ᠨᠠᠷᠠ ᠬᠠᠯᠠᠵᠦ ᠲᠦᠭᠡᠨᠡᠬᠦ ᠨᠢ ᠲᠣᠲᠣᠬᠠᠨ ᠮᠡᠳᠡᠷᠡᠭᠲᠡᠵᠦ᠂ ᠨᠠᠪᠴᠢ ᠴᠡᠴᠡᠭ ᠮᠦᠰᠢᠶᠡᠨ ᠲᠡᠯᠭᠡᠷᠡᠵᠦ ᠬᠠᠶᠠ ᠪᠠᠰᠠ ᠨᠠᠮᠢᠷᠠᠭ᠎ᠠ ᠬᠣᠷ᠎ᠠ ᠰᠢᠪᠡᠷᠡᠭᠰᠡᠨ ᠡᠳᠦᠷ ᠤ᠋ᠤᠨ ᠦᠷᠬᠦᠯᠵᠢᠯᠡᠵᠦ᠂ ᠨᠠᠯᠠᠭᠠᠷ ᠵᠣᠨ ᠬᠡᠮᠡᠬᠦ ᠣᠯᠠᠷᠢᠯ᠎ᠤᠨ ᠦᠵᠡᠰᠬᠦᠯᠡᠩ᠎ᠤᠨ ᠲᠦᠢᠯ᠎ᠢ ᠦᠬᠦᠯᠡᠵᠦ ᠲᠡᠯᠭᠡᠨ᠎ᠠ᠃
ᠬᠦᠬᠡ ᠲᠡᠭᠷᠢ ᠳ᠋ᠦ ᠬᠦᠪᠦᠯᠵᠡᠨ ᠨᠡᠬᠦᠬᠦ ᠡᠬᠦᠯᠡᠰ᠂ ᠬᠦᠷᠢᠶᠡᠨ ᠲᠣᠮᠲᠠ ᠠᠩᠬᠢᠯᠣᠨ ᠲᠡᠯᠭᠡᠷᠡᠬᠦ ᠴᠡᠴᠡᠭᠡᠰ ᠨᠢᠲᠦ ᠰᠡᠳᠬᠢᠯ᠎ᠢ ᠰᠡᠷᠬᠦᠭᠡᠵᠦ᠂ ᠡᠷᠪᠡᠬᠡᠢ ᠪᠦᠵᠢᠨ ᠵᠦᠭᠡᠢ ᠦᠩᠬᠢᠨᠡᠯᠲᠦᠵᠦ᠂ ᠣᠢᠷ᠎ᠠ᠎ᠶᠢᠨ ᠡᠭᠡᠰᠢᠭ ᠬᠣᠯᠠ᠎ᠶᠢᠨ ᠲᠠᠭᠣ᠎ᠨᠢ ᠠᠨᠢᠷᠲᠣᠨ ᠴᠢᠩᠨᠠᠭᠠᠳ ᠮᠣᠬᠣᠬᠣ ᠦᠭᠡᠢ᠂ ᠡᠷᠬᠢᠨ ᠲᠣᠭᠣᠷᠢᠨ᠎ᠤ ᠦᠩᠭᠡ ᠦᠵᠡᠮᠵᠢ᠎ᠶᠢ ᠭᠠᠢᠬᠠᠨ ᠪᠠᠬᠠᠲᠣᠭᠠᠳ ᠬᠠᠨᠣᠰᠢ ᠦᠭᠡᠢ᠃ ᠨᠡᠭᠡᠭᠡᠯᠳᠡᠳᠠᠢ ᠴᠤᠩᠬᠤ ᠪᠡᠷ ᠰᠡᠪᠰᠢᠭᠰᠡᠨ ᠰᠠᠯᠬᠢ᠂ ᠰᠦ᠎ᠲᠠᠢ ᠴᠠᠢ᠂ ᠦᠷᠯᠦᠭᠡ᠎ᠶᠢᠨ ᠨᠠᠷᠠᠨ᠎ᠤ ᠡᠶᠡᠪᠡᠷᠭᠦᠦ ᠵᠦᠭᠡᠯᠡᠨ ᠭᠡᠷᠡᠯ ᠱᠢᠷᠡᠭᠡᠨᠡ ᠲᠤᠭ᠍ᠯᠠᠬᠤ᠂ ᠣᠢ᠎ᠶᠢᠨ ᠲᠣᠮᠲᠠ ᠣᠯᠠᠨ ᠱᠢᠪᠠᠭᠤᠳ ᠤᠷᠮ᠎ᠠ᠎ᠲᠠᠢ ᠲᠠᠭᠤᠯᠠᠬᠤ᠂ ᠬᠤᠷᠤᠭ᠎ᠠ ᠬᠠᠱᠢᠶᠠᠨᠠ ᠨᠢᠯᠬ᠎ᠠ ᠲᠦᠯ ᠮᠠᠢᠯᠠᠬᠤ ᠁ ᠭᠡᠬᠦᠴᠢᠯᠡᠨ ᠪᠦᠬᠦ᠌ ᠵᠦᠢᠯ ᠰᠡᠳᠭᠢᠯ ᠣᠪᠣᠯᠵᠠᠭᠣᠯᠣᠨ ᠣᠷᠮ᠎ᠠ ᠬᠦᠭᠵᠢᠭᠡᠬᠦ᠎ᠨᠢ ᠲᠡᠯᠭᠡᠷ ᠵᠣᠨ᠎ᠤ ᠲᠡᠭᠵᠢᠨ ᠢᠷᠠᠭᠣ ᠠᠶᠠᠰ ᠬᠦᠮᠦᠨ ᠬᠤᠷᠸ᠎ᠠ᠎ᠶ᠋ᠢ ᠪᠦᠪᠠᠢᠯᠠᠵᠤ ᠠᠪᠤᠭ᠍ᠰᠠᠨ᠎ᠤ᠎ᠬᠢ ᠪᠢᠯᠡ᠃ ᠲᠡᠢᠮᠦ ᠡ᠂ ᠣᠷᠭᠣᠭᠠᠳ ᠪᠠᠢᠲᠠᠬ ᠴᠡᠴᠡᠭ ᠪᠣᠯ ᠵᠣᠨ ᠶᠣᠮ᠂ ᠣᠨᠲᠣᠷᠣᠭᠠᠳ ᠪᠠᠢᠲᠠᠬ ᠬᠦᠰᠡᠯ ᠪᠣᠯ ᠵᠣᠨ ᠶᠣᠮ᠃ ᠢᠩᠬᠢᠵᠦ ᠪᠣᠲᠣᠬᠣ ᠡᠴᠡ ᠪᠠᠲᠠᠷᠠᠩᠭᠣᠢ ᠨᠣᠭᠣᠭᠠᠨ ᠵᠣᠨ ᠭᠡᠵᠦ ᠶᠡᠷᠦ ᠨᠢ ᠪᠠᠲᠠᠬ ᠰᠢᠯᠦᠭ ᠰᠢᠭ ᠮᠡᠲᠣ ᠮᠦᠷᠲᠡᠭᠡᠨ ᠪᠠᠰᠠ ᠪᠣᠲᠣᠬ ᠦᠩᠭᠡ ᠨᠢ ᠲᠡᠩᠴᠡᠵᠦ ᠵᠣᠬᠢᠴᠠᠬᠰᠠᠨ ᠵᠢᠷᠣᠬ ᠰᠢᠬ ᠰᠠᠨᠠᠬᠲᠠᠨᠠ᠃
ᠴᠢᠬᠢᠭᠯᠢᠭ ᠵᠦᠭᠡᠯᠡᠨ ᠰᠡᠪᠰᠢᠶᠠ ᠡᠩᠭᠡᠷᠢ ᠢᠷᠡᠨ ᠰᠡᠪᠢᠯᠵᠡᠵᠦ ᠂ ᠦᠨᠢ ᠬᠣᠯᠠ᠎ᠶᠢᠨ ᠠᠮᠢᠰᠬᠣᠯ ᠵᠢᠷᠦᠬᠡᠨ ᠳ᠋ᠦ ᠮᠠᠷᠲᠠᠬᠲᠠᠰᠢ ᠦᠭᠡᠢ ᠰᠡᠩᠬᠢᠨᠡᠨ᠎ᠡ᠃ ᠵᠣᠰᠠᠭᠠᠯ᠎ᠤᠨ ᠲᠡᠨᠵᠢ ᠪᠦᠣᠷᠭᠡᠨ ᠨᠡᠮᠣᠢᠵᠦ᠂ ᠦᠨᠢᠶ᠎ᠡ ᠲᠣᠭᠣᠯ᠎ᠤᠨ ᠮᠦᠭᠡᠷᠡᠯᠲᠦᠬᠦ ᠲᠠᠭᠣᠨ ᠦᠵᠡᠰᠬᠦᠯᠡᠩᠲᠦ ᠵᠣᠨ᠎ᠤ ᠨᠠᠢᠷᠠᠯ ᠡᠭᠡᠰᠢᠭ᠎ᠢ ᠴᠢᠪᠬᠠᠲᠠᠨᠠ᠃
ᠡᠷᠬᠢᠬᠦ ᠬᠣᠷᠸ᠎ᠠ᠎ᠶᠢᠨ ᠦᠵᠡᠰᠬᠦᠯᠡᠩ᠎ᠤᠨ ᠲᠣᠢᠯᠢ ᠵᠣᠨ ᠭᠡᠲᠡᠭ ᠶᠣᠮ ᠪᠣᠯ ᠡᠰᠡᠨᠢᠯ ᠪᠠᠲᠠᠷᠠᠯ᠎ᠤᠨ ᠡᠷᠬᠡ ᠬᠣᠩᠭᠣᠷ ᠨᠢ ᠵᠢᠷᠭᠣᠭᠠᠨ ᠰᠠᠷ᠎ᠠ ᠭᠡᠵᠦ ᠪᠢ ᠪᠣᠲᠣᠲᠠᠬ᠃ ᠵᠢᠷᠭᠣᠭᠠᠨ ᠰᠠᠷ᠎ᠠ ᠪᠣᠯ ᠵᠣᠨ᠎ᠤ ᠲᠡᠬᠦᠰ ᠦᠵᠡᠮᠵᠢ᠎ᠶᠢ ᠬᠠᠷᠠᠭᠣᠯᠵᠦ᠂ ᠵᠦᠢᠯ ᠪᠦᠷᠢ᠎ᠶᠢᠨ ᠦᠩᠭᠡ ᠪᠡᠷ ᠰᠣᠯᠣᠩᠭᠠᠷᠠᠨ᠂ ᠪᠠᠢᠭᠠᠯᠢ ᠲᠡᠯᠡᠬᠡᠢ᠎ᠶᠢ ᠴᠢᠮᠡᠵᠦ ᠭᠣᠶᠣᠯᠠᠵᠦ ᠪᠠᠢᠲᠠᠬ᠃ ᠬᠠᠷᠠᠭᠠᠴᠢ᠂ ᠲᠡᠷᠳᠡᠭᠡ ᠬᠣᠯᠠ ᠡᠬᠦᠯᠡᠰ ᠡᠪᠬᠡᠷᠡᠯᠲᠦᠨ ᠣᠷᠢᠶᠠᠯᠲᠣᠨ ᠠᠯᠣᠰᠢ ᠵᠣᠷᠢᠨ ᠲᠦᠷᠭᠡᠨ ᠲᠦᠷᠭᠡᠨ ᠨᠡᠬᠦᠵᠦ᠂ ᠲᠡᠭᠷᠢ᠎ᠶᠢᠨ ᠬᠠᠶᠠᠭᠠᠨ ᠳ᠋ᠦ ᠰᠢᠩᠭᠡᠵᠦ ᠠᠯᠠᠭ᠎ᠠ ᠪᠣᠯᠬᠣ᠎ᠶᠢᠨ ᠲᠡᠳᠦᠢ ᠳ᠋ᠦ ᠪᠣᠲᠣᠯ ᠴᠦ᠍ ᠵᠠᠮᠬᠠᠷᠠᠨ᠎ᠠ᠃ ᠵᠦᠯᠭᠡᠨᠤ ᠴᠡᠴᠡᠭᠡᠰ ᠭᠠᠩᠬᠣᠵᠦ᠂ ᠦᠩᠭᠡ ᠦᠩᠭᠡ᠎ᠶᠢᠨ ᠴᠡᠴᠡᠭ ᠨᠣᠭᠣᠭᠠᠨ᠎ᠤ ᠢᠯᠲᠡᠮ ᠦᠩᠭᠡ᠂ ᠦᠵᠡᠰᠬᠦᠯᠡᠩᠲᠦ ᠣᠯᠠᠨ ᠰᠢᠪᠠᠭᠣᠳ᠎ᠤᠨ ᠢᠷᠠᠭᠣ ᠲᠠᠭᠣᠨ ᠲᠡᠯᠭᠡᠷ ᠵᠣᠨᠢ ᠪᠠᠬᠠᠲᠣᠨ ᠲᠠᠭᠣᠯᠠᠬᠣ ᠮᠡᠲᠦ᠃ ᠲᠠᠩᠰᠣᠬ ᠦᠨᠦᠷ ᠬᠢᠭᠡᠳ ᠭᠣᠶᠣᠮᠰᠣᠬ ᠦᠩᠭᠡ ᠢᠩᠬᠢᠭᠡᠳ ᠪᠡᠶ᠎ᠡ ᠪᠡᠶᠡᠰ ᠲᠡᠭᠡᠨ ᠠᠭᠣᠰᠣᠨ ᠨᠡᠪᠴᠢᠵᠦ ᠶᠡᠷᠦ ᠪᠣᠰᠣ᠎ᠶᠢᠨ ᠰᠠᠢᠬᠠᠨ᠎ᠢ ᠪᠦᠷᠢᠲᠦᠬᠦᠯᠦᠨᠡ᠃ ᠦᠩᠭᠡ᠂ ᠦᠨᠦᠷ᠂ ᠲᠠᠭᠣᠣ ᠭᠣᠷᠪᠠ ᠨᠢᠭᠡ ᠲᠣᠣᠷ᠎ᠠ ᠴᠣᠬᠴᠠᠯᠠᠨ ᠵᠢᠭᠲᠡᠷᠡᠬᠦ ᠳ᠋ᠦ ᠲᠡᠯᠡᠬᠡᠢ ᠶᠢᠷᠲᠢᠨᠴᠦ ᠦᠵᠡᠰᠬᠦᠯᠡᠩ᠎ᠤᠨ ᠲᠦᠢᠯ ᠳ᠋ᠦ ᠬᠦᠷᠲᠡᠭ ᠠᠵᠢ᠃
ᠡᠬᠡ ᠪᠠᠢᠭᠠᠯᠢ᠎ᠶᠢᠨ ᠵᠢᠷᠭᠣᠭᠠᠨ ᠰᠠᠷ᠎ᠠ ᠰᠣᠯᠣᠩᠭ᠎ᠠ᠎ᠶᠢᠨ ᠲᠣᠯᠣᠭᠠᠨ ᠦᠩᠭᠡ ᠪᠡᠷ ᠲᠠᠯ᠎ᠠ᠎ᠶᠢᠨ ᠴᠡᠴᠡᠭᠡᠰ᠎ᠢ ᠪᠣᠲᠣᠬᠯᠠᠵᠦ ᠰᠠᠭᠠᠲᠠᠬᠣ ᠳ᠋ᠦ ᠡᠩᠬᠦᠷᠡᠢ ᠪᠠᠭᠠᠴᠣᠳ᠎ᠤᠨ ᠵᠢᠷᠭᠣᠭᠠᠨ ᠰᠠᠷ᠎ᠠ ᠭᠡᠵᠦ ᠦᠷᠬᠦᠭᠡ ᠲᠦᠬᠦᠷᠡᠩ ᠪᠠᠶᠠᠷ᠎ᠤᠨ ᠲᠠᠭᠣᠣ ᠲᠠᠢ᠂ ᠦᠨᠢᠷ ᠵᠢᠷᠭᠠᠯ᠎ᠤᠨ ᠠᠶᠠᠯᠭᠣ ᠴᠢᠪᠬᠠᠲᠠᠵᠦ ᠬᠦᠰᠢᠭᠡ ᠰᠡᠬᠦᠲᠡᠭ᠃ ᠨᠡᠬᠡᠷᠡᠨ᠂ ᠨᠠᠯᠠᠭᠠᠷ ᠵᠣᠨ᠎ᠤ ᠵᠢᠷᠭᠣᠭᠠᠨ ᠰᠠᠷ᠎ᠠ ᠪᠣᠯ ᠨᠢᠰᠣᠬᠠᠢ ᠵᠢᠭᠠᠯᠤ᠋ᠤᠨᠤᠨ ᠪᠠᠶᠠᠷ ᠵᠢᠷᠭᠠᠯ ᠲᠠᠢ ᠣᠯᠠᠷᠢᠯ᠃ 《ᠵᠦᠢᠯ᠎ᠤᠨ ᠴᠡᠴᠡᠭ ᠲᠡᠯᠭᠡᠷᠡᠬᠦ ᠳ᠋ᠦ᠂ ᠵᠦᠯᠭᠡᠨᠤ ᠮᠡᠯᠡᠬᠡᠢ ᠲᠣᠣᠭᠠᠷᠬᠣ ᠳ᠋ᠦ᠂ ᠵᠢᠷᠭᠣᠭᠠᠨ ᠰᠠᠷ᠎ᠠ᠎ᠶᠢᠨ ᠨᠢᠭᠡᠨ ᠳ᠋ᠦ ᠪᠢᠳᠡᠨ᠎ᠤ ᠪᠠᠶᠠᠷ ᠪᠣᠯᠲᠠᠬ ᠶᠣᠮ》 ᠭᠡᠵᠦ ᠬᠡᠦᠬᠡᠳ ᠤ᠋ᠤᠨ ᠲᠠᠭᠣᠯᠠᠵᠦ ᠪᠦᠵᠢᠭᠯᠡᠨ ᠬᠦᠭᠡᠷᠦᠯᠲᠦᠨᠡ᠂ ᠲᠣᠬᠯᠠᠵᠦ ᠬᠦᠶᠦᠯᠲᠦᠨ ᠣᠷᠣᠯᠲᠣᠨᠠ᠃ ᠵᠢᠭᠠᠯ ᠬᠡᠦᠬᠡᠳ᠎ᠤᠨ ᠣᠷᠣᠯᠲᠣᠬᠣᠶᠢ ᠬᠠᠷᠠᠵᠦ ᠪᠠᠶᠠᠰᠣᠬᠰᠠᠨ ᠵᠦᠯᠭᠡ᠎ᠶᠢᠨ ᠡᠪᠡᠰᠦ ᠨᠣᠭᠣᠭ᠎ᠠ ᠴᠦ᠍ ᠬᠡᠨ ᠠᠯᠢᠨ ᠲᠠᠢ ᠪᠠᠨ ᠦᠷᠢᠰᠬᠦ ᠮᠡᠲᠦ ᠰᠣᠭᠣᠷᠠᠵᠦ ᠣᠷᠭᠣᠨ᠎ᠠ᠃
ᠣᠷᠭᠣᠬᠣ᠎ᠶᠢᠨ ᠴᠢᠮᠡᠭᠡ᠎ᠶᠢ ᠰᠣᠨᠣᠷᠲᠠᠭᠣᠯᠵᠦ᠂ ᠣᠷᠣᠰᠬᠣ᠎ᠶᠢᠨ ᠭᠠᠢᠬᠠᠮᠰᠢᠬ᠎ᠢ ᠪᠠᠬᠠᠲᠣᠵᠦ᠂ ᠦᠷᠨᠢᠬᠦ᠎ᠶᠢᠨ ᠰᠠᠢᠬᠠᠨ᠎ᠢ ᠮᠡᠳᠡᠷᠡᠬᠦᠯᠦᠭᠰᠡᠨ ᠵᠢᠷᠭᠣᠭᠠᠨ ᠰᠠᠷ᠎ᠠ᠎ᠶᠢᠨ ᠴᠠᠯ ᠨᠣᠭᠣᠭᠠᠨ ᠡᠳᠦᠷ ᠤ᠋ᠤᠨ ᠢᠩᠬᠢᠵᠦ ᠦᠷᠬᠦᠯᠵᠢᠯᠡᠨ᠎ᠡ᠃ ᠪᠢᠴᠢᠭ᠎ᠤᠨ ᠰᠢᠷᠡᠭᠡᠨ᠎ᠤ ᠴᠠᠭᠠᠨ᠎ᠠ ᠲᠣᠯᠣᠭᠠᠢ ᠪᠣᠯᠲᠠᠯᠵᠠᠭᠣᠯᠣᠨ ᠠᠯᠢᠶᠠᠷᠬᠠᠬᠰᠠᠨ ᠬᠡᠦᠬᠡᠳ᠎ᠤᠨ ᠬᠦᠰᠡᠯ ᠴᠦ᠍ ᠦᠰᠴᠦ ᠦᠷᠬᠦᠯᠵᠢᠯᠡᠭᠰᠡᠭᠡᠷ ᠁
ᠬᠦᠰᠡᠯ ᠮᠦᠷᠦᠭᠡᠲᠦᠯ᠎ᠤᠨ ᠵᠢᠷᠭᠣᠭᠠᠨ ᠰᠠᠷ᠎ᠠ ᠭᠡᠵᠦ ᠬᠦᠮᠦᠨ ᠲᠦᠷᠦᠯᠬᠢᠲᠡᠨ ᠳ᠋ᠦ ᠪᠡᠯᠡᠭᠯᠡᠭᠰᠡᠨ ᠬᠠᠨ ᠲᠡᠭᠷᠢ᠎ᠶᠢᠨ ᠬᠠᠮᠣᠬᠤᠨ ᠲᠣᠮᠣ ᠪᠡᠯᠡᠭ ᠭᠡᠯᠲᠡᠢ᠃