ᠬᠣᠩ ᠰᠢᠩ ᠰᠣᠨᠢᠨ ᠮᠡᠳᠡᠭᠡᠨ᠎ᠦ ᠮᠡᠳᠡᠭᠡᠯᠡᠯ᠎ᠢ ᠦᠨᠳᠦᠰᠦᠯᠡᠪᠡᠯ᠂ ᠣᠢᠷ᠎ᠠ᠎ᠳᠤ ᠵᠧᠵᠢᠶᠠᠩ᠎ᠤᠨ ᠬᠤᠵᠸᠦ᠎ᠶᠢᠨ ᠨᠢᠭᠡᠨ ᠰᠦᠯᠵᠢᠶᠡᠨ ᠳᠡᠯᠭᠡᠭᠦᠷ᠎ᠦᠨ ᠡᠵᠡᠨ᠎ᠦ ᠲᠤᠰᠬᠠᠭᠰᠠᠨ᠎ᠢᠶᠠᠷ᠂ ᠱᠠᠨᠰᠢ᠎ᠶᠢᠨ ᠨᠢᠭᠡᠨ ᠳᠤᠮᠳᠠᠳᠤ ᠰᠤᠷᠭᠠᠭᠤᠯᠢ᠎ᠶᠢᠨ ᠨᠢᠭᠡ ᠠᠩᠭᠢ᠎ᠶᠢᠨ ᠰᠣᠷᠣᠭ᠍ᠴᠢᠳ ᠲᠣᠭᠯᠠᠯᠲᠠ᠎ᠶᠢᠨ ᠬᠤᠪᠴᠠᠰᠤ ᠵᠠᠰᠠᠯ᠎ᠢᠶᠠᠨ ᠬᠡᠷᠡᠭᠯᠡᠭᠰᠡᠨ᠎ᠦ ᠳᠠᠷᠠᠭ᠎ᠠ 《ᠲᠤᠯᠤᠭᠠᠨ ᠡᠳᠦᠷ᠎ᠦᠨ ᠲᠣᠳᠣᠷ᠎ᠠ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ》 ᠬᠤᠭᠤᠴᠠᠭᠠᠨ᠎ᠳᠦ ᠬᠠᠮᠲᠤ᠎ᠪᠠᠷ ᠪᠠᠷᠠᠭ᠎ᠠ ᠪᠤᠴᠠᠭᠠᠬᠤ ᠪᠡᠷ ᠤᠷᠤᠯᠳᠤᠵᠦ ᠪᠠᠢᠪᠠ᠃ ᠪᠠᠷᠠᠭ᠎ᠠ ᠪᠣᠴᠠᠭᠠᠬᠣᠳᠠᠭᠠᠨ ᠲᠡᠳᠡ 《ᠶᠡᠬᠡ ᠪᠠᠭ᠎ᠠ ᠨᠢ ᠲᠤᠬᠢᠷᠠᠬᠰᠠᠨ ᠦᠭᠡᠢ》᠂ 《ᠴᠠᠭ ᠠᠭᠤᠷ᠎ᠤᠨ ᠰᠢᠯᠲᠠᠭᠠᠨ᠎ᠠᠴᠠ ᠪᠣᠯᠵᠤ ᠠᠵᠢᠯᠯᠠᠭ᠎ᠠ ᠪᠡᠨ ᠦᠷᠨᠢᠬᠦᠯᠬᠦ ᠪᠡᠨ ᠪᠤᠯᠢᠭᠰᠠᠨ》᠂ 《ᠴᠢᠨᠠᠷ ᠴᠢᠨᠰᠠᠭ᠎ᠠ ᠵᠢᠨ ᠲᠠᠯ᠎ᠠ ᠪᠡᠷ ᠠᠰᠠᠭᠤᠳᠠᠯ ᠲᠠᠢ》 ᠵᠡᠷᠭᠡ ᠰᠢᠯᠲᠠᠭᠠᠨᠦᠳᠢ ᠲᠤᠷᠠᠳᠴᠦ ᠪᠠᠢᠯ᠎ᠠ᠃ ᠳᠡᠯᠭᠡᠭᠦᠷ᠎ᠦᠨ ᠡᠵᠡᠨ ᠨᠡᠢᠭᠡᠮ᠎ᠦᠨ ᠬᠠᠷᠢᠯᠴᠠᠭᠠᠨ᠎ᠤ ᠲᠠᠪᠴᠠᠩ ᠳᠡᠭᠡᠷ᠎ᠡ᠎ᠡᠴᠡ ᠰᠤᠷᠤᠭ᠍ᠴᠢᠳ᠎ᠤᠨ ᠲᠣᠭᠯᠠᠯᠲᠠ᠎ᠶᠢᠨ ᠬᠤᠪᠴᠠᠰᠤ ᠵᠠᠰᠠᠯ ᠵᠢᠡᠨ ᠡᠮᠦᠰᠦᠭᠡᠳ ᠪᠤᠯᠪᠠᠰᠤᠷᠠᠵᠦ ᠪᠠᠢᠬᠰᠠᠨ ᠪᠠ ᠵᠢᠩᠬᠢᠨᠢ ᠲᠣᠭᠯᠠᠯᠲᠠᠬᠢᠭᠰᠡᠨ ᠸᠢᠳᠢᠤ᠋᠎ᠶᠢ ᠡᠷᠢᠵᠦ ᠣᠯᠣᠬᠰᠠᠨ ᠪᠠᠢᠨ᠎ᠠ᠃ ᠲᠡᠷᠡ ᠮᠦᠷᠳᠡᠭᠡᠨ ᠪᠤᠴᠠᠭᠠᠬᠰᠠᠨ ᠬᠤᠪᠴᠠᠰᠤ ᠵᠠᠰᠠᠯ᠎ᠤᠨ ᠡᠮᠦᠰᠦᠭᠰᠡᠨ ᠣᠷᠣ᠌ ᠮᠥᠷ ᠨᠢ ᠢᠯᠡᠷᠬᠡᠢ ᠪᠠᠢᠵᠤ᠂ ᠬᠣᠶᠠᠳᠠᠭᠢ ᠤᠳᠠᠭ᠎ᠠ ᠬᠤᠳᠠᠯᠳᠤᠵᠦ ᠪᠤᠯᠬᠤ ᠦᠬᠡᠢ ᠪᠤᠯᠤᠬᠰᠠᠨ ᠪᠠᠢᠪᠠ᠃ ᠣᠳᠣᠬᠠᠨ᠎ᠳᠤ ᠡᠨᠡ ᠬᠡᠷᠡᠭ ᠯᠡᠪᠡᠷᠡᠬᠦ᠎ᠶᠢ ᠳᠠᠭᠠᠯᠳᠤᠨ ᠰᠣᠷᠣᠭ᠍ᠴᠢᠳ᠎ᠦᠨ ᠭᠡᠷ᠎ᠦᠨ ᠠᠬᠠᠮᠠᠳ ᠨᠢᠭᠡᠨᠲᠡ ᠪᠠᠷᠠᠭ᠎ᠠ ᠪᠤᠴᠠᠭᠠᠬᠤ ᠪᠠᠨ ᠪᠣᠯᠢᠵᠤ᠂ ᠬᠤᠪᠴᠠᠰᠤᠨ᠎ᠤ ᠵᠠᠷᠤᠳᠠᠯ᠎ᠢ ᠪᠥᠬᠥ ᠲᠣᠭ᠎ᠠ᠎ᠪᠠᠷ ᠨᠢ ᠲᠥᠯᠥᠭᠰᠡᠨ ᠪᠠᠢᠨ᠎ᠠ᠃
ᠰᠤᠷᠤᠭ᠍ᠴᠢᠳ ᠲᠣᠭᠯᠠᠯᠲᠠ᠎ᠪᠠᠨ ᠲᠠᠭᠤᠰᠬᠠᠭᠠᠳ᠂ ᠲᠤᠭᠯᠠᠯᠳᠠ᠎ᠳᠦ ᠡᠮᠦᠰᠦᠭᠰᠡᠨ ᠬᠤᠪᠴᠠᠰᠦ ᠵᠠᠰᠠᠯ ᠵᠢᠡᠨ ᠬᠠᠮᠳᠤ ᠪᠡᠷ ᠪᠤᠴᠠᠭᠠᠨ᠎ᠠ ᠬᠡᠬᠦ ᠠᠵᠢᠯᠯᠠᠭ᠎ᠠ ᠵᠢᠴᠢ ᠲᠣᠭᠯᠠᠯᠲᠠ᠎ᠶᠢᠨ ᠠᠵᠢᠯᠯᠠᠭ᠎ᠠ᠎ᠪᠠᠨ ᠵᠣᠭᠰᠤᠭᠠᠬᠰᠠᠨ ᠵᠡᠷᠭᠡ ᠬᠤᠳᠠᠯ ᠰᠢᠯᠲᠠᠭ ᠵᠣᠬᠢᠶᠠᠵᠤ ᠬᠤᠳᠠᠯᠳᠤᠭᠠᠴᠢᠳᠢ ᠮᠡᠬᠡᠯᠡᠭᠰᠡᠨ ᠪᠠᠢᠨ᠎ᠠ᠃ ᠣᠢᠷ᠎ᠠ᠎ᠶᠢᠨ ᠵᠢᠯ᠎ᠦᠳ᠎ᠲᠦ ᠡᠢᠮᠦᠷᠬᠦᠦ ᠬᠡᠷᠡᠭ ᠪᠠᠢᠨ ᠳᠠᠬᠢᠨ ᠭᠠᠷᠴᠤ ᠪᠣᠢ᠃
ᠬᠠᠤᠯᠢ ᠴᠠᠭᠠᠵᠠ᠎ᠶᠢᠨ ᠲᠠᠯ᠎ᠠ᠎ᠠᠴᠠ ᠠᠪᠴᠤ ᠦᠵᠡᠪᠡᠯ ᠲᠤᠯᠤᠭᠠᠨ ᠡᠳᠦᠷ᠎ᠦᠨ ᠳᠣᠲᠣᠷ᠎ᠠ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ ᠬᠡᠳᠡᠭ ᠨᠢ ᠶᠣᠰᠣ᠌ ᠪᠤᠰᠤ᠎ᠪᠠᠷ ᠪᠠᠷᠠᠭ᠎ᠠ ᠪᠤᠴᠠᠭᠠᠬᠤ᠂ ᠳᠤᠷ᠎ᠠ ᠵᠣᠷᠢᠭ᠋᠎ᠢᠶᠠᠷ᠎ᠢᠶᠠᠨ ᠪᠠᠷᠠᠭ᠎ᠠ ᠪᠤᠴᠠᠭᠠᠬᠤ ᠲᠠᠢ ᠦᠰᠦᠳ ᠦᠬᠡᠷ᠎ᠡ ᠬᠤᠶᠡᠷ ᠶᠠᠪᠤᠳᠠᠯ ᠪᠤᠯᠬᠤ ᠶᠤᠮ᠃ ᠲᠣᠭᠯᠠᠯᠲᠠ᠎ᠪᠠᠨ ᠲᠠᠭᠤᠰᠤᠭᠠᠳ ᠡᠮᠦᠰᠦᠭᠰᠡᠨ ᠬᠤᠪᠴᠠᠰᠤ᠎ᠪᠠᠨ ᠬᠠᠮᠲᠤᠪᠡᠷ ᠪᠤᠴᠠᠭᠠᠬᠤ ᠠᠵᠢᠯᠯᠠᠭ᠎ᠠ ᠨᠢ ᠦᠨᠡᠨ᠎ᠳᠡᠭᠡᠨ ᠦᠬᠡᠷ᠎ᠡ ᠵᠣᠷᠢᠯᠭ᠎ᠠ ᠲᠠᠢ᠎ᠪᠠᠷ ᠪᠠᠷᠠᠭ᠎ᠠ ᠪᠤᠴᠠᠭᠠᠵᠤ ᠪᠠᠢᠭ᠎ᠠ ᠶᠠᠪᠤᠳᠠᠯ ᠮᠥᠨ᠃ ᠡᠨᠡ ᠨᠢ ᠬᠤᠳᠠᠯᠳᠤᠭᠠᠴᠢᠨ᠎ᠤ ᠠᠰᠢᠭ᠋ ᠲᠤᠰᠠ᠎ᠶᠢ ᠬᠣᠬᠢᠷᠠᠭᠤᠯᠤᠭᠰᠠᠨ ᠪᠣᠯᠬᠣᠷ ᠬᠤᠳᠠᠯᠳᠤᠭᠠᠴᠢᠨ ᠡᠴᠡ ᠲᠡᠪᠴᠢᠬᠦ ᠡᠷᠬᠡ᠎ᠲᠠᠢ ᠶᠤᠮ᠃ ᠣᠲᠣ᠌᠎ᠶᠢᠨ ᠬᠠᠤᠯᠢ ᠴᠠᠭᠠᠵᠠ ᠬᠠᠤᠯᠢ ᠲᠣᠭᠲᠠᠭᠠᠯ᠎ᠢ ᠦᠨᠳᠦᠰᠦᠯᠡᠪᠡᠯ 《ᠲᠤᠯᠤᠭᠠᠨ ᠡᠳᠦᠷ᠎ᠦᠨ ᠲᠣᠳᠣᠷ᠎ᠠ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ》 ᠳᠦᠷᠢᠮ᠎ᠢ ᠬᠡᠷᠡᠭᠯᠡᠬᠦ ᠨᠢ ᠬᠣᠶᠠᠷ ᠶᠡᠬᠡ ᠭᠣᠣᠯ ᠴᠢᠬᠤᠯᠠ ᠨᠥᠬᠥᠴᠡᠯ᠎ᠢ ᠬᠠᠩᠭᠠᠬᠤ ᠴᠢᠬᠤᠯᠠᠲᠠᠢ᠄ ᠨᠢᠭᠡ᠎ᠳᠦ᠂ ᠲᠠᠸᠠᠷ ᠨᠢ ᠤᠤᠯ᠎ᠤᠨ ᠶᠠᠰᠤ ᠴᠢᠨᠠᠷ᠂ ᠴᠢᠳᠠᠮᠵᠢ᠎ᠪᠠᠨ ᠪᠠᠲᠤᠯᠠᠬᠤ ᠴᠢᠬᠤᠯᠠᠲᠠᠢ᠃ ᠲᠠᠸᠠᠷ᠎ᠤᠨ ᠲᠣᠰ ᠪᠡᠶ᠎ᠡ᠂ ᠰᠡᠯᠪᠢᠭ ᠲᠣᠨᠣᠭ᠂ ᠲᠠᠸᠠᠷ᠎ᠤᠨ ᠲᠡᠮᠳᠡᠭ᠎ᠦᠨ ᠢᠯᠡᠳᠬᠡᠮᠵᠢ ᠲᠡᠮᠳᠡᠭ ᠨᠢ ᠪᠦᠷᠢᠨ ᠭᠦᠢᠴᠡᠳ᠂ ᠬᠤᠪᠴᠠᠰᠤ ᠬᠤᠨᠠᠷ᠎ᠤᠨ ᠲᠥᠷᠥᠯ᠎ᠦᠨ ᠲᠠᠸᠠᠷ᠎ᠤᠨ ᠲᠡᠮᠳᠡᠭ᠎ᠦᠨ ᠢᠯᠡᠳᠬᠡᠮᠵᠢ ᠲᠡᠮᠳᠡᠭ ᠨᠢ ᠲᠠᠰᠤᠯᠤᠭᠳᠠᠭᠰᠠᠨ᠂ ᠢᠯᠡᠳᠬᠡᠮᠵᠢ ᠲᠡᠮᠳᠡᠭ ᠨᠢ ᠬᠠᠢᠴᠢᠯᠠᠭᠳᠠᠭᠰᠠᠨ᠂ ᠲᠠᠸᠠᠷ ᠨᠢ ᠪᠣᠬᠢᠷᠲᠤᠭᠳᠠᠭᠰᠠᠨ᠂ ᠬᠣᠬᠢᠷᠠᠯ ᠠᠮᠰᠠᠭᠰᠠᠨ ᠡᠴᠡ ᠪᠣᠯᠵᠤ ᠲᠠᠸᠠᠷ᠎ᠤᠨ ᠥᠷᠲᠡᠭ ᠨᠢ ᠨᠡᠯᠢᠶᠡᠳ ᠶᠡᠬᠡ ᠪᠠᠭᠤᠷᠠᠭᠰᠠᠨ ᠪᠠᠢᠪᠠᠯ᠂ ᠲᠠᠸᠠᠷ ᠨᠢ ᠪᠦᠷᠢᠨ ᠪᠦᠲᠦᠨ ᠪᠤᠰᠤ ᠭᠡᠵᠦ ᠦᠵᠡᠨ᠎ᠡ; ᠬᠣᠶᠠᠷ᠎ᠲᠤ᠂ ᠬᠡᠷᠡᠭᠯᠡᠭᠴᠢᠳ ᠤᠴᠢᠷ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ᠎ᠳᠠᠭᠠᠨ ᠦᠨᠡᠨᠴᠢ ᠢᠲᠡᠭᠡᠮᠵᠢᠲᠡᠢ ᠪᠠᠢᠬᠤ ᠵᠠᠷᠴᠢᠮ᠎ᠢ ᠵᠢᠷᠤᠮᠯᠠᠵᠤ᠂ ᠤᠴᠢᠷ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ ᠳᠦᠷᠢᠮ᠎ᠢ ᠠᠰᠢᠭ᠍ᠯᠠᠨ ᠡᠵᠡᠩᠨᠡᠭᠴᠢᠳ ᠪᠠ ᠬᠡᠷᠡᠭᠯᠡᠭᠴᠢᠳ᠎ᠦᠨ ᠬᠠᠤᠯᠢ ᠶᠣᠰᠣᠨ᠎ᠤ ᠡᠷᠬᠡ ᠠᠰᠢᠭ᠋᠎ᠢ ᠬᠣᠬᠢᠷᠠᠭᠤᠯᠵᠤ ᠪᠣᠯᠬᠤ ᠦᠭᠡᠢ᠃
ᠬᠡᠳᠦᠢᠪᠡᠷ ᠡᠢᠮᠦ ᠪᠣᠯᠪᠠᠴᠤ ᠮᠠᠭᠣ ᠰᠠᠨᠠᠭ᠎ᠠ ᠲᠠᠢ ᠪᠡᠷ ᠪᠠᠷᠠᠭ᠎ᠠ ᠪᠤᠴᠠᠭᠠᠬᠰᠠᠨ ᠮᠡᠲᠦ᠎ᠶᠢᠨ ᠬᠡᠷᠡᠭ᠎ᠲᠦ ᠬᠤᠳᠠᠯᠳᠤᠭᠠᠴᠢᠳ᠎ᠤᠨ ᠣᠯᠠᠩᠬᠢ ᠨᠢ ᠵᠥᠪᠬᠡᠨ ᠰᠦᠯᠵᠢᠶᠡᠨ ᠳᠡᠭᠡᠷ᠎ᠡ ᠪᠢᠴᠢᠭᠡᠰᠦ ᠪᠢᠴᠢᠬᠦ ᠪᠠ ᠸᠢᠳᠢᠤ᠋᠎ᠪᠠᠷ ᠡᠷᠬᠡ᠎ᠪᠡᠨ ᠬᠠᠮᠠᠭᠠᠯᠠᠳᠠᠭ᠃ ᠡᠨᠡ ᠨᠢ ᠡᠯᠧᠺᠲᠷᠣᠨ ᠬᠤᠳᠠᠯᠳᠤᠭᠠᠨ᠎ᠤ ᠲᠠᠪᠴᠠᠩ᠎ᠤᠨ ᠪᠠᠷᠠᠭ᠎ᠠ ᠪᠤᠴᠠᠭᠠᠬᠤ ᠲᠣᠭᠲᠠᠴᠠ᠎ᠶᠢᠨ ᠳᠤᠲᠠᠭᠳᠠᠯ᠎ᠢ ᠢᠯᠡᠷᠡᠭᠦᠯᠵᠦ 《ᠲᠤᠯᠤᠭᠠᠨ ᠡᠳᠦᠷ᠎ᠦᠨ ᠳᠣᠲᠣᠷ᠎ᠠ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ》 ᠳᠦᠷᠢᠮ ᠪᠠ 《ᠲᠦᠷᠭᠡᠨ ᠵᠣᠭᠣᠰ ᠪᠤᠴᠠᠭᠠᠬᠤ》 ᠦᠢᠯᠡᠴᠢᠯᠡᠭᠡ ᠵᠢ ᠳᠤᠷ᠎ᠠ᠎ᠪᠠᠷ᠎ᠢᠶᠠᠨ ᠬᠡᠷᠡᠭᠯᠡᠬᠦ ᠪᠣᠯᠭᠠᠵᠠᠢ᠃ ᠣᠯᠠᠩᠬᠢ ᠲᠠᠪᠴᠠᠩ᠎ᠤᠨ ᠳᠦᠷᠢᠮ᠎ᠢ ᠦᠨᠳᠦᠰᠦᠯᠡᠪᠡᠯ ᠬᠤᠳᠠᠯᠳᠤᠭ᠍ᠴᠢ ᠬᠢᠭᠡᠳ ᠬᠤᠳᠠᠯᠳᠤᠨ ᠠᠪᠤᠭ᠍ᠴᠢ ᠵᠥᠪᠳᠡᠯᠴᠡᠭᠡᠳ ᠰᠠᠨᠠᠯ ᠨᠢᠭᠡᠳᠦᠭᠰᠡᠨᠦ ᠲᠠᠷᠠᠭ᠎ᠠ ᠪᠠᠷᠠᠭ᠎ᠠ ᠪᠤᠴᠠᠭᠠᠬᠰᠠᠨ ᠪᠠᠢᠪᠠᠯ ᠬᠤᠳᠠᠯᠳᠤᠭ᠍ᠴᠢ ᠡᠩ᠎ᠦᠨ ᠪᠠᠢᠳᠠᠯ᠎ᠳᠤ ᠭᠠᠷᠤᠨ ᠥᠰᠥᠭ ᠵᠢᠷᠤᠵᠤ ᠭᠥᠯᠢᠶᠡᠨ ᠠᠪᠬᠤ᠎ᠶᠢ ᠲᠡᠪᠴᠢᠵᠦ ᠪᠣᠯᠬᠤ ᠦᠭᠡᠢ᠃
ᠡᠯᠧᠺᠲᠷᠣᠨ ᠬᠤᠳᠠᠯᠳᠤᠭᠠᠨ᠎ᠤ ᠡᠷᠡᠭᠦᠯ ᠰᠠᠷᠠᠭᠤᠯ ᠠᠮᠢ ᠠᠬᠤᠢ᠎ᠶᠢ ᠪᠠᠢᠭᠤᠯᠵᠤ 《ᠮᠠᠭᠤ ᠰᠠᠨᠠᠭ᠎ᠠ᠎ᠪᠠᠷ ᠪᠠᠷᠠᠭ᠎ᠠ ᠪᠤᠴᠠᠭᠠᠬᠤ》 ᠮᠡᠲᠦ᠎ᠶᠢᠨ ᠦᠵᠡᠭᠳᠡᠯ᠎ᠢ ᠴᠡᠭᠴᠡᠯᠡᠬᠦ᠎ᠳᠦ᠂ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠦᠴᠢᠷ᠂ ᠲᠠᠪᠴᠠᠩ ᠪᠠ ᠨᠡᠢᠭᠡᠮ᠎ᠢᠶᠡᠷ᠎ᠢᠶᠡᠨ ᠬᠦᠴᠦ᠎ᠪᠡᠨ ᠬᠠᠮᠲᠤᠳᠬᠠᠨ ᠬᠠᠮᠲᠤ᠎ᠪᠠᠷ ᠵᠠᠰᠠᠬᠤ ᠴᠢᠬᠤᠯᠠᠲᠠᠢ᠃ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠦᠳ 《ᠳᠣᠯᠣᠭᠠᠨ ᠡᠳᠦᠷ᠎ᠦᠨ ᠲᠣᠳᠣᠷ᠎ᠠ ᠰᠢᠯᠲᠠᠭᠠᠨ ᠦᠭᠡᠢ᠎ᠪᠡᠷ ᠪᠠᠷᠠᠭ᠎ᠠ ᠪᠤᠴᠠᠭᠠᠬᠤ》 ᠳᠦᠷᠢᠮ᠎ᠢ ᠲᠡᠭᠦᠯᠳᠡᠷᠵᠢᠭᠦᠯᠵᠦ᠂ ᠡᠯ᠎ᠡ ᠲᠥᠷᠥᠯ᠎ᠦᠨ ᠲᠠᠸᠠᠷ᠎ᠤᠨ 《ᠬᠣᠶᠠᠳᠠᠭᠢ ᠪᠣᠷᠤᠯᠠᠭᠤᠯᠭ᠎ᠠ᠎ᠶᠢ ᠥᠯᠥ ᠨᠥᠯᠥᠭᠡᠯᠡᠬᠦ》 ᠪᠣᠳᠠᠲᠠᠢ ᠪᠠᠢᠳᠠᠯ᠎ᠢ ᠨᠠᠷᠢᠯᠢᠭ᠍ᠵᠢᠭᠤᠯᠬᠤ ᠬᠡᠷᠡᠭᠲᠡᠢ; ᠡᠯᠧᠺᠲᠷᠣᠨ ᠬᠤᠳᠠᠯᠳᠤᠭᠠᠨ᠎ᠤ ᠲᠠᠪᠴᠠᠩ ᠨᠢ ᠡᠷᠬᠡᠪᠰᠢ ᠳᠦᠷᠢᠮ᠎ᠦᠨ ᠲᠥᠯᠥᠪᠯᠡᠭᠡ᠎ᠶᠢ ᠰᠢᠯᠢᠳᠡᠭᠵᠢᠭᠦᠯᠵᠦ᠂ ᠪᠠᠷᠠᠭ᠎ᠠ ᠪᠤᠴᠠᠭᠠᠬᠤ ᠲᠣᠭᠲᠠᠴᠠ ᠪᠠ ᠪᠠᠷᠠᠭ᠎ᠠ ᠪᠤᠴᠠᠭᠠᠬᠤ ᠵᠠᠭᠤᠷᠠᠯᠳᠤᠭᠠᠨ᠎ᠢ ᠰᠢᠢᠳᠪᠦᠷᠢᠯᠡᠬᠦ ᠲᠣᠭᠲᠠᠴᠠ᠎ᠶᠢ ᠨᠠᠩ ᠲᠥᠪ ᠭᠤᠤᠯᠴᠢ ᠵᠦᠢ ᠵᠣᠬᠢᠰᠲᠠᠢ ᠪᠣᠯᠭᠠᠬᠤ᠎ᠶᠢ ᠠᠬᠢᠭᠤᠯᠤᠨ᠎ᠠ᠃ ᠵᠢᠱ᠌ᠢᠶᠡᠯᠡᠪᠡᠯ ᠬᠤᠳᠠᠯᠳᠤᠭᠠᠴᠢᠨ ᠪᠠᠷᠠᠭ᠎ᠠ ᠪᠤᠴᠠᠭᠠᠬᠤ᠎ᠳᠤ ᠭᠠᠷᠤᠨ ᠥᠰᠥᠭ ᠵᠢᠷᠤᠬᠤ᠎ᠶᠢ ᠲᠡᠪᠴᠢᠬᠦ ᠳᠦᠷᠢᠮ ᠪᠠ ᠪᠠᠢᠳᠠᠯ᠎ᠢ ᠲᠣᠳᠣᠷᠬᠠᠢ ᠲᠣᠭᠲᠠᠭᠠᠵᠤ᠂ ᠵᠥᠪᠬᠡᠨ ᠬᠡᠷᠡᠭᠯᠡᠭᠡ ᠵᠢᠨ ᠢᠲᠡᠭᠡᠮᠵᠢ᠎ᠶᠢᠨ ᠢᠯᠡᠳᠬᠡᠮᠵᠢ ᠥᠨᠳᠥᠷ ᠬᠤᠳᠠᠯᠳᠤᠨ ᠠᠪᠤᠭ᠍ᠴᠢ᠎ᠳᠤ 《ᠲᠦᠷᠭᠡᠨ ᠵᠣᠭᠣᠰ ᠪᠤᠴᠠᠭᠠᠬᠤ》 ᠦᠢᠯᠡᠴᠢᠯᠡᠭᠡ ᠬᠠᠩᠭᠠᠨ᠎ᠠ᠃
— 《ᠠᠵᠢᠯᠴᠢᠨ᠎ᠤ ᠡᠳᠦᠷ᠎ᠦᠨ ᠰᠣᠨᠢᠨ》 ᠡᠴᠡ