ᠌ᠳᠡᠯ᠎ᠢᠶᠡᠷ ᠭᠠᠵᠠᠷ ᠲᠡᠭᠡᠷᠡᠬᠢ ᠪᠣᠳᠠᠰ᠎ᠤᠨ ᠬᠤᠪᠢᠷᠠᠯᠲᠠ᠎ᠶ᠋ᠢ ᠠᠦ᠋ᠲ᠋ᠣ᠋ ᠡᠵᠡᠮᠰᠢᠯ ᠵᠢᠡᠷ ᠢᠯᠭᠠᠨ ᠲᠠᠨᠢᠵᠤ᠂ ᠬᠡᠳᠦᠨ ᠭᠠᠷᠠᠭ᠎ᠤᠨ ᠴᠠᠭ ᠬᠡᠷᠡᠭᠰᠡᠳᠡᠭ᠎ᠢ ᠮᠢᠯᠢᠰᠸᠺᠦ᠋ᠨ᠋ᠳ᠋ ᠬᠦᠷᠲᠡᠯ᠎ᠡ ᠪᠠᠭᠠᠰᠭᠠᠵᠤ᠂ 〈ᠮᠢᠬᠠᠨ ᠨᠢᠳᠦ᠍᠎ᠪᠡᠷ ᠥᠩᠭᠡ ᠢᠯᠭᠠᠳᠠᠭ᠎ᠢ᠋ 〈ᠪᠤᠳᠤᠬᠤ ᠠᠷᠭ᠎ᠠ᠎ᠪᠡᠷ ᠢᠯᠭᠠᠨ ᠲᠠᠨᠢᠬᠤ〉 ᠪᠤᠯᠤᠭᠰᠠᠨ ᠳᠠᠪᠠᠯᠲᠠ᠎ᠶ᠋ᠢ ᠪᠡᠶᠡᠯᠡᠭᠦᠯᠪᠡ》 ᠭᠡᠵᠦ᠍ ᠴᠧᠨ ᠷᠦᠢ ᠱᠠᠨ ᠫᠷᠤᠹᠧᠰᠰᠤᠷ ᠲᠠᠨᠢᠯᠴᠠᠭᠤᠯᠪᠠ᠃

ᠥᠪᠥᠷ ᠮᠣᠩᠭᠣᠯ᠎ᠤᠨ ᠬᠣᠷᠴᠢᠨ᠂ ᠬᠤᠯᠠᠨ ᠱᠢᠷᠭ᠎ᠠ ᠲᠠᠭ᠎ᠠ ᠵᠡᠷᠭᠡ 《ᠤᠮᠠᠷᠠᠲᠤ᠎ᠶ᠋ᠢᠨ ᠭᠤᠷᠪᠠᠨ ᠣᠷᠣᠨ》 ᠤ᠋ ᠢᠨᠵᠧᠨᠧᠷᠢᠩ᠎ᠦᠨ ᠭᠤᠤᠯ ᠲᠡᠢᠯᠠᠯᠳᠤᠭᠠᠨ᠎ᠦ ᠲᠠᠯᠠᠪᠤᠷ᠎ᠲᠠᠬᠢ ᠡᠯᠡᠰᠦ᠎ᠶ᠋ᠢ ᠵᠠᠰᠠᠭ᠍ᠰᠠᠨ ᠦᠶ᠋ᠯᠡᠳᠦᠯᠭᠡ᠎ᠳᠦ ᠰᠠᠭᠤᠷᠢᠯᠠᠨ᠂ ᠲᠥᠷᠥᠯ ᠵᠦᠶ᠋ᠯ᠎ᠦᠨ ᠪᠦᠯᠬᠦᠮ᠎ᠦᠨ᠎ᠬᠢᠨ ᠣᠢᠷ᠎ᠠ᠎ᠳᠤ ᠣᠯᠠᠨ ᠤᠯᠤᠰ᠎ᠤᠨ ᠲᠡᠷᠢᠭᠦᠨ ᠎ᠤ ᠬᠤᠭᠤᠴᠠᠭᠠᠲᠤ ᠰᠡᠳᠬᠦᠯ ᠪᠤᠯᠬᠤ 《ᠪᠠᠢᠭᠠᠯᠢ》 ᠰᠡᠳᠬᠦᠯ ᠳᠡᠭᠡᠷ᠎ᠡ 《ᠳᠤᠮᠳᠠᠳᠤ ᠤᠯᠤᠰ᠎ᠤᠨ 〈ᠨᠤᠮᠢᠨ ᠨᠤᠭᠤᠭᠠᠨ ᠣᠷᠳᠣ ᠴᠠᠭᠠᠨ ᠬᠡᠷᠡᠮ〉 ᠨᠢ ᠪᠥᠬᠥ᠌ ᠪᠥᠮᠪᠥᠷᠴᠡᠭ᠎ᠦᠨ ᠡᠯᠡᠰᠦᠨ ᠴᠥᠯ᠎ᠦᠨ ᠥᠷᠭᠡᠵᠢᠯ᠎ᠢ ᠬᠣᠷᠢᠭ᠍ᠯᠠᠬᠤ ᠎ᠳᠤ ᠲᠣᠯᠢ ᠪᠣᠯᠵᠣ ᠴᠢᠳᠠᠬᠤ ᠡᠰᠡᠬᠦ᠌ ᠲᠤᠬᠠᠢ》 ᠭᠡᠬᠦ ᠵᠣᠬᠢᠶᠠᠯ᠎ᠨᠡᠢᠳᠡᠯᠡᠵᠦ᠂ ᠦᠷ᠎ᠡ ᠠᠱᠢᠭ᠎ᠢ ᠴᠢᠬᠤᠯᠠᠴᠢᠯᠠᠨ ᠬᠡᠮᠵᠢᠶ᠎ᠡ᠎ᠶ᠋ᠢ ᠬᠥᠩᠭᠡᠷᠡᠬᠦᠯᠬᠦ᠂ ᠭᠠᠵᠠᠷ ᠣᠷᠣᠨ᠎ᠤ ᠪᠠᠢᠳᠠᠯ᠎ᠳᠤᠨᠢ ᠳᠣᠭᠢᠷᠠᠭᠤᠯᠬᠤ᠂ ᠣᠷᠳᠣ ᠬᠤᠭᠤᠴᠠᠭᠠᠨ᠎ᠤ ᠪᠦᠲᠦᠮᠵᠢᠲᠡᠶ ᠣᠷᠣᠭᠤᠯᠤᠯᠲᠠ ᠬᠢᠬᠦ᠂ ᠬᠢᠨᠠᠨ ᠬᠡᠮᠵᠢᠵᠦ᠍ ᠦᠷ᠎ᠡ ᠪᠦᠲᠦᠮᠵᠢ᠎ᠶ᠋ᠢ ᠴᠢᠬᠤᠯᠠᠴᠢᠯᠠᠬᠤ ᠵᠡᠷᠭᠡ ᠳᠥᠷᠪᠡᠨ ᠵᠠᠩᠭᠢᠯᠠᠭ᠎ᠠ᠎ᠶ᠋ᠢᠨ ᠲᠤᠷᠱᠢᠯᠭ᠎ᠠ᠎ᠶ᠋ᠢ ᠱᠢᠰᠲ᠋ᠧᠮ᠎ᠲᠡᠶ ᠳ᠋ᠦᠩᠨᠡᠨ ᠡᠮᠬᠢᠯᠡᠪᠡ᠃ 《ᠪᠠᠢᠭᠠᠯᠢ》 ᠰᠡᠳᠬᠦᠯ᠎ᠤᠨ ᠬᠢᠨ ᠠᠳᠠᠯᠢ ᠬᠤᠭᠤᠴᠠᠭᠠᠨ᠎ᠳᠤ 《ᠳᠤᠮᠳᠠᠳᠤ ᠤᠯᠤᠰ᠎ᠤᠨ 〈ᠨᠤᠮᠢᠨ ᠨᠤᠭᠤᠭᠠᠨ ᠤᠷᠳᠤ ᠴᠠᠭᠠᠨ ᠬᠡᠷᠡᠮ〉 ᠳᠡᠯᠡᠬᠡᠢ ᠳ᠋ᠠᠬᠢᠨ᠎ᠳᠤ ᠶᠠᠮᠠᠷ ᠰᠡᠩᠬᠡᠷᠡᠭᠦᠯᠦᠯ ᠠᠪᠴᠢᠷᠠᠵᠤ ᠥᠭ᠌ᠬᠦ ᠪᠤᠢ》 ᠭᠡᠬᠦ᠌ ᠬᠣᠷᠢᠶᠠᠨ ᠎ᠤ ᠥᠭᠦᠯᠡᠯ ᠨᠡᠢᠲᠡᠯᠡᠵᠦ᠍᠂ ᠳᠤᠮᠳᠠᠳᠤ ᠤᠯᠤᠰ᠎ᠤᠨ ᠡᠯᠡᠰᠦ ᠵᠢ ᠵᠠᠰᠠᠭ᠍ᠰᠠᠨ ᠦᠢᠯᠡᠳᠦᠯᠭᠡ᠎ᠶ᠋ᠢᠨ ᠪᠦᠬᠦ᠌ ᠪᠥᠮᠪᠥᠷᠴᠡᠭ᠎ᠦᠨ ᠴᠦᠯᠯᠡᠷᠬᠡᠭ᠌ᠵᠢᠯ᠎ᠦᠨ ᠵᠠᠰᠠᠯᠲᠠ᠎ᠳᠤ ᠦᠵᠡᠭᠦᠯᠦᠭ᠌ᠰᠡᠨ ᠡᠷᠬᠢᠮ ᠨᠠᠨᠳᠢᠨ ᠰᠡᠩᠬᠡᠷᠡᠭᠦᠯᠦᠯ᠎ᠢ ᠳᠡᠭᠡᠳᠦ ᠬᠡᠮᠵᠢᠢ᠎ᠡ᠎ᠪᠡᠷ ᠦᠨᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号