ᠤᠯᠠᠭᠠᠨᠬᠠᠳᠠ ᠄ ᠰᠤᠶᠤᠯ ᠪᠢᠯᠬᠠᠭᠰᠠᠨ ᠰᠥᠨᠢ᠎ᠶ᠋ᠢᠨ ᠵᠡᠭᠡᠯᠢ ᠨᠢ ᠵᠢᠭᠤᠯᠴᠢᠯᠠᠬᠰᠡᠳ ᠢ᠋ ᠰᠣᠭ᠍ᠲᠣᠭᠤᠷᠠᠭᠤᠯᠤᠨ᠎ᠠ
2026-05-07 10:45:20
ᠵᠣᠬᠢᠶᠠᠭ᠍ᠴᠢ᠄
ᠱᠢᠶᠤᠤ ᠯᠦ᠍
ᠣᠩᠱᠢᠭ᠍ᠰᠠᠨ ᠣᠳᠠᠭ᠎ᠠ᠄
★★★☆☆

  《ᠦᠨᠡᠭᠡᠷ ᠬᠦᠭᠵᠢᠶᠠᠨᠲᠠᠶ ᠪᠠᠢ᠍ᠢᠨ᠎ᠠ! ᠡᠨᠡ ᠬᠦ᠌ ᠰᠦᠨᠢ ᠵᠢᠨ ᠵᠡᠭᠡᠯᠢ ᠵᠢᠨ ᠦᠵᠡᠮᠵᠢ ᠪᠠᠢᠳᠠᠯ ᠨᠢ ᠦᠨᠡᠬᠡᠷ ᠡᠷᠲᠡᠨ᠎ᠦ ᠵᠠᠬ᠎ᠠ ᠵᠡᠭᠡᠯᠢ ᠪᠡᠷ ᠲᠤᠭᠤᠷᠢᠭᠰᠠᠨ ᠰᠢᠭ᠋ ᠰᠠᠨᠠᠭ᠍ᠳᠠᠭᠤᠯᠤᠨ᠎ᠠ》᠃ 5 ᠰᠠᠷ᠎ᠠ᠎ᠶ᠋ᠢᠨ 1 ᠤ᠋ ᠤᠷᠤᠢ᠂ ᠪᠡᠭᠡᠵᠢᠩ᠎ᠡᠴᠡ ᠢᠷᠡᠭ᠌ᠰᠡᠨ ᠵᠢᠭᠤᠯᠴᠢᠯᠠᠬᠴᠢ ᠵᠠᠩ ᠬᠠᠢ ᠶᠠᠩ ᠭᠠᠷ ᠤᠲᠠᠰᠤ ᠪᠡᠷ ᠵᠢᠡᠨ ᠬᠤᠩᠱᠠᠨ·ᠱᠦᠢ ᠠᠨ ᠱᠢ ᠭᠤᠸᠠᠩ ᠬᠢᠳᠠᠤᠨ ᠰᠤᠶᠤᠯ ᠎ᠤᠨ ᠬᠡᠪ ᠨᠠᠮᠪᠠᠳᠤ ᠵᠡᠭᠡᠯᠢ᠎ᠶ᠋ᠢᠨ ᠦᠵᠡᠮᠵᠢ ᠵᠢ ᠪᠠᠢᠨ ᠲᠠᠬᠢᠨ ᠰᠡᠬᠦᠳᠡᠷᠯᠡᠨ᠎ᠠ᠃ ᠡᠨᠡ ᠬᠦ᠌ ᠴᠠᠭ ᠮᠥᠴᠡ᠎ᠳᠦ᠂ ᠡᠷᠲᠡᠨ᠎ᠦ ᠥᠩᠭᠡ ᠤᠵᠠᠭᠤᠷ᠎ᠤᠨ ᠵᠡᠭᠡᠯᠢ ᠭᠤᠳᠤᠮᠵᠢ ᠳ᠋ᠧᠩ᠎ᠦᠨ ᠬᠡᠷᠡᠯ᠎ᠳᠦ ᠵᠡᠭᠦᠳᠦ ᠵᠡᠷᠭᠡᠯᠭᠡᠨ ᠮᠡᠲᠦ ᠭᠡᠷᠡᠯᠲᠦᠵᠦ᠍᠂ ᠴᠠᠭ ᠬᠤᠭᠤᠴᠠᠭ᠎ᠠ ᠣᠷᠣᠨ ᠵᠠᠶ᠎ᠶ᠋ᠢ ᠳᠤᠭᠤᠯᠤᠭ᠍ᠰᠠᠨ ᠰᠥᠨᠢ᠎ᠶ᠋ᠢᠨ ᠵᠢᠭᠤᠯᠴᠢᠯᠠᠯ᠎ᠤᠨ ᠦᠪᠡᠳᠡᠭ᠌ᠰᠢ ᠴᠤᠬᠯᠠᠭᠠᠨ ᠶᠠᠭ ᠬᠥᠱᠢᠭᠡ᠎ᠪᠡᠨ ᠰᠡᠬᠦᠵᠦ᠍᠂ ᠤᠯᠠᠭᠠᠨᠬᠠᠳᠠ᠎ᠶ᠋ᠢᠨ《5·1》ᠤ᠋ ᠠᠮᠠᠷᠠᠯᠲᠠ᠎ᠶ᠋ᠢᠨ ᠬᠤᠭᠤᠴᠠᠭᠠᠨ᠎ᠤ ᠰᠣᠶᠣᠯ ᠵᠢᠭᠤᠯᠴᠢᠯᠠᠯ᠎ᠤᠨ ᠬᠠᠯᠠᠭᠤᠨ ᠥᠷᠨᠢᠯᠲᠡ᠎ᠶ᠋ᠢ ᠬᠥᠭ᠌ᠵᠢᠭᠡᠪᠡ᠃ ᠬᠢᠳᠠᠤᠨ ᠰᠤᠶᠤᠯ ᠎ᠤᠨ ᠬᠡᠪ ᠨᠠᠮᠪᠠᠳᠤ ᠵᠡᠭᠡᠯᠢ ᠳ᠋ᠤ᠂ 《ᠪᠠᠳᠠᠷᠠᠯᠲᠤ ᠲᠦᠷᠦ ᠵᠢᠨ ᠤᠯᠤᠰ᠎ᠤᠨ ᠬᠥᠭ᠌ᠵᠢᠮ》 ᠤ᠋ᠨ ᠬᠥᠭ ᠠᠶᠠᠰ ᠬᠠᠩᠭᠢᠨᠠᠨ ᠴᠤᠤᠷᠢᠶᠠᠲᠤᠵᠤ᠂ ᠬᠢᠲᠠᠳ ᠬᠤᠪᠴᠠᠰᠤ ᠡᠮᠦᠰᠦᠭ᠌ᠰᠡᠨ ᠪᠥᠵᠢᠭ᠌ᠯᠡᠭ᠌ᠴᠢ᠎ᠶ᠋ᠢᠨ ᠬᠤᠪᠴᠠᠰᠤ ᠬᠠᠨᠴᠤᠶ ᠨᠢ ᠰᠠᠯᠬᠢᠨ ᠤ᠋ ᠠᠶ᠎ᠠ ᠪᠡᠷ ᠬᠡᠢᠰᠴᠦ᠍᠂ ᠶᠡᠬᠡ ᠲᠠᠩ ᠤᠯᠤᠰ᠎ᠤᠨ ᠬᠡᠪ ᠨᠠᠮᠪᠠ ᠎ᠶ᠋ᠢ ᠬᠦᠢᠴᠡᠳ ᠢᠯᠡᠷᠡᠭᠦᠯᠪᠠ; 《ᠠᠮᠤᠭᠤᠯᠠᠩᠳᠤ ᠲᠦᠷᠦ ᠵᠢᠨ ᠰᠤᠭᠳᠤᠭᠤᠷᠠᠯ》ᠤ᠋ᠨ ᠤᠶᠠᠬᠠᠨ ᠠᠶᠠᠰ ᠨᠢ ᠲᠤᠬᠠᠶ᠎ᠶ᠋ᠢᠨ ᠲᠠᠯᠠᠪᠠᠶ᠎ᠶ᠋ᠢᠨ ᠭᠱᠠᠨ ᠵᠠᠭᠤᠷ᠎ᠠ᠎ᠳᠤ ᠥᠯᠵᠡᠶ ᠪᠡᠯᠭᠡ᠎ᠲᠡᠶ ᠠᠭᠤᠷ ᠠᠮᠢᠰᠭᠤᠯ᠎ᠳᠤ ᠰᠣᠭ᠍ᠲᠣᠭᠤᠷᠠᠵᠤ᠂ ᠴᠥᠭᠡᠨ ᠪᠤᠰᠤ ᠦᠵᠡᠭ᠌ᠴᠢᠳ ᠨᠠᠮ ᠳᠠᠭᠤᠨ᠎ᠢᠶᠠᠷ ᠭᠢᠩᠱᠢᠨ ᠳᠠᠭᠤᠯᠠᠵᠤ᠂ ᠴᠢᠨᠠᠭ᠍ᠰᠢᠯᠠᠪᠠᠯ ᠲᠠᠢᠰᠠᠨ ᠳᠡᠭᠡᠷ᠎ᠡ ᠭᠠᠷᠴᠤ᠌ ᠪᠥᠵᠢᠭ᠌ᠴᠢᠳ᠎ᠲᠡᠶ ᠬᠤᠷᠰᠢᠯᠴᠠᠨ᠎ᠠ᠃ ᠬᠠᠵᠠᠭᠤ᠎ᠳᠠᠬᠢ ᠠᠷᠠᠳ᠎ᠤᠨ ᠳᠠᠭᠤᠤ᠎ᠶ᠋ᠢᠨ ᠲᠠᠢᠰᠠᠨ ᠳᠡᠭᠡᠷ᠎ᠡ᠂ ᠲᠤᠰ ᠭᠠᠵᠠᠷ᠎ᠤᠨ ᠬᠥᠭ᠌ᠵᠢᠮ ᠎ᠦᠨ ᠠᠩᠬᠢ ᠎ᠶ᠋ᠢᠨ ᠱᠢᠨ᠎ᠡ ᠠᠶᠠᠰ ᠰᠥᠨᠢ᠎ᠶ᠋ᠢᠨ ᠭᠦᠨ᠎ᠳᠦ ᠴᠤᠤᠷᠢᠶᠠᠲᠤᠵᠤ᠂ ᠤᠯᠠᠮᠵᠢᠯᠠᠯᠲᠤ ᠲᠣᠭ᠍ᠯᠠᠭᠠᠮ ᠵᠢᠴᠢ ᠸᠠᠩ ᠡᠮᠡᠭᠡᠨ ᠲᠣᠭᠣᠷᠢᠨ ᠵᠢᠭᠤᠯᠴᠢᠯᠠᠬᠤ ᠵᠡᠷᠭᠡ NPC ᠬᠤᠷᠰᠢᠯᠴᠠᠬᠤ ᠲᠠᠢ ᠲᠤᠬᠢᠷᠠᠭᠤᠯᠵᠤ᠂ ᠵᠢᠭᠤᠯᠴᠢᠯᠠᠬᠰᠡᠳ ᠤᠯᠤᠰ᠎ᠤᠨ᠎ᠢᠶᠠᠨ ᠢᠷᠠᠭᠤ ᠰᠠᠢᠬᠠᠨ ᠬᠡᠪ ᠨᠠᠮᠪᠠ ᠪᠣᠯᠤᠨ ᠬᠤᠳᠠ ᠵᠡᠭᠡᠯᠢ ᠵᠢᠨ ᠠᠮᠢᠳᠤᠷᠠᠯ ᠳᠤᠮᠳᠠᠭᠤᠷ ᠰᠦᠯᠵᠢᠯᠳᠦᠵᠦ᠍᠂ ᠵᠢᠭᠤᠯᠴᠢᠯᠡᠨ ᠲᠤᠭᠤᠷᠢᠵᠤ ᠪᠠᠶᠠᠴᠢᠯᠡᠨ ᠤᠢᠯᠠᠭᠠᠬᠤ ᠡᠩᠨᠡᠭᠡ ᠤᠷᠳᠤ ᠮᠥᠷᠯᠡᠨ ᠵᠢᠭ᠍ᠰᠠᠨ᠎ᠠ᠃《ᠲᠣᠭ᠍ᠯᠠᠯᠲᠠ ᠰᠤᠨᠢᠷᠬᠠᠵᠤ ᠲᠣᠭ᠍ᠯᠠᠭᠠᠮ ᠨᠠᠭᠠᠳᠴᠤ᠌ ᠴᠢᠳᠠᠬᠤ᠎ᠪᠦᠭᠡᠳ ᠪᠠᠰᠠ ᠰᠤᠶᠤᠯ ᠤ᠋ᠨ ᠡᠬᠦᠳᠤᠯᠳᠠ ᠵᠢᠨ ᠢᠳᠡᠭᠡᠨ ᠬᠤᠳᠠᠯᠳᠤᠨ ᠠᠪᠴᠤ᠌ ᠢᠳᠡᠵᠦ᠍ ᠪᠣᠯᠤᠨ᠎ᠠ᠂ ᠡᠨᠡ ᠤᠳᠠᠭ᠎ᠠ ᠢᠷᠡᠭ᠌ᠰᠡᠨ ᠨᠢ ᠪᠡᠨ᠎ᠡ᠎ᠲᠡᠶ!》 ᠵᠠᠩ ᠬᠠᠢ ᠶᠠᠩ᠄ 《ᠠᠮᠠᠷᠠᠯᠲᠠ᠎ᠶ᠋ᠢᠨ ᠬᠤᠭᠤᠴᠠᠭᠠᠨ᠎ᠳᠤ ᠤᠯᠠᠭᠠᠨᠬᠠᠳᠠ᠎ᠳᠤ ᠵᠢᠭᠤᠯᠴᠢᠯᠡᠨ ᠨᠠᠭᠠᠤᠨᠴᠤ᠂ ᠬᠢᠳᠠᠤᠨ ᠰᠤᠶᠤᠯ ᠎ᠤᠨ ᠬᠡᠪ ᠨᠠᠮᠪᠠᠳᠤ ᠵᠡᠭᠡᠯᠢ᠎ᠪᠡᠷ ᠤᠷᠢᠳ ᠵᠢᠡᠷ ᠲᠣᠭᠣᠷᠢᠬᠰᠡᠨ ᠨᠢ ᠶᠤᠰᠤᠳᠠᠢ ᠵᠦᠪ ᠰᠤᠨᠭᠭᠤᠯᠳᠠ ᠪᠤᠯᠵᠠᠢ !》 ᠭᠡᠵᠤ ᠨᠢᠭᠤᠷ ᠲᠦᠬᠦᠷᠡᠩ ᠪᠠᠶᠠᠷ ᠤ᠋ᠨ ᠮᠦᠰᠢᠶᠠᠳᠤ ᠲᠤᠳᠤᠷᠠᠭᠤᠯᠤᠨ᠎ᠠ᠃ ᠬᠤᠩᠱᠠᠨ ᠲᠣᠭᠣᠷᠢᠭ᠎ᠡᠴᠡ ᠵᠠᠭᠤ ᠭᠠᠷᠤᠢ ᠺᠢᠯᠦᠮᠸᠲᠷ ᠵᠠᠢᠲᠠᠢ ᠲᠠᠯᠠᠢᠨᠠᠭᠤᠷ ᠮᠦᠨ ᠴᠦ᠍ ᠬᠥᠮᠦᠨ ᠬᠠᠷ᠎ᠠ ᠴᠤᠭ᠍ᠯᠠᠷᠠᠨ ᠬᠦᠷ ᠬᠦᠭᠵᠢᠶᠠᠨ ᠵᠢᠡᠷ ᠪᠢᠯᠬᠠᠨ᠎ᠠ᠃ 《ᠵᠢᠭᠠᠰᠤᠨ ᠰᠦᠷᠦᠭ ᠱᠤᠨᠭᠭᠤᠨ ᠢᠷᠠᠯᠵᠠᠵᠤ᠂ ᠦᠨᠡᠬᠡᠷ ᠭᠠᠢᠬᠠᠮᠰᠢᠬᠳᠠᠢ ᠬᠠᠷᠠᠬᠳᠠᠨ᠎ᠠ!》ᠱᠢᠯᠢ᠎ᠶ᠋ᠢᠨ ᠭᠤᠤᠯ ᠠᠢᠮᠠᠭ᠎ᠡᠴᠡ ᠢᠷᠡᠭ᠌ᠰᠡᠨ ᠵᠢᠭᠤᠯᠴᠢᠯᠠᠬᠴᠢ ᠯᠢ ᠯᠢ ᠬᠡᠦᠬᠡᠳ᠎ᠢᠶᠡᠨ ᠳᠠᠭᠠᠭᠤᠯᠤᠨ ᠠᠮᠢ ᠠᠬᠤᠶ᠎ᠶ᠋ᠢᠨ ᠮᠣᠳᠣᠨ ᠬᠥᠭᠥᠷᠭᠡᠨ ᠵᠠᠮ ᠳᠡᠭᠡᠷ᠎ᠡ ᠵᠣᠭ᠍ᠰᠣᠨ ᠦᠶ ᠲᠦᠮᠡᠨ ᠴᠠᠭᠠᠯᠵᠢ ᠵᠢᠭᠠᠰᠤ ᠤᠷᠤᠰᠬᠠᠯ ᠦᠭᠰᠤᠨ ᠨᠡᠬᠦᠳᠡᠯᠯᠡᠬᠦ ᠵᠢ ᠬᠠᠷᠠᠨ᠎ᠠ᠃ ᠳᠣᠲᠣᠭᠠᠳᠤ ᠬᠠᠭᠤᠷᠠᠶ᠎ᠶ᠋ᠢᠨ ᠱᠣᠷᠪᠣᠭ ᠨᠠᠭᠤᠷ ᠪᠣᠯᠤᠭ᠍ᠰᠠᠨ᠎ᠤ ᠬᠤᠪᠢ᠎ᠳᠤ᠂ ᠲᠡᠯᠡᠶ ᠨᠠᠭᠤᠷ᠎ᠤᠨ ᠥᠨᠳᠥᠷ ᠬᠤᠵᠢᠷᠯᠢᠭ ᠤᠰᠤᠨ᠎ᠤ ᠴᠢᠨᠠᠷ ᠨᠢ ᠵᠢᠭᠠᠰᠤᠨ᠎ᠤ ᠦᠷᠠᠵᠢᠨ ᠲᠦᠯᠵᠢᠬᠦ᠎ᠳᠦ ᠠᠱᠢᠭ ᠥᠬᠡᠶ᠂ ᠵᠢᠯ ᠪᠦᠷᠢ᠎ᠶ᠋ᠢᠨ 《5·1》 ᠤ᠋ ᠤᠷᠢᠳ ᠬᠣᠵᠢᠳ ᠵᠢᠡᠷ᠂ ᠴᠠᠭᠠᠯᠵᠢ ᠵᠢᠭᠠᠰᠤ ᠪᠦᠷ 60 ᠺᠢᠯᠣᠮᠧᠲ᠋ᠷ᠎ᠦᠨ ᠨᠡᠭᠦᠳᠡᠯ᠎ᠢ ᠪᠡᠶᠡᠯᠡᠭᠦᠯᠵᠦ᠍᠂ ᠳᠡᠭᠡᠳᠦ ᠤᠷᠤᠰᠭᠠᠯ᠎ᠤᠨ ᠴᠡᠩᠭᠡᠭ ᠤᠰᠤᠨ᠎ᠤ ᠭᠤᠤᠯ᠎ᠤᠨ ᠵᠠᠮ᠎ᠳᠤ ᠬᠦᠷᠴᠦ᠍ ᠥᠷᠠᠵᠢᠨ ᠲᠦᠯᠵᠢᠳᠡᠭ᠃ 《ᠡᠨᠡ ᠨᠢ ᠪᠠᠢᠭᠠᠯᠢ᠎ᠶ᠋ᠢᠨ ᠭᠠᠢᠬᠠᠮᠱᠢᠭ᠍ᠲᠤ ᠦᠵᠡᠭ᠌ᠳᠡᠯ ᠪᠣᠯᠬᠤ᠎ᠪᠠᠷ ᠪᠠᠷᠠᠬᠤ ᠦᠭᠡᠢ ᠨᠡᠩ ᠴᠤ᠌ ᠬᠡᠦᠬᠡᠳ᠎ᠲᠦ ᠠᠮᠢᠳᠤᠯᠢᠭ ᠪᠤᠳᠠᠳᠠᠢ ᠠᠮᠢ ᠨᠠᠰᠤᠨ᠎ᠤ ᠬᠢᠴᠢᠶᠡᠯ ᠤᠷᠤᠭ᠍ᠰᠠᠨ ᠪᠠᠢᠨ᠎ᠠ》᠃ ᠯᠢ ᠯᠢ᠂ ᠬᠡᠦᠬᠡᠳ ᠪᠦᠬᠦ ᠶᠠᠪᠤᠴᠠ᠎ᠳᠤ ᠨᠢᠳᠦ ᠴᠠᠪᠴᠢᠯ ᠦᠭᠡᠢ ᠬᠠᠷᠠᠵᠤ᠂ ᠪᠠᠰᠠ《ᠵᠢᠭᠠᠰᠤ ᠵᠢᠷᠠᠭᠠᠬᠠᠢ ᠶᠠᠭᠤᠨ᠎ᠳᠤ ᠢᠩᠭᠢᠵᠦ᠍ ᠴᠢᠷᠮᠠᠢᠵᠤ ᠪᠠᠢᠬᠤ ᠪᠣᠶ?》ᠭᠡᠵᠦ ᠨᠡᠢᠳᠡᠮ ᠠᠰᠠᠭᠤᠵᠤ ᠪᠠᠢᠯ᠎ᠠ ᠭᠡᠪᠡ᠃ ᠳᠠᠯᠠᠢᠨᠠᠭᠤᠷ᠎ᠤᠨ 《ᠵᠢᠭᠠᠰᠤᠨ ᠳᠠᠯᠠᠢ》 ᠡᠴᠡ ᠭᠠᠳᠠᠨ᠎ᠠ᠂ ᠤᠯᠠᠭᠠᠨᠬᠠᠳᠠ᠎ᠶ᠋ᠢᠨ ᠠᠭᠤᠯᠠ ᠤᠰᠤᠨ᠎ᠤ ᠦᠵᠡᠮᠵᠢ᠎ᠶᠢᠨ ᠳᠤᠮᠳᠠ ᠪᠠᠰᠠ ᠭᠡᠷ ᠪᠦᠯᠢ᠎ᠶ᠋ᠢᠨ ᠵᠢᠭᠤᠯᠴᠢᠯᠠᠯ᠎ᠤᠨ ᠪᠠᠷ᠎ᠠ ᠰᠡᠭᠦᠳᠡᠷ᠎ᠢᠶᠡᠷ ᠳᠦᠭᠦᠷᠴᠡᠢ᠃ ᠠᠸ᠋ᠬᠠᠨ᠎ᠤ ᠬᠠᠯᠠᠭᠤᠨ ᠷᠠᠱᠢᠶᠠᠨ᠎ᠤ ᠬᠣᠲᠠ᠎ᠳᠤ᠂ 62 ᠨᠠᠰᠤᠲᠠᠶ ᠸᠠᠩ ᠠ ᠮᠧᠶ  ᠬᠠᠯᠠᠭᠤᠨ ᠷᠠᠰᠢᠶᠠᠨ᠎ᠳᠦ ᠰᠠᠭᠤᠵᠤ ᠄ 《ᠬᠠᠯᠠᠭᠤᠨ ᠷᠠᠱᠢᠶᠠᠨ᠎ᠳᠤ ᠤᠷᠤᠭᠰᠠᠨ᠎ᠡᠴᠡ ᠪᠥᠬᠥ᠌ ᠪᠡᠶ᠎ᠡ ᠲᠠᠭᠠᠲᠠᠶ ᠪᠤᠯᠵᠤ᠂ ᠥᠷᠯᠥᠭᠡ ᠪᠠᠰᠠ ᠬᠠᠨᠢ ᠨᠦᠬᠦᠷ᠎ᠲᠡᠶ᠎ᠪᠡᠨ ᠨᠠᠷᠠᠰᠤᠨ ᠣᠶ᠎ᠳᠤ ᠰᠡᠯᠡᠭᠦᠴᠡᠨ ᠠᠯᠬᠤᠵᠤ᠂ ᠠᠭᠤᠷ ᠠᠮᠢᠰᠭᠤᠯ ᠮᠠᠰᠢ ᠰᠠᠢᠨ》 ᠭᠡᠵᠡᠢ᠃ ᠬᠡᠱᠢᠭ᠌ᠲᠡᠨ ᠬᠣᠱᠢᠭᠤᠨ᠎ᠤ ᠬᠥᠩᠭᠡᠷ᠎ᠦᠨ ᠲᠠᠯ᠎ᠠ ᠨᠤᠲᠤᠭ᠎ᠲᠤ᠂ ᠰᠠᠶᠢᠬᠠᠨ ᠨᠣᠭᠣᠭᠠᠷᠠᠭ᠍ᠰᠠᠨ ᠡᠪᠡᠰᠦᠲᠦ ᠲᠠᠯ᠎ᠠ ᠨᠢ ᠶᠠᠭ ᠨᠢᠭᠡᠨ ᠳᠠᠪᠬᠤᠷ ᠨᠣᠭᠣᠭᠠᠪᠲᠤᠷ ᠬᠡᠪᠢᠰ ᠱᠢᠭ ᠪᠠᠢᠵᠤ᠂ ᠴᠥᠭᠡᠨ ᠪᠤᠰᠤ ᠬᠡᠷ ᠪᠦᠯᠢ᠎ᠶ᠋ᠢᠨ ᠬᠢᠨ ᠮᠠᠱᠢᠨ ᠲᠡᠷᠭᠡ᠎ᠪᠡᠨ ᠵᠣᠭ᠍ᠰᠣᠭᠠᠵᠤ᠂ ᠨᠠᠰᠤᠲᠠᠢᠴᠤᠳ ᠬᠦᠷᠦᠰᠦᠨ ᠳᠡᠭᠡᠷ᠎ᠡ ᠭᠢᠰᠭᠢᠯᠡᠨ ᠠᠯᠬᠤᠵᠤ ᠬᠠᠪᠤᠷ᠎ᠤᠨ ᠣᠷᠢ᠎ᠶ᠋ᠢ ᠮᠡᠳᠡᠷᠡᠵᠦ᠍᠂ ᠬᠡᠦᠬᠡᠳ᠎ᠦᠳ ᠡᠷᠪᠡᠬᠡᠶ᠎ᠶ᠋ᠢ ᠲᠠᠭᠤᠵᠤ ᠭᠦᠶᠦᠯᠳᠦᠨ᠂ 《ᠦᠵᠡᠮᠵᠢ᠎ᠶ᠋ᠢᠨ ᠭᠠᠵᠠᠷ᠎ᠢᠶᠡᠷ ᠲᠤᠭᠤᠷᠢᠬᠤ ᠭᠡᠵᠦ ᠶᠠᠭᠠᠷᠠᠬᠤ ᠥᠬᠡᠶ ᠪᠠᠢᠵᠤ᠂ ᠬᠡᠷ᠎ᠪᠦᠯᠢ ᠪᠡᠷ ᠵᠢᠡᠨ ᠠᠯᠭᠤᠷᠬᠠᠨ᠎ᠢᠶᠠᠷ ᠦᠵᠡᠮᠵᠢ ᠰᠣᠨᠢᠷᠬᠠᠨ᠎ᠠ᠂ ᠡᠨᠡ ᠪᠣᠯ ᠰᠠᠶᠢ ᠠᠮᠠᠷᠠᠯᠲᠠ᠎ᠶ᠋ᠢᠨ ᠬᠤᠭᠤᠴᠠᠭᠠᠨ᠎ᠳᠤ ᠪᠠᠢᠬᠤ ᠶᠣᠰᠣᠲᠠᠶ ᠪᠠᠢᠳᠠᠯ ᠪᠣᠯᠤᠨ᠎ᠠ》ᠭᠡᠵᠦ᠍ ᠵᠢᠭᠤᠯᠴᠢᠯᠠᠭᠴᠢ ᠵᠠᠩ ᠠᠪᠤᠭᠠᠢ ᠢᠨᠢᠶᠡᠮᠰᠦᠭ᠌ᠯᠡᠨ ᠬᠡᠯᠡᠨ᠎ᠡ᠃ ᠦᠳᠡᠰᠢ᠎ᠶ᠋ᠢᠨ ᠬᠥᠱᠢᠭᠡ ᠪᠠᠭᠤᠬᠤ᠎ᠳᠤ᠂ ᠰᠦᠩᠱᠠᠨ ᠲᠣᠭᠣᠷᠢᠭ᠎ᠤᠨ ᠳ᠋ᠢ ᠬᠤᠤ ᠠᠮᠲᠠᠲᠤ ᠢᠳᠡᠭᠡᠨ᠎ᠦ ᠵᠡᠭᠡᠯᠢ ᠠᠮᠢᠳᠤᠷᠠᠯ᠎ᠤᠨ ᠦᠨᠦᠷ ᠠᠮᠳᠠ ᠪᠢᠯᠬᠠᠨ ᠲᠥᠪᠯᠡᠷᠡᠭ᠌ᠰᠡᠨ ᠭᠠᠵᠠᠷ ᠪᠤᠯᠵᠤ᠂ ᠲᠣᠭᠣᠷᠢᠨ ᠢᠳᠡᠵᠦ᠍ ᠪᠠᠢᠭ᠎ᠠ ᠬᠥᠮᠦᠰ ᠪᠣᠷᠪᠢ ᠪᠣᠷᠪᠢ᠎ᠪᠠᠨ ᠱᠦᠷᠭᠦᠭᠡᠵᠦ᠍᠂ ᠱᠢᠷᠠᠭ᠍ᠰᠠᠨ ᠵᠢᠲᠠᠨ ᠪᠡᠬᠡᠲᠦ ᠬᠢᠰᠤᠭ᠎ᠠ᠎ᠶ᠋ᠢᠨ ᠱᠢᠨ᠎ᠡ ᠰᠣᠷᠭᠣᠭ᠂ ᠱᠢᠷᠠᠭ᠍ᠰᠠᠨ ᠭᠤᠷᠢᠯ᠎ᠤᠨ ᠰᠢᠨᠳᠠᠰᠤ᠎ᠶᠢᠨ ᠬᠡᠸ᠋ᠷᠡᠭ ᠠᠨᠭᠭᠢᠯᠤᠮ᠎ᠠ ᠦᠨᠦᠷ᠂ ᠲᠤᠮᠤ ᠮᠦᠯᠢ ᠬᠢᠰᠤᠭ᠎ᠠ᠎ᠶ᠋ᠢᠨ ᠰᠠᠢᠬᠠᠨ ᠦᠨᠦᠷ ᠦᠨᠦᠷᠳᠡᠵᠦ᠂ ᠠᠤᠬᠠᠨ᠎ᠤ ᠨᠠᠷᠢᠮᠤ᠎ᠶ᠋ᠢᠨ ᠱᠢᠩᠭᠡᠨ ᠪᠤᠳᠠᠭ᠎ᠠ᠂ ᠬᠠᠪᠴᠢᠮᠠᠯ ᠪᠤᠤᠪᠤ᠂ ᠱᠠᠯᠪᠢᠩ ᠵᠡᠷᠭᠡ ᠤᠨᠴᠠᠯᠢᠬ᠍ᠳᠤ ᠢᠳᠡᠭᠡᠨ ᠨᠢ ᠨᠠᠰᠤᠲᠠᠢᠴᠤᠳ ᠪᠣᠯᠤᠨ ᠬᠡᠦᠬᠡᠳ᠎ᠤᠨ ᠰᠡᠳᠭᠢᠯ ᠰᠠᠨᠠᠭ᠎ᠠ᠎ᠳᠤ ᠨᠡᠢᠴᠡᠭᠰᠡᠨ ᠠᠮᠳᠠᠳᠦ ᠢᠲᠡᠭᠡᠨ ᠪᠤᠯᠵᠠᠢ᠃《ᠵᠢᠭᠤᠯᠴᠢᠯᠠᠨ ᠨᠠᠭᠠᠳᠭᠤ᠎ᠳᠤ ᠠᠮᠳᠠᠳᠠᠢ ᠢᠳᠡᠬᠦ᠌ ᠶᠠᠭᠤᠮ᠎ᠠ ᠤᠯᠳᠠᠬᠤ ᠦᠭᠡᠢ᠎ᠡᠴᠡ ᠠᠶᠤᠨ᠎ᠠ᠂ ᠤᠯᠠᠭᠠᠨᠬᠠᠳᠠ᠎ᠶ᠋ᠢᠨ ᠬᠤᠭᠤᠯᠠ ᠤᠮᠳᠠᠭᠠᠨ ᠡᠢᠮᠦ᠍ ᠠᠮᠲᠠᠲᠠᠢ ᠭᠡᠵᠦ᠍ ᠪᠣᠳᠣᠵᠤ ᠣᠯᠤᠭ᠍ᠰᠠᠨ ᠦᠭᠡᠢ᠂ ᠮᠠᠨ᠎ᠤ ᠭᠡᠷ᠎ᠤᠨ ᠨᠠᠰᠤᠲᠠᠨ᠎ᠦ ᠱᠢᠳᠦ ᠮᠠᠭᠤ᠎ᠴᠤ ᠠᠮᠲᠠᠲᠠᠢ ᠢᠳᠡᠵᠦ᠍ ᠳᠡᠢᠯᠵᠦ ᠪᠤᠢ》 ᠭᠡᠵᠦ᠍ ᠾᠸᠪᠸᠢ ᠡᠴᠡ ᠢᠷᠡᠭ᠌ᠰᠡᠨ ᠵᠢᠭᠤᠯᠴᠢᠯᠠᠭᠴᠢ ᠯᠢᠦ ᠹᠸᠨ ᠬᠡᠯᠡᠪᠡ᠃ ᠡᠨᠡ ᠬᠦ᠌ 《5·1》 ᠤ᠋ ᠠᠮᠠᠷᠠᠯᠲᠠ᠎ᠳᠤ᠂ ᠤᠯᠠᠭᠠᠨᠬᠠᠳᠠ ᠲᠠᠪᠤᠨ ᠶᠡᠬᠡ ᠲᠥᠷᠥᠯ᠎ᠦᠨ 67 ᠵᠦᠶ᠋ᠯ᠎ᠦᠨ ᠰᠣᠶᠣᠯ ᠵᠢᠭᠤᠯᠴᠢᠯᠠᠯ᠎ᠤᠨ ᠠᠵᠢᠯᠯᠠᠭ᠎ᠠ᠎ᠪᠠᠷ ᠠᠮᠠᠷᠠᠯᠲᠠ᠎ᠶ᠋ᠢᠨ ᠡᠳᠦᠷ ᠎ᠦᠨ《ᠬᠠᠯᠠᠭᠤᠷᠠᠯ》 ᠎ᠤᠨ ᠨᠢᠭᠤᠴᠠ ᠵᠤᠷ᠎ᠢ ᠢᠯᠡᠷᠡᠭᠦᠯᠪᠡ᠃ ᠬᠢᠳᠠᠤᠨ ᠰᠤᠶᠤᠯ ᠎ᠤᠨ ᠬᠡᠪ ᠨᠠᠮᠪᠠᠳᠤ ᠵᠡᠭᠡᠯᠢ ᠲᠣᠭᠣᠷᠢᠭ᠎ᠢᠶᠠᠷ ᠥᠩᠭᠡᠷᠡᠬᠦ᠌ ᠠᠶᠠᠯᠠᠯ᠎ᠡᠴᠡ᠂ ᠳᠠᠯᠠᠢᠨᠠᠭᠤᠷ᠎ᠤᠨ ᠠᠮᠢ ᠨᠠᠰᠤᠨ᠎ᠤ ᠭᠠᠢᠬᠠᠮᠱᠢᠭ᠍ᠲᠤ ᠦᠵᠡᠮᠵᠢ᠎ᠳᠦ ᠬᠦᠷᠴᠦ᠍᠂ ᠳᠠᠬᠢᠨ ᠠᠭᠤᠯᠠ ᠤᠰᠤᠨ᠎ᠤ ᠦᠵᠡᠮᠵᠢ᠎ᠶᠢᠨ ᠭᠡᠷ ᠪᠦᠯᠢ᠎ᠶᠢᠨ ᠵᠢᠭᠤᠯᠴᠢᠯᠠᠯ ᠬᠦᠷᠲᠡᠯ᠎ᠡ᠂ ᠵᠢᠭᠤᠯᠴᠢᠯᠠᠭᠰᠡᠳ ᠠᠳᠠᠯᠢ ᠪᠤᠰᠤ ᠠᠬᠤᠢ ᠪᠠᠢᠳᠠᠯ᠎ᠡᠴᠡ ᠤᠯᠠᠭᠠᠨᠬᠠᠳᠠ᠎ᠶ᠋ᠢᠨ ᠣᠯᠠᠨ ᠡᠱᠢᠲᠦ ᠭᠠᠢᠬᠠᠮᠰᠢᠭ ᠢ᠋ ᠮᠡᠳᠡᠷᠡᠵᠦ᠍ ᠪᠠᠢᠨ᠎ᠠ᠃ 《ᠵᠢᠭᠤᠯᠴᠢᠯᠠᠭᠰᠡᠳ ᠨᠢᠭᠡᠪᠦᠷᠢ ᠤᠯᠠᠭᠠᠨᠬᠠᠳᠠ᠎ᠡᠴᠡ ᠥᠪᠡᠷ᠎ᠦᠨ ᠭᠡᠰᠡᠨ ᠪᠠᠶᠠᠷ ᠪᠠᠶᠠᠰᠬᠤᠯᠠᠩᠲᠦ ᠠᠮᠢᠳᠤᠷᠠᠯ᠎ᠤᠨ ᠠᠷᠭ᠎ᠠ ᠬᠡᠯᠪᠡᠷᠢ᠎ᠪᠡᠨ ᠣᠯᠵᠤ᠂〈ᠬᠠᠯᠠᠭᠤᠷᠠᠯ ᠵᠢᠭᠤᠯᠴᠢᠯᠠᠯ᠎ᠤᠨ ᠤᠷᠤᠰᠬᠠᠯ〉ᠢ᠋ 〈ᠪᠠᠢᠨᠭᠭᠤ ᠵᠢᠭᠤᠯᠴᠢᠯᠠᠯ᠎ᠤᠨ ᠤᠷᠤᠰᠬᠠᠯ〉ᠪᠣᠯᠭᠠᠵᠤ᠂ ᠡᠨᠡ᠎ᠬᠦ 〈5·1〉 ᠤ᠋ ᠠᠮᠠᠷᠠᠯᠲᠠ ᠵᠢ ᠮᠠᠷᠲᠠᠭ᠍ᠳᠠᠰᠢ ᠦᠭᠡᠢ ᠡᠷᠭᠢᠴᠡᠭᠦᠯᠦᠯ ᠪᠣᠯᠭᠠᠬᠤ᠎ᠶ᠋ᠢ ᠬᠦᠰᠡᠵᠦ᠍ ᠪᠠᠢᠨ᠎ᠠ》 ᠭᠡᠵᠦ ᠤᠯᠠᠭᠠᠨᠬᠠᠳᠠ ᠬᠣᠲᠠ᠎ᠶ᠋ᠢᠨ ᠰᠣᠶᠣᠯ ᠪᠠ ᠵᠢᠭᠤᠯᠴᠢᠯᠠᠯ᠎ᠤᠨ ᠲᠣᠪᠴᠢᠶᠠᠨ᠎ᠤ ᠳᠡᠳ᠋ ᠳᠠᠷᠤᠭ᠎ᠠ ᠵᠢᠶᠠᠩ ᠪᠥᠸᠧ ᠬᠡᠯᠡᠪᠡ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号