《ᠦᠨᠳᠦᠰᠦᠨ ᠱᠠᠲᠤᠨ᠎ᠤ ᠵᠠᠰᠠᠯᠲᠠ ᠢ᠋ᠢᠨ ᠤᠬᠠᠭᠠᠨ》 ᠰᠢᠷᠢᠰ ᠮᠡᠲᠡᠭᠡᠯᠡᠯ⑦
—— ᠡᠵᠡᠨ᠎ᠡ ᠬᠣᠰᠢᠭᠤᠨ᠎ᠤ ᠬᠠᠷ᠎ᠡ ᠪᠦᠷᠭᠦᠳ᠎ᠤᠨ ᠠᠭᠤᠯᠠ ᠪᠠᠯᠭᠠᠰᠤᠨ᠎ᠤ ᠬᠢᠯᠢ ᠢ᠋ᠢᠨ ᠵᠠᠰᠠᠯᠲᠠ ᠢ᠋ᠢᠨ ᠰᠢᠨ᠎ᠡ ᠦᠢᠯᠡᠲᠦᠯᠭᠡ
ᠠᠯᠠᠱᠠ ᠠᠢᠮᠠᠭ᠎ᠤᠨ ᠡᠵᠡᠨ᠎ᠡ ᠬᠣᠰᠢᠭᠤᠨ᠎ᠤ ᠬᠠᠷ᠎ᠠ ᠪᠦᠷᠬᠦᠳ᠎ᠤᠨ ᠠᠭᠤᠯᠠ ᠪᠠᠯᠭᠠᠰᠤ ᠡᠬᠡ ᠤᠯᠤᠰ᠎ᠤᠨ ᠤᠮᠠᠷᠠᠲᠤ ᠬᠢᠯᠢ᠎ᠶᠢᠨ ᠬᠠᠮᠤᠭ᠎ᠤᠨ ᠪᠠᠷᠠᠭᠤᠨ ᠵᠠᠬ᠎ᠠ᠎ᠳᠤ ᠪᠠᠢᠷᠢᠯᠠᠵᠤ᠂ 1.8 ᠲᠦᠮᠡᠨ ᠲᠡᠭᠰᠢ ᠳᠥᠷᠪᠡᠯᠵᠢᠨ ᠺᠢᠯᠣᠮᠧᠲᠷ᠎ᠤᠨ ᠬᠠᠷᠢᠶ᠎ᠠ ᠤᠷᠤᠨ᠎ᠳᠠᠭᠠᠨ 168 ᠺᠢᠯᠣᠮᠧᠲᠷ᠎ᠦᠨ ᠳᠤᠮᠳᠠᠳᠤ ᠮᠣᠩᠭᠣᠯ᠎ᠤᠨ ᠬᠢᠯᠢ᠎ᠶᠢᠨ ᠱᠤᠭᠤᠮᠪᠤᠢ᠃ ᠬᠥᠮᠥᠨ ᠠᠮᠠ ᠲᠠᠷᠠᠬᠠᠢ ᠪᠤᠲᠠᠷᠬᠠᠢ᠂ ᠡᠬᠢ ᠪᠠᠶᠠᠯᠢᠭ᠋ ᠬᠣᠮᠰᠠ᠂ ᠵᠠᠰᠠᠯᠲᠠ ᠢ᠋ᠢᠨ ᠬᠦᠴᠦᠨ ᠪᠠᠭᠤᠷᠠᠢ ᠵᠡᠷᠭᠡ ᠪᠤᠳᠠᠳᠦ ᠬᠦᠴᠢᠷᠳᠡᠯ᠎ᠳᠦ ᠴᠢᠭᠯᠡᠭᠦᠯᠦᠨ᠂ 2025 ᠣᠨ᠎ᠳᠤ ᠬᠠᠷ᠎ᠠ ᠪᠦᠷᠭᠦᠳ᠎ᠤᠨ ᠠᠭᠤᠯᠠ ᠪᠠᠯᠭᠠᠰᠤᠨ᠎ᠤ ᠨᠠᠮ᠎ᠤᠨ ᠬᠣᠷᠢᠶ᠎ᠠ 《ᠬᠤᠪᠢᠰᠬᠠᠯᠲᠦ ᠠᠭᠤᠯᠠ᠎ᠶᠢᠨ ᠪᠡᠬᠢᠯᠡᠯᠲᠡ + ᠬᠤᠪᠢᠰᠬᠠᠯᠲᠦ ᠲᠣᠣᠷᠵᠢᠯ + ᠬᠤᠪᠢᠰᠬᠠᠯᠲᠦ ᠣᠷᠣᠯᠠᠨ ᠭᠦᠢᠴᠡᠳᠬᠡᠬᠦ》 ᠭᠤᠷᠪᠠ᠎ᠶᠢ ᠨᠢᠭᠡ ᠴᠣᠭᠴᠠᠵᠢᠭᠤᠯᠤᠭᠰᠠᠨ ᠬᠢᠯᠢ ᠬᠢᠵᠠᠭᠠᠷ᠎ᠤᠨ ᠣᠨᠴᠠᠯᠢᠭ᠍ᠲᠤ ᠵᠠᠰᠠᠯᠲᠠ᠎ᠶᠢᠨ ᠰᠢᠰᠲᠧᠮ ᠢ᠋ ᠰᠦᠪᠡᠭᠴᠢᠯᠡᠨ ᠪᠠᠢᠭᠤᠯᠵᠦ᠂ ᠬᠢᠯᠢ᠎ᠶᠢᠨ ᠵᠠᠰᠠᠯᠲᠠ᠎ᠶᠢᠨ ᠬᠦᠴᠢᠷᠳᠡᠯ ᠢ᠋ ᠪᠦᠲᠦᠮᠵᠢᠲᠡᠢ ᠰᠢᠢᠳᠪᠦᠷᠢᠯᠡᠵᠦ᠂ ᠬᠠᠭᠤᠯᠪᠤᠷᠢᠯᠠᠵᠤ ᠪᠣᠯᠬᠤᠢᠴᠠ᠂ ᠳᠡᠯᠭᠡᠷᠡᠭᠦᠯᠵᠦ ᠪᠣᠯᠬᠤᠢᠴᠠ ᠤᠮᠠᠷᠠᠲᠦ ᠬᠢᠯᠢ ᠢ᠋ᠢᠨ ᠦᠨᠳᠦᠰᠦᠨ ᠱᠠᠲᠤᠨ᠎ᠤ ᠵᠠᠰᠠᠯᠲᠠ᠎ᠶᠢᠨ ᠰᠢᠨ᠎ᠡ ᠠᠷᠭ᠎ᠠ ᠵᠠᠮ᠎ᠢ ᠡᠭᠦᠳᠴᠤ᠂ 《ᠡᠯᠡᠰᠦᠨ ᠴᠦᠯ ᠭᠣᠪᠢ ᠨᠤᠳᠤᠭ᠎ᠤᠨ ᠬᠤᠪᠢᠰᠬᠠᠯᠲᠦ ᠤᠷᠤᠯᠠᠨ ᠭᠦᠢᠴᠡᠳᠭᠡᠭᠦ》ᠲᠦᠷᠦᠯ ᠵᠦᠢᠯ ᠨᠢ ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠵᠠᠯᠠᠭᠤᠴᠤᠳ᠎ᠤᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠲᠦᠷᠦᠯ ᠵᠦᠢᠯ᠎ᠦᠨ ᠤᠷᠤᠯᠳᠤᠭᠠᠨ᠎ᠤ ᠪᠦᠬᠦ ᠤᠯᠤᠰ᠎ᠤᠨ ᠬᠦᠷᠡᠯ ᠱᠠᠩᠨᠠᠯ᠎ᠢ ᠬᠦᠷᠲᠡᠪᠡ᠃

《 ᠬᠤᠪᠢᠰᠬᠠᠯᠲᠦ ᠠᠭᠤᠯᠠ᠎ᠶᠢᠨ ᠪᠡᠬᠢᠯᠡᠯᠲᠡ 》 ᠪᠡᠷ ᠬᠢᠯᠢ ᠬᠢᠵᠠᠭᠠᠷ᠎ᠢ ᠬᠠᠮᠠᠭᠠᠯᠠᠬᠤ ᠬᠠᠮᠲᠤ᠎ᠶᠢᠨ ᠴᠣᠭᠴᠠ᠎ᠶᠢ ᠪᠠᠢᠭᠤᠯᠪᠠ
ᠵᠠᠰᠠᠯᠲᠠ ᠢ᠋ᠢᠨ ᠬᠦᠴᠦᠨ ᠲᠠᠷᠠᠬᠠᠢ ᠪᠤᠲᠠᠷᠬᠠᠢ᠂ ᠬᠠᠮᠵᠢᠯᠴᠠᠭ᠎ᠠ ᠬᠦᠷᠦᠯᠴᠡᠬᠦ ᠦᠭᠡᠢ ᠪᠠᠢᠭ᠎ᠠ ᠪᠠᠢᠲᠠᠯ᠎ᠳᠦ ᠴᠢᠭᠯᠡᠭᠦᠯᠦᠨ᠂ ᠬᠠᠷ᠎ᠠ ᠪᠦᠷᠬᠦᠳ᠎ᠤᠨ ᠠᠭᠤᠯᠠ ᠪᠠᠯᠭᠠᠰᠤᠨ᠎ᠤ ᠨᠠᠮ᠎ᠤᠨ ᠬᠣᠷᠢᠶ᠎ᠠ 《ᠬᠤᠪᠢᠰᠬᠠᠯᠲᠦ ᠠᠭᠤᠯᠠ ᠢ᠋ᠢᠨ ᠪᠡᠬᠢᠯᠡᠯᠲᠡ 》 ᠢ᠋ᠢᠨ ᠨᠠᠮ᠎ᠤᠨ ᠪᠠᠢᠭᠤᠯᠤᠯᠲᠠ᠎ᠶᠢᠨ ᠲᠦᠷᠦᠯ ᠲᠡᠮᠲᠡᠭ ᠢ᠋ ᠬᠦᠴᠦᠯᠡᠨ ᠡᠭᠦᠳᠴᠦ᠂ 《 ᠨᠠᠮ᠎ᠤᠨ ᠬᠣᠷᠢᠶ᠎ᠠ ᠬᠥᠲᠥᠯᠥᠨ ᠳᠠᠭᠠᠭᠤᠯᠬᠤ᠂ ᠵᠠᠰᠠᠭ᠎ᠤᠨ ᠣᠷᠳᠣᠨ ᠨᠢᠭᠡᠳᠦᠯᠲᠡᠢ ᠲᠥᠯᠥᠪᠵᠢᠭᠦᠯᠬᠦ᠂ ᠰᠤᠮᠤᠨ ᠠᠩᠭᠢ᠎ᠪᠠᠷ ᠪᠠᠲᠤᠯᠠᠬᠤ᠂ ᠴᠠᠭᠳᠠᠭᠠᠨ᠎ᠤ ᠲᠠᠯ᠎ᠠ᠎ᠶᠢᠨ ᠬᠢᠨ ᠵᠠᠰᠠᠬᠤ᠂ ᠣᠯᠠᠨ ᠲᠦᠮᠡᠨ ᠣᠷᠣᠯᠴᠠᠬᠤ᠂ ᠠᠵᠤ ᠠᠬᠤᠢᠯᠠᠯ ᠬᠦᠴᠦᠨ ᠨᠡᠮᠡᠷᠢᠯᠡᠬᠦ》 ᠵᠢᠷᠭᠤᠭ᠎ᠠ᠎ᠶᠢ ᠨᠢᠭᠡ ᠴᠣᠭᠴᠠᠵᠢᠭᠤᠯᠤᠬᠰᠠᠨ ᠬᠠᠮᠵᠢᠯᠴᠠᠨ ᠵᠠᠰᠠᠬᠤ ᠰᠢᠨ᠎ᠡ ᠪᠠᠢᠷᠢᠰᠢᠯ᠎ᠢ ᠪᠠᠢᠭᠤᠯᠵᠤ᠂ 《ᠨᠠᠢ᠍ᠮᠠᠨ ᠬᠤᠯᠪᠤᠭᠠᠯᠠᠨ ᠬᠦᠲᠡᠯᠦᠯᠴᠡᠬᠦ》 ᠲᠤᠬᠲᠠᠴᠠ᠂ ᠲᠠᠷᠤᠢ ᠵᠣᠬᠢᠶᠠᠨ ᠪᠠᠢᠭᠤᠯᠤᠯᠲᠠ ᠵᠢ ᠬᠣᠯᠪᠤᠭᠠᠯᠠᠨ ᠪᠠᠶ᠋ᠢᠭᠤᠯᠬᠤ᠂ ᠨᠠᠮ᠎ᠤᠨ ᠭᠡᠰᠢᠭᠦᠨ ᠢ᠋ ᠬᠣᠯᠪᠤᠭᠠᠯᠠᠨ ᠬᠥᠮᠥᠵᠢᠭᠦᠯᠬᠦ᠂ ᠠᠵᠢᠯᠯᠠᠭ᠎ᠠ᠎ᠶᠢ ᠬᠣᠯᠪᠤᠭᠠᠯᠠᠨ ᠡᠷᠬᠢᠯᠡᠬᠦ᠂ ᠶᠡᠬᠡ ᠶᠠᠪᠤᠳᠠᠯ᠎ᠢ ᠬᠣᠯᠪᠤᠭᠠᠯᠠᠨ ᠵᠥᠪᠯᠡᠬᠦ᠂ ᠬᠢᠯᠢ ᠬᠢᠵᠠᠭᠠᠷ ᠢ᠋ ᠬᠣᠯᠪᠤᠭᠠᠯᠠᠨ ᠰᠡᠷᠭᠡᠢᠯᠡᠬᠦ᠂ ᠠᠮᠤᠷ ᠲᠦᠪᠰᠢᠨ ᠢ᠋ ᠬᠣᠯᠪᠤᠭᠠᠯᠠᠨ ᠡᠵᠡᠮᠳᠡᠬᠦ᠂ ᠠᠷᠠᠳ᠎ᠤᠨ ᠠᠮᠢᠳᠤᠷᠠᠯ᠎ᠢ ᠬᠣᠯᠪᠤᠭᠠᠯᠠᠨ ᠪᠠᠲᠤᠯᠠᠬᠤ᠂ ᠭᠡᠷ ᠣᠷᠣᠨ᠎ᠢ ᠬᠣᠯᠪᠤᠭᠠᠯᠠᠨ ᠪᠠᠶ᠋ᠢᠭᠤᠯᠬᠤ᠎ᠶᠢ ᠰᠢᠨ᠎ᠡ᠎ᠶᠢ ᠡᠭᠦᠳᠦᠨ ᠬᠡᠷᠡᠭᠵᠢᠭᠦᠯᠵᠦ᠂ ᠵᠢᠷᠭᠤᠭᠠᠨ ᠲᠠᠯ᠎ᠠ᠎ᠶᠢᠨ ᠬᠦᠴᠦᠨ᠎ᠢ ᠭᠦᠨᠵᠡᠭᠡᠢ ᠠᠭᠤᠰᠤᠯᠴᠠᠬᠤ ᠪᠠ ᠥᠨᠳᠥᠷ ᠪᠦᠲᠦᠮᠵᠢᠲᠡᠶ ᠬᠣᠯᠪᠤᠭᠠᠯᠠᠨ ᠬᠥᠳᠡᠯᠦᠯᠴᠡᠬᠦ᠎ᠶᠢ ᠪᠡᠶᠡᠯᠡᠭᠦᠯᠪᠡ᠃
ᠬᠠᠷ᠎ᠡ ᠪᠦᠷᠭᠦᠳ᠎ᠤᠨ ᠠᠭᠤᠯᠠ ᠪᠠᠯᠭᠠᠰᠤ ᠠᠷᠠᠳ ᠲᠸ᠋ ᠦᠢᠯᠡᠴᠢᠯᠡᠬᠦ ᠲᠠᠯ᠎ᠠ ᠪᠡᠷ᠂ ᠮᠠᠯᠴᠢᠨ᠂ ᠬᠥᠯᠥᠰᠦᠨ ᠠᠵᠢᠯᠴᠢᠨ᠂ ᠢᠯᠠᠩᠭᠤᠶ᠎ᠠ 《ᠨᠠᠰᠤᠲᠠᠨ ᠪᠠ ᠨᠢᠯᠬᠠᠰ》᠂ ᠨᠤᠲᠤᠭ ᠤᠰᠤ᠎ᠪᠠᠨ ᠰᠠᠬᠢᠨ ᠬᠢᠯᠢ ᠬᠢᠵᠠᠭᠠᠷ᠎ᠢᠶᠠᠨ ᠬᠠᠮᠠᠭᠠᠯᠠᠵᠦ ᠪᠠᠢᠭ᠎ᠠ ᠡᠷᠦᠬᠡ ᠵᠡᠷᠭᠡ ᠤᠯᠠᠨ ᠲᠦᠮᠡᠨ᠎ᠦ ᠬᠡᠷᠡᠭᠴᠡᠭᠡ ᠱᠠᠭᠠᠷᠳᠠᠯᠭ᠎ᠠ᠎ᠶᠢ ᠣᠨᠣᠪᠴᠢᠲᠠᠢ ᠡᠵᠡᠮᠰᠢᠵᠦ᠂ ᠦᠢᠯᠡᠴᠢᠯᠡᠭᠡ ᠵᠠᠬᠢᠶᠠᠯᠠᠬᠤ᠂ ᠳᠠᠭᠠᠭᠠᠴᠢᠯᠠᠨ ᠬᠣᠯᠪᠣᠭᠠᠯᠠᠬᠤ᠂ ᠣᠷᠣᠯᠠᠨ ᠭᠦᠢᠴᠡᠳᠬᠡᠬᠦ ᠵᠠᠭᠪᠤᠷ᠎ᠢᠶᠠᠷ ᠦᠢᠯᠡᠴᠢᠯᠡᠭᠡ ᠬᠠᠩᠭᠠᠵᠤ᠂ ᠨᠠᠮ᠎ᠤᠨ ᠭᠡᠰᠢᠭᠦᠨ᠎ᠤ ᠭᠣᠣᠯᠯᠠᠭ᠍ᠴᠢ ᠬᠦᠴᠦᠨ᠎ᠢ ᠰᠣᠩᠭᠣᠨ ᠲᠣᠮᠢᠯᠠᠵᠤ ᠭᠣᠣᠯᠳᠠᠯᠭ᠎ᠠ᠎ᠲᠠᠢ ᠣᠷᠣᠨ ᠪᠦᠰᠡ᠎ᠶᠢ ᠪᠦᠷᠬᠦᠭᠦᠯᠪᠡ᠃ ᠡᠳ᠋ ᠪᠠᠷᠠᠭᠠᠨ᠎ᠤ ᠪᠠᠲᠤᠯᠠᠭ᠎ᠠ ᠢ᠋ᠢᠨ ᠲᠠᠯ᠎ᠠ ᠪᠡᠷ᠂ ᠴᠢᠯᠠᠭᠤᠨ ᠬᠤᠳᠳᠤᠭ ᠨᠡᠢᠭᠡᠮ ᠲᠣᠭᠣᠷᠢᠭ᠋᠎ᠢ ᠵᠢᠯᠣᠭᠣᠳᠤᠨ ᠮᠧᠩ ᠬᠣᠶ ᠶᠤᠸᠠᠨ ᠶᠡᠷᠦᠩᠬᠡᠢᠯᠡᠭᠰᠡᠨ ᠦᠢᠯᠡᠴᠢᠯᠡᠭᠡᠨ᠎ᠦ ᠬᠢᠵᠠᠭᠠᠷᠲᠤ ᠺᠣᠮᠫᠠᠨᠢ ᠪᠠᠢᠭᠤᠯᠵᠤ᠂ 《ᠡᠳ᠋ ᠪᠠᠷᠠᠭᠠᠨ᠎ᠤ ᠭᠦᠢᠯᠭᠡᠭᠡᠨ᠎ᠦ ᠲᠣᠬᠢᠷᠠᠭᠤᠯᠤᠨ ᠬᠦᠷᠭᠡᠬᠦ + ᠨᠡᠢᠭᠡᠮ ᠲᠣᠭᠣᠷᠢᠭ᠋᠎ᠤᠨ ᠦᠢᠯᠡᠴᠢᠯᠡᠭᠡ + ᠠᠵᠤ ᠦᠢᠯᠡᠰ᠎ᠦᠨ ᠬᠣᠯᠪᠤᠭᠠᠯᠠᠨ ᠬᠥᠳᠡᠯᠦᠯᠴᠡᠬᠦ》 ᠨᠢᠭᠡ ᠴᠣᠭᠴᠠᠵᠢᠭ᠍ᠰᠠᠨ ᠰᠢᠰᠲᠧᠮ ᠢ᠋ ᠪᠠᠢᠭᠤᠯᠤᠨ᠂ 《ᠬᠢᠯᠢ ᠬᠢᠵᠠᠭᠠᠷ᠎ᠢ ᠬᠠᠮᠠᠭᠠᠯᠠᠵᠤ ᠰᠢᠨ᠎ᠡ ᠠᠵᠢᠯ ᠤᠯᠭᠤᠯᠲᠠ ᠢ᠋ᠢᠨ ᠪᠦᠯᠬᠦᠮ ᠨᠡᠢᠲᠡ ᠵᠢ ᠲᠤᠯᠠᠭᠠᠴᠠᠭᠤᠯᠬᠤ ᠦᠷᠲᠡᠭᠡ》 ᠵᠢ ᠪᠠᠢᠭᠤᠯᠵᠤ᠂ ᠡᠳ᠋ ᠪᠠᠷᠠᠭᠠᠨ᠎ᠤ ᠭᠦᠢᠯᠭᠡᠭᠡᠨ᠎ᠦ ᠲᠤᠰᠬᠠᠢ ᠱᠤᠭᠤᠮ᠎ᠢ ᠨᠡᠪᠲᠡᠷᠡᠭᠦᠯᠬᠦ᠎ᠶᠢᠨ ᠬᠠᠮᠲᠤ ᠬᠦᠢᠲᠡᠨ ᠬᠡᠯᠬᠢᠶᠡᠲᠦ ᠲᠣᠬᠢᠷᠠᠭᠤᠯᠤᠨ ᠬᠦᠷᠭᠡᠬᠦ ᠦᠢᠯᠡᠴᠢᠯᠡᠭᠡ᠎ᠶᠢ ᠪᠦᠷᠢᠨ ᠪᠦᠷᠬᠦᠭᠦᠯᠪᠡ᠃
ᠬᠠᠷ᠎ᠡ ᠪᠦᠷᠭᠦᠳ᠎ᠤᠨ ᠠᠭᠤᠯᠠ ᠪᠠᠯᠭᠠᠰᠤ ᠪᠠᠰᠠ 《ᠬᠢᠯᠢ ᠬᠢᠵᠠᠭᠠᠷ᠎ᠢ ᠬᠠᠮᠠᠭᠠᠯᠠᠬᠤ ᠨᠡᠭᠦᠳᠡᠯ ᠦᠢᠯᠡᠴᠢᠯᠡᠭᠡᠨ᠎ᠦ ᠠᠮᠢᠳᠤᠷᠠᠯ᠎ᠤᠨ ᠴᠠᠭᠠᠷᠢᠭ》᠎ᠢ᠋ ᠪᠠᠢᠭᠤᠯᠵᠤ᠂ ᠨᠡᠭᠦᠳᠡᠯ ᠬᠡᠲᠦ ᠳᠡᠯᠭᠡᠭᠦᠷ᠂ ᠡᠮ᠎ᠦᠨ ᠥᠷᠥᠭᠡ᠂ ᠲᠦᠷᠭᠡᠨ ᠬᠦᠷᠭᠡᠯᠲᠡ᠎ᠶᠢᠨ ᠣᠷᠣᠯᠠᠨ ᠬᠦᠷᠭᠡᠬᠦ ᠵᠡᠷᠭᠡ ᠴᠢᠳᠠᠮᠵᠢ᠎ᠶᠢ ᠨᠢᠭᠡ ᠴᠣᠭᠴᠠᠵᠢᠭᠤᠯᠤᠭᠰᠠᠨ ᠨᠡᠭᠦᠳᠡᠯ ᠦᠢᠯᠡᠴᠢᠯᠡᠭᠡᠨ᠎ᠦ ᠥᠷᠲᠡᠭᠡ᠎ᠶᠢ ᠪᠠᠢᠭᠤᠯᠵᠤ᠂ ᠲᠣᠭᠲᠠᠮᠠᠯ ᠬᠤᠭᠤᠴᠠᠭ᠎ᠠ᠎ᠲᠠᠢ᠎ᠪᠠᠷ ᠠᠵᠤ ᠠᠬᠤᠢᠯᠠᠯ᠂ ᠮᠠᠯᠵᠢᠬᠤ ᠡᠷᠦᠬᠡ ᠪᠡᠷ ᠬᠦᠷᠴᠦ ᠡᠳ᠋ ᠪᠠᠷᠠᠭ᠎ᠠ ᠲᠤᠬᠢᠷᠠᠭᠤᠯᠤᠨ ᠬᠦᠷᠭᠡᠵᠦ᠂ 《ᠨᠡᠭᠦᠳᠡᠯ ᠡᠮᠴᠢᠯᠡᠭᠡᠨ᠎ᠦ ᠦᠢᠯᠡᠴᠢᠯᠡᠭᠡᠨ᠎ᠦ ᠠᠩᠭᠢ》 ᠵᠢ ᠵᠣᠬᠢᠶᠠᠨ ᠪᠠᠢᠭᠤᠯᠵᠤ ᠠᠯᠪᠠᠨ ᠵᠢᠷᠤᠮ᠎ᠤᠨ ᠡᠮᠴᠢᠯᠡᠭᠡ ᠥᠷᠨᠢᠭᠦᠯᠪᠡ᠃ ᠬᠢᠯᠢ ᠬᠢᠵᠠᠭᠠᠷ᠎ᠢ ᠬᠦᠴᠦᠷᠬᠡᠭᠵᠢᠭᠦᠯᠵᠦ ᠰᠡᠷᠭᠡᠢᠯᠡᠯᠲᠡ᠎ᠶᠢ ᠪᠡᠬᠢᠵᠢᠭᠦᠯᠬᠦ ᠬᠠᠮᠲᠤᠷᠠᠭᠰᠠᠨ ᠬᠤᠷᠠᠯ᠎ᠢ ᠲᠣᠭᠲᠠᠮᠠᠯ ᠬᠤᠭᠤᠴᠠᠭ᠎ᠠ᠎ᠲᠠᠢ᠎ᠪᠠᠷ ᠬᠤᠷᠠᠯᠳᠤᠭᠤᠯᠵᠤ᠂ ᠵᠢᠷᠭᠢᠶ᠎ᠡ ᠵᠢᠨ ᠴᠤᠬᠯᠠᠷᠠᠯ᠂ ᠤᠯᠠᠨ ᠨᠡᠶ᠋ᠢᠲᠡ᠎ᠶᠢᠨ ᠲᠠᠪᠴᠠᠩ᠎ᠳᠤ ᠲᠦᠰᠢᠭᠯᠡᠨ 《ᠬᠤᠷᠤᠭᠤᠨ ᠦᠵᠦᠭᠦᠷᠲᠡᠬᠢ ᠦᠢᠯᠡᠴᠢᠯᠡᠭᠡᠨ᠎ᠦ ᠥᠷᠲᠡᠭᠡ》 ᠵᠢ ᠪᠠᠢᠭᠤᠯᠵᠤ᠂ ᠲᠥᠷᠥ᠎ᠶᠢᠨ ᠪᠣᠳᠣᠯᠭ᠎ᠠ᠎ᠶᠢᠨ ᠵᠥᠪᠯᠡᠯᠭᠡ ᠥᠭᠬᠦ᠂ ᠪᠠᠴᠢᠮ ᠪᠠᠢᠳᠠᠯ᠎ᠢ ᠠᠷᠭᠠᠴᠠᠭᠠᠬᠤ ᠲᠤᠰᠠᠯᠠᠮᠵᠢ ᠭᠤᠶᠤᠴᠢᠯᠠᠬᠤ᠂ ᠡᠳ᠋ ᠪᠣᠳᠠᠰ᠎ᠢ ᠤᠷᠢᠳᠴᠢᠯᠠᠨ ᠪᠣᠯᠵᠣᠬᠤ ᠵᠡᠷᠭᠡ ᠴᠢᠳᠠᠮᠵᠢ᠎ᠶᠢᠨ ᠴᠤᠭᠯᠠᠷᠠᠯ᠎ᠢ ᠪᠡᠶᠡᠯᠡᠭᠦᠯᠪᠡ᠃ ᠡᠭᠦᠨ ᠡᠴᠡ ᠭᠠᠲᠠᠨ᠎ᠠ᠂ 《ᠨᠠᠮ᠎ᠤᠨ ᠭᠡᠰᠢᠭᠦᠨ + ᠬᠢᠯᠢ ᠬᠠᠮᠠᠭᠠᠯᠠᠭ᠍ᠴᠢ + ᠠᠵᠤ ᠠᠬᠤᠢᠯᠠᠯ᠎ᠤᠨ ᠠᠮᠤᠷ᠎ᠢ ᠬᠠᠮᠠᠭᠠᠯᠠᠬᠴᠢ + ᠡᠷᠦᠬᠡ᠎ᠶᠢᠨ ᠴᠡᠷᠢᠭ》 ᠤ᠋ᠨ ᠲᠣᠭᠣᠷᠢᠨ ᠰᠡᠷᠭᠡᠢᠯᠡᠬᠦ ᠲᠣᠭᠲᠠᠴᠠ᠎ᠶᠢ ᠬᠡᠷᠡᠭᠵᠢᠭᠦᠯᠵᠦ᠂ ᠬᠤᠯᠪᠤᠭᠠᠯᠠᠨ ᠬᠢᠯᠢ ᠬᠢᠵᠠᠭᠠᠷ᠎ᠢ ᠲᠣᠭᠣᠷᠢᠨ ᠪᠠᠢᠴᠠᠭᠠᠬᠤ ᠪᠠ ᠠᠮᠤᠷ ᠲᠦᠪᠰᠢᠨ ᠢ᠋ ᠬᠤᠯᠪᠤᠭᠠᠯᠠᠨ ᠰᠡᠷᠬᠡᠢᠯᠡᠵᠦ᠂ 《 ᠬᠢᠯᠢ᠎ᠪᠡᠷ ᠲᠣᠭᠣᠷᠢᠨ ᠪᠠᠢᠴᠠᠭᠠᠬᠤ + ᠬᠠᠤᠯᠢ ᠲᠦᠭᠡᠮᠡᠯᠵᠢᠭᠦᠯᠬᠦ + ᠡᠶᠡᠳᠡᠭᠦᠯᠬᠡ》 ᠭᠤᠷᠪᠠ᠎ᠶᠢ ᠨᠢᠭᠡ ᠴᠣᠭᠴᠠᠵᠢᠭᠤᠯᠤᠭᠰᠠᠨ ᠬᠠᠤᠯᠢ ᠪᠡᠷ ᠵᠠᠰᠬᠠᠤ ᠦᠢᠯᠡᠴᠢᠯᠡᠭᠡ᠎ᠶᠢ ᠥᠷᠨᠢᠭᠦᠯᠵᠦ᠂ ᠬᠠᠤᠯᠢ ᠲᠦᠭᠡᠮᠡᠯᠵᠢᠭᠦᠯᠬᠦ᠎ᠶᠢ ᠳᠤᠯᠠᠭᠠᠴᠠ᠎ᠲᠠᠢ᠂ ᠡᠶᠡᠳᠡᠭᠦᠯᠭᠡ᠎ᠶᠢ ᠡᠷᠴᠢᠮ᠎ᠲᠠᠢ᠂ ᠬᠢᠯᠢ᠎ᠶᠢᠨ ᠬᠠᠮᠠᠭᠠᠯᠠᠯᠲᠠ᠎ᠶᠢ ᠭᠦᠨᠴᠡ᠎ᠲᠠᠢ ᠪᠣᠯᠭᠠᠪᠠ᠃
《ᠬᠤᠪᠢᠰᠬᠠᠯᠲᠦ ᠲᠤᠤᠷᠵᠢᠯ 》 ᠢ᠋ᠢᠡᠷ ᠦᠨᠳᠦᠰᠦᠨ ᠱᠠᠲᠤᠨ᠎ᠤ ᠵᠠᠰᠠᠯᠲᠠ ᠵᠢ ᠨᠠᠷᠢᠯᠢᠬᠵᠢᠭᠤᠯᠪᠠ
ᠬᠠᠮᠢᠶᠠᠷᠤᠯᠲᠠ ᠨᠢ ᠪᠦᠳᠦᠭᠦᠯᠢᠭ᠂ ᠮᠡᠳᠡᠭᠡ ᠵᠠᠩᠭᠢ ᠨᠢ ᠰᠢᠯᠤᠭᠤᠨ ᠪᠤᠰᠤ ᠪᠠᠢᠬᠤ ᠳᠤᠲᠠᠭᠤᠳᠠᠯ᠎ᠳᠤ ᠴᠢᠭᠯᠡᠭᠦᠯᠦᠨ᠂ ᠬᠠᠷ᠎ᠠ ᠪᠦᠷᠬᠦᠳ᠎ᠤᠨ ᠠᠭᠤᠯᠠ ᠪᠠᠯᠭᠠᠰᠤᠨ᠎ᠤ ᠨᠠᠮ᠎ᠤᠨ ᠬᠣᠷᠢᠶ᠎ᠠ ᠶᠡᠷᠦᠩᠬᠡᠢᠯᠡᠨ ᠵᠠᠰᠠᠬᠤ ᠲᠥᠪ᠎ᠦᠨ ᠵᠢᠷᠤᠮᠵᠢᠭ᠍ᠰᠠᠨ ᠪᠠᠢᠭᠤᠯᠤᠯᠲᠠ᠎ᠪᠠᠷ ᠰᠢᠪᠲᠤᠯᠤᠯᠲᠠ᠎ᠶᠢᠨ ᠴᠡᠭ ᠪᠣᠯᠭᠠᠨ᠂ 《ᠬᠤᠪᠢᠰᠬᠠᠯᠲᠦ ᠲᠤᠤᠷᠵᠢᠯ》 ᠤ᠋ᠨ ᠬᠠᠮᠢᠶᠠᠷᠤᠯᠲᠠ᠎ᠶᠢᠨ ᠰᠢᠰᠲ᠋ᠸᠮ᠎ᠢ ᠪᠠᠢᠭᠤᠯᠪᠠ᠃
ᠪᠥᠬᠥᠨ᠎ᠢ ᠪᠦᠷᠬᠦᠭᠦᠯᠬᠦ᠂ ᠵᠠᠪᠰᠠᠷ ᠦᠭᠡᠢ ᠵᠣᠯᠭᠠᠭᠤᠯᠬᠤ ᠵᠠᠷᠴᠢᠮ ᠶᠣᠰᠣᠭᠠᠷ᠂ 《ᠭᠠᠴᠠᠭ᠎ᠠ (ᠨᠡᠢᠭᠡᠮ ᠲᠣᠭᠣᠷᠢᠭ᠋) ︱ ᠡᠩ᠎ᠦᠨ ᠲᠤᠤᠷᠵᠢᠯ ︱ ᠪᠢᠴᠢᠯ ᠲᠤᠤᠷᠵᠢᠯ》 ᠭᠤᠷᠪᠠᠨ ᠱᠠᠲᠤᠨ᠎ᠤ ᠵᠠᠰᠠᠯᠲᠠ ᠢ᠋ᠢᠨ ᠵᠠᠬᠪᠤᠷ ᠢ᠋ ᠪᠠᠢᠭᠤᠯᠵᠤ᠂ 2 ᠡᠩ᠎ᠦᠨ ᠲᠤᠤᠷᠵᠢᠯ᠎ᠢ ᠪᠠᠢᠭᠤᠯᠵᠤ᠂ 9 ᠪᠢᠴᠢᠯ ᠲᠤᠤᠷᠵᠢᠯ ᠢ᠋ ᠨᠠᠷᠢᠨ ᠬᠤᠪᠢᠶᠠᠨ ᠦᠷᠭᠡᠳᠬᠡᠵᠦ᠂ ᠨᠠᠮ᠎ᠤᠨ ᠳᠤᠭᠤᠢᠯᠠᠩ᠎ᠤᠨ ᠪᠦᠬᠦᠨ᠎ᠢ ᠬᠠᠮᠤᠷᠬᠤ᠎ᠶᠢ ᠵᠡᠷᠭᠡ᠎ᠪᠡᠷ ᠪᠡᠶᠡᠯᠡᠭᠦᠯᠪᠡ᠃ ᠲᠤᠰ ᠪᠠᠯᠭᠠᠰᠤ ᠤᠯᠠᠨ ᠲᠤᠤᠷᠵᠢᠯ ᠢ᠋ ᠨᠢᠭᠡᠳᠬᠡᠬᠦ᠎ᠶᠢ ᠠᠬᠢᠭᠤᠯᠵᠤ᠂ ᠨᠠᠮ᠎ᠤᠨ ᠪᠠᠢᠭᠤᠯᠤᠯᠲᠠ᠎ᠶᠢᠨ ᠲᠣᠣᠷᠵᠢᠯ ᠪᠣᠯᠣᠨ ᠶᠡᠷᠦᠩᠬᠡᠢᠯᠡᠨ ᠵᠠᠰᠠᠬᠤ᠂ ᠠᠷᠠᠳ᠎ᠤᠨ ᠶᠠᠪᠤᠳᠠᠯ᠂ ᠪᠠᠴᠢᠮ ᠪᠠᠢᠳᠠᠯ᠎ᠢ ᠠᠷᠭᠠᠴᠠᠭᠠᠬᠤ ᠵᠡᠷᠭᠡ ᠲᠣᠣᠷᠵᠢᠯ᠎ᠢ ᠭᠦᠨᠵᠡᠭᠡᠢ ᠨᠡᠢᠳᠬᠡᠵᠦ᠂ ᠨᠠᠮ᠎ᠤᠨ ᠵᠣᠬᠢᠶᠠᠨ ᠪᠠᠢᠭᠤᠯᠤᠯᠲᠠ᠎ᠶᠢᠨ ᠱᠦᠵᠢ᠎ᠪᠡᠷ ᠲᠣᠣᠷᠵᠢᠯ᠎ᠤᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠭᠦᠯᠵᠦ᠂ ᠲᠤᠰᠬᠠᠢ ᠲᠤᠰᠢᠶᠠᠯᠲᠤ ᠲᠣᠣᠷᠵᠢᠯ᠎ᠤᠨ ᠠᠵᠢᠯᠲᠠᠨ ᠪᠠ ᠬᠣᠯᠪᠣᠭᠠᠲᠤ ᠡᠷᠦᠬᠡ᠎ᠶᠢᠨ ᠳᠠᠷᠤᠭ᠎ᠠ᠎ᠶᠢ ᠲᠣᠬᠢᠷᠠᠭᠤᠯᠵᠤ᠂ 《ᠨᠢᠭᠡ ᠭᠡᠰᠢᠭᠦᠨ ᠤᠯᠠᠨ ᠴᠢᠳᠠᠪᠤᠷᠢ᠎ᠲᠠᠢ᠂ ᠨᠢᠭᠡ ᠲᠤᠤᠷᠵᠢᠯ ᠢ᠋ᠢᠡᠷ ᠨᠢᠭᠡᠳᠦᠯᠲᠡᠢ ᠬᠠᠮᠢᠶᠠᠷᠬᠤ》᠎ᠶ᠋ᠢ ᠬᠡᠷᠡᠭᠵᠢᠭᠦᠯᠵᠦ᠂ ᠬᠦᠮᠦᠨ ᠶᠠᠪᠤᠲᠠᠯ ᠢ᠋ ᠤᠨᠤᠪᠴᠢᠲᠠᠢ ᠡᠵᠡᠮᠲᠡᠬᠦ ᠵᠢ ᠪᠡᠶᠡᠯᠡᠭᠦᠯᠪᠡ᠃ ᠪᠠᠯᠭᠠᠰᠤᠨ᠎ᠤ ᠶᠡᠷᠦᠩᠬᠡᠢᠯᠡᠨ ᠵᠠᠰᠠᠬᠤ ᠲᠥᠪ᠎ᠢ ᠲᠠᠰ ᠳᠡᠪᠰᠢᠭᠦᠯᠦᠨ ᠥᠭᠡᠷᠡᠴᠢᠯᠡᠵᠦ᠂ ᠠᠰᠠᠭᠤᠳᠠᠯ᠎ᠢ ᠳᠡᠭᠡᠭᠰᠢ ᠮᠡᠳᠡᠭᠦᠯᠬᠦ ᠂ ᠡᠬᠡ ᠲᠠᠩᠰᠠ ᠪᠠᠶ᠋ᠢᠭᠤᠯᠬᠤ᠂ ᠡᠭᠦᠷᠭᠡ ᠲᠣᠮᠢᠯᠠᠬᠤ᠂ ᠪᠠᠢᠴᠠᠭᠠᠨ ᠨᠠᠢᠳᠠᠪᠤᠷᠢᠵᠢᠭᠤᠯᠬᠤ᠂ ᠰᠢᠢᠳᠪᠦᠷᠢᠯᠡᠵᠦ ᠬᠠᠷᠢᠭᠤ ᠲᠤᠰᠬᠠᠬᠤ᠂ ᠬᠡᠷᠡᠭ᠎ᠢ ᠳᠠᠭᠤᠰᠬᠠᠵᠤ ᠲᠠᠩᠰᠠ ᠡᠪᠬᠡᠮᠡᠯ᠎ᠳᠦ ᠣᠷᠣᠭᠤᠯᠬᠤ 《ᠵᠢᠷᠭᠤᠭᠠᠨ ᠠᠯᠬᠤᠮ᠎ᠤᠨ ᠪᠢᠲᠡᠭᠦᠦ ᠴᠠᠭᠠᠷᠢᠭ᠋》 ᠤ᠋ᠨ ᠲᠣᠭᠲᠠᠴᠠ᠎ᠶᠢ ᠪᠠᠢᠭᠤᠯᠵᠤ᠂ ᠦᠨᠳᠦᠷ ᠪᠦᠲᠦᠮᠵᠢᠲᠡᠢ ᠬᠠᠮᠵᠢᠯᠴᠠᠬᠰᠠᠨ ᠵᠠᠰᠠᠯᠲᠠ ᠢ᠋ᠢᠨ ᠪᠢᠲᠡᠭᠦᠦ ᠴᠠᠭᠠᠷᠢᠭ᠋᠎ᠢ ᠪᠣᠶ ᠪᠣᠯᠭᠠᠪᠠ᠃ ᠲᠤᠤᠷᠵᠢᠯ᠎ᠤᠨ ᠠᠵᠢᠯᠲᠠᠨ᠂ ᠬᠣᠯᠪᠣᠭᠠᠲᠤ ᠡᠷᠦᠬᠡ᠎ᠶᠢᠨ ᠳᠠᠷᠤᠭ᠎ᠠ ᠲᠣᠭᠲᠠᠮᠠᠯ ᠬᠤᠭᠤᠴᠠᠭ᠎ᠠ᠎ᠲᠠᠢ᠎ᠪᠠᠷ ᠰᠤᠷᠪᠤᠯᠵᠢᠯᠠᠨ ᠪᠠᠢᠴᠠᠭᠠᠵᠤ᠂ ᠬᠥᠮᠥᠨ ᠠᠮᠠ᠎ᠶᠢᠨ ᠰᠢᠯᠵᠢᠯᠲᠡ᠂ ᠠᠵᠤ ᠠᠬᠤᠢᠯᠠᠯ᠎ᠤᠨ ᠡᠵᠡᠩᠨᠡᠯᠲᠡ᠂ ᠠᠮᠤᠷ ᠲᠦᠪᠰᠢᠨ᠎ᠦ ᠳᠠᠯᠳᠠ ᠬᠡᠮ᠂ ᠵᠥᠷᠢᠴᠡᠯ ᠵᠠᠭᠤᠷᠠᠯᠳᠤᠭᠠᠨ ᠵᠡᠷᠭᠡ ᠪᠠᠢᠳᠠᠯ᠎ᠢ ᠬᠥᠳᠡᠯᠦᠩᠭᠦᠢ᠎ᠪᠡᠷ ᠡᠵᠡᠮᠳᠡᠨ᠂ ᠲᠤᠤᠷᠵᠢᠯ᠎ᠤᠨ ᠬᠡᠷᠡᠭᠴᠡᠭᠡ ᠱᠠᠭᠠᠷᠳᠠᠯᠭ᠎ᠠ ᠬᠢᠭᠡᠳ ᠨᠠᠮ᠎ᠤᠨ ᠭᠡᠰᠢᠭᠦᠨ ᠠᠵᠢᠯ ᠲᠠᠨᠢᠵᠤ ᠠᠪᠬᠤ᠎ᠶᠢ ᠨᠠᠷᠢᠯᠢᠭ᠋ ᠣᠨᠣᠴᠠᠲᠠᠢ᠎ᠪᠠᠷ ᠵᠣᠯᠭᠠᠭᠤᠯᠬᠤ ᠲᠣᠭᠲᠠᠴᠠ᠎ᠶᠢ ᠪᠠᠢᠭᠤᠯᠵᠤ᠂ 《ᠨᠢᠭᠡ ᠡᠷᠦᠬᠡ ᠨᠢᠭᠡ ᠲᠠᠩᠰᠠ ᠨᠢᠭᠡ ᠺᠣᠳ᠋ ᠨᠢᠭᠡ ᠪᠣᠳᠣᠯᠭ᠎ᠠ》 ᠢ᠋ᠢᠨ ᠣᠨᠣᠴᠠᠲᠠᠢ ᠦᠢᠯᠡᠴᠢᠯᠡᠭᠡ ᠪᠡᠷ᠂ ᠪᠥᠬᠥ ᠴᠠᠷᠠᠭ᠎ᠠ᠎ᠶᠢ ᠬᠠᠮᠤᠷᠤᠭᠰᠠᠨ᠂ ᠬᠠᠮᠢᠶᠠᠷᠤᠯᠲᠠ ᠨᠢ ᠨᠠᠷᠢᠯᠢᠭ᠋᠂ ᠮᠡᠳᠡᠭᠡ ᠵᠠᠩᠭᠢ᠎ᠶᠢ ᠬᠠᠮᠲᠤ᠎ᠪᠠᠷ ᠡᠳ᠋ᠯᠡᠬᠦ᠂ ᠦᠢᠯᠡᠴᠢᠯᠡᠭᠡ ᠪᠦᠲᠦᠮᠵᠢᠲᠡᠶ ᠲᠤᠤᠷᠵᠢᠯ᠎ᠤᠨ ᠬᠠᠮᠢᠶᠠᠷᠤᠯᠲᠠ᠎ᠶᠢᠨ ᠪᠠᠢᠷᠢᠰᠢᠯ᠎ᠢ ᠪᠣᠶ ᠪᠣᠯᠭᠠᠪᠠ᠃
《ᠬᠤᠪᠢᠰᠬᠠᠯᠳᠤ ᠣᠷᠣᠯᠠᠨ ᠭᠦᠢᠴᠡᠳᠭᠡᠭᠦ》 ᠦᠢᠯᠡᠴᠢᠯᠡᠭᠡ ᠪᠡᠷ ᠮᠠᠯᠴᠢᠳ᠎ᠤᠨ ᠵᠢᠷᠭᠠᠯᠲᠦ ᠲᠦᠷᠦᠭᠲᠡᠯ ᠢ᠋ ᠲᠡᠭᠡᠭᠰᠢᠯᠡᠭᠦᠯᠪᠡ
ᠬᠠᠷ᠎ᠠ ᠪᠦᠷᠬᠦᠳ᠎ᠤᠨ ᠠᠭᠤᠯᠠ ᠪᠠᠯᠭᠠᠰᠤᠨ᠎ᠤ ᠨᠠᠮ᠎ᠤᠨ ᠬᠣᠷᠢᠶ᠎ᠠ᠎ᠠᠴᠠ《ᠬᠤᠪᠢᠰᠬᠠᠯᠲᠦ ᠣᠷᠣᠯᠠᠨ ᠭᠦᠢᠴᠡᠳᠭᠡᠭᠦ》 ᠦᠢᠯᠡᠴᠢᠯᠡᠭᠡ ᠶ᠋ᠢ ᠨᠠᠮ᠎ᠤᠨ ᠤᠯᠠᠨ ᠲᠦᠮᠡᠨᠴᠢ ᠱᠤᠭᠤᠮ᠎ᠢ ᠦᠢᠯᠡᠳᠦᠯᠭᠡᠵᠢᠭᠦᠯᠬᠦ᠂ ᠦᠢᠯᠡᠴᠢᠯᠡᠭᠡ ᠵᠢᠨ 《ᠡᠴᠦᠰ᠎ᠤᠨ ᠨᠢᠭᠡ ᠺᠢᠯᠤᠮᠸᠲᠷ》 ᠢ᠋ ᠨᠡᠪᠳᠡᠷᠡᠭᠦᠯᠬᠦ ᠭᠣᠣᠯ ᠠᠴᠢᠶᠠᠯᠠᠪᠤᠷᠢ ᠪᠤᠯᠭᠠᠵᠦ᠂《ᠬᠤᠪᠢᠰᠬᠠᠯᠲᠦ ᠣᠷᠣᠯᠠᠨ ᠭᠦᠢᠴᠡᠳᠭᠡᠬᠦ》ᠦᠢᠯᠡᠴᠢᠯᠡᠭᠡ᠎ᠶᠢᠨ ᠰᠢᠨ᠎ᠡ ᠴᠠᠭ ᠦᠶ᠎ᠡ᠎ᠶᠢᠨ ᠪᠣᠯᠪᠠᠰᠤᠨ᠎ᠤ ᠦᠢᠯᠡᠳᠦᠯᠭᠡ᠎ᠶᠢᠨ ᠶᠡᠷᠦᠩᠬᠡᠢᠯᠡᠭᠰᠡᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠶᠡᠷᠦᠩᠬᠡᠢ ᠠᠩᠭᠢ ᠶᠢ ᠵᠣᠬᠢᠶᠠᠨ ᠪᠠᠢᠭᠤᠯᠵᠤ᠂ ᠨᠠᠮ᠎ᠤᠨ ᠭᠡᠰᠢᠭᠦᠨ᠎ᠦ ᠬᠣᠰᠢᠭᠤᠴᠢ᠂ ᠵᠠᠯᠠᠭᠤᠴᠤᠳ᠎ᠤᠨ ᠭᠠᠪᠰᠢᠭᠠᠢᠯᠠᠬᠴᠢ᠂ ᠡᠮᠡᠭᠲᠡᠢᠴᠦᠳ᠎ᠦᠨ ᠰᠠᠢᠨ ᠲᠤᠷ᠎ᠠ ᠢ᠋ᠢᠨ ᠦᠢᠯᠡᠴᠢᠯᠡᠭᠡ᠂ ᠠᠷᠠᠳ᠎ᠤᠨ ᠴᠠᠭᠳᠠᠭ᠎ᠠ᠎ᠶᠢᠨ ᠰᠠᠢᠨ ᠲᠤᠷ᠎ᠠ ᠢ᠋ᠢᠨ ᠦᠢᠯᠡᠴᠢᠯᠡᠭᠡ᠂ ᠴᠡᠷᠢᠭ᠎ᠤᠨ ᠠᠯᠪᠠ᠎ᠡᠴᠡ ᠬᠠᠯᠠᠭᠳᠠᠭᠰᠠᠳ᠎ᠤᠨ ᠰᠠᠢᠨ ᠲᠤᠷ᠎ᠠ ᠢ᠋ᠢᠨ ᠦᠢᠯᠡᠴᠢᠯᠡᠭᠡ᠂ ᠴᠠᠬᠢᠯᠭᠠᠨ ᠬᠦᠴᠦᠨ᠎ᠦ ᠰᠠᠢᠨ ᠲᠤᠷ᠎ᠠ ᠢ᠋ᠢᠨ ᠦᠢᠯᠡᠴᠢᠯᠡᠭᠡ᠂ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ ᠪᠠ ᠠᠮᠤᠷ ᠲᠦᠪᠰᠢᠨ᠎ᠢᠶᠡᠷ ᠲᠣᠭᠣᠷᠢᠨ ᠰᠡᠷᠭᠡᠢᠯᠡᠬᠦ ᠵᠡᠷᠭᠡ 8 ᠣᠨᠴᠠᠯᠢᠭ᠍ᠲᠤ ᠡᠩᠨᠡᠭᠡ᠎ᠲᠠᠢ ᠬᠠᠮᠲᠤᠷᠠᠨ᠂ ᠨᠠᠮ᠎ᠤᠨ ᠭᠡᠰᠢᠭᠦᠨ᠎ᠢᠶᠡᠷ ᠭᠣᠣᠯᠯᠠᠭ᠍ᠴᠢ ᠬᠦᠴᠦᠨ ᠪᠣᠯᠭᠠᠵᠤ ᠪᠠᠯᠭᠠᠰᠤᠨ᠎ᠳᠤ ᠰᠠᠭᠤᠭ᠎ᠠ ᠨᠢᠭᠡᠴᠢ᠎ᠶᠢᠨ ᠠᠵᠢᠯᠲᠠᠨ᠂ ᠠᠵᠤ ᠠᠬᠤᠢᠯᠠᠯ᠎ᠤᠨ ᠠᠵᠢᠯᠲᠠᠨ ᠠᠵᠢᠯᠴᠢᠨ ᠂ ᠬᠠᠯᠠᠭᠤᠨ ᠰᠡᠳᠬᠢᠯᠲᠦ ᠤᠯᠠᠨ ᠲᠦᠮᠡᠨ ᠢ᠋ ᠢᠳᠡᠪᠬᠢᠳᠡᠢ ᠤᠷᠤᠯᠴᠠᠭᠤᠯᠪᠠ᠃ ᠬᠢᠯᠢ ᠬᠢᠵᠠᠭᠠᠷ᠎ᠢ ᠰᠠᠬᠢᠨ ᠬᠠᠮᠠᠭᠠᠯᠠᠵᠤ ᠪᠠᠢᠭ᠎ᠠ ᠮᠠᠯᠴᠢᠳ ᠪᠣᠯᠣᠨ ᠠᠵᠤ ᠠᠬᠤᠢᠯᠠᠯ᠎ᠤᠨ ᠠᠵᠢᠯᠲᠠᠨ ᠠᠵᠢᠯᠴᠢᠨ ᠳ᠋ᠤ ᠭᠡᠷ ᠲᠦ᠍ᠨᠢ ᠬᠦᠷᠴᠦ ᠦᠢᠯᠡᠴᠢᠯᠡᠬᠦ᠂ ᠨᠡᠭᠦᠳᠡᠯ ᠦᠢᠯᠡᠴᠢᠯᠡᠭᠡ᠂ ᠪᠣᠯᠵᠤᠭ᠎ᠠ᠎ᠲᠤ ᠦᠢᠯᠡᠴᠢᠯᠡᠭᠡ᠎ᠪᠡᠷ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ᠂ ᠨᠣᠣᠰᠣ᠌ ᠨᠤᠤᠯᠤᠭᠤᠷ ᠬᠠᠢᠴᠢᠯᠠᠵᠦ ᠰᠠᠮᠨᠠᠬᠤ᠂ ᠡᠳ᠋ ᠪᠣᠳᠠᠰ᠎ᠢ ᠣᠷᠣᠯᠠᠨ ᠬᠤᠳᠠᠯᠳᠤᠨ ᠠᠪᠬᠤ᠂ ᠵᠠᠭᠤᠷᠠᠯᠳᠤᠭᠠᠨ᠎ᠢ ᠡᠶᠡᠳᠡᠭᠦᠯᠬᠦ ᠵᠡᠷᠭᠡ ᠦᠢᠯᠡᠴᠢᠯᠡᠬᠡ ᠵᠢ 192 ᠤᠳᠠᠭ᠎ᠠ ᠬᠠᠩᠭᠠᠵᠤ᠂ ᠨᠡᠢᠲᠡ 576 ᠴᠠᠭ ᠦᠢᠯᠡᠴᠢᠯᠡᠵᠦ᠂ ᠬᠠᠨᠤᠮᠵᠢ᠎ᠶᠢᠨ ᠬᠡᠮᠵᠢᠶ᠎ᠡ ᠨᠢ 100%᠎ᠳᠤ ᠬᠦᠷᠴᠡᠢ᠃


《ᠣᠯᠠᠨ ᠲᠦᠮᠡᠨᠵᠠᠬᠢᠶᠠᠯᠠᠭᠠ ᠬᠢᠵᠦ᠂ ᠨᠠᠮ᠎ᠤᠨ ᠬᠤᠷᠢᠶ᠎ᠠ ᠡᠴᠡ ᠵᠠᠬᠢᠶᠠᠯᠠᠭ᠎ᠠ ᠢ᠋ᠢᠨ ᠬᠠᠭᠤᠳᠠᠰᠤ ᠵᠢ ᠲᠤᠮᠢᠯᠠᠵᠦ᠂ ᠰᠠᠢᠨ ᠲᠤᠷᠠᠴᠤᠳ ᠵᠠᠬᠢᠶᠠᠯᠠᠭ᠎ᠠ ᠵᠢ ᠬᠦᠯᠢᠶᠡᠨ ᠠᠪᠬᠤ》᠂ 《1+3+N》 ᠰᠠᠢᠨ ᠳᠤᠷ᠎ᠠ᠎ᠶᠢᠨ ᠦᠢᠯᠡᠴᠢᠯᠡᠭᠡᠨ᠎ᠦ ᠵᠠᠭᠪᠤᠷ᠎ᠢ ᠪᠠᠢᠭᠤᠯᠵᠤ᠂ ᠰᠦᠯᠵᠢᠶᠡᠨ ᠳᠡᠭᠡᠷ᠎ᠡ ᠪᠠ ᠲᠤᠬᠠᠢ ᠢ᠋ᠢᠨ ᠭᠠᠵᠠᠷ ᠲᠤᠨᠢ ᠬᠦᠷᠴᠦ᠂ ᠣᠯᠠᠨ ᠲᠦᠮᠡᠨ᠎ᠦ ᠬᠡᠷᠡᠭᠴᠡᠭᠡ ᠱᠠᠭᠠᠷᠳᠠᠯᠭ᠎ᠠ᠎ᠶᠢ ᠴᠤᠭᠯᠠᠭᠤᠯᠵᠤ᠂ 12345 ᠦᠢᠯᠡᠴᠢᠯᠡᠭᠡᠨ᠎ᠦ ᠬᠠᠯᠠᠮᠰᠢᠯ ᠤᠲᠠᠰᠤ ᠢ᠋ᠢᠨ ᠬᠢᠨ ᠲᠠᠢ ᠬᠠᠮᠳᠤᠷᠠᠯᠴᠠᠨ᠂ 《ᠵᠠᠭᠠᠯᠳᠤᠬᠤ ᠡᠴᠡ ᠡᠮᠦᠨ᠎ᠡ ᠰᠢᠢᠳᠪᠦᠷᠢᠯᠡᠬᠦ》 ᠠᠵᠢᠯ᠎ᠤᠨ ᠵᠠᠭᠪᠤᠷ᠎ᠢ ᠬᠡᠷᠡᠭᠵᠢᠭᠦᠯᠦᠨ᠂ ᠰᠠᠨᠠᠭᠠᠴᠢᠯᠠᠭ᠎ᠠ ᠠ᠋ᠴᠠ᠎ᠪᠠᠨ ᠦᠢᠯᠡᠴᠢᠯᠡᠬᠦ ᠪᠤᠯᠭᠠᠪᠠ᠃ 《ᠬᠤᠪᠢᠰᠬᠠᠯᠲᠦ ᠣᠷᠣᠯᠠᠨ ᠭᠦᠢᠴᠡᠳᠭᠡᠬᠦ》 ᠦᠢᠯᠡᠴᠢᠯᠡᠭᠡᠨ᠎ᠦ ᠴᠣᠩᠬᠤᠪᠴᠢ᠎ᠪᠠᠨ ᠮᠣᠩᠭᠣᠯ ᠭᠡᠷ᠂ ᠦᠢᠯᠡᠳᠪᠦᠷᠢ ᠠᠭᠤᠷᠬᠠᠢ᠎ᠶᠢᠨ ᠭᠠᠵᠠᠷ᠂ ᠬᠠᠳᠤᠯᠠᠩ ᠪᠡᠯᠴᠢᠭᠡᠷ᠎ᠲᠤ ᠰᠢᠯᠵᠢᠭᠦᠯᠵᠦ᠂ ᠲᠥᠷᠥ᠎ᠶᠢᠨ ᠪᠣᠳᠣᠯᠭ᠎ᠠ᠎ᠶᠢ ᠤᠬᠠᠭᠤᠯᠤᠨ ᠲᠠᠢᠯᠪᠤᠷᠢᠯᠠᠬᠤ᠂ ᠬᠠᠪᠰᠤᠷᠤᠨ ᠭᠦᠢᠴᠡᠳᠬᠡᠵᠦ ᠣᠷᠣᠯᠠᠨ ᠭᠦᠢᠴᠡᠳᠬᠡᠬᠦ᠂ ᠪᠠᠴᠢᠮ ᠠᠪᠤᠷᠠᠨ ᠲᠤᠰᠠᠯᠠᠬᠤ᠂ ᠡᠳ᠋ ᠪᠠᠷᠠᠭ᠎ᠠ ᠣᠷᠣᠯᠠᠨ ᠬᠤᠳᠠᠯᠳᠤᠨ ᠠᠪᠬᠤ᠂ ᠮᠠᠯ ᠠᠵᠤ ᠠᠬᠤᠢ ᠦᠢᠯᠡᠳᠪᠦᠷᠢᠯᠡᠯ ᠳ᠋ᠤ ᠬᠠᠪᠰᠤᠷᠬᠤ᠂ ᠡᠷᠡᠭᠦᠯ ᠮᠡᠨᠳᠦ᠎ᠶᠢᠨ ᠠᠯᠪᠠᠨ ᠵᠢᠷᠤᠮ᠎ᠤᠨ ᠡᠮᠴᠢᠯᠡᠭᠡ ᠬᠢᠬᠦ᠂ ᠵᠠᠭᠤᠷᠠᠯᠳᠤᠭᠠᠨ᠎ᠢ ᠡᠶᠡᠳᠡᠭᠦᠯᠬᠦ᠂ ᠴᠠᠬᠢᠯᠭᠠᠨ ᠬᠡᠷᠡᠭᠯᠡᠬᠦ᠎ᠶᠢ ᠪᠠᠢᠴᠠᠭᠠᠨ ᠵᠠᠰᠠᠬᠤ᠂ ᠠᠵᠤ ᠦᠢᠯᠡᠰ᠎ᠦᠨ ᠮᠡᠳᠡᠭᠡ ᠵᠠᠩᠭᠢ᠎ᠶᠢᠨ ᠯᠠᠪᠯᠠᠭ᠎ᠠ ᠥᠭᠬᠦ ᠵᠡᠷᠭᠡ ᠦᠢᠯᠡᠴᠢᠯᠡᠭᠡ᠎ᠶᠢ ᠬᠠᠩᠭᠠᠵᠤ᠂ ᠲᠡᠮᠡᠭᠡᠨ ᠨᠣᠣᠰᠣ᠌ ᠢᠮᠠᠭᠠᠨ ᠨᠣᠤᠯᠤᠭᠤᠷ᠎ᠢ ᠬᠠᠢᠴᠢᠯᠠᠵᠦ ᠰᠠᠮᠨᠠᠬᠤ᠂ ᠠᠮᠢᠲᠠᠨ᠎ᠤ ᠬᠢᠵᠢᠭ᠎ᠢ ᠰᠡᠷᠭᠡᠢᠯᠡᠬᠦ ᠲᠠᠷᠢᠯᠭ᠎ᠠ ᠳᠠᠷᠢᠬᠤ᠂ ᠰᠢᠷᠬᠠᠲᠤᠭᠰᠠᠨ ᠮᠠᠯ᠎ᠢ ᠠᠪᠤᠷᠠᠨ ᠵᠠᠰᠠᠬᠤ᠂ ᠠᠮᠢᠳᠤᠷᠠᠯ᠎ᠤᠨ ᠡᠳ᠋ ᠪᠠᠷᠠᠭ᠎ᠠ᠎ᠶᠢ ᠲᠣᠬᠢᠷᠠᠭᠤᠯᠤᠨ ᠬᠦᠷᠭᠡᠬᠦ ᠵᠡᠷᠭᠡ ᠣᠨᠴᠠᠯᠢᠭ᠋᠎ᠲᠠᠢ ᠵᠦᠢᠯᠡᠰ᠎ᠢ ᠬᠠᠮᠤᠷᠴᠤ᠂ ᠨᠡᠢᠭᠡᠮ᠎ᠦᠨ ᠵᠠᠰᠠᠯᠲᠠ᠎ᠶᠢ ᠣᠯᠠᠨ ᠲᠦᠮᠡᠨ᠎ᠦ ᠳᠤᠮᠳᠠ ᠬᠦᠷᠭᠡᠪᠡ ᠃
ᠥᠨᠥᠳᠥᠷ᠎ᠦᠨ ᠬᠠᠷ᠎ᠠ ᠪᠦᠷᠬᠦᠳ᠎ᠤᠨ ᠠᠭᠤᠯᠠ ᠪᠠᠯᠭᠠᠰᠤ ᠨᠠᠮ᠎ᠤᠨ ᠪᠠᠢᠭᠤᠯᠤᠯᠲᠠ ᠪᠡᠷ ᠬᠦᠲᠦᠯᠦᠨ ᠲᠠᠭᠠᠭᠤᠯᠵᠦ᠂ ᠲᠤᠤᠷᠵᠢᠯ ᠢ᠋ᠢᠡᠷ ᠲᠤᠯᠭᠠᠭᠤᠷᠢᠯᠠᠯ ᠪᠤᠯᠭᠠᠨ᠂ ᠦᠢᠯᠡᠴᠢᠯᠡᠭᠡ ᠪᠡᠷ ᠠᠳᠬᠤᠴᠠ ᠪᠤᠯᠭᠠᠵᠦ᠂ 《ᠵᠠᠰᠠᠯᠲᠠ ᠢ᠋ᠢᠨ ᠬᠤᠷᠢᠭ᠎ᠠ᠎ᠲᠠᠢ ᠤᠷᠤᠨ》 ᠡᠴᠡ 《ᠡᠶ᠎ᠡ ᠵᠣᠬᠢᠴᠠᠩᠭᠤᠢ ᠦᠯᠢᠭᠡᠷ ᠳᠠᠭᠤᠷᠢᠶᠠᠯ》 ᠪᠣᠯᠵᠦ ᠬᠤᠪᠢᠷᠠᠵᠠᠢ᠃ ᠨᠠᠮ᠎ᠤᠨ ᠪᠠᠢᠭᠤᠯᠤᠯᠲᠠ᠎ᠪᠠᠷ ᠬᠥᠲᠥᠯᠥᠨ ᠳᠠᠭᠠᠭᠤᠯᠬᠤ ᠨᠢᠭᠡᠳᠦᠯᠲᠡᠢ ᠲᠥᠯᠥᠪᠵᠢᠭᠦᠯᠬᠦ ᠬᠦᠴᠦᠨ ᠮᠡᠳᠡᠭᠳᠡᠮ᠎ᠡ ᠴᠢᠩᠭᠠᠷᠠᠵᠤ᠂2025 ᠣᠨ ᠡᠴᠡ ᠨᠠᠭᠠᠰᠢ ᠡᠯ᠎ᠡ ᠲᠦᠷᠦᠯ᠎ᠤᠨ ᠠᠷᠠᠳ᠎ᠤᠨ ᠪᠠᠢᠲᠠᠯ᠎ᠤᠨ ᠬᠡᠷᠡᠭ ᠢ᠋ ᠲᠣᠭᠲᠠᠭᠰᠠᠨ ᠬᠤᠭᠤᠴᠠᠭᠠᠨ᠎ᠳᠤ ᠰᠢᠢᠳᠪᠦᠷᠢᠯᠡᠵᠦ ᠳᠠᠭᠤᠰᠬᠠᠭᠰᠠᠨ ᠨᠤᠷᠮ᠎ᠠ 100%᠎ᠳᠤ ᠬᠦᠷᠴᠤ᠂ ᠦᠨᠳᠦᠰᠦᠨ ᠱᠠᠲᠤᠨ᠎ᠤ ᠵᠠᠰᠠᠯᠲᠠ᠎ᠶᠢᠨ ᠨᠠᠷᠢᠯᠢᠭ᠍ᠵᠢᠭᠤᠯᠬᠤ ᠲᠦᠪᠰᠢᠨ᠎ᠢ ᠪᠦᠬᠦ ᠲᠠᠯ᠎ᠠ᠎ᠪᠠᠷ ᠳᠡᠭᠡᠭᠰᠢᠯᠡᠭᠦᠯᠵᠦ᠂ ᠨᠠᠮ ᠪᠠ ᠣᠯᠠᠨ ᠲᠦᠮᠡᠨ᠂ ᠺᠠᠳ᠋ᠷ ᠪᠠ ᠣᠯᠠᠨ ᠲᠦᠮᠡᠨ᠎ᠦ ᠨᠢᠭ᠍ᠲᠠᠷᠠᠯ᠎ᠤᠨ ᠬᠦᠴᠦᠨ ᠦᠷᠭᠦᠯᠵᠢᠯᠡᠨ ᠴᠢᠩᠭᠠᠷᠠᠵᠤ᠂ ᠨᠤᠲᠤᠭ ᠤᠰᠤ᠎ᠪᠠᠨ ᠰᠠᠬᠢᠵᠤ ᠬᠢᠯᠢ ᠬᠢᠵᠠᠭᠠᠷ᠎ᠢᠶᠠᠨ ᠬᠠᠮᠠᠭᠠᠯᠠᠵᠦ ᠪᠠᠢᠭ᠎ᠠ ᠮᠠᠯᠴᠢᠳ᠎ᠤᠨ ᠵᠢᠷᠭᠠᠯᠲᠤ ᠲᠥᠷᠥᠭᠳᠡᠯ ᠲᠣᠭᠲᠠᠭᠤᠨ᠎ᠢᠶᠠᠷ ᠳᠡᠭᠡᠭᠰᠢᠯᠡᠭᠦᠯᠵᠡᠢ᠃
(ᠬᠡᠷᠡᠯ ᠵᠢᠷᠤᠭ᠎ᠤᠳ ᠪᠤᠯ ᠮᠠᠯᠴᠢᠳ ᠲᠸ᠋ ᠦᠢᠯᠡᠴᠢᠯᠡᠵᠦ ᠪᠠᠢᠭ᠎ᠠ ᠬᠡᠰᠡᠭ ᠦᠵᠡᠭᠲᠡᠯ ᠪᠤᠯᠤᠨ᠎ᠠ᠂ ᠡᠵᠡᠨ᠎ᠡ ᠬᠤᠰᠢᠭᠤᠨ᠎ᠤ ᠨᠠᠮ᠎ᠤᠨ ᠬᠤᠷᠢᠶ᠎ᠠ ᠢ᠋ᠢᠨ ᠨᠡᠢᠭᠡᠮ ᠤ᠋ᠨ ᠠᠵᠢᠯ᠎ᠤᠨ ᠬᠡᠯᠲᠡᠰ ᠡᠴᠡ ᠬᠠᠩᠭᠠᠪᠠ )