ᠥᠪᠥᠷ ᠮᠣᠩᠭᠣᠯ ᠤ᠋ᠨ ᠡᠨᠧᠷᠭᠢ ᠶ᠋ᠢᠨ ᠪᠦᠯᠦᠭ᠌ᠯᠡᠯ ᠤ᠋ᠨ ᠪᠤᠭᠤᠲᠤ ᠶ᠋ᠢᠨ ᠱᠢᠭᠤᠢᠲᠤ ᠴᠠᠬᠢᠯᠭᠠᠨ ᠭᠠᠷᠭᠠᠬᠤ ᠬᠢᠵᠠᠭᠠᠷᠲᠤ ᠺᠣᠮᠫᠠᠨᠢ ᠶ᠋ᠢᠨ ᠬᠤᠷᠠᠯ ᠤ᠋ᠨ ᠭᠡᠷ ᠲᠦ᠍᠂ ᠳᠠᠭᠠᠭᠠᠴᠢᠯᠠᠯᠲᠠ ᠵᠠᠷᠯᠠᠬᠤ ᠠᠵᠢᠯ ᠤ᠋ᠨ ᠬᠠᠷᠢᠭᠤᠴᠠᠯᠭᠠᠲᠠᠨ ᠵᠢᠶᠠᠩ ᠵᠧ ᠬᠡᠳᠦᠨ ᠵᠠᠭᠤᠨ ᠬᠠᠭᠤᠳᠠᠰᠤ ᠪᠦᠬᠦᠢ 《ᠶᠡᠷᠦᠩᠬᠡᠶ ᠳᠠᠭᠠᠭᠠᠴᠢᠯᠠᠯᠲᠠ ᠶ᠋ᠢᠨ ᠢᠨᠵᠧᠨᠧᠷᠢᠩ ᠤ᠋ᠨ ᠳᠠᠭᠠᠭᠠᠴᠢᠯᠠᠯᠲᠠ ᠵᠠᠷᠯᠠᠬᠤ ᠪᠢᠴᠢᠭ ᠮᠠᠲ᠋ᠧᠷᠢᠶᠠᠯ》 ᠢ᠋ ᠺᠤᠮᠫᠢᠦ᠋ᠲᠸᠷ ᠲᠠᠭᠠᠨ ᠤᠷᠤᠭᠤᠯᠵᠦ᠂ 《ᠳᠠᠭᠠᠭᠠᠴᠢᠯᠠᠯᠲᠠ ᠵᠠᠷᠯᠠᠬᠤ ᠪᠢᠴᠢᠭ ᠮᠠᠲ᠋ᠧᠷᠢᠶᠠᠯ ᠢ᠋ ᠦᠪᠡᠰᠦᠪᠠᠨ ᠬᠢᠨᠠᠨ ᠪᠠᠢᠴᠠᠭᠠᠬᠤ ᠱᠢᠰᠲ᠋ᠧᠮ》 ᠳ᠋ᠤ ᠲᠠᠮᠵᠢᠭᠤᠯᠬᠤ ᠳ᠋ᠤ᠂ 7 ᠮᠢᠨᠦ᠋ᠲᠤᠨ ᠬᠢᠨᠢ ᠲᠠᠷᠠᠭ᠎ᠠ ᠲᠠᠷᠤᠢ ᠲᠣᠳᠣᠷᠬᠠᠢᠯᠠᠯᠲᠠ ᠲᠤᠳᠤ᠂ ᠲᠦᠭ᠌ᠰᠢᠭᠦᠷᠢ ᠶ᠋ᠢᠨ ᠳᠡᠰ ᠲᠣᠳᠣᠷᠬᠠᠢ᠂ ᠪᠦᠲᠦᠴᠡ ᠨᠢ ᠪᠦᠷᠢᠨ ᠨᠢᠭᠡᠨ ᠬᠤᠪᠢ ᠬᠢᠨᠠᠨ ᠪᠠᠢᠴᠠᠭᠠᠯᠲᠠ ᠶ᠋ᠢᠨ ᠮᠡᠳᠡᠭᠦᠯᠦᠯᠲᠡ ᠲᠠᠬᠦᠨᠤ ᠬᠠᠷᠠᠭᠠᠨᠳᠤ ᠲᠤᠳᠤᠷᠠᠪᠠ ᠃
ᠡᠨᠡ ᠪᠤᠯ ᠥᠪᠥᠷ ᠮᠣᠩᠭᠣᠯ ᠤ᠋ᠨ 《ᠵᠣᠬᠢᠶᠠᠮᠠᠯ ᠣᠶᠤᠨ ᠴᠢᠳᠠᠪᠤᠷᠢ + ᠳᠠᠭᠠᠭᠠᠴᠢᠯᠠᠯᠲᠠ ᠵᠠᠷᠯᠠᠬᠤ》 ᠵᠢ ᠪᠥᠬᠥ᠌ ᠲᠠᠯ᠎ᠠ ᠪᠡᠷ ᠬᠡᠷᠡᠭ᠌ᠵᠢᠭᠦᠯᠦᠭ᠌ᠰᠡᠨ ᠠᠮᠢᠳᠤᠯᠢᠭ ᠪᠤᠳᠠᠳᠠᠢ ᠬᠤᠷᠢᠶᠠᠩᠭᠤᠶ ᠳᠦᠷᠰᠦ ᠪᠣᠯᠤᠨ᠎ᠠ᠃ 《ᠬᠥᠮᠦᠨᠵᠢᠡᠷ ᠵᠠᠰᠠᠬᠤ 》 ᠡᠴᠡ 《ᠲᠣᠭᠠᠴᠢᠯᠠᠯᠲᠠᠪᠡᠷ ᠵᠠᠰᠠᠬᠤ》 ᠬᠦᠷᠲᠡᠯ᠎ᠡ᠂ AI ᠮᠡᠷᠭᠡᠵᠢᠯ ᠢ᠋ᠶ᠋ᠡᠷ ᠬᠦᠮᠦᠨ ᠤ᠋ ᠬᠦᠴᠦ ᠵᠢ ᠤᠷᠤᠯᠠᠭᠤᠯᠤᠬᠰᠠᠨ ᠭᠦᠨᠵᠡᠭᠡᠢ ᠬᠤᠪᠢᠰᠤᠯᠲᠠ ᠶᠠᠭ ᠥᠪᠥᠷ ᠮᠣᠩᠭᠣᠯ ᠤ᠋ᠨ ᠤᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶᠠᠨ ᠤ᠋ ᠬᠦᠷᠢᠶᠡᠨ ᠳ᠋ᠤ ᠲᠦᠷᠭᠡᠨ ᠠᠬᠢᠵᠤ ᠪᠤᠢ᠃
ᠳᠠᠭᠠᠭᠠᠴᠢᠯᠠᠯᠲᠠ ᠵᠠᠷᠯᠠᠬᠤ ᠡᠴᠡ ᠡᠮᠦᠨᠡᠬᠢ 《AI ᠬᠢᠨᠠᠨ ᠪᠠᠢᠴᠠᠭᠠᠯᠲᠠ 》 ᠨᠢ ᠳᠠᠯᠳᠠ ᠴᠢᠨᠠᠷᠳᠠᠢ ᠪᠡᠬᠢᠯᠡᠯᠲᠡ ᠵᠢ ᠡᠪᠳᠡᠪᠠ
ᠥᠪᠡᠷᠲᠡᠭᠡᠨ ᠵᠠᠰᠠᠬᠤ ᠣᠷᠣᠨ ᠤ᠋ ᠣᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶᠠᠨ ᠤ᠋ ᠲᠥᠪ ᠤ᠋ᠨ ᠦᠶ᠋ᠯᠡᠴᠢᠯᠡᠭᠡᠨ ᠤ᠋ ᠲᠢᠩᠬᠢᠮ ᠳ᠋ᠤ᠂ ᠨᠢᠭᠡᠨ ᠪᠠᠷᠢᠯᠭ᠎ᠠ ᠶ᠋ᠢᠨ ᠠᠵᠤ ᠠᠬᠤᠢᠯᠠᠯ ᠤ᠋ᠨ ᠳᠠᠭᠠᠭᠠᠴᠢᠯᠠᠯᠲᠠ ᠬᠦᠯᠢᠶᠡᠬᠦ᠌ ᠠᠵᠢᠯ ᠤ᠋ᠨ ᠬᠠᠷᠢᠭᠤᠴᠠᠯᠭᠠᠲᠠᠨ ᠳ᠋ᠢᠩ ᠮᠸᠩ ᠶᠢᠩ᠄ 《ᠣᠲᠣ AI ᠵᠢᠨ ᠭᠤᠤᠯᠴᠢ ᠴᠢᠨᠠᠷᠲᠠᠢ ᠬᠢᠨᠠᠨ ᠪᠠᠢᠴᠠᠭᠠᠯᠲᠠ ᠪᠠᠢᠳᠠᠭ ᠪᠤᠯᠬᠤᠷ᠂ ᠪᠢᠳᠡ ᠪᠠᠰᠠ ᠳᠠᠭᠠᠭᠠᠴᠢᠯᠠᠯᠲᠠ ᠬᠦᠯᠢᠶᠡᠬᠦ᠌ ᠡᠴᠡ ᠡᠮᠦᠨ᠎ᠡ ᠨᠢᠭᠡ ᠤᠳᠠᠭ᠎ᠠ ᠱᠢᠰᠲ᠋ᠧᠮ ᠳ᠋ᠤ ᠤᠷᠤᠭᠤᠯᠤᠨ ᠬᠢᠨᠠᠨ ᠪᠠᠢᠴᠠᠭᠠᠯᠲᠠ ᠬᠢᠯᠭᠡᠵᠦ᠂ ᠨᠡᠨᠭ ᠰᠠᠨᠠᠭ᠎ᠠ ᠠᠮᠤᠷ ᠪᠤᠯᠵᠠᠢ》 ᠭᠡᠵᠤ ᠰᠤᠷᠪᠤᠯᠵᠢᠯᠠᠭᠴᠢᠳᠤ ᠭᠡᠯᠡᠨ᠎ᠠ᠃
ᠳ᠋ᠢᠩ ᠮᠸᠩ ᠶᠢᠩ ᠤ᠋ᠨ ᠬᠡᠯᠡᠵᠦ᠍ ᠪᠠᠢᠭ᠎ᠠ 《ᠭᠤᠤᠯᠴᠢ ᠥᠷᠢᠰᠥᠯᠳᠦᠭᠡᠨ ᠤ᠋ ᠬᠢᠨᠠᠨ ᠪᠠᠢᠴᠠᠭᠠᠯᠲᠠ ᠶ᠋ᠢᠨ ᠲᠤᠰᠠᠯᠠᠭ᠍ᠴᠢ》 ᠭᠡᠳᠡᠭ ᠨᠢ ᠥᠪᠥᠷ ᠮᠣᠩᠭᠣᠯ ᠤ᠋ᠨ DeepSeek ᠤᠶᠤᠨᠴᠢ ᠬᠢᠨᠠᠨ ᠪᠠᠢᠴᠠᠭᠠᠬᠤ ᠲᠣᠭ᠍ᠲᠠᠴᠠ ᠳ᠋ᠤ ᠲᠦᠱᠢᠭ᠌ᠯᠡᠨ ᠭᠠᠷᠭᠠᠭ᠍ᠰᠠᠨ ᠱᠢᠨ᠎ᠡ ᠵᠢ ᠡᠭᠦᠳᠦᠭᠰᠡᠨ ᠪᠠᠭᠠᠵᠢ ᠪᠣᠯᠤᠨ᠎ᠠ᠃ ᠲᠣᠰ ᠱᠢᠰᠲ᠋ᠧᠮ ᠨᠢ ᠱᠢᠨ᠎ᠡ ᠪᠡᠷ ᠰᠦᠯᠵᠢᠶᠡᠨ ᠳ᠋ᠤ ᠣᠷᠣᠭᠤᠯᠤᠭ᠍ᠰᠠᠨ ᠳᠠᠭᠠᠭᠠᠴᠢᠯᠠᠯᠲᠠ ᠵᠠᠷᠯᠠᠬᠤ ᠪᠢᠴᠢᠭ ᠮᠠᠲ᠋ᠧᠷᠢᠶᠠᠯ ᠢ᠋ ᠪᠥᠭᠡᠮ ᠢ᠋ᠶ᠋ᠡᠷ ᠱᠢᠭ᠌ᠰᠢᠨ ᠪᠠᠢᠴᠠᠭᠠᠵᠤ᠂ ᠪᠢᠴᠢᠭ ᠮᠠᠲ᠋ᠧᠷᠢᠶᠠᠯ ᠨᠢᠭᠡᠪᠦᠷᠢ ᠵᠢ ᠬᠢᠷᠢ ᠬᠡᠮ ᠤ᠋ᠨ ᠨᠥᠬᠥᠴᠡᠯ᠂ ᠬᠤᠪᠢ ᠲᠣᠭ᠍ᠲᠠᠭᠠᠬᠤ ᠪᠠᠷᠢᠮᠵᠢᠶ᠎ᠠ᠂ ᠮᠡᠷᠭᠡᠵᠢᠯ ᠤ᠋ᠨ ᠪᠣᠯᠵᠣᠯᠲᠤ ᠲᠣᠭ᠎ᠠ᠂ ᠭᠡᠷ᠎ᠡ ᠶ᠋ᠢᠨ ᠵᠦᠶ᠋ᠯ ᠵᠤᠷᠪᠤᠰ ᠵᠡᠷᠭᠡ ᠬᠡᠰᠡᠭ ᠪᠣᠯᠭᠠᠨ ᠵᠠᠳᠠᠯᠵᠤ᠂ AI ᠪᠤᠳᠤᠬᠤ ᠠᠷᠭ᠎ᠠ ᠪᠡᠷ 《ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠳᠠᠭᠠᠭᠠᠴᠢᠯᠠᠯᠲᠠ ᠵᠠᠷᠯᠠᠬᠤ ᠳᠠᠭᠠᠭᠠᠴᠢᠯᠠᠯᠲᠠ ᠬᠦᠯᠢᠶᠡᠬᠦ᠌ ᠬᠠᠤᠯᠢ》 ᠵᠢᠴᠢ ᠣᠷᠣᠨ ᠨᠤᠲᠤᠭ ᠤ᠋ᠨ ᠨᠠᠷᠢᠨ ᠲᠦᠷᠢᠮ ᠲᠠᠢ ᠵᠤᠷᠪᠤᠰ ᠳᠠᠷᠠᠭᠠᠯᠠᠨ ᠬᠠᠷᠢᠴᠠᠭᠤᠯᠵᠤ᠂ ᠭᠠᠳᠠᠭᠤᠷᠴᠢᠯᠠᠬᠤ ᠴᠢᠨᠠᠷᠲᠠᠶ᠂ ᠬᠠᠨᠳᠤᠯᠭᠠᠲᠤ ᠴᠢᠨᠠᠷᠲᠠᠶ ᠵᠦᠶ᠋ᠯ ᠵᠤᠷᠪᠤᠰ ᠢ᠋ ᠣᠨᠣᠪᠴᠢᠲᠠᠶ ᠢᠯᠭᠠᠨ ᠲᠠᠨᠢᠵᠤ ᠳᠡᠢᠯᠦᠨ᠎ᠡ᠃
《ᠥᠩᠭᠡᠷᠡᠭ᠌ᠰᠡᠨ ᠳ᠋ᠤ ᠬᠥᠮᠦᠨ ᠤ᠋ ᠬᠦᠴᠦ᠍ ᠪᠡᠷ ᠰᠤᠭᠤᠴᠢᠨ ᠪᠠᠢᠴᠠᠭᠠᠵᠦ᠂ ᠪᠦᠷᠬᠦᠯᠲᠡ ᠶ᠋ᠢᠨ ᠨᠣᠷᠮ᠎ᠠ ᠨᠢ ᠮᠠᠰᠢ ᠬᠢᠵᠠᠭᠠᠷᠲᠠᠶ ᠪᠠᠢᠪᠠ᠂ ᠣᠲᠣ 100% ᠵᠢᠨ ᠣᠶᠤᠨᠴᠢ ᠱᠢᠭ᠌ᠰᠢᠨ ᠪᠠᠢᠴᠠᠭᠠᠯᠲᠠ ᠵᠢ ᠪᠡᠶᠡᠯᠡᠭᠦᠯᠵᠡᠢ》᠃ ᠥᠪᠡᠷᠲᠡᠭᠡᠨ ᠵᠠᠰᠠᠬᠤ ᠣᠷᠣᠨ ᠤ᠋ ᠣᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶᠠᠨ ᠤ᠋ ᠲᠥᠪ ᠤ᠋ᠨ ᠠᠵᠢᠯᠯᠠᠭᠠᠨ ᠤ᠋ ᠪᠠᠲᠤᠯᠠᠭ᠎ᠠ ᠶ᠋ᠢᠨ ᠭᠠᠵᠠᠷ ᠤ᠋ᠨ ᠳᠡᠭᠡᠳᠦ ᠵᠡᠷᠭᠡ ᠶ᠋ᠢᠨ ᠢᠨᠵᠧᠨᠧᠷ ᠵᠣᠣ ᠱᠢᠤᠸᠠᠢ ᠪᠥᠸᠧ᠄ 《ᠡᠨᠡ ᠬᠦ᠌ ᠱᠢᠰᠲ᠋ᠧᠮ ᠤ᠋ᠨ ᠠᠵᠢᠯᠯᠠᠭᠠᠨ ᠢ᠋ ᠡᠬᠢᠯᠡᠭᠦᠯᠦᠭᠰᠡᠨ ᠡᠴᠡ ᠨᠠᠭᠠᠰᠢ᠂ ᠨᠢᠭᠡᠨᠲᠡ 1486 ᠲᠦᠷᠦᠯ ᠵᠦᠢᠯ ᠢ᠋ ᠬᠢᠨᠠᠨ ᠪᠠᠢᠴᠠᠭᠠᠵᠤ᠂ ᠳᠠᠭᠠᠭᠠᠴᠢᠯᠠᠯᠲᠠ ᠵᠠᠷᠯᠠᠬᠤ ᠪᠢᠴᠢᠭ ᠮᠠᠲ᠋ᠧᠷᠢᠶᠠᠯ ᠢ᠋ ᠨᠠᠢᠷᠠᠭᠤᠯᠤᠨ ᠵᠣᠬᠢᠶᠠᠬᠤ ᠡᠴᠡ ᠠᠪᠤᠭᠠᠳ ᠨᠡᠢᠲᠡᠯᠡᠬᠦ᠌ ᠪᠣᠯᠲᠠᠯᠠᠬᠢ ᠪᠥᠬᠥ᠌ ᠶᠠᠪᠤᠴᠠ ᠶ᠋ᠢᠨ ᠬᠤᠭᠤᠴᠠᠭ᠎ᠠ ᠢᠯᠡᠳᠲᠡ ᠪᠠᠭᠠᠰᠴᠤ᠂ 〈ᠡᠬᠢ ᠡᠭᠦᠰᠦᠯ ᠡᠴᠡ ᠨᠢ ᠲᠦᠭ᠌ᠰᠢᠭᠦᠷᠢ ᠵᠢ ᠡᠵᠡᠮᠳᠡᠬᠦ᠌〉 ᠦᠷ᠎ᠡ ᠪᠦᠲᠦᠮᠵᠢ ᠶᠠᠭ ᠢᠯᠡᠷᠡᠵᠦ᠍ ᠪᠠᠢᠨ᠎ᠠ》 ᠭᠡᠵᠤ ᠳᠡᠯᠭᠡᠴᠡ ᠳᠡᠭᠡᠷᠡᠬᠢ ᠲᠣᠭ᠎ᠠ ᠪᠠᠷᠢᠮᠲᠠ ᠵᠢ ᠵᠢᠭᠠᠬᠤᠵᠢᠨ ᠲᠠᠭᠠᠤ ᠰᠤᠷᠪᠤᠯᠵᠢᠯᠠᠭᠴᠢᠳᠤ ᠭᠡᠯᠡᠯ᠎ᠠ᠃
ᠳᠠᠭᠠᠭᠠᠴᠢᠯᠠᠯᠲᠠ ᠵᠠᠷᠯᠠᠬᠤ ᠵᠢ ᠬᠡᠷᠡᠭᠵᠢᠭᠦᠯᠬᠦ ᠬᠤᠭᠤᠴᠠᠭᠠᠨ ᠳ᠋ᠡᠬᠢ《ᠲᠤᠰᠠᠭᠠᠷᠯᠠᠬᠤ ᠬᠡᠷᠡᠮ》 ᠨᠢ 《ᠲᠠᠨᠢᠯ ᠬᠥᠮᠦᠰ》 ᠤ᠋ᠨ ᠠᠱᠢᠭ ᠲᠤᠰᠠ ᠶ᠋ᠢᠨ ᠬᠡᠯᠬᠢᠶ᠎ᠡ ᠵᠢ ᠲᠠᠰᠤᠯᠪᠠ
ᠬᠡᠷᠪᠡ ᠳᠠᠭᠠᠭᠠᠴᠢᠯᠠᠯᠲᠠ ᠵᠠᠷᠯᠠᠬᠤ ᠡᠴᠡ ᠡᠮᠦᠨᠡᠬᠢ ᠬᠢᠨᠠᠨ ᠪᠠᠢᠴᠠᠭᠠᠯᠲᠠ ᠨᠢ 《ᠤᠷᠤᠴᠠ ᠵᠢ ᠪᠠᠲᠤ ᠰᠠᠬᠢᠵᠤ》 ᠪᠠᠢᠭ᠎ᠠ ᠶᠤᠮ ᠪᠤᠯ᠂ ᠠᠯᠤᠰ ᠡᠵᠡᠮᠱᠢᠯ ᠵᠢᠡᠷ ᠤᠨᠳᠤᠤ ᠭᠠᠵᠠᠷ ᠲᠦ᠍ ᠳᠠᠭᠠᠭᠠᠴᠢᠯᠠᠯᠲᠠ ᠲᠤᠬᠲᠠᠭᠠᠬᠤ ᠲᠣᠭ᠍ᠲᠠᠴᠠ ᠨᠢ ᠥᠪᠥᠷ ᠮᠣᠩᠭᠣᠯ ᠤ᠋ᠨ ᠢᠯᠡ ᠪᠡᠷ ᠠᠷᠠᠯᠵᠢᠶᠠᠯᠠᠬᠤ 《ᠲᠤᠰᠠᠭᠠᠷᠯᠠᠬᠤ ᠬᠡᠷᠡᠮ》 ᠢ᠋ ᠪᠠᠢᠭᠤᠯᠬᠤ ᠵᠠᠩᠭᠢᠯᠠᠭ᠎ᠠ ᠶ᠋ᠢᠨ ᠠᠷᠭ᠎ᠠ ᠮᠦᠨ᠃
《ᠤᠤᠯ ᠳ᠋ᠠᠭᠠᠨ ᠳᠠᠭᠠᠭᠠᠴᠢᠯᠠᠯᠲᠠ ᠵᠠᠷᠯᠠᠬᠤ ᠵᠢ ᠬᠡᠷᠡᠭᠵᠢᠭᠦᠯᠬᠦ ᠡᠴᠡ ᠡᠮᠦᠨ᠎ᠡ ᠡᠳᠦᠷ ᠨᠢ ᠲᠤᠰᠭᠠᠶ ᠮᠡᠷᠭᠡᠵᠢᠯᠲᠡᠨ ᠤ᠋ ᠨᠡᠷᠡᠰ ᠢ᠋ ᠲᠣᠭ᠍ᠲᠠᠭᠠᠳᠠᠭ ᠪᠣᠯᠬᠣᠷ ᠳᠠᠭᠠᠭᠠᠴᠢᠯᠠᠯᠲᠠ ᠬᠦᠯᠢᠶᠡᠬᠦ᠌ ᠠᠵᠤ ᠠᠬᠤᠢᠯᠠᠯ ᠠᠷᠭ᠎ᠠ ᠰᠦᠪᠡᠭ᠌ᠴᠢᠯᠡᠨ 〈ᠬᠦᠮᠦᠨ ᠡᠷᠢᠬᠦ〉 ᠦᠵᠡᠭᠳᠡᠯ ᠤᠷᠤᠰᠢᠵᠤ ᠪᠠᠢᠵᠠᠢ᠃ ᠣᠲᠣ ᠳᠠᠭᠠᠭᠠᠴᠢᠯᠠᠯᠲᠠ ᠵᠠᠷᠯᠠᠬᠤ ᠵᠢ ᠬᠡᠷᠡᠭᠵᠢᠭᠦᠯᠬᠦ ᠲᠤᠬᠠᠢᠵᠢᠨ ᠡᠳᠦᠷ ᠲᠡᠭᠡᠨ ᠰᠠᠶᠢ ᠲᠤᠰᠬᠠᠢ ᠮᠡᠷᠭᠡᠵᠢᠯᠲᠡᠨ ᠢ᠋ ᠰᠤᠭᠤᠴᠢᠨ ᠰᠤᠨᠭᠭᠤᠵᠤ᠂ ᠠᠯᠢ ᠲᠠᠯᠠᠪᠠᠶ ᠳ᠋ᠤ ᠣᠴᠢᠬᠤ᠂ ᠠᠯᠢ ᠠᠵᠢᠯ ᠤ᠋ᠨ ᠪᠠᠢᠷᠢ ᠳ᠋ᠤ ᠰᠠᠭᠤᠬᠤ ᠪᠠᠨ ᠲᠤᠰᠭᠠᠶ ᠮᠡᠷᠭᠡᠵᠢᠯᠲᠡᠨ ᠤᠷᠢᠳᠠᠪᠠᠷ ᠮᠡᠳᠡᠵᠦ ᠲᠡᠢᠯᠬᠦ ᠦᠭᠡᠢ ᠲᠤᠯᠠ 〈ᠲᠠᠨᠢᠯ ᠬᠦᠮᠦᠨ ᠳ᠋ᠡᠭᠡᠨ ᠬᠤᠪᠢ ᠣᠯᠭᠣᠬᠤ〉 ᠵᠡᠷᠭᠡ ᠪᠠᠢᠳᠠᠯ ᠡᠭᠦᠰᠬᠦ ᠦᠭᠡᠢ ᠪᠤᠯᠵᠠᠢ》 ᠭᠡᠵᠤ ᠣᠷᠳᠣᠰ ᠬᠣᠲᠠ ᠶ᠋ᠢᠨ ᠣᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶᠠᠨ ᠤ᠋ ᠲᠥᠪ ᠤ᠋ᠨ ᠡᠷᠬᠢᠯᠡᠭ᠌ᠴᠢ ᠯᠠᠨ ᠲᠢᠶᠠᠨ ᠰᠤᠷᠪᠤᠯᠵᠢᠯᠠᠭ᠍ᠴᠢ ᠳ᠋ᠤ ᠲᠠᠨᠢᠯᠴᠠᠭᠤᠯᠵᠤ ᠭᠠᠷᠤᠯ᠎ᠠ᠃
ᠣᠷᠳᠣᠰ ᠬᠣᠲᠠ ᠶ᠋ᠢᠨ ᠪᠦᠬᠦ ᠤᠯᠤᠰ ᠲᠦ᠍ ᠠᠩᠬ᠎ᠠ ᠡᠭᠦᠳᠦᠭ᠌ᠰᠡᠨ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠪᠥᠬᠥ᠌ ᠶᠠᠪᠤᠴᠠ ᠶ᠋ᠢᠨ AI ᠱᠢᠰᠲ᠋ᠧᠮ ᠨᠢ ᠬᠦᠮᠦᠰ ᠤ᠋ᠨ ᠠᠨᠭᠬᠠᠷᠤᠯ ᠢ᠋ ᠶᠡᠬᠡᠲᠡ ᠲᠠᠲᠠᠪᠠ᠃ ᠤᠶᠤᠨᠴᠢ ᠠᠰᠠᠭᠤᠯᠲᠠ ᠬᠠᠷᠢᠭᠤᠯᠲᠠ ᠶ᠋ᠢᠨ ᠬᠡᠰᠡᠭ ᠲᠦ᠍᠂ ᠰᠤᠷᠪᠤᠯᠵᠢᠯᠠᠭ᠍ᠴᠢ 《ᠪᠠᠭ᠎ᠠ ᠵᠢᠵᠢᠭ ᠠᠵᠤ ᠠᠬᠤᠢᠯᠠᠯ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠳ᠋ᠤ ᠣᠷᠣᠯᠴᠠᠬᠤ ᠳ᠋ᠤ ᠶᠠᠮᠠᠷᠰᠢᠤ ᠬᠠᠷᠠᠭᠠᠯᠵᠠᠯ ᠤ᠋ᠨ ᠲᠥᠷᠥ ᠶ᠋ᠢᠨ ᠪᠣᠳᠣᠯᠭ᠎ᠠ ᠪᠠᠢᠬᠤ ᠪᠣᠶ?》 ᠭᠡᠵᠦ ᠪᠢᠴᠢᠵᠤ ᠤᠷᠤᠭᠤᠯᠬᠤ ᠳ᠋ᠤ᠂ ᠬᠡᠳᠦᠨ ᠰᠧᠺᠦ᠋ᠨ᠋ᠳ᠋ ᠤ᠋ᠨ ᠳᠠᠷᠠᠭ᠎ᠠ᠂ ᠱᠢᠰᠲ᠋ᠧᠮ ᠨᠢ ᠤᠯᠤᠰ ᠪᠠ ᠥᠪᠡᠷᠲᠡᠭᠡᠨ ᠵᠠᠰᠠᠬᠤ ᠣᠷᠣᠨ ᠤ᠋ ᠲᠥᠷᠥ ᠶ᠋ᠢᠨ ᠪᠣᠳᠣᠯᠭ᠎ᠠ ᠵᠢ ᠬᠤᠷᠢᠶᠠᠩᠭᠤᠢᠯᠠᠨ ᠭᠠᠷᠭᠠᠵᠤ ᠦᠭᠭᠦᠭᠰᠡᠨ ᠢ᠋ᠶ᠋ᠡᠷ ᠪᠠᠷᠠᠬᠤ ᠥᠬᠡᠶ ᠪᠠᠰᠠ ᠭᠤᠶᠤᠴᠢᠯᠠᠬᠤ ᠤᠷᠤᠴᠠ ᠪᠠ ᠮᠠᠲ᠋ᠧᠷᠢᠶᠠᠯ ᠤ᠋ᠨ ᠨᠠᠷᠢᠨ ᠲᠠᠩᠰᠠ ᠵᠢ ᠳᠠᠭᠠᠯᠳᠤᠭᠤᠯᠪᠠ᠃
ᠳᠠᠭᠠᠭᠠᠴᠢᠯᠠᠯᠲᠠ ᠬᠦᠯᠢᠶᠡᠭᠰᠡᠨ ᠤ᠋ ᠳᠠᠷᠠᠭᠠᠬᠢ 《ᠬᠠᠮᠠᠭᠠᠯᠠᠯᠲᠠ ᠶ᠋ᠢᠨ ᠲᠤᠤᠷ》 ᠨᠢ ᠪᠥᠬᠥ᠌ ᠶᠠᠪᠤᠴᠠ ᠳ᠋ᠤ ᠭᠡᠷᠡᠴᠢ ᠦᠯᠡᠳᠡᠭᠡᠬᠦ ᠪᠢᠲᠡᠭᠦᠦ ᠬᠢᠨᠠᠯᠲᠠ ᠬᠠᠮᠢᠶᠠᠷᠤᠯᠲᠠ ᠵᠢ ᠪᠡᠶᠡᠯᠡᠭᠦᠯᠪᠡ
ᠠᠷᠠᠯᠵᠢᠶ᠎ᠠ ᠳᠠᠭᠤᠰᠤᠬᠰᠠᠨ ᠴᠦ᠍ ᠬᠢᠨᠠᠯᠲᠠ ᠬᠠᠮᠢᠶᠠᠷᠤᠯᠲᠠ ᠰᠤᠯᠠᠷᠠᠬᠤ ᠦᠭᠡᠢ᠃ ᠥᠪᠡᠷᠲᠡᠭᠡᠨ ᠵᠠᠰᠠᠬᠤ ᠣᠷᠣᠨ ᠤ᠋ ᠣᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶᠠᠨ ᠤ᠋ ᠲᠥᠪ ᠤ᠋ᠨ ᠲᠣᠮᠣ ᠳ᠋ᠠᠢᠲ᠋ᠠ ᠵᠢᠨ ᠤᠷᠢᠳᠴᠢᠯᠠᠨ ᠰᠡᠷᠡᠮᠵᠢᠯᠡᠭᠦᠯᠵᠦ᠍ ᠵᠠᠳᠠᠯᠬᠤ ᠲᠠᠪᠴᠠᠩ ᠳ᠋ᠤ᠂ ᠪᠥᠬᠥ᠌ ᠣᠷᠣᠨ ᠢ᠋ ᠬᠠᠮᠤᠷᠤᠭ᠍ᠰᠠᠨ《ᠣᠶᠤᠨᠴᠢ ᠬᠢᠨᠠᠯᠲᠠ ᠬᠠᠮᠢᠶᠠᠷᠤᠯᠲᠠ ᠶ᠋ᠢᠨ ᠭᠠᠵᠠᠷ ᠤ᠋ᠨ ᠵᠢᠷᠤᠭ》 ᠬᠠᠷᠠᠭᠠᠨ ᠳ᠋ᠤ ᠲᠣᠳᠣᠷᠠᠨ᠎ᠠ᠃ ᠪᠠᠷᠢᠯᠭ᠎ᠠ ᠶ᠋ᠢᠨ ᠪᠦᠲᠦᠭᠡᠨ ᠪᠠᠢᠭᠤᠯᠤᠯᠲᠠ ᠶ᠋ᠢᠨ ᠲᠥᠷᠥᠯ ᠵᠦᠢᠯ ᠨᠢᠭᠡᠪᠦᠷᠢ ᠵᠢ ᠭᠡᠷ᠎ᠡ ᠲᠣᠭ᠍ᠲᠠᠬᠤ᠂ ᠪᠠᠷᠢᠯᠭ᠎ᠠ ᠶ᠋ᠢᠨ ᠲᠥᠰᠦᠪ ᠤ᠋ᠨ ᠭᠦᠢᠴᠡᠳᠭᠡᠯ ᠬᠢᠬᠦ᠌ ᠡᠴᠡ ᠠᠪᠤᠭᠠᠳ ᠪᠠᠷᠢᠯᠭ᠎ᠠ ᠳᠠᠭᠤᠰᠤᠭ᠍ᠰᠠᠨ ᠮᠡᠳᠡᠭᠦᠯᠦᠯᠲᠡ ᠬᠢᠬᠦ ᠬᠦᠷᠲᠡᠯ᠎ᠡ᠂ ᠭᠡᠷ᠎ᠡ ᠵᠢ ᠭᠦᠢᠴᠡᠳᠭᠡᠭ᠌ᠰᠡᠨ ᠪᠤᠶ ᠪᠦᠬᠦᠢ ᠮᠡᠳᠡᠭᠡ ᠵᠠᠩᠭᠢ ᠵᠢ ᠴᠠᠭ ᠲᠤᠬᠠᠶ ᠳ᠋ᠤᠨᠢ ᠳᠡᠭᠡᠭ᠌ᠰᠢ ᠳᠠᠮᠵᠢᠭᠤᠯᠤᠨ ᠳᠠᠩᠰᠠ ᠡᠪᠬᠡᠮᠡᠯ ᠳ᠋ᠤ ᠣᠷᠣᠭᠤᠯᠵᠤ᠂ ᠬᠡᠪ ᠤ᠋ᠨ ᠪᠤᠰᠤ ᠪᠠᠢᠳᠠᠯ ᠢ᠋ ᠠᠦ᠋ᠲ᠋ᠣ᠋ ᠪᠡᠷ ᠰᠡᠷᠡᠮᠵᠢᠯᠡᠭᠦᠯᠬᠦ᠌ ᠪᠤᠯᠤᠨ᠎ᠠ ᠃
《ᠳᠠᠭᠠᠭᠠᠴᠢᠯᠠᠯᠲᠠ ᠬᠦᠯᠢᠶᠡᠭ᠌ᠰᠡᠨ ᠤ᠋ ᠳᠠᠷᠠᠭ᠎ᠠ ᠭᠡᠷ᠎ᠡ ᠪᠠᠨ ᠭᠦᠶ᠋ᠴᠡᠳᠭᠡᠭ᠌ᠰᠡᠨ ᠡᠰᠡᠬᠦ ᠵᠢ ᠭᠡᠷᠡᠴᠢᠯᠡᠬᠦ᠌ ᠥᠭᠡᠷᠡᠴᠢᠯᠡᠯᠲᠡ ᠪᠣᠯ ᠮᠠᠨ ᠤ᠋ ᠡᠨᠡ ᠵᠢᠯ ᠤ᠋ᠨ ᠭᠤᠤᠯᠳᠠᠯᠭ᠎ᠠ ᠲᠠᠢ ᠠᠬᠢᠭᠤᠯᠬᠤ ᠠᠵᠢᠯ ᠪᠣᠯᠤᠨ᠎ᠠ》᠃ ᠥᠪᠡᠷᠲᠡᠭᠡᠨ ᠵᠠᠰᠠᠬᠤ ᠣᠷᠣᠨ ᠤ᠋ ᠣᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶᠠᠨ ᠤ᠋ ᠲᠥᠪ ᠤ᠋ᠨ ᠳᠡᠳ᠋ ᠡᠷᠬᠢᠯᠡᠭ᠌ᠴᠢ ᠸᠠᠩ ᠴᠧᠨ ᠭᠤᠸᠠᠩ ᠰᠠᠯᠠᠭ᠎ᠠ ᠮᠥᠴᠢᠷ ᠠᠯᠤᠰᠯᠠᠬᠰᠠᠨ ᠳᠠᠭᠠᠭᠠᠴᠢᠯᠠᠯᠲᠠ ᠬᠦᠯᠢᠶᠡᠭᠰᠡᠨ ᠭᠡᠷ᠎ᠡ ᠪᠠᠨ ᠭᠦᠶ᠋ᠴᠡᠳᠭᠡᠭᠰᠡᠨ ᠡᠰᠡᠬᠦ ᠵᠢ ᠬᠢᠨᠠᠨ ᠬᠡᠮᠵᠢᠬᠦ᠌ ᠱᠢᠰᠲ᠋ᠧᠮ ᠤ᠋ᠨ ᠠᠵᠢᠯᠯᠠᠭᠠᠨ ᠢ᠋ ᠰᠤᠷᠪᠤᠯᠵᠢᠯᠠᠭ᠍ᠴᠢ ᠳ᠋ᠤ ᠦᠵᠡᠭᠦᠯᠪᠡ — ᠱᠢᠰᠲ᠋ᠧᠮ ᠡᠴᠡ ᠨᠢᠭᠡᠨ ᠲᠥᠷᠥᠯ ᠵᠦᠶ᠋ᠯ ᠤ᠋ᠨ ᠭᠡᠷ᠎ᠡ ᠲᠣᠭ᠍ᠲᠠᠭ᠍ᠰᠠᠨ ᠲᠠᠯ᠎ᠠ ᠬᠢᠭᠡᠳ ᠪᠣᠳᠠᠲᠠᠶ ᠠᠵᠢᠯᠯᠠᠵᠤ ᠪᠠᠢᠭ᠎ᠠ ᠲᠠᠯ᠎ᠠ ᠨᠢ ᠨᠢᠭᠡᠳᠦᠯ ᠥᠬᠡᠶ ᠪᠠᠢᠬᠤ ᠵᠢ ᠪᠠᠢᠴᠠᠭᠠᠨ ᠮᠡᠳᠡᠪᠡᠯ᠂ ᠲᠡᠷᠡ ᠳᠠᠷᠤᠶ ᠳ᠋ᠤᠨᠢ ᠱᠢᠷᠠ ᠥᠩᠭᠡ ᠶ᠋ᠢᠨ ᠰᠡᠷᠡᠮᠵᠢᠯᠡᠭᠦᠯᠦᠯ ᠭᠠᠷᠭᠠᠵᠤ᠂ ᠬᠠᠤᠯᠢ ᠡᠴᠡ ᠵᠥᠷᠢᠴᠡᠭᠰᠡᠨ ᠱᠢᠯᠵᠢᠭᠦᠯᠦᠨ ᠳᠠᠭᠠᠭᠠᠴᠢᠯᠠᠭᠤᠯᠬᠤ ᠲᠦᠭ᠌ᠰᠢᠭᠦᠷᠢ ᠣᠷᠣᠱᠢᠵᠤ ᠮᠡᠳᠡᠬᠦ᠌ ᠵᠢ ᠰᠠᠨᠠᠭᠤᠯᠵᠦ ᠪᠠᠢᠨ᠎ᠠ᠃
ᠢᠵᠢᠯ ᠠᠯᠬᠤᠮ ᠢ᠋ᠶ᠋ᠡᠷ ᠡᠬᠢᠯᠡᠨ ᠬᠡᠷᠡᠭᠵᠢᠭᠦᠯᠦᠭᠰᠡᠨ 《ᠬᠠᠮᠵᠢᠯᠴᠠᠨ ᠬᠠᠷᠢᠭᠤ ᠲᠤᠰᠭᠠᠬᠤ ᠮᠡᠳᠡᠭ᠌ᠳᠡᠯ ᠤ᠋ᠨ ᠪᠢᠴᠢᠭ》 ᠨᠢ ᠨᠠᠩ ᠴᠤ᠌ ᠬᠢᠨᠠᠯᠲᠠ ᠬᠠᠮᠢᠶᠠᠷᠤᠯᠲᠠ ᠶ᠋ᠢ 《ᠨᠢᠭᠡᠳᠦᠭᠡᠷ ᠠᠬᠤᠶ ᠲᠠᠯᠠᠪᠠᠶ》 ᠬᠦᠷᠲᠡᠯ᠎ᠡ ᠤᠷᠲᠤᠳᠭᠠᠪᠠ᠃ ᠣᠶᠤᠨᠴᠢ ᠬᠢᠨᠠᠯᠲᠠ ᠬᠠᠮᠢᠶᠠᠷᠤᠯᠲᠠ ᠶ᠋ᠢᠨ ᠲᠠᠪᠴᠠᠩ ᠳᠠᠭᠠᠭᠠᠴᠢᠯᠠᠯᠲᠠ ᠬᠦᠯᠢᠶᠡᠬᠦ᠌ ᠪᠢᠴᠢᠭ ᠮᠠᠲ᠋ᠧᠷᠢᠶᠠᠯ ᠤ᠋ᠨ ᠬᠡᠪ ᠤ᠋ᠨ ᠪᠤᠰᠤ ᠪᠠᠢᠬᠤ ᠵᠢ ᠴᠠᠭ ᠲᠤᠬᠠᠶ ᠳ᠋ᠤᠨᠢ ᠵᠠᠳᠠᠯᠤᠨ ᠱᠢᠨᠵᠢᠯᠡᠵᠦ᠍ ᠮᠡᠳᠡᠪᠡᠯ᠂ ᠱᠢᠰᠲ᠋ᠧᠮ ᠨᠢ ᠲᠡᠷᠡ ᠳᠠᠷᠤᠶ ᠳ᠋ᠤᠨᠢ ᠰᠡᠷᠡᠮᠵᠢᠯᠡᠭᠦᠯᠬᠦ᠌ ᠮᠡᠳᠡᠭᠡ ᠵᠠᠩᠭᠢ ᠵᠢ ᠬᠢᠨᠠᠨ ᠲᠣᠭ᠍ᠲᠠᠭᠠᠬᠤ ᠦᠵᠦᠭᠦᠷ ᠬᠦᠷᠲᠡᠯ᠎ᠡ ᠬᠦᠷᠭᠡᠬᠦ᠌ ᠶ᠋ᠢᠨ ᠬᠠᠮᠲᠤ ᠴᠢᠬᠤᠯᠠ ᠶᠡᠬᠡ ᠰᠦᠪᠡᠭ᠌ᠴᠢ ᠵᠢ ᠵᠠᠰᠠᠭ ᠵᠠᠬᠢᠷᠭᠠᠨ ᠤ᠋ ᠬᠢᠨᠠᠯᠲᠠ ᠬᠠᠮᠢᠶᠠᠷᠤᠯᠲᠠ ᠶ᠋ᠢᠨ ᠰᠠᠯᠠᠭ᠎ᠠ ᠮᠥᠴᠢᠷ ᠲᠦ᠍ ᠱᠢᠯᠵᠢᠭᠦᠯᠦᠨ ᠲᠤᠱᠢᠶᠠᠨᠠ ᠃
ᠪᠤᠭᠤᠲᠤ ᠶ᠋ᠢᠨ ᠨᠡᠭᠦᠷᠡᠰᠦᠨ ᠴᠠᠬᠢᠯᠭᠠᠨ ᠤ᠋ ᠲᠥᠷᠥᠯ ᠵᠦᠶ᠋ᠯ ᠡᠴᠡ ᠣᠷᠳᠣᠰ ᠤ᠋ᠨ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠪᠥᠬᠥ᠌ ᠶᠠᠪᠤᠴᠠ ᠶ᠋ᠢᠨ AI ᠱᠢᠰᠲ᠋ᠧᠮ ᠬᠦᠷᠲᠡᠯ᠎ᠡ᠂ ᠳᠠᠭᠠᠭᠠᠴᠢᠯᠠᠯᠲᠠ ᠵᠠᠷᠯᠠᠬᠤ ᠡᠴᠡ ᠡᠮᠦᠨᠡᠬᠢ 《AI ᠬᠢᠨᠠᠨ ᠪᠠᠢᠴᠠᠭᠠᠯᠲᠠ》 ᠡᠴᠡ ᠳᠠᠭᠠᠭᠠᠴᠢᠯᠠᠯᠲᠠ ᠵᠠᠷᠯᠠᠬᠤ ᠵᠢ ᠬᠡᠷᠡᠭᠵᠢᠭᠦᠯᠬᠦ ᠬᠤᠭᠤᠴᠠᠭᠠᠨ ᠳ᠋ᠡᠬᠢ 《ᠲᠤᠰᠠᠭᠠᠷᠯᠠᠬᠤ ᠬᠡᠷᠡᠮ》ᠬᠦᠷᠲᠡᠯ᠎ᠡ᠂ ᠲᠡᠷᠡᠴᠢᠯᠡᠨ ᠳᠠᠭᠠᠭᠠᠴᠢᠯᠠᠯᠲᠠ ᠬᠦᠯᠢᠶᠡᠭᠰᠡᠨ ᠤ᠋ ᠳᠠᠷᠠᠭᠠᠬᠢ《ᠬᠠᠮᠠᠭᠠᠯᠠᠯᠲᠠ ᠶ᠋ᠢᠨ ᠲᠤᠤᠷ》 ᠬᠦᠷᠲᠡᠯ᠎ᠡ᠂ ᠥᠪᠥᠷ ᠮᠣᠩᠭᠣᠯ 《ᠵᠣᠬᠢᠶᠠᠮᠠᠯ ᠣᠶᠤᠨ ᠴᠢᠳᠠᠪᠤᠷᠢ +》 ᠱᠢᠨᠵᠢᠯᠡᠬᠦ᠌ ᠤᠬᠠᠭᠠᠨᠴᠢ ᠠᠷᠭ᠎ᠠ ᠬᠡᠯᠪᠡᠷᠢ ᠪᠡᠷ᠂ ᠳᠠᠭᠠᠭᠠᠴᠢᠯᠠᠯᠲᠠ ᠵᠠᠷᠯᠠᠵᠤ ᠳᠠᠭᠠᠭᠠᠴᠢᠯᠠᠯᠲᠠ ᠬᠦᠯᠢᠶᠡᠬᠦ᠌ ᠬᠦᠷᠢᠶᠡᠨ ᠤ᠋ 《ᠬᠠᠷᠢᠴᠠᠭᠠᠨ ᠤ᠋ ᠬᠡᠯᠬᠢᠶ᠎ᠡ》 ᠵᠢ ᠲᠡᠰᠦᠯᠪᠠ᠃
ᠣᠳᠣᠬᠠᠨ ᠳ᠋ᠤ᠂ ᠪᠥᠬᠥ᠌ ᠣᠷᠣᠨ ᠳ᠋ᠤ ᠠᠯᠤᠰ ᠡᠵᠡᠮᠱᠢᠯ ᠵᠢᠡᠷ ᠤᠨᠳᠤᠤ ᠭᠠᠵᠠᠷ ᠲᠦ᠍ ᠳᠠᠭᠠᠭᠠᠴᠢᠯᠠᠯᠲᠠ ᠲᠤᠬᠲᠠᠭᠠᠬᠤ ᠵᠢ ᠪᠠᠢᠩᠭᠤᠵᠢᠭᠤᠯᠵᠤ᠂ ᠵᠠᠬ᠎ᠠ ᠳᠡᠯᠭᠡᠭᠦᠷ ᠤ᠋ᠨ ᠭᠤᠤᠯ ᠴᠣᠭ᠍ᠴᠠ ᠶ᠋ᠢᠨ ᠬᠠᠨᠤᠮᠵᠢ ᠶ᠋ᠢᠨ ᠬᠡᠮᠵᠢᠶ᠎ᠡ ᠵᠢ ᠲᠡᠭᠡᠭᠰᠢᠯᠡᠭᠦᠯᠪᠡ᠃ ᠡᠨᠡ ᠬᠦ᠌ AI ᠪᠡᠷ ᠬᠥᠳᠡᠯᠭᠡᠭᠦᠷ ᠪᠣᠯᠭᠠᠭ᠍ᠰᠠᠨ 《ᠲᠣᠭᠠᠴᠢᠯᠠᠯᠲᠠ ᠪᠠᠷ ᠵᠠᠰᠠᠬᠤ》 ᠠᠷᠭ᠎ᠠ ᠨᠢ ᠥᠪᠥᠷ ᠮᠣᠩᠭᠣᠯ ᠤ᠋ᠨ ᠣᠯᠠᠨ ᠨᠡᠢᠲᠡ ᠶ᠋ᠢᠨ ᠡᠬᠢ ᠪᠠᠶᠠᠯᠢᠭ ᠤ᠋ᠨ ᠠᠷᠠᠯᠵᠢᠶ᠎ᠠ ᠵᠢ ᠨᠠᠩ ᠲᠥᠪ ᠭᠤᠤᠯᠴᠢ᠂ ᠨᠠᠩ ᠥᠨᠳᠥᠷ ᠪᠦᠲᠦᠮᠵᠢᠲᠡᠶ᠂ ᠨᠠᠩ ᠢᠯᠡ ᠲᠣᠳᠣ ᠪᠣᠯᠭᠠᠵᠤ᠂ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ ᠢ᠋ ᠱᠢᠯᠢᠳᠡᠭ᠌ᠵᠢᠭᠦᠯᠬᠦ᠌᠂ ᠴᠢᠬᠤᠯᠠ ᠡᠯᠧᠮᠧᠨ᠋ᠲ ᠤ᠋ᠨ ᠱᠢᠨᠵᠢᠯᠡᠬᠦ᠌ ᠤᠬᠠᠭᠠᠨᠴᠢ ᠥᠨᠳᠥᠷ ᠪᠦᠲᠦᠮᠵᠢᠲᠡᠶ ᠭᠦᠶ᠋ᠯᠭᠡᠭᠡ ᠵᠢ ᠠᠬᠢᠭᠤᠯᠬᠤ ᠳ᠋ᠤ ᠬᠦᠴᠦᠲᠡᠶ 《ᠲᠣᠭᠠᠴᠢᠯᠠᠭ᠍ᠰᠠᠨ ᠣᠶᠤᠨᠴᠢ ᠬᠥᠳᠡᠯᠭᠡᠬᠦ᠌ ᠡᠨᠧᠷᠭᠢ》 ᠨᠡᠮᠡᠷᠢᠯᠡᠵᠦ᠍ ᠪᠠᠢᠨ᠎ᠠ᠃