ᠠᠷᠠᠳ᠎ᠦᠨ ᠰᠡᠳᠬᠢᠯ᠎ᠳᠦ ᠦᠨᠳᠦᠰᠦᠯᠡᠭᠰᠡᠨ ᠣᠯᠠᠭᠠᠨᠮᠦᠢ᠍ᠴᠢᠷ
2026-05-22 09:35:43
ᠵᠣᠬᠢᠶᠠᠭ᠍ᠴᠢ᠄
ᠵᠸᠩ ᠰᠢᠣᠸᠠᠢ ᠯᠢᠶᠠᠩ
ᠣᠩᠱᠢᠭ᠍ᠰᠠᠨ ᠣᠳᠠᠭ᠎ᠠ᠄
★★★☆☆

— ᠬᠦᠬᠡᠬᠣᠲᠠ᠎ᠶᠢᠨ ᠣᠯᠠᠭᠠᠨᠮᠦᠢ᠍ᠴᠢᠷ ᠰᠣᠶᠣᠯ ᠵᠢᠭᠣᠯᠴᠢᠯᠠᠯ᠎ᠤᠨ ᠪᠡᠯᠡ ᠣᠷᠣᠭᠣᠯᠣᠯᠲᠠ᠎ᠶᠢᠨ ᠪᠦᠯᠦᠭᠯᠡᠯ ᠲᠠᠢ ᠬᠠᠮᠲᠣᠷᠠᠵᠦ ᠣᠨᠴᠠᠯᠢᠬᠲᠣ ᠰᠣᠶᠣᠯ᠎ᠤᠨ ᠲᠦᠷᠦᠯ ᠲᠡᠮᠲᠡᠭ᠎ᠢ ᠡᠬᠦᠳᠴᠦ ᠪᠣᠢ


ᠲᠦᠷᠦᠬᠦᠬᠡᠨ᠂ 2026 ᠲᠣᠮᠲᠠᠲᠣ ᠣᠯᠣᠰ (ᠬᠦᠬᠡᠬᠣᠲᠠ)᠎ᠦᠨ ᠲᠣᠬᠯᠠᠯᠲᠠ᠎ᠶᠢᠨ ᠠᠷᠠᠯᠵᠢᠶᠠᠨ᠎ᠤ ᠴᠣᠬᠯᠠᠭᠠᠨ ᠬᠦᠬᠡᠬᠣᠲᠠ ᠳ᠋ᠦ ᠬᠦᠰᠢᠭᠡ ᠰᠡᠬᠦᠵᠦ᠂ ᠪᠦᠬᠦ ᠣᠯᠣᠰ᠎ᠤᠨ ᠲᠣᠬᠯᠠᠯᠲᠠ᠎ᠶᠢᠨ ᠠᠵᠢᠯ ᠲᠦᠷᠦᠯ᠎ᠤᠨ ᠬᠢᠨ ᠪᠣᠯᠣᠨ ᠲᠣᠰᠬᠠᠢ ᠮᠡᠷᠭᠡᠵᠢᠯᠲᠡᠳ ᠨᠢᠭᠡ ᠲᠣᠣᠷ᠎ᠠ ᠬᠣᠷᠠᠨ ᠴᠣᠬᠯᠠᠷᠠᠵᠦ᠂ ᠬᠠᠮᠲᠣ ᠪᠡᠷ ᠲᠣᠬᠯᠠᠯᠲᠠ᠎ᠶᠢᠨ ᠠᠵᠦ ᠦᠢᠯᠡᠰ᠎ᠤᠨ ᠬᠦᠭᠵᠢᠯᠲᠡ᠎ᠶᠢᠨ ᠰᠢᠨ᠎ᠡ ᠠᠵᠠ ᠲᠣᠬᠢᠶᠠᠯ᠎ᠢ ᠬᠠᠢᠨ ᠰᠦᠪᠡᠭᠴᠢᠯᠡᠭᠰᠡᠨ ᠪᠠᠢᠨ᠎ᠠ᠃

ᠬᠦᠬᠡᠬᠣᠲᠠ᠎ᠶᠢᠨ ᠰᠣᠶᠣᠯ ᠵᠢᠭᠣᠯᠴᠢᠯᠠᠯ᠎ᠤᠨ ᠪᠡᠯᠡ ᠣᠷᠣᠭᠣᠯᠣᠯᠲᠠ᠎ᠶᠢᠨ ᠪᠦᠯᠦᠭᠯᠡᠯ᠎ᠤᠨ ᠬᠠᠷᠢᠶ᠎ᠠ ᠲᠠᠭᠣᠯᠠᠯᠲᠣ ᠵᠦᠴᠦᠭᠡ ᠪᠦᠵᠢᠭᠲᠦ ᠵᠦᠴᠦᠭᠡ᠎ᠶᠢᠨ ᠬᠦᠷᠢᠶᠡᠯᠡᠩ᠎ᠤᠨ ᠡᠬᠢᠯᠡᠯᠲᠡ᠎ᠶᠢᠨ ᠶᠣᠰᠣᠯᠠᠯ ᠲᠡᠭᠡᠷ᠎ᠡ᠂ ᠲᠣᠬᠯᠠᠬᠰᠠᠨ 《ᠦᠵᠡᠰᠬᠦᠯᠡᠩᠲᠦ ᠰᠠᠢᠬᠠᠨ ᠮᠢᠨᠦ ᠨᠣᠲᠣᠬ》᠂ 《ᠲᠦᠷᠪᠡᠨ ᠨᠠᠰᠣᠲᠠᠢ ᠬᠠᠯᠢᠭᠣᠨ》 ᠵᠡᠷᠭᠡ ᠰᠣᠩᠭᠣᠲᠠᠬ ᠣᠳᠬ᠎ᠠ ᠣᠷᠠᠯᠢᠬ᠎ᠤᠨ ᠪᠦᠲᠦᠭᠡᠯ ᠨᠢ ᠦᠨᠢᠷ ᠦᠳᠭᠡᠨ ᠦᠨᠳᠦᠰᠦᠲᠡᠨ᠎ᠤ ᠣᠨᠴᠠᠯᠢᠬ ᠪᠣᠯᠣᠨ ᠦᠩᠭᠡ ᠬᠢᠯᠠᠯᠵᠠᠬᠰᠠᠨ ᠲᠣᠬᠯᠠᠯᠲᠠ ᠪᠡᠷ ᠶ᠋ᠢᠡᠨ ᠬᠣᠷᠠᠬᠰᠠᠨ ᠣᠯᠠᠨ᠎ᠢ ᠭᠠᠢᠬᠠᠰᠢ  ᠠᠯᠲᠠᠭᠣᠯᠵᠠᠢ᠃

ᠲᠣᠰ ᠬᠦᠷᠢᠶᠡᠯᠡᠩ ᠪᠦᠯᠬᠦᠮ᠎ᠤᠨ ᠲᠣᠬᠯᠠᠬᠰᠠᠨ ᠪᠦᠵᠢᠭᠲᠦ ᠵᠦᠴᠦᠭᠡ 《ᠵᠣᠣ ᠵᠢᠶᠦᠢ᠍ᠨ》 ᠨᠢ ᠠᠷᠠᠯᠵᠢᠶᠠᠨ᠎ᠤ ᠴᠣᠬᠯᠠᠭᠠᠨ᠎ᠤ ᠭᠣᠣᠯᠲᠠᠯᠭ᠎ᠠ ᠲᠠᠢ ᠦᠵᠡᠬᠦᠯᠭᠡ ᠲᠣᠬᠯᠠᠯᠲᠠ᠎ᠶᠢᠨ ᠲᠦᠷᠦᠯ ᠵᠦᠢᠯ᠎ᠤᠨ ᠬᠣᠪᠢ ᠪᠡᠷ ᠦᠪᠦᠷ ᠮᠣᠩᠭᠣᠯ᠎ᠤᠨ ᠣᠷᠠᠯᠢᠬ ᠵᠦᠴᠦᠭᠡ᠎ᠶᠢᠨ ᠬᠦᠷᠢᠶᠡᠯᠡᠩ ᠳ᠋ᠦ  ᠲᠣᠬᠯᠠᠬᠳᠠᠵᠤ᠂ ᠣᠷᠠᠯᠢᠬ ᠲᠣᠬᠯᠠᠯᠲᠠ᠎ᠶᠢ ᠣᠷᠬᠢᠯ ᠳ᠋ᠣᠨᠢ ᠬᠦᠷᠭᠡᠵᠡᠢ᠃

《ᠪᠦᠵᠢᠭᠲᠦ ᠵᠦᠴᠦᠭᠡ 〈ᠵᠣᠣ ᠵᠢᠶᠦᠢ᠍ᠨ〉 ᠨᠢ ᠣᠷᠠᠯᠢᠬ᠎ᠤᠨ ᠦᠨᠳᠦᠷᠴᠡ ᠪᠣᠯᠣᠨ ᠣᠯᠠᠨ ᠲᠦᠮᠡᠨ᠎ᠤ ᠬᠦᠰᠡᠯ ᠰᠡᠳᠬᠢᠯ᠎ᠢ ᠲᠣᠰᠬᠠᠵᠦ᠂ ᠬᠦᠬᠡᠬᠣᠲᠠ᠎ᠶᠢᠨ ᠣᠳᠬ᠎ᠠ ᠣᠷᠠᠯᠢᠬ᠎ᠤᠨ ᠬᠦᠷᠢᠶᠡᠯᠡᠩ ᠪᠦᠯᠬᠦᠮ᠎ᠤᠨ ᠲᠣᠰᠬᠠᠢ ᠮᠡᠷᠭᠡᠵᠢᠯ᠎ᠤᠨ ᠪᠣᠲᠠᠲᠣ ᠬᠦᠴᠦᠨ᠎ᠢ ᠬᠠᠷᠠᠭᠣᠯᠣᠬᠰᠠᠨ ᠪᠦᠭᠡᠳ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ ᠬᠦᠨᠵᠡᠭᠡᠢ ᠠᠭᠣᠯᠬᠣᠨ᠎ᠢ ᠢᠯᠡᠷᠡᠬᠦᠯᠵᠦ᠂ ᠦᠵᠡᠯ ᠰᠠᠨᠠᠭᠠᠴᠢ ᠴᠢᠨᠠᠷ᠂ ᠣᠷᠠᠯᠢᠬᠴᠢ ᠴᠢᠨᠠᠷ  ᠪᠣᠯᠣᠨ ᠰᠣᠨᠢᠷᠬᠠᠯᠲᠣ ᠴᠢᠨᠠᠷ᠎ᠢ ᠪᠦᠷᠢᠲᠦᠬᠦᠯᠦᠭᠰᠡᠨ ᠰᠣᠲᠣᠨ ᠪᠦᠲᠦᠭᠡᠯ ᠪᠣᠯᠵᠠᠢ》 ᠭᠡᠵᠦ ᠲᠣᠮᠲᠠᠲᠣ ᠣᠯᠣᠰ᠎ᠤᠨ ᠲᠣᠬᠯᠠᠯᠲᠠ᠎ᠶᠢᠨ ᠠᠵᠢᠯ ᠲᠦᠷᠦᠯ᠎ᠤᠨ ᠨᠡᠢᠭᠡᠮᠯᠢᠭ᠎ᠤᠨ ᠲᠣᠰᠬᠠᠢ ᠮᠡᠷᠭᠡᠵᠢᠯᠲᠡᠨ ᠶᠠᠷᠢᠵᠦ ᠪᠠᠢᠯ᠎ᠠ᠃

ᠲᠣᠬᠯᠠᠯᠲᠠ᠎ᠶᠢᠨ ᠠᠷᠠᠯᠵᠢᠶᠠᠨ᠎ᠤ ᠴᠣᠬᠯᠠᠭᠠᠨ ᠨᠢ ᠪᠦᠬᠦ ᠣᠯᠣᠰ᠎ᠤᠨ ᠲᠣᠬᠯᠠᠯᠲᠠ᠎ᠶᠢᠨ ᠪᠦᠬᠦ ᠠᠵᠦ ᠦᠢᠯᠡᠰ᠎ᠤᠨ ᠬᠡᠯᠬᠢᠶ᠎ᠡ᠎ᠶᠢ ᠬᠣᠯᠪᠣᠵᠦ᠂ ᠡᠮᠦᠨᠡᠲᠦ ᠣᠮᠠᠷᠠᠲᠣ᠎ᠶᠢᠨ ᠰᠣᠶᠣᠯ᠎ᠤᠨ ᠰᠣᠯᠢᠯᠴᠠᠭ᠎ᠠ᠎ᠶᠢᠨ ᠲᠡᠭᠡᠲᠦ ᠲᠡᠰ᠎ᠤᠨ ᠲᠠᠪᠴᠠᠩ ᠪᠠᠢᠭᠣᠯᠬᠣ ᠪᠡᠷ ᠬᠦᠬᠡᠬᠣᠲᠠ ᠳ᠋ᠦ ᠨᠣᠲᠣᠬᠰᠢᠬᠰᠠᠨ ᠨᠢ ᠬᠦᠬᠡᠬᠣᠲᠠ᠎ᠶᠢᠨ ᠲᠣᠬᠯᠠᠯᠲᠠ᠎ᠶᠢᠨ ᠵᠠᠬ᠎ᠠ ᠲᠡᠯᠭᠡᠬᠦᠷ᠎ᠤᠨ ᠬᠦᠴᠦᠷᠬᠡᠭ ᠪᠣᠲᠠᠲᠣ ᠬᠦᠴᠦᠨ᠎ᠢ ᠬᠠᠷᠠᠭᠣᠯᠣᠬᠰᠠᠨ ᠪᠠᠢᠨ᠎ᠠ᠃

ᠣᠢᠷ᠎ᠠ᠎ᠶᠢᠨ ᠵᠢᠯ ᠡᠴᠡ ᠨᠠᠭᠠᠰᠢ᠂ ᠬᠦᠬᠡᠬᠣᠲᠠ᠎ᠶᠢᠨ ᠬᠢᠨ ᠶᠡᠷᠦᠩᠬᠡᠢ ᠱᠦᠵᠢ ᠰᠢ ᠵᠢᠨ ᠫᠢᠩ᠎ᠤᠨ ᠣᠯᠠᠭᠠᠨᠮᠦᠢ᠍ᠴᠢᠷ᠎ᠤᠨ ᠦᠢᠯᠡᠰ᠎ᠤᠨ ᠬᠦᠭᠵᠢᠯᠲᠡ᠎ᠶᠢᠨ ᠴᠢᠬᠣᠯᠠ ᠵᠢᠭᠠᠪᠣᠷᠢ᠎ᠶᠢᠨ ᠵᠣᠷᠢᠬ ᠰᠠᠨᠠᠭ᠎ᠠ᠎ᠶᠢ ᠬᠦᠨᠵᠡᠭᠡᠢ ᠲᠣᠭᠣᠰᠢᠯᠠᠭᠣᠯᠵᠦ᠂ ᠣᠯᠣᠰ᠎ᠤᠨ ᠦᠮᠴᠢᠯᠡᠯᠲᠦ ᠣᠳᠬ᠎ᠠ ᠣᠷᠠᠯᠢᠬ᠎ᠤᠨ ᠬᠦᠷᠢᠶᠡᠯᠡᠩ ᠪᠦᠯᠬᠦᠮ ᠪᠣᠯᠣᠨ ᠣᠯᠠᠭᠠᠨᠮᠦᠢ᠍ᠴᠢᠷ᠎ᠤᠨ ᠦᠭᠡᠷᠡᠴᠢᠯᠡᠯᠲᠡ ᠬᠦᠭᠵᠢᠯᠲᠡ᠎ᠶᠢᠨ ᠠᠵᠢᠯ᠎ᠢ ᠲᠡᠭᠡᠲᠦ ᠬᠡᠮᠵᠢᠶ᠎ᠡ ᠪᠡᠷ ᠴᠢᠬᠣᠯᠠᠴᠢᠯᠠᠵᠦ᠂ ᠣᠯᠠᠭᠠᠨᠮᠦᠢ᠍ᠴᠢᠷ ᠬᠢᠭᠡᠳ ᠰᠣᠶᠣᠯ ᠵᠢᠭᠣᠯᠴᠢᠯᠠᠯ᠎ᠤᠨ ᠪᠡᠯᠡ ᠣᠷᠣᠭᠣᠯᠣᠯᠲᠠ᠎ᠶᠢᠨ ᠪᠦᠯᠦᠭᠯᠡᠯ᠎ᠤᠨ ᠬᠦᠨᠵᠡᠭᠡᠢ ᠬᠠᠮᠲᠣᠷᠠᠯᠴᠠᠭ᠎ᠠ᠎ᠶᠢ ᠠᠬᠢᠭᠣᠯᠵᠦ᠂ 《ᠣᠯᠠᠨ ᠨᠡᠢᠲᠡ᠎ᠶᠢᠨ ᠠᠰᠠᠷᠠᠮᠵᠢ ᠪᠡᠷ ᠠᠷᠠᠳ ᠲᠦ᠍ ᠠᠰᠢᠬ ᠬᠦᠷᠲᠡᠭᠡᠵᠦ᠂ ᠵᠠᠬ᠎ᠠ ᠲᠡᠯᠭᠡᠬᠦᠷ ᠶ᠋ᠢᠡᠷ ᠴᠢᠲᠠᠮᠵᠢ ᠣᠯᠭᠣᠬᠣ》 ᠣᠨᠴᠠᠯᠢᠬᠲᠦ ᠬᠦᠭᠵᠢᠯᠲᠡ᠎ᠶᠢᠨ ᠵᠠᠮ ᠶ᠋ᠢᠡᠷ ᠵᠠᠮᠨᠠᠵᠦ᠂ ᠰᠣᠶᠣᠯ᠎ᠤᠨ ᠬᠦᠭᠵᠢᠯᠲᠡ᠎ᠶᠢᠨ ᠦᠷ᠎ᠡ ᠪᠦᠲᠦᠭᠡᠯ᠎ᠢ ᠡᠷᠬᠡ ᠲᠡᠭᠰᠢ ᠪᠡᠷ ᠣᠯᠠᠨ ᠲᠦᠮᠡᠨ ᠳ᠋ᠦ ᠠᠰᠢᠬ ᠬᠦᠷᠲᠡᠭᠡᠪᠡ᠃

ᠦᠨᠳᠦᠰᠦᠨ ᠱᠠᠲᠣᠨ ᠳ᠋ᠦ ᠦᠨᠳᠦᠰᠦ ᠬᠠᠳᠬᠣᠵᠦ᠂ ᠰᠣᠶᠣᠯ ᠶ᠋ᠢᠡᠷ ᠠᠷᠠᠳ ᠲᠦᠮᠡᠨ ᠳ᠋ᠦ ᠠᠰᠢᠬ ᠬᠦᠷᠲᠡᠭᠡᠨ᠎ᠡ

ᠲᠠᠯ᠎ᠠ ᠨᠣᠲᠣᠬ ᠲᠡᠬᠢ 《ᠬᠣᠪᠢᠰᠬᠠᠯᠲᠣ ᠣᠳᠬ᠎ᠠ ᠣᠷᠠᠯᠢᠬ᠎ᠤᠨ ᠬᠦᠩᠭᠡᠨ ᠮᠣᠷᠢᠲᠣ ᠴᠡᠷᠢᠭ》 ᠪᠣᠯᠣᠬᠰᠠᠨ᠎ᠤ ᠬᠣᠪᠢ ᠳ᠋ᠦ ᠬᠦᠬᠡᠬᠣᠲᠠ᠎ᠶᠢᠨ ᠣᠯᠠᠭᠠᠨᠮᠦᠢ᠍ᠴᠢᠷ 《ᠨᠢᠭᠡ ᠳ᠋ᠦ ᠮᠡᠷᠭᠡᠰᠢᠵᠦ ᠣᠯᠠᠨ ᠳ᠋ᠦ ᠴᠠᠭᠠᠷᠠᠬᠣ》 ᠠᠮᠢᠲᠣᠯᠢᠬ ᠬᠦᠩᠭᠡᠨ ᠦᠪᠡᠷᠮᠢᠴᠡ ᠲᠠᠪᠠᠭᠣᠯᠢᠬ ᠶ᠋ᠢᠡᠨ ᠪᠠᠲᠠᠷᠠᠭᠣᠯᠵᠦ᠂ ᠬᠣᠲᠠ᠎ᠶᠢᠨ ᠰᠣᠶᠣᠯ ᠵᠢᠭᠣᠯᠴᠢᠯᠠᠯ᠎ᠤᠨ ᠪᠡᠯᠡ ᠣᠷᠣᠭᠣᠯᠣᠯᠲᠠ᠎ᠶᠢᠨ ᠪᠦᠯᠦᠭᠯᠡᠯ᠎ᠤᠨ ᠬᠠᠷᠢᠶ᠎ᠠ ᠭᠣᠷᠪᠠᠨ ᠬᠦᠷᠢᠶᠡᠯᠡᠩ ᠪᠦᠯᠬᠦᠮ ᠲᠠᠢ ᠬᠠᠮᠲᠣᠷᠠᠵᠦ 《ᠨᠠᠮ᠎ᠤᠨ ᠠᠴᠢ ᠳ᠋ᠦ ᠲᠠᠯᠠᠷᠬᠠᠨ》᠂ 《ᠨᠠᠮ᠎ᠤᠨ ᠦᠭᠡ᠎ᠶᠢ ᠰᠣᠨᠣᠰᠴᠣ》᠂ 《 ᠨᠠᠮ ᠶ᠋ᠢᠡᠨ ᠲᠠᠭᠠᠨ ᠣᠷᠣᠬᠰᠢᠯᠠᠬᠣ》᠂ 《ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ》 ᠵᠡᠷᠭᠡ ᠭᠣᠣᠯ ᠰᠡᠲᠦᠪ ᠲᠦ᠍ ᠠᠩᠬᠠᠷᠤᠯ᠎ᠢᠶᠡᠨ ᠲᠦᠪᠯᠡᠷᠡᠬᠦᠯᠦᠨ᠂ ᠬᠦᠲᠡᠭᠡ ᠲᠣᠰᠬᠣᠨ᠂ ᠨᠡᠢᠭᠡᠮ ᠲᠣᠭᠣᠷᠢᠬ᠂ ᠰᠣᠷᠭᠠᠭᠣᠯᠢ᠎ᠶᠢᠨ ᠬᠦᠷᠢᠶ᠎ᠠ᠂ ᠦᠵᠡᠮᠵᠢ᠎ᠶᠢᠨ ᠣᠷᠣᠨ᠂ ᠬᠣᠲᠠᠯᠲᠣᠭ᠎ᠠ ᠲᠣᠭᠣᠷᠢᠬ ᠵᠡᠷᠭᠡ ᠪᠡᠷ ᠬᠦᠨᠵᠡᠭᠡᠢᠷᠡᠨ ᠣᠷᠠᠯᠢᠬ᠎ᠤᠨ ᠲᠠᠢᠰᠠ᠎ᠶᠢ ᠣᠯᠠᠨ ᠲᠦᠮᠡᠨ᠎ᠤ ᠲᠣᠮᠲᠠ ᠪᠠᠢᠭᠣᠯᠣᠬᠰᠠᠨ ᠪᠠᠢᠨ᠎ᠠ᠃

ᠲᠡᠳᠡ ᠵᠢᠯ ᠪᠦᠷᠢ ᠨᠡᠢᠲᠡ 1000 ᠲᠠᠯᠠᠪᠣᠷ ᠠᠷᠠᠳ ᠲᠦ᠍ ᠠᠰᠢᠬ ᠬᠦᠷᠲᠡᠭᠡᠬᠦ ᠲᠣᠬᠯᠠᠯᠲᠠ ᠭᠠᠷᠭᠠᠵᠦ᠂ 《ᠣᠯᠠᠭᠠᠨᠮᠦᠢ᠍ᠴᠢᠷ ᠣᠨᠣᠴᠠᠲᠠᠢ ᠪᠡᠷ ᠠᠷᠠᠳ ᠲᠦ᠍ ᠠᠰᠢᠬ ᠬᠦᠷᠲᠡᠭᠡᠬᠦ᠂ ᠬᠦᠷᠢᠶᠡᠯᠡᠩ ᠪᠦᠯᠬᠦᠮ ᠰᠢᠯᠢᠲᠡᠭ ᠴᠢᠨᠠᠷ᠎ᠤᠨ ᠴᠢᠲᠠᠮᠵᠢ ᠣᠯᠭᠣᠬᠣ》 ᠣᠯᠠᠨ ᠨᠡᠢᠲᠡ᠎ᠶᠢᠨ ᠠᠰᠠᠷᠠᠮᠵᠢ ᠦᠢᠯᠡᠴᠢᠯᠡᠭᠡᠨ᠎ᠤ ᠵᠢᠬᠰᠠᠭᠠᠯ᠎ᠢ ᠬᠠᠮᠲᠣ ᠪᠡᠷ ᠪᠠᠢᠭᠣᠯᠵᠦ᠂ ᠨᠠᠮ᠎ᠤᠨ ᠬᠠᠢᠷ᠎ᠠ ᠬᠠᠯᠠᠮᠵᠢ ᠪᠣᠯᠣᠨ ᠡᠯ᠎ᠡ ᠦᠨᠳᠦᠰᠦᠲᠡᠨ ᠬᠠᠮᠲᠣ ᠪᠡᠷ ᠡᠳ᠋ᠯᠡᠬᠦ ᠲᠣᠮᠲᠠᠲᠣ᠎ᠶᠢᠨ ᠦᠨᠳᠦᠰᠦᠲᠡᠨ᠎ᠤ ᠰᠣᠶᠣᠯ᠎ᠢ ᠣᠯᠠᠨ ᠲᠦᠮᠡᠨ᠎ᠤ ᠲᠣᠮᠲᠠ ᠬᠦᠷᠭᠡᠵᠡᠢ᠃

《ᠡᠳᠡᠭᠡᠷ ᠲᠣᠬᠯᠠᠯᠲᠠ ᠨᠢ ᠭᠡᠬᠡᠨᠴᠢᠷ ᠭᠣᠶᠣ ᠲᠠᠢᠰᠠᠨ᠎ᠤ ᠴᠢᠮᠡᠭᠯᠡᠯ ᠦᠭᠡᠢ ᠪᠣᠯᠪᠠᠴᠣ ᠬᠦᠮᠦᠨ ᠠᠷᠠᠳ᠎ᠤᠨ ᠰᠡᠳᠬᠢᠯ ᠳ᠋ᠦ ᠬᠦᠷᠴᠦ ᠴᠢᠲᠠᠬᠰᠠᠨ》 ᠭᠡᠵᠦ ᠰᠠᠢᠬᠠᠨ ᠲᠣᠭᠣᠷᠢᠬ᠎ᠤᠨ ᠸᠠᠨ ᠵᠢᠨ ᠬᠣᠷᠢᠶᠠᠯᠠᠯ᠎ᠤᠨ ᠯᠢ ᠨᠠᠰᠤᠳᠠᠨ ᠲᠣᠬᠯᠠᠯᠲᠠ ᠦᠵᠡᠬᠦ᠎ᠶᠢᠨ ᠲᠠᠭᠠᠣ ᠪᠠᠶᠠᠷᠯᠠᠬᠰᠠᠨ ᠰᠡᠳᠬᠢᠯ ᠶ᠋ᠢᠡᠨ ᠲᠠᠷᠣᠵᠦ ᠶᠠᠲᠠᠨ ᠶᠠᠷᠢᠵᠦ ᠪᠠᠢᠯ᠎ᠠ᠃

ᠤᠷᠠᠯᠢᠭ᠎ᠤᠨ ᠵᠤᠬᠢᠶᠠᠨ ᠪᠦᠲᠦᠭᠡᠯᠭᠡ᠎ᠶ᠋ᠢ ᠭᠦᠨᠵᠡᠭᠡᠢᠷᠡᠭᠦᠯᠵᠦ᠍᠂ ᠦᠨᠳᠦᠰᠦᠲᠡᠨ᠎ᠤ ᠪᠦᠯᠬᠦᠮᠳᠡᠯ᠎ᠤᠨ ᠦᠯᠢᠭᠡᠷ᠎ᠢ ᠲᠡᠯᠭᠡᠨ᠎ᠡ

ᠬᠥᠬᠡᠬᠤᠲᠠ᠎ᠶ᠋ᠢᠨ ᠤᠯᠠᠭᠠᠨᠮᠥ᠋ᠴᠢᠷ ᠪᠣᠯᠤᠨ ᠬᠤᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ ᠭᠦᠨᠵᠡᠭᠡᠶ ᠠᠭᠤᠰᠤᠯᠴᠠᠵᠤ᠂ ᠨᠢᠭᠡ ᠴᠣᠭ᠍ᠴᠠᠵᠢᠭᠤᠯᠤᠨ ᠠᠬᠢᠭᠤᠯᠵᠤ᠂ ᠬᠤᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ᠎ᠤᠨ ᠬᠠᠷᠢᠶ᠎ᠠ ᠭᠤᠷᠪᠠᠨ ᠶᠡᠭᠡ ᠬᠦᠷᠢᠶᠡᠯᠡᠩ ᠪᠦᠯᠬᠦᠮ᠎ᠢ ᠠᠵᠤ ᠠᠬᠤᠢᠯᠠᠯ ᠪᠣᠯᠭᠠᠨ ᠬᠤᠪᠢᠷᠠᠭᠤᠯᠬᠤ ᠪᠠᠢᠭᠤᠯᠤᠯ᠎ᠤᠨ ᠥᠭᠡᠷᠡᠴᠢᠯᠡᠯᠲᠡ᠎ᠶ᠋ᠢ ᠪᠡᠶᠡᠯᠡᠭᠦᠯᠵᠦ᠍᠂ ᠠᠵᠤ ᠠᠬᠤᠢᠴᠢᠯᠠᠬᠰᠠᠨ ᠬᠠᠮᠢᠶᠠᠷᠤᠯᠲᠠ᠂ ᠠᠵᠢᠯ᠎ᠤᠨ ᠪᠦᠲᠦᠮᠵᠢ᠎ᠶ᠋ᠢᠨ ᠤᠷᠮᠠᠱᠢᠭᠤᠯᠤᠯ᠎ᠢ ᠬᠡᠷᠡᠭ᠌ᠵᠢᠭᠦᠯᠵᠦ᠍᠂ ᠵᠠᠬ᠎ᠠ ᠳᠡᠯᠭᠡᠭᠦᠷᠴᠢᠯᠡᠭ᠌ᠰᠡᠨ ᠡᠵᠡᠩᠨᠡᠯᠲᠡ᠎ᠶ᠋ᠢᠨ ᠲᠠᠪᠴᠠᠩ᠎ᠢ ᠪᠣᠶ ᠪᠣᠯᠭᠠᠵᠤ᠂ 《ᠨᠡᠢᠲᠡ᠎ᠶ᠋ᠢᠨ ᠠᠰᠠᠷᠠᠮᠵᠢ + ᠵᠠᠬ᠎ᠠ ᠳᠡᠯᠭᠡᠭᠦᠷ》 ᠤ᠋ᠨ ᠬᠤᠤᠰ ᠬᠥᠳᠡᠯᠭᠡᠭᠦᠷ ᠪᠣᠯᠭᠠᠪᠠ᠃

ᠲᠡᠳᠡ ᠠᠷᠠᠳ ᠲᠦᠮᠡᠨ᠎ᠢᠶᠠᠷ  ᠭᠤᠣᠯ  ᠪᠣᠯᠭᠠᠭ᠍ᠰᠠᠨ ᠵᠣᠬᠢᠶᠠᠨ ᠪᠦᠲᠦᠭᠡᠬᠦ᠌ ᠤᠳᠤᠷᠢᠳᠤᠮᠵᠢ  ᠶ᠋ᠢ  ᠪᠠᠷᠢᠮᠲᠠᠯᠠᠵᠤ᠂ 《ᠵᠤᠤ ᠵᠢᠶᠦ᠋ᠨ ᠪᠣᠭᠤᠮᠲᠠ᠎ᠶᠢᠨ ᠭᠠᠲᠠᠨ᠎ᠠ ᠮᠣᠷᠲᠠᠬᠰᠠᠨ》᠂ 《ᠲᠠᠯ᠎ᠠ ᠨᠤᠲᠤᠭ᠎ᠤᠨ ᠲᠣᠷᠭᠠᠨ ᠵᠠᠮ》 ᠵᠡᠷᠭᠡ ᠦᠨᠳᠦᠰᠦᠲᠡᠨ᠎ᠨᠦᠭᠦᠳ᠎ᠤᠨ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠬᠠᠮᠲᠣ ᠪᠡᠷ ᠭᠡᠷ ᠣᠷᠣᠨ᠎ᠢᠶᠠᠨ ᠪᠦᠳᠦᠭᠡᠨ ᠪᠠᠢᠭᠤᠯᠣᠬᠰᠠᠨ ᠲᠡᠦᠬᠡ᠎ᠶ᠋ᠢᠨ ᠦᠯᠢᠭᠡᠷ᠎ᠢ ᠭᠦᠨᠵᠡᠭᠡᠢ ᠠᠭᠤᠳᠠᠯᠵᠦ᠂ ᠤᠷᠢᠳ ᠬᠤᠵᠢᠳ 《ᠠᠭᠣᠯᠵᠠᠬᠰᠠᠨ ᠮᠡᠲᠦ》᠂ 《ᠴᠡᠯᠡᠭᠡᠷ ᠲᠠᠯ᠎ᠠ》᠂ 《ᠪᠠᠭ᠎ᠠ ᠨᠠᠰᠤᠨ᠎ᠤ ᠮᠠᠷᠺᠰ》᠂ 《ᠡᠯᠡᠰᠦᠨ ᠴᠦᠯ᠎ᠤᠨ ᠬᠠᠪᠤᠷ》 ᠵᠡᠷᠭᠡ 20 ᠲᠣᠮᠣ ᠬᠡᠯᠪᠡᠷᠢ᠎ᠶ᠋ᠢᠨ ᠵᠦᠴᠦᠭᠡ᠎ᠶ᠋ᠢ ᠵᠣᠬᠢᠶᠠᠨ ᠪᠦᠲᠦᠭᠡᠵᠦ᠍᠂ 《ᠬᠠᠮᠲᠤ᠎ᠶ᠋ᠢᠨ ᠪᠥᠵᠢᠭ》᠂《ᠤᠯᠠᠭᠠᠨᠮᠥ᠋ᠴᠢᠷ᠎ᠤᠨ ᠮᠠᠭ᠍ᠲᠠᠭᠠᠯ》 ᠵᠡᠷᠭᠡ ᠠᠷᠠᠳ᠎ᠤᠨ ᠠᠮᠢᠳᠤᠷᠠᠯ᠎ᠳᠤ ᠣᠢᠷᠠᠲᠤᠭ᠍ᠰᠠᠨ᠂ ᠠᠷᠠᠳ ᠲᠦᠮᠡᠨ᠎ᠤ ᠪᠣᠲᠣᠯ ᠰᠡᠳᠬᠢᠯ᠎ᠢ ᠲᠤᠰᠭᠠᠭ᠍ᠰᠠᠨ 100 ᠭᠠᠷᠣᠢ ᠵᠢᠵᠢᠭ ᠬᠡᠯᠪᠡᠷᠢ᠎ᠶ᠋ᠢᠨ ᠵᠦᠴᠦᠭᠡ (ᠲᠣᠭ᠍ᠯᠠᠯᠲᠠ)᠎ᠶ᠋ᠢ ᠵᠣᠬᠢᠶᠠᠨ ᠪᠦᠲᠦᠭᠡᠪᠡ᠃

ᠪᠦᠯᠦᠭ᠌ᠯᠡᠯ ᠨᠢ ᠳᠥᠷᠪᠡ ᠤᠳᠠᠭ᠎ᠠ ᠳᠤᠮᠳᠠᠳᠤ ᠤᠯᠤᠰ᠎ᠤ᠋ᠨ ᠪᠥᠵᠢᠭ᠎ᠦ᠋ᠨ 《ᠯᠢᠩᠬᠤ᠎ᠠ ᠱᠠᠩᠨᠠᠯ》᠎ᠢ᠋ ᠬᠦᠷᠲᠡᠵᠦ᠍᠂ 3 ᠤᠷᠠᠯᠢᠭ᠍ᠴᠢᠨ ᠨᠢ ᠳᠤᠮᠳᠠᠳᠤ ᠤᠯᠤᠰ᠎ᠤ᠋ᠨ ᠳᠠᠭᠤᠷᠢᠯᠢᠭ᠎ᠤ᠋ᠨ 《ᠲᠡᠷᠢᠭᠦᠯᠡᠭ᠌ᠴᠢ ᠴᠡᠴᠡᠭ ᠱᠠᠩᠨᠠᠯ》᠎ᠢ᠋ ᠲᠣᠰᠴᠣ᠂ 《ᠲᠠᠪᠤᠨ ᠨᠢᠭᠡ᠎ᠶᠢᠨ ᠢᠨᠵᠧᠨᠧᠷᠢᠩ》 ᠤ᠋ᠨ ᠱᠠᠩᠨᠠᠯ᠂ ᠸᠧᠨ ᠬᠤᠸᠠ ᠱᠠᠩᠨᠠᠯ᠂ ᠣᠯᠠᠨ ᠤᠯᠤᠰ᠎ᠤ᠋ᠨ ᠤᠷᠠᠯᠢᠭ᠎ᠤ᠋ᠨ ᠲᠣᠮᠣ ᠱᠠᠩᠨᠠᠯ ᠵᠡᠷᠭᠡ 200 ᠭᠠᠷᠤᠢ ᠲᠦᠷᠦᠯ᠎ᠦ᠋ᠨ ᠤᠯᠤᠰ᠂ ᠮᠣᠵᠢ ᠶᠠᠮᠤᠨ᠎ᠦ ᠳᠡᠰ ᠪᠣᠯᠣᠨ ᠣᠯᠠᠨ ᠤᠯᠤᠰ᠎ᠤ᠋ᠨ ᠢᠷᠠᠭᠤ ᠠᠯᠳᠠᠷ᠎ᠢ᠋ ᠬᠦᠷᠲᠡᠵᠦ᠍᠂ ᠤᠯᠤᠰ᠎ᠤ᠋ᠨ ᠤᠷᠠᠯᠢᠭ᠎ᠤ᠋ᠨ ᠰᠠᠭᠤᠷᠢ ᠮᠥᠩᠭᠥ᠌ ᠵᠡᠷᠭᠡ ᠭᠣᠣᠯᠳᠠᠯᠭ᠎ᠠ ᠲᠠᠢ ᠲᠥᠷᠥᠯ ᠵᠦᠢᠯ᠎ᠳ᠋ᠦ᠍ ᠰᠣᠩᠭᠣᠭ᠍ᠳᠠᠵᠠᠢ᠃

《ᠡᠳᠡᠭᠡᠷ ᠵᠢᠯ᠎ᠤ᠋ᠤᠨ᠎ᠲᠦ᠂ ᠰᠤᠶᠤᠯ᠎ᠤᠨ ᠠᠵᠢᠯᠯᠠᠭ᠎ᠠ ᠰᠢᠭᠣᠳ ᠮᠠᠨ᠎ᠤ ᠳᠡᠷᠭᠡᠳᠡ ᠦᠷᠨᠢᠬᠦ ᠪᠣᠯᠣᠬᠰᠠᠨ᠎ᠢ ᠣᠯᠵᠦ ᠮᠡᠳᠡᠭᠰᠡᠨ᠃ ᠡᠬᠦᠲᠡᠨ ᠡᠮᠦᠨ᠎ᠡ ᠠᠷᠠᠳ᠎ᠲᠤ ᠠᠱᠢᠭ ᠬᠦᠷᠲᠡᠭᠡᠬᠦ᠌ ᠲᠣᠭ᠍ᠯᠠᠯᠲᠠ ᠪᠣᠶᠣ ᠠᠭᠤᠳᠠᠮ ᠲᠠᠯᠠᠪᠠᠢ᠂ ᠦᠵᠡᠮᠵᠢ᠎ᠶ᠋ᠢᠨ ᠣᠷᠣᠨ᠎ᠤ ᠤᠷᠠᠨ ᠰᠠᠢᠬᠠᠨ᠎ᠤ ᠲᠣᠭ᠍ᠯᠠᠯᠲᠠ᠂ ᠠᠯᠢ ᠡᠰᠡᠬᠦᠯ᠎ᠡ ᠵᠦᠴᠦᠭᠡ᠎ᠶ᠋ᠢᠨ ᠲᠠᠯᠠᠪᠠᠢ᠎ᠶ᠋ᠢᠨ ᠡᠯ᠎ᠡ ᠵᠦᠢᠯ᠎ᠤᠨ ᠲᠣᠭ᠍ᠯᠠᠯᠲᠠ ᠭᠡᠰᠡᠨ ᠦᠭᠡᠢ᠂ ᠠᠵᠢᠯᠯᠠᠭ᠎ᠠ ᠤᠯᠠᠰᠢᠷᠠᠵᠦ᠂ ᠠᠭᠤᠯᠭ᠎ᠠ ᠲᠠᠭᠠᠰᠢᠶᠠᠬᠲᠠᠵᠦ᠂ ᠠᠷᠠᠳ ᠤᠯᠠᠨ᠎ᠤ ᠰᠣᠶᠣᠯ᠎ᠤᠨ ᠠᠮᠢᠳᠤᠷᠠᠯ ᠤᠯᠠᠮ᠎ᠠᠴᠠ ᠤᠯᠠᠮ ᠪᠠᠶᠠᠯᠢᠭ᠍ᠵᠢᠬᠰᠠᠨ》 ᠭᠡᠵᠦ᠍  ᠬᠣᠲᠠ᠎ᠶ᠋ᠢᠨ ᠠᠷᠠᠳ ᠦ᠋ ᠠᠪᠤᠭᠠᠢ ᠣᠴᠢᠷᠯᠠᠨ᠎ᠠ᠃

ᠬᠦᠷᠢᠶᠡᠯᠡᠩ ᠪᠦᠯᠬᠦᠮ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠵᠠᠬ᠎ᠠ ᠳᠡᠯᠭᠡᠭᠦᠷ᠎ᠤᠨ ᠬᠥᠳᠡᠯᠭᠡᠬᠦ᠌  ᠬᠦᠴᠦᠨ᠎ᠢ ᠬᠥᠭ᠌ᠵᠢᠭᠡᠪᠠ

ᠬᠥᠬᠡᠬᠣᠲᠠ᠎ᠶᠢᠨ ᠰᠣᠶᠣᠯ ᠵᠢᠭᠤᠯᠴᠢᠯᠠᠯ᠎ᠤ᠋ᠨ ᠪᠡᠯᠡ ᠣᠷᠣᠭᠤᠯᠤᠯᠲᠠ᠎ᠶᠢᠨ ᠪᠦᠯᠦᠭ᠌ᠯᠡᠯ ᠨᠢ ᠵᠠᠬ᠎ᠠ ᠳᠡᠯᠭᠡᠭᠦᠷᠴᠢᠯᠡᠯᠲᠡ᠎ᠪᠡᠷ ᠤᠳᠤᠷᠢᠳᠤᠮᠵᠢ ᠪᠣᠯᠭᠠᠵᠤ᠂ ᠤᠳᠭ᠎ᠠ ᠤᠷᠠᠯᠢᠭ᠎ᠤ᠋ᠨ ᠰᠣᠳᠣᠨ ᠪᠦᠲᠦᠭᠡᠯ᠎ᠢ᠋ 《ᠭᠠᠳᠠᠭ᠍ᠱᠢ ᠭᠠᠷᠭᠠᠬᠤ》᠎ᠶ᠋ᠢ ᠶᠡᠬᠡ ᠪᠡᠷ ᠠᠬᠢᠭᠤᠯᠵᠤ᠂ ᠣᠯᠠᠨ ᠵᠦᠢᠯ᠎ᠦ᠋ᠨ ᠬᠡᠯᠪᠡᠷᠢ ᠮᠠᠶᠢᠬ᠎ᠤ᠋ᠨ ᠰᠣᠯᠢᠯᠴᠠᠭᠠᠨ᠎ᠤ᠋ ᠠᠵᠢᠯᠯᠠᠭ᠎ᠠ ᠥᠷᠨᠢᠭᠦᠯᠵᠦ᠍᠂ ᠡᠯ᠎ᠡ ᠦᠨᠳᠦᠰᠦᠲᠡᠨ᠎ᠦ᠌ ᠬᠠᠮᠲᠤ ᠪᠠᠷ ᠡᠳ᠋ᠯᠡᠬᠦ᠌  ᠳᠤᠮᠳᠠᠳᠤ᠎ᠶᠢᠨ ᠰᠣᠶᠣᠯ᠎ᠢ᠋  ᠤᠯᠠᠮᠵᠢᠯᠠᠨ ᠳᠡᠯᠭᠡᠷᠡᠭᠦᠯᠦᠭᠰᠡᠨ ᠪᠠᠢᠨ᠎ᠠ᠃

ᠪᠦᠯᠦᠭ᠌ᠯᠡᠯ᠎ᠤᠨ᠎ᠬᠢᠨ ᠤᠳᠭ᠎ᠠ ᠤᠷᠠᠯᠢᠭ᠎ᠤᠨ ᠵᠢᠵᠢᠭ ᠲᠣᠭᠣᠢᠯᠠᠩ᠎ᠢ ᠵᠣᠬᠢᠶᠠᠨ ᠪᠠᠢᠭᠤᠯᠵᠤ᠂ ᠪᠦᠬᠦ᠌ ᠤᠯᠤᠰ᠎ᠤᠨ ᠡᠯ᠎ᠡ ᠭᠠᠵᠠᠷ᠎ᠲᠤ ᠬᠦᠷᠴᠦ 30 ᠭᠠᠷᠤᠶ ᠲᠠᠯᠠᠪᠤᠷ ᠤᠷᠠᠨ ᠰᠠᠢᠬᠠᠨ᠎ᠤ ᠲᠤᠭᠯᠠᠯᠳᠠ ᠵᠢᠨ ᠠᠵᠢᠯᠯᠠᠭ᠎ᠠ ᠥᠷᠨᠢᠭᠦᠯᠵᠦ᠍᠂ 《ᠠᠭᠣᠯᠵᠠᠬᠰᠠᠨ ᠮᠡᠲᠦ》᠂ 《ᠵᠤᠤ ᠵᠢᠶᠦ᠋ᠨ》᠂ 《ᠲᠡᠮᠡᠭᠡᠨ ᠵᠢᠩ》 ᠵᠡᠷᠭᠡ ᠪᠥᠵᠢᠭᠲᠦ ᠵᠦᠴᠦᠭᠡ᠎ᠶ᠋ᠢ ᠤᠯᠤᠰ᠎ᠤᠨ ᠳᠣᠲᠣᠭᠠᠳᠤ ᠭᠠᠳᠠᠭᠠᠳᠤ ᠳ᠋ᠦ 200 ᠭᠠᠷᠣᠢ ᠲᠠᠯᠠᠪᠣᠷ ᠲᠣᠭᠤᠷᠢᠨ ᠲᠣᠭ᠍ᠯᠠᠵᠦ᠂ 《ᠳ᠋ᠦᠸᠸ ᠰᠦᠩ ᠨᠢᠶᠠᠨ》᠂ 《ᠯᠢᠦ ᠬᠤᠩ ᠱᠢᠶᠦ᠋ᠩ》᠂ 《ᠲᠠᠯᠠᠨ ᠬᠠᠷ᠎ᠠ᠎ᠶᠢᠨ ᠵᠣᠷᠢᠬᠲᠣ ᠪᠠᠭᠠᠲᠤᠷ》 ᠵᠡᠷᠭᠡ ᠬᠤᠪᠢᠰᠭᠠᠯᠲᠤ ᠵᠦᠴᠦᠭᠡ᠎ᠶ᠋ᠢ ᠪᠦᠬᠦ᠌ ᠤᠯᠤᠰ᠎ᠲᠤ 20 ᠭᠠᠷᠤᠢ ᠤᠳᠠᠭ᠎ᠠ ᠲᠣᠬᠯᠠᠨ ᠦᠵᠡᠭᠦᠯᠵᠦ᠍᠂ ᠤᠷᠠᠯᠢᠭ᠎ᠢᠶᠠᠷ ᠵᠠᠭᠤᠴᠢ ᠪᠣᠯᠭᠠᠵᠤ᠂ ᠬᠥᠬᠡᠬᠤᠲᠠ ᠬᠢᠭᠡᠳ ᠪᠦᠬᠦ᠌ ᠤᠯᠤᠰ᠎ᠤᠨ ᠡᠯ᠎ᠡ ᠭᠠᠵᠠᠷ᠎ᠤᠨ ᠦᠨᠳᠦᠰᠦᠲᠡᠨ᠎ᠨᠦᠭᠦᠳ᠎ᠤᠨ ᠰᠣᠶᠣᠯ᠎ᠤᠨ ᠰᠣᠯᠢᠯᠴᠠᠭ᠎ᠠ ᠲᠣᠯᠢᠯᠠᠯ᠎ᠤᠨ ᠬᠥᠭᠦᠷᠭᠡ ᠬᠣᠯᠪᠣᠭᠠᠰᠣ᠎ᠶ᠋ᠢ ᠪᠠᠢᠭᠤᠯᠵᠠᠶ᠃

《ᠡᠨᠡ ᠤᠳᠠᠭ᠎ᠠ ᠬᠥᠬᠡᠬᠤᠲᠠ᠎ᠳᠤ ᠢᠷᠡᠭᠡᠳ ᠲᠣᠭ᠍ᠯᠠᠯᠲᠠ᠎ᠶ᠋ᠢᠨ ᠴᠤᠭ᠍ᠯᠠᠭᠠᠨ᠎ᠳᠤ ᠣᠷᠣᠯᠴᠠᠵᠤ᠂ ᠥᠨᠳᠥᠷ ᠲᠦᠪᠱᠢᠨ᠎ᠲᠠᠢ ᠤᠷᠠᠨ ᠰᠠᠢᠬᠠᠨ᠎ᠤ ᠲᠣᠭ᠍ᠯᠠᠯᠲᠠ ᠰᠣᠨᠢᠷᠬᠠᠭ᠍ᠰᠠᠨ᠎ᠢᠶᠠᠷ ᠪᠠᠷᠠᠬᠤ ᠦᠭᠡᠢ ᠭᠦᠨ ᠵᠤᠵᠠᠭᠠᠨ ᠰᠣᠶᠣᠯ᠎ᠤᠨ ᠠᠭᠤᠷ ᠠᠮᠢᠰᠭᠤᠯ ᠪᠣᠯᠤᠨ ᠥᠷᠨᠢᠭᠦᠨ ᠵᠢᠪᠬᠣᠭᠠᠯᠢᠬ ᠰᠣᠶᠣᠯ ᠵᠢᠭᠤᠯᠴᠢᠯᠠᠯ᠎ᠤᠨ ᠠᠮᠢᠵᠢᠷᠠᠯ᠎ᠤᠨ ᠬᠦᠴᠦᠨ᠎ᠢ ᠮᠡᠳᠡᠷᠡᠵᠦ᠍᠂ ᠤᠳᠭ᠎ᠠ ᠤᠷᠠᠯᠢᠭ᠎ᠤᠨ ᠠᠵᠤ ᠦᠢᠯᠡᠰ᠎ᠤᠨ ᠬᠥᠭ᠌ᠵᠢᠯᠲᠡ᠎ᠶ᠋ᠢᠨ ᠢᠷᠡᠭᠡᠳᠦᠢ ᠰᠠᠷᠠᠭᠣᠯ ᠲᠠᠷᠲᠠᠩ ᠭᠡᠰᠡᠨ᠎ᠢ ᠣᠯᠵᠦ ᠬᠠᠷᠠᠬᠰᠠᠨ》 ᠭᠡᠵᠦ᠍ ᠴᠤᠭᠯᠠᠭᠠᠨ᠎ᠳᠤ ᠣᠷᠣᠯᠴᠠᠭ᠍ᠰᠠᠨ ᠵᠣᠴᠢᠳ ᠬᠥᠬᠡᠬᠤᠲᠠ᠎ᠶᠢᠨ ᠰᠠᠭᠤᠭ᠍ᠳᠠᠯ᠎ᠤᠨ ᠲᠣᠬᠠᠢ ᠦᠬᠦᠯᠡᠬᠦ ᠳ᠋ᠡᠭᠡᠨ ᠶᠠᠷᠢᠵᠦ ᠪᠠᠢᠯ᠎ᠠ᠃

ᠡᠢᠮᠦᠷᠬᠦᠦ ᠰᠣᠶᠣᠯ᠎ᠤᠨ ᠷᠢᠳᠢ ᠱᠢᠳᠢ ᠪᠣᠯ ᠬᠥᠬᠡᠬᠤᠲᠠ᠎ᠶ᠋ᠢᠨ ᠣᠳᠬ᠎ᠠ ᠣᠷᠠᠯᠢᠬ᠎ᠤᠨ ᠬᠦᠷᠢᠶᠡᠯᠡᠩ ᠪᠦᠯᠬᠦᠮ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠰᠣᠶᠣᠯ ᠵᠢᠭᠤᠯᠴᠢᠯᠠᠯ᠎ᠤᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠤᠭ᠍ᠰᠠᠨ ᠠᠮᠢᠳᠤᠯᠢᠭ ᠢᠯᠡᠷᠡᠯ ᠪᠣᠯᠬᠣ ᠶᠣᠮ᠃

ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠶ᠋ᠢ ᠠᠭᠤᠰᠤᠯᠴᠠᠭᠤᠯᠵᠤ᠂ ᠣᠨᠴᠠᠯᠢᠭ᠍ᠲᠤ ᠰᠣᠶᠣᠯ᠎ᠤᠨ ᠨᠡᠷᠡᠲᠦ ᠲᠡᠮᠳᠡᠭ᠎ᠢ ᠡᠭᠦᠳᠦᠨ᠎ᠡ

ᠬᠥᠬᠡᠬᠤᠲᠠ᠎ᠶ᠋ᠢᠨ ᠤᠯᠠᠭᠠᠨᠮᠥ᠋ᠴᠢᠷ ᠤᠯᠠᠮᠵᠢᠯᠠᠯᠲᠤ ᠰᠣᠶᠣᠯ ᠪᠠ ᠵᠢᠭᠤᠯᠴᠢᠯᠠᠯ᠎ᠤᠨ ᠠᠭᠤᠰᠤᠯᠴᠠᠨ ᠬᠥᠭ᠌ᠵᠢᠬᠦ᠌᠎ᠶ᠋ᠢ ᠢᠳᠡᠪᠬᠢᠲᠡᠶ ᠠᠬᠢᠭᠤᠯᠵᠤ᠂ 《ᠪᠠᠶᠠᠰᠣᠯᠲᠣᠨ ᠨᠠᠷᠬᠢᠯᠲᠣᠬᠣ ᠴᠡᠯᠡᠭᠡᠷ ᠲᠠᠯ᠎ᠠ》 ᠪᠣᠳᠠᠲᠤ ᠦᠵᠡᠭᠲᠡᠯᠲᠦ ᠲᠣᠭ᠍ᠯᠠᠯᠲᠠ ᠤᠷᠠᠯᠢᠭ᠎ᠢ ᠨᠠᠷᠢᠨ ᠨᠢᠮᠪᠠᠶ ᠲᠦᠰᠦᠪᠯᠡᠨ ᠪᠣᠢ ᠪᠣᠯᠭᠠᠵᠦ᠂ 《ᠲᠣᠭ᠍ᠯᠠᠬᠣ + ᠵᠢᠭᠣᠯᠴᠢᠯᠠᠬᠣ》 ᠰᠣᠨᠢᠷᠬᠠᠬᠣ ᠪᠠ ᠬᠣᠷᠰᠢᠯᠴᠠᠯ ᠬᠠᠷᠢᠯᠴᠠᠨ ᠠᠭᠤᠰᠤᠯᠴᠠᠭ᠍ᠰᠠᠨ ᠵᠠᠭ᠍ᠪᠤᠷ᠎ᠢᠶᠠᠷ ᠪᠥᠬᠦ᠌ ᠤᠯᠤᠰ᠎ᠤᠨ ᠵᠢᠭᠤᠯᠴᠢᠯᠠᠭ᠍ᠰᠠᠳ᠎ᠲᠤ ᠭᠠᠵᠠᠷ ᠣᠷᠣᠨ᠎ᠤ ᠣᠨᠴᠠᠯᠢᠭ᠎ᠢ ᠳᠡᠯᠭᠡᠨ ᠦᠵᠡᠭᠦᠯᠵᠦ᠍᠂ ᠰᠦᠯᠵᠢᠶᠡᠨ ᠭᠠᠳᠠᠨᠠᠬᠢ ᠲᠣᠭ᠍ᠯᠠᠯᠲᠠ ᠰᠣᠨᠢᠷᠬᠠᠬᠰᠠᠨ ᠨᠢ 20 ᠲᠦᠮᠡᠨ ᠬᠥᠮᠦᠨ ᠤᠳᠠᠭ᠎ᠠ᠂ ᠰᠦᠯᠵᠢᠶᠡᠨ ᠳᠡᠭᠡᠷᠡᠬᠢ ᠲᠠᠮᠵᠢᠭᠣᠯᠣᠨ ᠲᠠᠷᠬᠠᠭᠠᠬᠰᠠᠨ ᠬᠡᠮᠵᠢᠶ᠎ᠡ 10 ᠲᠦᠮᠡᠨ ᠤᠳᠠᠭ᠎ᠠ᠎ᠶᠢ ᠳᠠᠪᠠᠵᠠᠶ᠃

《ᠬᠦᠷᠢᠶᠡᠯᠡᠩ ᠪᠦᠯᠬᠦᠮ + ᠺᠣᠮᠫᠠᠨᠢ》᠂ 《ᠨᠡᠢᠲᠡ᠎ᠶ᠋ᠢᠨ ᠠᠰᠠᠷᠠᠮᠵᠢ + ᠵᠠᠬ᠎ᠠ ᠳᠡᠯᠭᠡᠭᠦᠷ》 ᠤ᠋ᠨ ᠬᠤᠣᠰ ᠵᠠᠭ᠍ᠪᠤᠷ᠎ᠤᠨ ᠲᠦᠯᠦᠪᠰᠢᠷᠡᠯ ᠳᠣᠣᠷ᠎ᠠ ᠬᠥᠬᠡᠬᠤᠲᠠ᠎ᠶ᠋ᠢᠨ ᠤᠯᠠᠭᠠᠨᠮᠥ᠋ᠴᠢᠷ᠎ᠨᠢ ᠬᠤᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ᠎ᠤᠨ ᠵᠠᠬ᠎ᠠ ᠳᠡᠯᠭᠡᠭᠦᠷᠴᠢᠯᠡᠭ᠌ᠰᠡᠨ ᠡᠵᠡᠩᠨᠡᠯᠲᠡ᠎ᠶ᠋ᠢᠨ ᠡᠬᠢ ᠪᠠᠶᠠᠯᠢᠭ᠎ᠲᠤ ᠲᠦᠱᠢᠭ᠌ᠯᠡᠨ᠂ ᠨᠡᠢᠲᠡ᠎ᠶ᠋ᠢᠨ ᠠᠰᠠᠷᠠᠮᠵᠢ᠎ᠶ᠋ᠢᠨ ᠦᠢᠯᠡᠴᠢᠯᠡᠭᠡ ᠪᠠ ᠰᠣᠶᠣᠯ ᠵᠢᠭᠤᠯᠴᠢᠯᠠᠯ᠎ᠤᠨ ᠲᠦᠷᠦᠯ ᠵᠦᠢᠯ᠎ᠢ ᠣᠷᠭᠠᠨᠢᠭ᠎ᠢᠶᠠᠷ ᠤᠶᠠᠯᠳᠤᠭᠤᠯᠵᠤ᠂ 《ᠪᠠᠶᠠᠰᠣᠯᠲᠣᠨ ᠨᠠᠷᠬᠢᠯᠲᠣᠬᠣ ᠴᠡᠯᠡᠭᠡᠷ ᠲᠠᠯ᠎ᠠ》 ᠶ᠋ᠢ ᠤᠯᠠᠭᠠᠨᠮᠥ᠋ᠴᠢᠷ᠎ᠤᠨ ᠬᠤᠪᠢᠰᠭᠠᠯᠲᠤ ᠤᠳᠭ᠎ᠠ ᠤᠷᠠᠯᠢᠭ᠎ᠤᠨ ᠥᠩᠭᠡ ᠪᠣᠲᠣᠬ᠎ᠲᠠᠢ ᠪᠦᠭᠡᠳ ᠵᠠᠬ᠎ᠠ ᠳᠡᠯᠭᠡᠭᠦᠷ᠎ᠤᠨ ᠠᠮᠢᠵᠢᠷᠠᠯ᠎ᠤᠨ ᠬᠦᠴᠦᠨ ᠪᠣᠯᠣᠨ ᠦᠷᠭᠦᠯᠵᠢᠯᠡᠬᠦ᠌ ᠡᠵᠡᠩᠨᠡᠯᠲᠡ᠎ᠶ᠋ᠢᠨ ᠴᠢᠳᠠᠪᠤᠷᠢ ᠲᠠᠢ  ᠪᠣᠯᠭᠠᠨ ᠪᠦᠷᠢᠯᠲᠦᠬᠦᠯᠦᠭᠰᠡᠨ ᠪᠠᠢᠨ᠎ᠠ᠃

ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠰᠢᠨ᠎ᠡ᠎ᠶᠢ ᠡᠬᠦᠳᠬᠦ᠎ᠡᠴᠡ ᠠᠪᠤᠭᠠᠳ ᠳᠥᠷᠪᠡᠨ ᠤᠯᠠᠷᠢᠯ᠎ᠤᠨ ᠲᠣᠷᠰᠢ ᠠᠷᠠᠳ᠎ᠲᠤ᠌ ᠠᠰᠢᠬ ᠬᠦᠷᠲᠡᠭᠡᠬᠦ᠌ ᠰᠣᠶᠣᠯ᠎ᠤ᠋ᠨ ᠦᠪᠡᠳᠡᠭ᠌ᠱᠢ ᠳᠠᠢᠯᠠᠯᠭ᠎ᠠ ᠬᠦᠷᠲᠡᠯ᠎ᠡ; ᠥᠪᠡᠷᠮᠢᠴᠡ ᠣᠨᠴᠠᠯᠢᠭ᠎ᠲᠠᠢ ᠬᠣᠲᠠ᠎ᠶᠢᠨ ᠨᠠᠭᠠᠳᠤᠮ ᠡᠴᠡ ᠬᠥᠬᠡᠬᠣᠲᠠ᠎ᠶᠢᠨ ᠳᠠᠭᠤᠤ ᠬᠥᠭ᠌ᠵᠢᠮ᠎ᠦ᠋ᠨ ᠨᠠᠢᠷ ᠬᠦᠷᠲᠡᠯ᠎ᠡ; ᠵᠦᠴᠦᠭᠡ᠎ᠶᠢᠨ ᠬᠦᠷᠢᠶᠡᠯᠡᠩ᠎ᠦ᠋ᠨ ᠰᠣᠳᠣᠨ ᠲᠣᠬᠯᠠᠯᠲᠠ᠎ᠡᠴᠡ ᠣᠯᠠᠨ ᠲᠦᠮᠡᠨ᠎ᠦ᠌ ᠲᠣᠮᠲᠠᠬᠢ 《ᠵᠢᠵᠢᠭ ᠮᠥᠷᠲᠡᠭᠡᠨ ᠭᠣᠶᠣ》 ᠦᠢᠯᠡᠳᠦᠯᠭᠡ ᠬᠦᠷᠲᠡᠯ᠎ᠡ ᠬᠥᠬᠡᠬᠤᠲᠠ ᠶᠠᠭ ᠰᠠᠢᠬᠠᠨ 《ᠤᠯᠠᠷᠢᠯ  ᠪᠣᠯᠭᠠᠨ ᠭᠤᠣᠯ ᠰᠡᠳᠦᠪ ᠎ᠲᠠᠢ᠂ ᠰᠠᠷ᠎ᠠ ᠪᠦᠷᠢ ᠠᠵᠢᠯᠯᠠᠭ᠎ᠠ᠎ᠲᠠᠢ᠂ ᠪᠦᠬᠦ᠌ ᠣᠷᠣᠨ ᠪᠦᠰᠡ ᠭᠤᠢᠳᠠ ᠰᠠᠢᠬᠠᠨ》 ᠭᠡᠬᠦ ᠰᠣᠶᠣᠯ᠎ᠦᠨ ᠪᠠᠢᠷᠢᠱᠢᠭᠤᠯᠤᠯᠲᠠ᠎ᠪᠠᠷ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ ᠎ᠢ 《ᠠᠮᠢᠯᠠᠭᠤᠯᠵᠤ》᠂ ᠤᠯᠠᠨ ᠲᠦᠮᠡᠨ᠎ᠤ ᠰᠣᠶᠣᠯ᠎ᠤᠨ ᠠᠮᠢᠳᠤᠷᠠᠯ᠎ᠢ 《ᠬᠦᠭᠵᠢᠭᠡᠨ》᠂ ᠰᠣᠶᠣᠯ ᠵᠢᠭᠤᠴᠢᠯᠠᠯ ᠎ᠢ ᠠᠭᠤᠰᠤᠯᠴᠠᠭᠤᠯᠤᠨ ᠬᠥᠭ᠌ᠵᠢᠭᠦᠯᠵᠦ᠂ ᠴᠡᠯᠡᠭᠡᠷ ᠲᠠᠯ᠎ᠠ᠎ᠶᠢᠨ ᠦᠷᠦᠴᠡᠨ ᠳ᠋ᠦ ᠰᠣᠶᠣᠯ᠎ᠢᠶᠠᠷ ᠠᠷᠠᠳ᠎ᠲᠤ ᠠᠱᠢᠭ ᠬᠦᠷᠲᠡᠭᠡᠬᠦ᠂ ᠰᠣᠶᠣᠯ᠎ᠢᠶᠠᠷ ᠬᠤᠳᠠ᠎ᠪᠠᠨ ᠮᠠᠨᠳᠤᠭᠤᠯᠬᠤ  ᠰᠠᠢᠨ ᠰᠠᠢᠬᠠᠨ ᠬᠠᠭᠤᠳᠠᠰᠤ᠎ᠶ᠋ᠢ ᠵᠢᠷᠤᠭ᠍ᠯᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号