11 ᠳᠡᠰ᠎ᠠᠴᠠ ᠳᠡᠭᠡᠭᠰᠢ ᠶᠡᠭᠡ ᠰᠠᠯᠬᠢ ᠰᠠᠯᠬᠢᠯᠠᠨ᠎ᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ
ᠬᠣᠷᠢᠶ᠎ᠠ 6 ᠰᠠᠷ᠎ᠠ᠎ᠶᠢᠨ 16 ᠤ ᠡᠳᠦᠷ ᠴᠢᠩᠭ᠎ᠠ ᠰᠣᠯᠢᠭ᠋ ᠤᠷᠤᠰᠬᠠᠯ᠎ᠤᠨ ᠰᠢᠷ᠎ᠠ ᠥᠩᠭᠡ᠎ᠶᠢᠨ
ᠰᠡᠷᠡᠮᠵᠢ᠎ᠶᠢᠨ ᠳᠣᠬᠢᠶ᠎ᠠ ᠨᠡᠢᠲᠡᠯᠡᠪᠡ
ᠵᠢᠱ᠌ᠢᠯᠲᠡ᠎ᠪᠡᠷ 6 ᠰᠠᠷ᠎ᠠ᠎ᠶᠢᠨ 16 ᠤ ᠡᠳᠦᠷ᠎ᠦᠨ 9 ᠴᠠᠭ᠎ᠠᠴᠠ 17 ᠤ ᠡᠳᠦᠷ᠎ᠦᠨ 9 ᠴᠠᠭ ᠪᠣᠯᠲᠠᠯ᠎ᠠ᠂ ᠪᠠᠶᠠᠨᠨᠠᠭᠤᠷ᠎ᠤᠨ ᠵᠡᠭᠦᠨ
ᠡᠮᠦᠨ᠎ᠡ ᠪᠡᠶ᠎ᠡ᠂ ᠣᠷᠳᠣᠰ᠎ᠤᠨ ᠳᠤᠮᠳᠠ ᠪᠡᠶ᠎ᠡ ᠪᠠ ᠵᠡᠭᠦᠨ ᠪᠡᠶ᠎ᠡ᠂ ᠪᠤᠭᠤᠲᠤ ᠬᠣᠲᠠ᠎ᠶᠢᠨ ᠳᠤᠮᠳᠠ ᠪᠡᠶ᠎ᠡ
ᠪᠠ ᠡᠮᠦᠨ᠎ᠡ ᠪᠡᠶ᠎ᠡ᠂ ᠬᠥᠬᠡᠬᠣᠲᠠ᠂ ᠤᠯᠠᠭᠠᠨᠴᠠᠪ᠎ᠤᠨ ᠳᠤᠮᠳᠠ ᠪᠡᠶ᠎ᠡ ᠪᠠ ᠡᠮᠦᠨ᠎ᠡ ᠪᠡᠶ᠎ᠡ᠂ ᠰᠢᠯᠢ᠎ᠶᠢᠨ ᠭᠣᠣᠯ
ᠠᠢᠮᠠᠭ᠎ᠤᠨ ᠡᠮᠦᠨ᠎ᠡ ᠪᠡᠶ᠎ᠡ ᠪᠠ ᠵᠡᠭᠦᠨ ᠪᠡᠶ᠎ᠡ᠂ ᠤᠯᠠᠭᠠᠨᠬᠠᠳᠠ ᠬᠣᠲᠠ᠎ᠶᠢᠨ ᠶᠡᠬᠡᠩᠬᠢ ᠬᠡᠰᠡᠭ᠂ ᠲᠦᠩᠯᠢᠶᠣᠣ
ᠬᠣᠲᠠ᠎ᠶᠢᠨ ᠡᠮᠦᠨ᠎ᠡ ᠪᠡᠶ᠎ᠡ ᠪᠠ ᠪᠠᠷᠠᠭᠤᠨ ᠬᠣᠢᠲᠤ ᠪᠡᠶ᠎ᠡ᠂ ᠬᠢᠩᠭᠠᠨ ᠠᠢᠮᠠᠭ᠎ᠤᠨ ᠪᠠᠷᠠᠭᠤᠨ ᠡᠮᠦᠨ᠎ᠡ ᠪᠡᠶᠡᠳᠦ
ᠠᠶᠤᠩᠭᠠᠲᠤ ᠪᠤᠷᠤᠭᠠᠨ ᠤᠷᠤᠨ᠎ᠠ; ᠤᠯᠠᠭᠠᠨᠴᠠᠪ ᠬᠣᠲᠠ᠎ᠶᠢᠨ ᠡᠮᠦᠨ᠎ᠡ ᠪᠡᠶ᠎ᠡ᠂ ᠰᠢᠯᠢ᠎ᠶᠢᠨ ᠭᠣᠣᠯ ᠠᠢᠮᠠᠭ᠎ᠤᠨ
ᠡᠮᠦᠨ᠎ᠡ ᠪᠡᠶ᠎ᠡ᠂ ᠤᠯᠠᠭᠠᠨᠬᠠᠳᠠ ᠬᠣᠲᠠ᠎ᠶᠢᠨ ᠡᠮᠦᠨ᠎ᠡ ᠪᠡᠶ᠎ᠡ᠂ ᠲᠦᠩᠯᠢᠶᠣᠣ ᠬᠣᠲᠠ᠎ᠶᠢᠨ ᠡᠮᠦᠨ᠎ᠡ ᠪᠡᠶᠡᠳᠦ
ᠣᠬᠣᠷ ᠬᠤᠭᠤᠴᠠᠭᠠᠨ᠎ᠳᠦ ᠰᠢᠷᠦᠭᠦᠨ ᠪᠣᠷᠣᠭᠠᠨᠤᠷᠤᠵᠦ᠂ ᠴᠠᠭ᠎ᠤᠨ ᠲᠤᠨᠳᠠᠰᠤᠨ᠎ᠤ ᠬᠡᠮᠵᠢᠶ᠎ᠡ 15 — 40 ᠮᠢᠯᠢᠮᠧᠲᠷ
ᠬᠦᠷᠴᠦ᠂ ᠬᠡᠰᠡᠭ ᠭᠠᠵᠠᠷ᠎ᠲᠤ 40 ᠮᠢᠯᠢᠮᠧᠲᠷ᠎ᠡᠴᠡ ᠳᠡᠭᠡᠭᠰᠢ ᠬᠦᠷᠦᠨ᠎ᠡ; ᠣᠷᠳᠣᠰ ᠬᠤᠳᠠ ᠵᠢᠨ ᠵᠡᠭᠦᠨ ᠬᠣᠢᠲᠤ
ᠪᠡᠶ᠎ᠡ᠂ ᠪᠤᠭᠤᠲᠤ ᠬᠤᠳᠠ ᠵᠢᠨ ᠵᠡᠭᠦᠨ ᠡᠮᠦᠨ᠎ᠠ ᠪᠡᠶ᠎ᠡ᠂ ᠬᠥᠬᠡᠬᠣᠲᠠ ᠵᠢᠨ ᠶᠡᠬᠡᠩᠬᠢ ᠬᠡᠰᠡᠭ᠂ ᠤᠯᠠᠭᠠᠨᠴᠠᠪ
ᠬᠤᠳᠠ ᠵᠢᠨ ᠡᠮᠦᠨ᠎ᠠ ᠪᠡᠶ᠎ᠡ᠂ ᠰᠢᠯᠢ ᠵᠢᠨ ᠭᠣᠣᠯ ᠠᠢᠮᠠᠭ᠎ᠤᠨ ᠡᠮᠦᠨ᠎ᠠ ᠪᠡᠶ᠎ᠡ᠂ ᠤᠯᠠᠭᠠᠨᠬᠠᠳᠠ ᠵᠢᠨ ᠡᠮᠦᠨ᠎ᠠ
ᠪᠡᠶ᠎ᠡ᠂ ᠲᠦᠩᠯᠢᠶᠣᠣ ᠬᠤᠳᠠ ᠵᠢᠨ ᠡᠮᠦᠨ᠎ᠠ ᠪᠡᠶᠡᠳᠦ ᠠᠶᠤᠩᠭᠠᠲᠤ ᠪᠤᠷᠤᠭᠠᠨ ᠤᠷᠤᠵᠦ ᠶᠡᠬᠡ ᠰᠠᠯᠬᠢᠯᠠᠬᠤ ᠪᠤᠶᠤ ᠮᠥᠨᠳᠥᠷ ᠤᠷᠤᠵᠦ᠂ ᠰᠠᠯᠬᠢᠨ᠎ᠤ ᠬᠦᠴᠦ
ᠬᠠᠮᠤᠭ᠎ᠤᠨ ᠶᠡᠬᠡ ᠳ᠋ᠡᠭᠡᠨ 11 ᠳᠡᠰ᠎ᠠᠴᠠ ᠳᠡᠭᠡᠭᠰᠢ ᠬᠦᠷᠦᠨ᠎ᠡ᠃

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠬᠣᠷᠢᠶ᠎ᠠ
6 ᠰᠠᠷ᠎ᠠ᠎ᠶᠢᠨ 16 ᠤ
ᠡᠳᠦᠷ ᠠᠶᠤᠨᠭᠭᠠᠲᠦ ᠪᠤᠷᠤᠭᠠᠨ᠎ᠤ ᠰᠢᠷ᠎ᠠ ᠥᠩᠭᠡ᠎ᠶᠢᠨ ᠰᠡᠷᠡᠮᠵᠢ᠎ᠶᠢᠨ ᠳᠣᠬᠢᠶ᠎ᠠ ᠨᠡᠢᠲᠡᠯᠡᠪᠡ
6 ᠴᠠᠭ᠎ᠤᠨ ᠳᠣᠲᠣᠷ᠎ᠠ᠂ ᠪᠠᠶᠠᠨᠨᠠᠭᠤᠷ᠎ᠤᠨ ᠵᠡᠭᠦᠨ
ᠡᠮᠦᠨ᠎ᠠ ᠪᠡᠶ᠎ᠡ᠂ ᠣᠷᠳᠣᠰ ᠬᠣᠲᠠ᠎ᠶᠢᠨ ᠵᠡᠭᠦᠨ ᠬᠣᠢᠲᠤ ᠪᠡᠶ᠎ᠡ᠂ ᠪᠤᠭᠤᠲᠤ ᠬᠣᠲᠠ᠎ᠶᠢᠨ ᠡᠮᠦᠨ᠎ᠠ ᠪᠡᠶ᠎ᠡ᠂ ᠬᠥᠬᠡᠬᠣᠲᠠ᠂
ᠤᠯᠠᠭᠠᠨᠴᠠᠪ ᠬᠣᠲᠠ᠂ ᠰᠢᠯᠢ᠎ᠶᠢᠨ ᠭᠣᠣᠯ ᠠᠢᠮᠠᠭ᠎ᠤᠨ ᠡᠮᠦᠨ᠎ᠠ ᠪᠡᠶ᠎ᠡ ᠪᠣᠯᠣᠨ ᠵᠡᠭᠦᠨ ᠪᠡᠶ᠎ᠡ᠂ ᠤᠯᠠᠭᠠᠨᠬᠠᠳᠠ
ᠬᠣᠲᠠ᠂ ᠲᠦᠩᠯᠢᠶᠣᠣ ᠬᠣᠲᠠ᠂ ᠬᠢᠩᠭᠠᠨ ᠠᠢᠮᠠᠭ᠎ᠤᠨ ᠪᠠᠷᠠᠭᠤᠨ ᠡᠮᠦᠨ᠎ᠠ ᠪᠡᠶᠡᠳᠦ ᠠᠶᠤᠨᠭᠭᠠᠲᠦ ᠪᠤᠷᠤᠭᠠᠨ
ᠤᠷᠤᠵᠦ᠂ ᠬᠡᠰᠡᠭ ᠭᠠᠵᠠᠷ ᠣᠷᠣᠨ᠎ᠳᠤ ᠣᠬᠣᠷ ᠬᠤᠭᠤᠴᠠᠭᠠᠨ᠎ᠤ ᠰᠢᠷᠦᠭᠦᠨ ᠪᠣᠷᠣᠭᠠᠨ᠂ ᠠᠶᠤᠩᠭ᠎ᠠ ᠴᠠᠬᠢᠯᠭᠠᠨ᠂ ᠶᠡᠬᠡ ᠰᠠᠯᠬᠢ᠂ ᠮᠥᠨᠳᠥᠷ ᠵᠡᠷᠭᠡ ᠴᠢᠩᠭ᠎ᠠ ᠰᠣᠯᠢᠭ᠋
ᠤᠷᠤᠰᠬᠠᠯᠲᠤ ᠴᠠᠭ ᠠᠭᠤᠷ ᠳᠠᠭᠠᠯᠳᠤᠵᠤ᠂ ᠠᠶᠤᠩᠭ᠎ᠠ ᠴᠠᠬᠢᠯᠭᠠᠨ᠂ ᠦᠶᠡᠷ ᠤᠰᠤᠲᠤᠯ ᠵᠡᠷᠭᠡ ᠭᠠᠮᠰᠢᠭ᠋ ᠭᠠᠷᠴᠤ
ᠮᠡᠳᠡᠨ᠎ᠡ᠃
ᠬᠠᠮᠢᠶ᠎ᠠ ᠪᠦᠬᠦᠢ ᠪᠠᠢᠭᠤᠯᠭ᠎ᠠ ᠪᠠ ᠠᠵᠢᠯᠲᠠᠨ ᠰᠡᠷᠭᠡᠢᠯᠡᠬᠦ
ᠪᠡᠯᠡᠳᠬᠡᠯ᠎ᠢᠶᠡᠨ ᠰᠠᠢᠨ ᠬᠢᠭᠡᠷᠡᠢ᠃

ᠢᠷᠡᠯᠲᠡ᠄ ᠦᠪᠦᠷ ᠮᠤᠨᠭᠭᠤᠯ᠎ᠤᠨ ᠴᠠᠭ ᠠᠭᠤᠷ