ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 《ᠬᠦᠰᠡᠯ᠎ᠦᠨ ᠵᠢᠬᠦᠷ ᠲᠥᠯᠥᠪᠯᠡᠭᠡ》 ᠶ᠋ᠢᠨ ᠠᠪᠤᠷᠠᠨ ᠲᠤᠰᠠᠯᠠᠬᠤ ᠲᠥᠷᠥᠯ ᠵᠦᠶ᠋ᠯ᠎ᠨᠢ ᠡᠨᠡ ᠵᠢᠯ ᠹᠧᠨᠢᠯ ᠫᠷᠤᠫᠠᠨᠤᠨᠳᠤ ᠱᠢᠭᠡᠰᠦᠨ ᠬᠡᠮ᠎ᠢ ᠠᠪᠤᠷᠠᠨ ᠲᠤᠰᠠᠯᠠᠬᠤᠬᠡᠪᠴᠢᠶᠠᠨ ᠳ᠋ᠤ ᠱᠢᠨ᠎ᠡ᠎ᠪᠡᠷ ᠨᠡᠮᠡᠵᠤ ᠤᠷᠤᠭᠤᠯᠪᠠ᠂ ᠡᠨᠡ ᠪᠣᠯ ᠤᠯᠠᠭᠠᠨᠴᠠᠪ ᠬᠣᠲᠠ᠎ᠶ᠋ᠢᠨ ᠵᠦᠸᠧᠽᠢ ᠱᠢᠶᠠᠨ᠎ᠤ ᠬᠦᠴᠢᠷᠳᠡᠯ᠎ᠳᠦ ᠲᠤᠯᠭᠠᠷᠠᠭ᠍ᠰᠠᠨ ᠬᠡᠦᠬᠡᠳ᠎ᠢ ᠡᠮᠴᠢᠯᠡᠵᠦ᠍ ᠠᠪᠤᠷᠠᠨ ᠲᠤᠰᠠᠯᠠᠬᠤ᠎ᠶ᠋ᠢᠨ ᠪᠠᠰᠠ ᠨᠢᠭᠡᠨ ᠱᠢᠨ᠎ᠡ ᠠᠷᠭ᠎ᠠ ᠬᠡᠮᠵᠢᠶ᠎ᠡ ᠪᠣᠯᠤᠨ᠎ᠠ᠂ ᠡᠨᠡ᠎ᠨᠢ ᠣᠨᠴᠠᠭᠠᠶ ᠡᠪᠡᠳᠴᠢᠨ᠎ᠲᠡᠶ ᠬᠡᠦᠬᠡᠳ᠎ᠦᠨ ᠬᠡᠷ ᠪᠦᠯᠢ᠎ᠶ᠋ᠢᠨ ᠠᠵᠤ ᠠᠬᠤᠶ᠎ᠶ᠋ᠢᠨ ᠳᠠᠷᠤᠭᠠᠰᠤ᠎ᠶ᠋ᠢ ᠤᠯᠠᠮ ᠨᠢᠭᠡ ᠠᠯᠬᠤᠮ ᠬᠥᠩᠭᠡᠷᠡᠭᠦᠯᠪᠡ᠃
《ᠬᠦᠰᠡᠯ᠎ᠦᠨ ᠵᠢᠬᠦᠷ ᠲᠥᠯᠥᠪᠯᠡᠭᠡ》 ᠪᠣᠯ 0 ᠡᠴᠡ18 ᠨᠠᠰᠤᠨ᠎ᠤ ᠥᠨᠥᠴᠢᠨ ᠬᠡᠦᠬᠡᠳ᠂ ᠪᠣᠳᠠᠲᠠᠶ ᠠᠰᠠᠷᠠᠨ ᠲᠡᠵᠢᠭᠡᠬᠦ᠌ ᠬᠥᠮᠦᠨ ᠥᠬᠡᠶ ᠬᠡᠦᠬᠡᠳ ᠵᠢᠴᠢ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ ᠬᠦᠷᠳᠡᠭᠰᠡᠳ᠂ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ᠎ᠳᠤ ᠬᠠᠪᠢᠳᠠᠵᠤ ᠪᠠᠢᠭ᠎ᠠ ᠬᠡᠷ ᠪᠦᠯᠢ ᠵᠢᠨ ᠬᠡᠦᠭᠡᠳ᠂ ᠵᠠᠪᠠᠯ ᠵᠠᠷᠤᠬᠤ ᠵᠠᠷᠤᠯᠭ᠎ᠠ᠎ᠪᠠᠷ ᠬᠦᠴᠢᠷᠳᠡᠯᠲᠡᠶ ᠬᠡᠷ ᠪᠦᠯᠢ᠎ᠶ᠋ᠢᠨ ᠬᠡᠦᠬᠡᠳ᠎ᠢ ᠠᠪᠤᠷᠠᠨ ᠲᠤᠰᠠᠯᠠᠬᠤ ᠴᠢᠬᠤᠯᠠ ᠲᠥᠷᠥᠯ ᠵᠦᠶ᠋ᠯ ᠪᠣᠯᠤᠨ᠎ᠠ᠃ 2026 ᠣᠨ᠎ᠤ ᠲᠥᠷᠥᠯ ᠵᠦᠶ᠋ᠯ᠎ᠳᠦ ᠲᠣᠬᠢᠷᠠᠭᠤᠯᠤᠯᠲᠠ ᠬᠢᠭ᠌ᠰᠡᠨ᠎ᠦ ᠳᠠᠷᠠᠭ᠎ᠠ᠂ ᠤᠤᠯ᠎ᠤᠨ ᠪᠠᠢᠭ᠍ᠰᠠᠨ ᠲᠥᠷᠥᠯᠬᠢ ᠵᠢᠨ ᠵᠢᠷᠦᠬᠡᠨ ᠡᠪᠡᠳᠴᠢᠨ᠂ ᠪᠥᠭᠡᠷ᠎ᠡ᠎ᠶ᠋ᠢᠨ ᠡᠪᠡᠳᠴᠢᠨ᠂ ᠴᠢᠰᠤᠨ᠎ᠤ ᠡᠪᠡᠳᠴᠢᠨ᠂ ᠬᠤᠤᠷᠲᠤ ᠬᠠᠪᠤᠳᠠᠷ᠂ ᠱᠢᠰᠲ᠋ᠧᠮᠲᠦ ᠴᠢᠨᠣ᠎ᠠ᠎ᠶ᠋ᠢᠨ ᠶᠠᠷ᠎ᠠ ᠵᠡᠷᠭᠡ ᠡᠪᠡᠳᠴᠢᠨ᠎ᠦ ᠰᠠᠭᠤᠷᠢᠨ ᠳᠡᠭᠡᠷ᠎ᠡ ᠹᠧᠨᠢᠯ ᠫᠷᠤᠫᠠᠨᠤᠨᠳᠤ ᠱᠢᠭᠡᠰᠦᠨ ᠬᠡᠮ᠎ᠢ ᠠᠪᠤᠷᠠᠨ ᠲᠤᠰᠠᠯᠠᠬᠤ ᠬᠡᠪᠴᠢᠶᠡᠨ᠎ᠳᠦ ᠣᠷᠣᠭᠤᠯᠪᠠ᠃ ᠠᠪᠤᠷᠠᠨ ᠲᠤᠰᠠᠯᠠᠬᠤ ᠪᠠᠷᠢᠮᠵᠢᠶ᠎ᠠ᠎ᠨᠢ᠄ ᠬᠤᠪᠢ ᠬᠥᠮᠦᠨ᠎ᠦ ᠣᠨ᠎ᠤ ᠥᠪᠡᠰᠦᠪᠡᠨ ᠲᠤᠱᠢᠶᠠᠭ᠍ᠰᠠᠨ ᠡᠮᠴᠢᠯᠡᠭᠡᠨ᠎ᠦ ᠵᠠᠷᠤᠳᠠᠯ᠎ᠨᠢ 1 ᠲᠦᠮᠡᠨ ᠲᠥᠭᠥᠷᠢᠭ᠎ᠡᠴᠡ ᠳᠣᠷᠣᠭ᠍ᠰᠢ ᠪᠠᠢᠪᠠᠯ ᠪᠥᠬᠥ᠌ ᠲᠣᠭ᠎ᠠ᠎ᠪᠠᠷ᠎ᠨᠢ ᠠᠪᠤᠷᠠᠨ ᠲᠤᠰᠠᠯᠠᠵᠤ᠂ 1 ᠲᠦᠮᠡᠨ ᠲᠥᠭᠥᠷᠢᠭ᠎ᠡᠴᠡ ᠳᠡᠭᠡᠭ᠌ᠰᠢ ᠪᠠᠢᠪᠠᠯ ᠬᠠᠮᠤᠭ ᠦᠨᠳᠤᠷ ᠲᠡᠭᠡᠨ 1 ᠲᠦᠮᠡᠨ ᠲᠥᠭᠥᠷᠢᠭ᠎ᠢᠶᠡᠷ ᠲᠤᠰᠠᠯᠠᠨ᠎ᠠ᠃
ᠵᠦᠸᠧᠽᠢ ᠱᠢᠶᠠᠨ᠎ᠤ ᠠᠷᠠᠳ᠎ᠤᠨ ᠶᠠᠪᠤᠳᠠᠯ᠎ᠤᠨ ᠲᠣᠪᠴᠢᠶᠠᠨ᠎ᠤ ᠬᠠᠮᠢᠶ᠎ᠠ ᠪᠦᠬᠦᠢ ᠬᠠᠷᠢᠭᠤᠴᠠᠯᠭᠠᠳᠠᠨ ᠡᠴᠡ᠄《〈ᠬᠦᠰᠡᠯ᠎ᠦᠨ ᠵᠢᠬᠦᠷ ᠲᠥᠯᠥᠪᠯᠡᠭᠡ〉 ᠨᠢ ᠹᠧᠨᠢᠯ ᠫᠷᠤᠫᠠᠨᠤᠨᠳᠤ ᠱᠢᠭᠡᠰᠦᠨ ᠭᠡᠮ᠎ᠢ ᠠᠪᠤᠷᠠᠨ ᠲᠤᠰᠠᠯᠠᠬᠤ ᠬᠡᠪᠴᠢᠶᠡᠨ᠎ᠳᠦ ᠣᠷᠣᠭᠤᠯᠤᠭ᠍ᠰᠠᠨ ᠨᠢ ᠳᠠᠷᠤᠢ ᠬᠦᠴᠢᠷᠳᠡᠯᠳᠠᠢ ᠬᠡᠷ ᠪᠦᠯᠢ ᠵᠢᠨ ᠳᠠᠷᠤᠭᠠᠰᠤ᠎ᠶ᠋ᠢ ᠬᠥᠩᠭᠡᠷᠡᠭᠦᠯᠬᠦ᠌᠎ᠶ᠋ᠢᠨ ᠲᠥᠯᠥᠭᠡ ᠶᠤᠮ᠃ ᠵᠠᠯᠭᠠᠭᠠᠳ᠂ ᠪᠢᠳᠡ ᠲᠦᠷᠦ᠍᠎ᠶ᠋ᠢᠨ ᠪᠤᠳᠤᠯᠭ᠎ᠠ᠎ᠶ᠋ᠢᠨ ᠤᠬᠠᠭᠤᠯᠭ᠎ᠠ ᠪᠠ ᠰᠠᠨᠠᠭᠠᠴᠢᠯᠠᠭ᠎ᠠ᠎ᠠᠴᠠ᠎ᠪᠠᠨ ᠪᠠᠢᠳᠠᠯ᠎ᠢ ᠣᠢᠯᠠᠭᠠᠬᠤ ᠡᠷᠴᠢᠮ᠎ᠢᠶᠡᠨ ᠴᠢᠩᠭᠠᠷᠠᠭᠤᠯᠵᠤ᠂ ᠨᠥᠬᠥᠴᠡᠯ᠎ᠳᠦ ᠨᠡᠢᠴᠡᠭ᠌ᠰᠡᠨ ᠬᠡᠦᠬᠡᠳ᠎ᠢ ᠠᠪᠤᠷᠠᠬᠤ ᠶᠣᠰᠣᠲᠠᠢ᠎ᠶ᠋ᠢ ᠨᠢ ᠪᠦᠬᠦᠨ᠎ᠢ ᠠᠪᠤᠷᠠᠵᠤ᠂ ᠨᠢᠭᠡ ᠬᠥᠮᠦᠨ᠎ᠢ ᠴᠸ᠋ ᠣᠷᠬᠢᠭ᠍ᠳᠠᠭᠤᠯᠬᠤ ᠦᠭᠡᠢ ᠪᠠᠢᠬᠤ᠎ᠶ᠋ᠢ ᠦᠨᠡᠨ ᠬᠦ᠌ ᠪᠠᠲᠤᠯᠠᠵᠤ᠂ 〈ᠬᠦᠰᠡᠯ᠎ᠦᠨ ᠵᠢᠬᠦᠷ ᠲᠥᠯᠥᠪᠯᠡᠭᠡ〉 ᠵᠢ ᠬᠦᠴᠢᠷᠳᠡᠯ᠎ᠳᠦ ᠲᠤᠯᠭᠠᠷᠠᠭ᠍ᠰᠠᠨ ᠬᠡᠦᠬᠡᠳ᠎ᠦᠨ ᠡᠷᠡᠭᠦᠯ᠎ᠢᠶᠡᠷ ᠦᠰᠦᠨ ᠪᠣᠢᠵᠢᠬᠤ᠎ᠶ᠋ᠢᠨ ᠪᠠᠲᠤ ᠲᠦᠱᠢᠭ ᠪᠣᠯᠭᠠᠨ᠎ᠠ》 ᠭᠡᠵᠦ᠍ ᠬᠡᠯᠡᠪᠡ᠃