1945 ᠣᠨ᠎ᠳᠤ ᠶᠠᠫᠤᠨ ᠢ ᠪᠠᠭᠤᠵᠤ ᠥᠭᠭᠦᠭᠰᠡᠨ ᠦ ᠳᠠᠷᠠᠭ᠎ᠠ᠂ ᠭᠣᠮᠢᠨᠳᠠᠩ᠎ᠤᠨ ᠴᠡᠷᠢᠭ᠎ᠦᠨ ᠠᠷᠪᠠᠨ ᠬᠣᠶᠠᠳᠤᠭᠠᠷ ᠪᠠᠢᠯᠳᠤᠭᠠᠨ ᠤ ᠲᠤᠭᠤᠷᠢᠭ ᠤᠨ ᠹᠦ ᠽᠦᠸᠧ ᠢ᠎ᠶᠢᠨ ᠴᠡᠷᠢᠭ ᠳ᠋ᠠᠲ᠋ᠦ᠋ᠩ᠎ᠡᠴᠡ ᠪᠠᠷᠠᠭᠤᠨᠰᠢᠬᠢ ᠪᠦᠬᠦ ᠲᠡᠮᠦᠷ ᠵᠠᠮ ᠵᠢᠴᠢ ᠵᠠᠮ ᠳᠠᠭᠠᠤ᠎ᠶᠢᠨ ᠪᠠᠢᠯᠳᠤᠬᠤ ᠪᠣᠳᠣᠯᠭ᠎ᠠ᠎ᠶᠢᠨ ᠴᠢᠬᠤᠯᠠ ᠭᠠᠵᠠᠷ ᠢ ᠪᠤᠯᠢᠶᠠᠨ ᠡᠵᠡᠯᠡᠵᠦ᠂ ᠰᠦᠢᠶᠤᠸᠠᠨ ᠦᠪᠦᠷ ᠮᠣᠩᠭᠣᠯ ᠣᠷᠣᠨ᠎ᠤ ᠶᠡᠬᠡᠩᠬᠢ ᠬᠡᠰᠡᠭ ᠢ ᠡᠵᠡᠮᠳᠠᠵᠦ᠂ ᠠᠷᠪᠠᠨ ᠨᠢᠭᠡᠳᠦᠭᠡᠷ ᠪᠠᠢᠯᠳᠤᠭᠠᠨ᠎ᠤ ᠲᠤᠭᠤᠷᠢᠭ ᠤᠨ ᠪᠸᠢᠢᠫᠢᠩ ᠲᠢᠶᠠᠨᠵᠢᠨ ᠣᠷᠣᠨ᠎ᠳᠤ ᠰᠠᠭᠤᠭ᠎ᠠ ᠰᠦᠨ ᠯᠢᠶᠠᠨ ᠵᠦᠩ᠎ᠦᠨ ᠴᠡᠷᠢᠭ᠎ᠲᠠᠢ ᠳᠠᠭᠤ ᠬᠣᠭᠣᠯᠠᠢ ᠠᠪᠤᠯᠴᠠᠨ᠂ ᠿᠧᠾᠧ᠂ ᠴᠠᠬᠠᠷ ᠬᠣᠶᠠᠷ ᠮᠤᠵᠢ᠎ᠶᠢᠨ ᠴᠢᠯᠦᠭᠡᠯᠡᠭᠳᠡᠭᠰᠡᠨ ᠣᠷᠣᠨ᠎ᠳᠤ ᠬᠦᠨᠳᠦ ᠨᠣᠴᠢᠲᠠᠢ ᠰᠦᠷᠳᠡᠭᠦᠯᠦᠯ ᠪᠣᠯᠤᠭᠰᠠᠨ ᠪᠠᠢᠨ᠎ᠠ᠃
1945 ᠣᠨ᠎ᠤ 8 ᠰᠠᠷ᠎ᠠ᠎ᠶᠢᠨ 30 ᠤ᠋ ᠡᠳᠦᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠴᠡᠷᠢᠭ ᠦᠨ ᠶᠠᠪᠤᠳᠠᠯ᠎ᠤᠨ ᠬᠣᠷᠢᠶ᠎ᠠ 《ᠰᠦᠢᠶᠤᠸᠠᠨ ᠴᠠᠬᠠᠷ ᠿᠧᠾᠧ᠎ᠶᠢᠨ ᠪᠦᠬᠦ ᠭᠠᠵᠠᠷ ᠢ᠋ ᠡᠵᠡᠯᠡᠬᠦ ᠪᠡᠷ ᠴᠢᠷᠮᠠᠢᠬᠤ ᠬᠡᠷᠡᠭᠲᠡᠢ》 ᠭᠡᠰᠡᠨ ᠵᠢᠭᠠᠪᠤᠷᠢ ᠪᠠᠭᠤᠯᠭᠠᠵᠤ᠂ ᠪᠸᠢᠢᠫᠢᠩ ᠰᠦᠢᠶᠤᠸᠠᠨ᠎ᠤ ᠵᠠᠮ ᠳᠠᠭᠠᠤ᠎ᠶᠢᠨ ᠪᠠᠢᠯᠳᠤᠬᠤ ᠪᠣᠳᠣᠯᠭ᠎ᠠ᠎ᠶᠢᠨ ᠴᠢᠬᠤᠯᠠ ᠭᠠᠵᠠᠷ᠎ᠢ ᠪᠤᠯᠢᠶᠠᠨ ᠠᠪᠬᠤ᠎ᠶᠢᠨ ᠠᠴᠢ ᠬᠣᠯᠪᠣᠭᠳᠠᠯ᠎ᠢ ᠵᠢᠭᠠᠵᠤ ᠭᠠᠷᠭᠠᠪᠠ᠃ 9 ᠰᠠᠷ᠎ᠠ᠎ᠶᠢᠨ 11 ᠤ᠋ ᠡᠳᠦᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠠᠴᠠ ᠱᠠᠨ ᠰᠢ ᠴᠠᠬᠠᠷ ᠾᠧᠪᠧᠢ ᠵᠢᠨ ᠴᠡᠷᠢᠭ᠎ᠦᠨ ᠲᠣᠭᠣᠷᠢᠭ᠋᠎ᠤᠨ ᠺᠤᠮᠠᠨᠳ᠋ᠯᠠᠭ᠍ᠴᠢ ᠨᠢᠶᠸ ᠷᠦᠩ ᠵᠧᠨ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠺᠤᠮᠠᠨᠳ᠋ᠯᠠᠭ᠍ᠴᠢ ᠾᠧ ᠯᠦᠩ ᠳ᠋ᠦ᠍ ᠴᠠᠬᠢᠯᠭᠠᠨ ᠮᠡᠳᠡᠭᠡ ᠶᠠᠪᠤᠭᠤᠯᠵᠤ᠂ ᠲᠤᠰ ᠬᠣᠶᠠᠷ ᠴᠡᠷᠢᠭ᠎ᠦᠨ ᠲᠣᠭᠣᠷᠢᠭ᠋᠎ᠢ ᠭᠣᠣᠯ ᠬᠦᠴᠦᠨ᠎ᠢᠶᠡᠨ ᠲᠥᠪᠯᠡᠷᠡᠭᠦᠯᠦᠨ ᠫᠢᠩ ᠰᠦᠢ ᠵᠢᠨ ᠳᠠᠢᠯᠠᠯᠳᠤᠭᠠᠨ᠎ᠢ ᠬᠠᠮᠲᠤᠷᠠᠨ ᠬᠢᠬᠦ᠎ᠶᠢ ᠱᠠᠭᠠᠷᠳᠠᠪᠠ᠃ 10 ᠰᠠᠷ᠎ᠠ᠎ᠶᠢᠨ 16 ᠤ᠋ ᠡᠳᠦᠷ᠂ ᠮᠠᠤ ᠽᠧ ᠳ᠋ᠦᠩ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠠᠴᠠ ᠱᠠᠨ ᠰᠢ ᠴᠠᠬᠠᠷ ᠾᠧᠪᠧᠢ᠂ ᠱᠠᠨ ᠰᠢ ᠰᠦᠢᠶᠤᠸᠠᠨ ᠬᠣᠶᠠᠷ ᠲᠣᠪᠴᠢᠶ᠎ᠠ ᠪᠤᠯᠤᠨ ᠵᠡᠭᠦᠨ ᠬᠣᠢᠲᠤ ᠣᠷᠣᠨ᠂ ᠱᠠᠨ ᠰᠢ ᠾᠧᠪᠧᠢ ᠱᠠᠨᠳᠦ᠋ᠩ ᠾᠧᠨᠠᠨ ᠬᠣᠶᠠᠷ ᠲᠣᠪᠴᠢᠶ᠎ᠠ᠎ᠳᠤ ᠮᠡᠳᠡᠭᠳᠡᠭᠦ ᠴᠠᠬᠢᠯᠭᠠᠨ ᠮᠡᠳᠡᠭᠡ ᠵᠢ ᠦᠪᠠᠷ᠎ᠤᠨ ᠪᠠᠶ᠎ᠠ ᠪᠠᠷ ᠵᠢᠡᠨ ᠲᠤᠭᠤᠷᠪᠢᠨ ᠪᠢᠴᠢᠵᠤ ᠂ ᠫᠢᠩ ᠰᠦᠢ ᠵᠢᠨ ᠳᠠᠢᠯᠠᠯᠳᠤᠭᠠᠨ ᠨᠢ ᠮᠠᠨ᠎ᠤ ᠴᠡᠷᠢᠭ᠎ᠦᠨ ᠤᠮᠠᠷᠠᠲᠤ ᠣᠷᠣᠨ᠎ᠳᠠᠬᠢ ᠪᠠᠢᠷᠢ ᠰᠠᠭᠤᠷᠢᠳ᠋ᠤ ᠬᠣᠯᠪᠣᠭᠳᠠᠵᠤ᠂ ᠪᠦᠬᠦ ᠤᠯᠤᠰ᠎ᠤᠨ ᠡᠩᠬᠡ ᠲᠠᠢᠪᠤᠩ᠎ᠤᠨ ᠶᠡᠬᠡ ᠲᠠᠯ᠎ᠠ᠎ᠳᠤ ᠬᠣᠯᠪᠣᠭᠳᠠᠵᠤ᠂ ᠵᠠᠪᠠᠯ ᠪᠦᠷᠢᠨ ᠢᠯᠠᠯᠲᠠ ᠣᠯᠬᠤ ᠬᠡᠷᠡᠭᠲᠡᠢ ᠭᠡᠵᠦ ᠴᠢᠬᠤᠯᠠᠴᠢᠯᠠᠪᠠ᠃ ᠡᠨᠡ ᠦᠶ᠎ᠡ᠎ᠳᠦ ᠹᠦ ᠽᠦᠸᠧ ᠢ᠎ᠶᠢᠨ 5 ᠲᠦᠮᠡᠨ ᠴᠡᠷᠢᠭ ᠬᠦᠢᠰᠦ᠋ᠢ᠂ ᠵᠢᠨᠢᠩ᠂ ᠳ᠋ᠠᠲ᠋ᠦ᠋ᠩ ᠳᠦ ᠴᠤᠭᠯᠠᠷᠠᠵᠤ᠂ ᠤᠤᠯ᠎ᠤᠨ ᠴᠢᠯᠦᠭᠡᠯᠡᠭᠳᠡᠭᠰᠡᠨ ᠣᠷᠣᠨ ᠪᠤᠶᠤ ᠲᠦᠷᠦᠭᠦᠬᠡᠨ ᠠᠯᠳᠠᠭᠰᠠᠨ ᠭᠠᠵᠠᠷ ᠵᠢᠡᠨ ᠡᠭᠡᠭᠦᠯᠦᠨ ᠡᠵᠡᠯᠡᠵᠦ᠂ ᠴᠢᠨᠠᠭᠰᠢᠳᠠ ᠪᠠᠨ ᠴᠢᠭᠤᠯᠤᠯᠲᠤ ᠬᠠᠭᠠᠯᠭ᠎ᠠ᠎ᠶᠢ ᠡᠵᠡᠯᠡᠬᠦ᠎ᠪᠡᠷ ᠭᠣᠷᠢᠳᠠᠵᠤ ᠪᠠᠢᠪᠠ᠃
ᠱᠠᠨ ᠰᠢ ᠴᠠᠬᠠᠷ ᠾᠧᠪᠧᠢ ᠵᠢᠨ ᠴᠡᠷᠢᠭ᠎ᠦᠨ ᠲᠣᠭᠣᠷᠢᠭ᠋᠎ᠤᠨ ᠲᠠᠢᠯᠠᠯᠳᠤᠭᠠᠨ᠎ᠳᠤ ᠣᠷᠣᠯᠴᠠᠬᠤ ᠴᠡᠷᠢᠭ ᠠᠩᠭᠢ ᠨᠡᠯᠢᠶᠡᠳ ᠤᠯᠠᠨ ᠪᠠᠢᠬᠤ᠎ᠶᠢ ᠦᠨᠳᠦᠰᠦᠯᠡᠨ᠂ ᠾᠧ ᠯᠦᠩ 10 ᠰᠠᠷ᠎ᠠ᠎ᠶᠢᠨ 1 ᠤ᠋ ᠡᠳᠦᠷ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠳᠤ ᠴᠠᠬᠢᠯᠭᠠᠨ ᠮᠡᠳᠡᠭᠡ ᠶᠠᠪᠤᠭᠤᠯᠵᠤ᠂ ᠫᠢᠩ ᠰᠦᠢ ᠵᠢᠨ ᠳᠠᠢᠯᠠᠯᠳᠤᠭᠠᠨ᠎ᠢ ᠱᠠᠨ ᠰᠢ ᠴᠠᠬᠠᠷ ᠾᠧᠪᠧᠢ ᠵᠢᠨ ᠴᠡᠷᠢᠭ᠎ᠦᠨ ᠲᠣᠭᠣᠷᠢᠭ᠋᠎ᠤᠨ ᠺᠤᠮᠠᠨᠳ᠋ᠯᠠᠭ᠍ᠴᠢ ᠨᠢᠶᠸ ᠷᠦᠩ ᠵᠧᠨ ᠨᠢᠭᠡᠳᠦᠯᠲᠡᠢ ᠵᠢᠯᠤᠭᠣᠳᠬᠤ᠎ᠶᠢ ᠰᠠᠨᠠᠭᠤᠯᠤᠭᠰᠠᠨ᠎ᠳᠤ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠾᠧ ᠯᠦᠩ᠎ᠤᠨ ᠰᠠᠨᠠᠭᠤᠯᠭ᠎ᠠ᠎ᠶᠢ ᠬᠦᠯᠢᠶᠡᠨ ᠠᠪᠤᠪᠠ᠃ 10 ᠰᠠᠷ᠎ᠠ᠎ᠶᠢᠨ 15 ᠤ᠋ ᠡᠳᠦᠷ᠂ ᠳᠠᠢᠯᠠᠯᠳᠤᠭᠠᠨ᠎ᠤ ᠵᠠᠷᠯᠢᠭ᠋᠎ᠢ ᠵᠢᠩᠬᠢᠨᠢ᠎ᠪᠡᠷ ᠪᠠᠭᠤᠯᠭᠠᠪᠠ᠃ 10 ᠰᠠᠷ᠎ᠠ᠎ᠶᠢᠨ 18 ᠤ᠋ ᠡᠳᠦᠷ᠂ ᠲᠠᠢᠯᠠᠯᠳᠤᠭᠠᠨ᠎ᠳᠤ ᠣᠷᠣᠯᠴᠠᠭᠰᠠᠨ ᠴᠡᠷᠢᠭ ᠠᠩᠭᠢ᠎ᠶᠢᠨ 5.3 ᠲᠦᠮᠡᠨ ᠬᠥᠮᠥᠨ ᠵᠢᠱ᠌ᠢᠭᠰᠡᠨ ᠲᠥᠯᠥᠪᠯᠡᠭᠡ ᠶᠣᠰᠣᠭᠠᠷ ᠹᠦ ᠽᠦᠸᠧ ᠢ᠎ᠶᠢᠨ ᠴᠡᠷᠢᠭ ᠠᠩᠭᠢ᠎ᠶᠢ ᠳᠠᠭᠠᠷᠢᠪᠠ᠃ 21 ᠤ᠋ ᠡᠳᠦᠷ᠂ ᠯᠢᠶᠡᠩᠴᠧᠩ᠂ ᠨᠠᠢ᠍ᠮᠠᠳᠤᠭᠠᠷ ᠰᠤᠮᠤ᠂ ᠲᠢᠶᠠᠨ ᠴᠧᠩ ᠼᠦᠨ ᠲᠣᠰᠬᠣᠨ ᠵᠢᠴᠢ ᠱᠠᠩᠳᠤ᠂ ᠲᠤᠤ ᠯᠢᠨ᠎ᠤ ᠬᠣᠭᠣᠷᠣᠨᠳᠣᠬᠢ ᠴᠢ ᠳᠡ ᠴᠢᠩ᠂ ᠳ᠋ᠤᠸᠠᠨ ᠵᠢᠶᠠ ᠼᠦᠨ ᠵᠡᠷᠭᠡ ᠭᠠᠵᠠᠷ᠎ᠢ ᠪᠠᠢᠯᠳᠤᠨ ᠡᠵᠡᠯᠡᠵᠦ᠂ 700 ᠭᠠᠷᠤᠢ ᠳᠠᠢᠰᠤᠨ᠎ᠢ ᠤᠰᠠᠳᠬᠠᠬᠰᠠᠨ᠎ᠳᠤ ᠳᠠᠢᠰᠤᠨ᠎ᠤ ᠴᠡᠷᠢᠭ ᠪᠦᠬᠦ ᠱᠤᠭᠤᠮ᠎ᠢᠶᠠᠷ ᠵᠢᠡᠨ ᠭᠤᠢᠪᠢᠯᠵᠠᠪᠠ᠃ 22 ᠤ᠋ᠨ ᠡᠳᠦᠷ ᠪᠠ 24 ᠤ᠋ ᠡᠳᠦᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠡᠮᠦᠨ᠎ᠡ ᠹᠷᠣᠨᠲ᠎ᠲᠤ ᠬᠣᠶᠠᠷ ᠤᠳᠠᠭ᠎ᠠ ᠴᠠᠬᠢᠯᠭᠠᠨ ᠮᠡᠳᠡᠭᠡ ᠶᠠᠪᠤᠭᠤᠯᠵᠤ᠂ ᠳᠠᠢᠰᠤᠨ᠎ᠤ ᠭᠣᠣᠯ ᠴᠡᠷᠢᠭ᠎ᠦᠨ ᠬᠦᠴᠦᠨ᠎ᠢ ᠲᠥᠪᠯᠡᠷᠡᠭᠦᠯᠦᠨ ᠤᠰᠠᠳᠬᠠᠵᠤ᠂ ᠫᠢᠩ ᠰᠦᠢ ᠲᠡᠮᠦᠷ ᠵᠠᠮ᠎ᠢ ᠡᠵᠡᠮᠳᠡᠬᠦ ᠬᠡᠷᠡᠭᠲᠡᠢ ᠭᠡᠵᠦ ᠱᠠᠭᠠᠷᠳᠠᠪᠠ᠃ 25 ᠤ᠋ ᠡᠳᠦᠷ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠲᠠᠢᠯᠠᠯᠳᠤᠭᠠᠨ᠎ᠳᠤ ᠣᠷᠣᠯᠴᠠᠭᠰᠠᠨ ᠴᠡᠷᠢᠭ ᠠᠩᠭᠢ ᠵᠦᠸᠧᠽᠢ ᠱᠠᠨ ᠣᠷᠴᠢᠮ ᠹᠦ ᠽᠦᠸᠧ ᠢ᠎ᠶᠢᠨ ᠴᠡᠷᠢᠭ᠎ᠦᠨ ᠰᠢᠨ᠎ᠡ᠎ᠪᠡᠷ ᠪᠠᠢᠭᠤᠯᠤᠭᠰᠠᠨ 26 ᠳ᠋ᠤᠭᠠᠷ ᠳ᠋ᠢᠸᠢᠽᠢ᠎ᠲᠠᠢ ᠰᠢᠷᠦᠭᠦᠨ ᠪᠠᠢᠯᠳᠤᠵᠤ᠂ 26 ᠳ᠋ᠤᠭᠠᠷ ᠳ᠋ᠢᠸᠢᠽᠢ᠎ᠶᠢᠨ 4000 ᠭᠠᠷᠤᠢ ᠬᠥᠮᠥᠨ᠎ᠢ ᠤᠰᠠᠳᠬᠠᠪᠠ᠃ 26 ᠤ᠋ ᠡᠳᠦᠷ᠂ ᠱᠠᠨ ᠰᠢ ᠴᠠᠬᠠᠷ ᠾᠧᠪᠧᠢ ᠪᠣᠯᠣᠨ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠲᠠᠢᠯᠠᠯᠳᠤᠭᠠᠨ᠎ᠳᠤ ᠣᠷᠣᠯᠴᠠᠭᠰᠠᠨ ᠴᠡᠷᠢᠭ ᠠᠩᠭᠢ ᠵᠦᠸᠧᠽᠢ ᠱᠠᠨ᠎ᠳᠤ ᠴᠡᠷᠢᠭ ᠨᠡᠢᠯᠡᠵᠦ᠂ ᠴᠡᠷᠢᠭ᠎ᠦᠨ ᠰᠦᠷ ᠶᠡᠬᠡᠪᠡᠷ ᠮᠠᠨᠳᠤᠪᠠ᠃
ᠹᠦ ᠽᠦᠸᠧ ᠢ ᠬᠦᠴᠦᠨ᠎ᠢᠶᠡᠨ ᠬᠠᠳᠠᠭᠠᠯᠠᠬᠤ᠎ᠶᠢᠨ ᠲᠥᠯᠥᠭᠡ᠂ ᠭᠣᠣᠯ ᠴᠡᠷᠢᠭ᠎ᠦᠨ ᠬᠦᠴᠦᠨ᠎ᠢᠶᠡᠨ ᠬᠦᠢᠰᠦ᠋ᠢ᠂ ᠪᠤᠭᠤᠲᠤ᠎ᠳᠤ ᠲᠥᠪᠯᠡᠷᠡᠭᠦᠯᠪᠡ᠃ 10 ᠰᠠᠷ᠎ᠠ᠎ᠶᠢᠨ 27 ᠤ᠋ ᠡᠳᠦᠷ᠂ ᠹᠦ ᠽᠦᠸᠧ ᠢ᠎ᠶᠢᠨ ᠭᠣᠣᠯ ᠬᠦᠴᠦᠨ ᠴᠡᠷᠢᠭ ᠠᠩᠭᠢ᠎ᠶᠢᠨ ᠵᠢᠷᠭᠤᠭᠠᠨ ᠳ᠋ᠢᠸᠢᠽᠢ᠎ᠶᠢᠨ ᠪᠠᠷᠤᠭ 2 .4 ᠲᠦᠮᠡᠨ ᠬᠥᠮᠥᠨ ᠬᠦᠢᠰᠦ᠋ᠢ ᠳ᠋ᠦ᠍ ᠤᠬᠤᠷᠢᠵᠤ᠂ ᠪᠤᠷᠤᠩᠬᠤᠢᠯᠠᠨ ᠡᠰᠡᠷᠭᠦᠴᠡᠬᠦ᠎ᠪᠡᠷ ᠭᠣᠷᠢᠳᠠᠪᠠ᠃ ᠳᠤᠮᠳᠠᠳᠤ ᠤᠯᠤᠰ ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠠᠴᠠ ᠡᠮᠦᠨ᠎ᠡ ᠹᠷᠣᠨᠲ ᠲᠤ ᠴᠠᠬᠢᠯᠭᠠᠨ ᠮᠡᠳᠡᠭᠡ ᠶᠠᠪᠤᠭᠤᠯᠵᠤ ᠄ 《ᠮᠠᠨ᠎ᠤ ᠴᠡᠷᠢᠭ ᠵᠦᠸᠧᠽᠢ ᠱᠠᠨ ᠣᠷᠴᠢᠮ ᠬᠡᠳᠦᠨ ᠡᠳᠦᠷ ᠠᠮᠠᠷᠠᠵᠤ᠂ ᠳᠠᠭᠠᠷᠢᠬᠤ ᠪᠦᠬᠦ ᠪᠡᠯᠡᠳᠬᠡᠯ᠎ᠢᠶᠡᠨ ᠬᠢᠵᠦ ᠳᠠᠭᠤᠰᠭᠠᠬᠰᠠᠨ ᠤ᠋ ᠳᠠᠷᠠᠭ᠎ᠠ ᠪᠦᠬᠦ ᠬᠦᠴᠦᠨ᠎ᠢᠶᠡᠨ ᠲᠥᠪᠯᠡᠷᠡᠭᠦᠯᠦᠨ ᠹᠦ ᠽᠦᠸᠧ ᠢ᠎ᠶᠢᠨ ᠴᠡᠷᠢᠭ᠎ᠢ ᠤᠰᠠᠳᠬᠠᠵᠤ᠂ ᠬᠦᠢᠰᠦ᠋ᠢ ᠶ᠋ᠢ ᠪᠤᠯᠢᠶᠠᠨ ᠠᠪᠤᠪᠠᠯ ᠵᠣᠬᠢᠨ᠎ᠠ᠃ ᠡᠨᠡ ᠤᠳᠠᠭᠠᠨ᠎ᠤ ᠪᠠᠢᠯᠳᠤᠭᠠᠨ᠎ᠳᠤ ᠡᠷᠬᠡᠪᠰᠢ ᠹᠦ ᠽᠦᠸᠧ ᠢ ᠵᠢᠨ ᠴᠡᠷᠢᠭ᠎ᠦᠨ ᠭᠣᠣᠯ ᠬᠦᠴᠦᠨ᠎ᠢ ᠰᠥᠨᠥᠭᠡᠬᠦ ᠵᠣᠷᠢᠯᠭ᠎ᠠ᠎ᠳᠠᠭᠠᠨ ᠬᠦᠷᠴᠤ᠂ ᠮᠠᠨ᠎ᠤ ᠭᠣᠣᠯ ᠬᠦᠴᠦᠨ᠎ᠢᠶᠡᠨ ᠹᠦ ᠽᠦᠸᠧ ᠢ ᠵᠢᠨ ᠴᠡᠷᠢᠭ᠎ᠦᠨ ᠵᠢᠭ᠍ᠰᠠᠭᠠᠯ᠎ᠤᠨ ᠭᠠᠵᠠᠷ᠎ᠤᠨ ᠠᠷᠤ᠎ᠳᠤ ᠰᠢᠯᠵᠢᠭᠦᠯᠦᠨ ᠠᠪᠠᠴᠢᠵᠤ᠂ ᠪᠠᠷᠠᠭᠤᠨ᠎ᠠᠴᠠ ᠵᠡᠭᠦᠨᠰᠢ ᠴᠣᠬᠢᠪᠠᠯ ᠰᠠᠶᠢ ᠲᠥᠪᠯᠡᠷᠡᠭᠦᠯᠦᠨ ᠤᠰᠠᠳᠬᠠᠵᠤ ᠪᠣᠯᠬᠤ ᠪᠥᠭᠡᠳ ᠤᠯᠠᠨ ᠡᠳᠦᠷ ᠴᠢᠰᠤᠨ ᠪᠠᠢᠯᠳᠤᠭᠠᠨ ᠬᠢᠬᠦ᠎ᠪᠡᠷ ᠪᠡᠯᠡᠳᠬᠡᠬᠦ ᠬᠡᠷᠡᠭᠲᠡᠢ》 ᠭᠡᠵᠡᠢ᠃ ᠵᠢᠭᠠᠪᠤᠷᠢ ᠵᠢ ᠦᠨᠳᠦᠰᠦᠯᠡᠨ᠂ ᠱᠠᠨ ᠰᠢ ᠴᠠᠬᠠᠷ ᠡᡁᠸᠪᠸᠢ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠲᠠᠢᠯᠠᠯᠳᠤᠭᠠᠨ᠎ᠳᠦ ᠣᠷᠣᠯᠴᠠᠬᠤ ᠴᠡᠷᠢᠭ ᠠᠩᠭᠢ ᠵᠠᠮ ᠬᠤᠪᠢᠶᠠᠨ ᠬᠦᠢᠰᠦ᠋ᠢ᠂ ᠪᠤᠭᠤᠲᠤ ᠲᠡᠢᠰᠢ ᠤᠷᠤᠬᠰᠢᠯᠠᠪᠠ᠃ 10 ᠰᠠᠷ᠎ᠠ᠎ᠶᠢᠨ 30 ᠤ᠋ ᠡᠳᠦᠷ᠂ ᠨᠢᠭᠡ ᠵᠠᠮ᠎ᠤᠨ ᠴᠡᠷᠢᠭ ᠠᠩᠭᠢ ᠨᠢ ᠬᠦᠢᠰᠦ᠋ᠢ ᠶ᠋ᠢ ᠪᠦᠰᠡᠯᠡᠵᠦ᠂ ᠨᠦᠬᠦᠭᠡ ᠵᠠᠮ ᠨᠢ ᠰᠢᠭᠤᠳ ᠪᠤᠭᠤᠲᠤ᠎ᠳᠤ ᠣᠷᠣᠵᠤ᠂ ᠹᠦ ᠽᠦᠸᠧ ᠢ᠎ᠶᠢᠨ ᠴᠡᠷᠢᠭ ᠠᠩᠭᠢ᠎ᠶᠢᠨ ᠪᠠᠷᠠᠭᠤᠨᠰᠢ ᠤᠬᠤᠷᠢᠬᠤ ᠵᠠᠮ᠎ᠢ ᠲᠠᠰᠤᠯᠪᠠ᠃ 10 ᠰᠠᠷ᠎ᠠ᠎ᠶᠢᠨ ᠰᠡᠭᠦᠯᠴᠢ ᠪᠣᠯᠬᠤ᠎ᠳᠤ ᠬᠦᠢᠰᠦ᠋ᠢ ᠨᠢᠭᠡᠨᠲᠡ ᠮᠠᠨ᠎ᠤ ᠴᠡᠷᠢᠭ᠎ᠲᠦ ᠪᠦᠰᠡᠯᠡᠭᠳᠡᠪᠡ᠃
ᠳᠠᠢ᠍ᠢᠨ᠎ᠦ ᠲᠠᠯᠠᠪᠤᠷ᠎ᠤᠨ ᠪᠠᠢᠳᠠᠯ᠎ᠢ ᠦᠨᠳᠦᠰᠦᠯᠡᠨ᠂ ᠾᠧ ᠯᠦᠩ ᠰᠦᠢᠶᠤᠸᠠᠨ ᠦᠪᠦᠷ ᠮᠣᠩᠭᠣᠯ᠎ᠤᠨ ᠴᠡᠷᠢᠭ᠎ᠦᠨ ᠲᠣᠭᠣᠷᠢᠭ᠋᠎ᠤᠨ ᠳᠡᠳ᠋ ᠺᠤᠮᠠᠨᠳ᠋ᠯᠠᠭ᠍ᠴᠢ ᠪᠥᠭᠡᠳ ᠺᠤᠮᠢᠰᠰᠠᠷ ᠵᠠᠩ ᠳᠠ ᡁᠢᠵᠢ ᠵᠠᠷᠯᠢᠬᠳᠠᠨ ᠺᠠᠩ ᠵᠢᠶᠠᠨ ᠮᠢᠨᠤ ᠮᠣᠷᠢᠲᠤ ᠴᠡᠷᠢᠭ᠎ᠦᠨ ᠪᠠᠷᠢᠭᠠᠳᠠ ᠪᠣᠯᠣᠨ ᠱᠠᠨ ᠰᠢ ᠴᠠᠬᠠᠷ ᠾᠧᠪᠧᠢ᠎ᠶᠢᠨ ᠴᠡᠷᠢᠭ᠎ᠦᠨ ᠲᠣᠭᠣᠷᠢᠭ᠋᠎ᠤᠨ ᠴᠧᠨ ᠵᠢᠨ ᠺᠦᠨ᠎ᠤ ᠮᠣᠷᠢᠲᠤ ᠴᠡᠷᠢᠭ᠎ᠦᠨ ᠪᠠᠷᠢᠭᠠᠳᠠ᠎ᠶᠢ ᠵᠢᠯᠣᠭᠣᠳᠤᠭᠤᠯᠵᠤ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠸᠠᠩ ᠱᠠᠩ ᠷᠦᠩ᠎ᠤᠨ ᠲᠤᠰᠠᠭᠠᠷ ᠪᠠᠷᠢᠭᠠᠳᠠ᠎ᠲᠠᠢ ᠬᠠᠮᠵᠢᠯᠴᠠᠨ᠂ ᠳᠠᠷᠤᠢ ᠲᠦᠷᠭᠡᠨ ᠪᠠᠷᠠᠭᠤᠨᠰᠢ ᠴᠡᠷᠢᠭᠯᠡᠵᠦ ᠪᠤᠭᠤᠲᠤ᠎ᠶᠢ ᠪᠦᠰᠡᠯᠡᠪᠡ᠃ 11 ᠰᠠᠷ᠎ᠠ᠎ᠶᠢᠨ 1 ᠡᠴᠡ 7 ᠤ᠋ ᠡᠳᠦᠷ ᠪᠣᠯᠲᠠᠯ᠎ᠠ᠂ ᠪᠠᠷᠠᠭᠤᠨᠰᠢ ᠴᠡᠷᠢᠭᠯᠡᠭᠰᠡᠨ ᠴᠡᠷᠢᠭ ᠠᠩᠭᠢ ᠪᠢᠯᠵᠤᠤᠬᠠᠢ᠂ ᠴᠠᠭᠠᠰᠤᠴᠢ᠂ ᠰᠠᠭᠠᠯᠢᠴᠢᠨ ᠵᠡᠷᠭᠡ ᠲᠠᠪᠤᠨ ᠮᠣᠷᠢᠲᠤ ᠴᠡᠷᠢᠭ᠎ᠦᠨ ᠪᠦᠯᠬᠦᠮ᠎ᠢ ᠳᠠᠷᠠᠭᠠᠯᠠᠨ ᠰᠥᠨᠥᠭᠡᠵᠦ᠂ ᠰᠢᠭᠤᠳ ᠪᠤᠭᠤᠲᠤ ᠬᠣᠲᠠ᠎ᠳᠤ ᠬᠦᠷᠴᠡᠢ᠃ ᠪᠤᠭᠤᠲᠤ ᠨᠢ ᠫᠢᠩ ᠰᠦᠢ ᠲᠡᠮᠦᠷ ᠵᠠᠮ᠎ᠤᠨ ᠡᠴᠦᠰ᠎ᠦᠨ ᠴᠡᠭ ᠪᠠᠢᠵᠦ᠂ ᠪᠣᠷᠣᠳᠣᠬᠣᠢ ᠣᠷᠣᠨ ᠬᠦᠷᠬᠦ ᠴᠢᠬᠤᠯᠠ ᠭᠠᠵᠠᠷ ᠪᠣᠯᠬᠤ ᠲᠤᠯᠠ ᠪᠠᠢᠯᠳᠤᠬᠤ ᠪᠣᠳᠣᠯᠭ᠎ᠠ᠎ᠶᠢᠨ ᠪᠠᠢᠷᠢ ᠰᠠᠭᠤᠷᠢ ᠮᠠᠰᠢ ᠴᠢᠬᠤᠯᠠ ᠶᠤᠮ᠃ 1945 ᠣᠨ᠎ᠤ 11 ᠰᠠᠷ᠎ᠠ᠎ᠶᠢᠨ 7 ᠤ᠋ ᠡᠳᠦᠷ ᠂ ᠹᠦ ᠽᠦᠸᠧ ᠢ ᠳ᠋ᠦᠩ ᠴᠢ ᠦ᠋ᠶᠢ ᠪᠤᠭᠤᠲᠤ᠎ᠶᠢᠨ ᠬᠤᠳᠠ᠎ᠶᠢᠨ ᠰᠡᠷᠭᠡᠢᠯᠡᠯᠲᠡ᠎ᠶᠢᠨ ᠺᠤᠮᠠᠨᠳ᠋ᠯᠠᠭ᠍ᠴᠢ ᠪᠡᠷ ᠲᠣᠮᠢᠯᠠᠵᠤ᠂ ᠬᠤᠳᠠ᠎ᠶᠢ ᠰᠠᠬᠢᠨ ᠬᠠᠮᠠᠭᠠᠯᠠᠬᠤ 1.2 ᠲᠦᠮᠡ ᠭᠠᠷᠤᠢ ᠬᠥᠮᠥᠨ ᠪᠦᠬᠦᠢ ᠴᠡᠷᠢᠭ ᠠᠩᠭᠢ᠎ᠶᠢ ᠵᠠᠬᠢᠷᠤᠭᠤᠯᠪᠠ᠃ ᠳᠠᠢᠰᠤᠨ ᠮᠠᠨ᠎ᠤ ᠴᠡᠷᠢᠭ᠎ᠦᠨ ᠬᠦᠴᠦᠨ ᠲᠡᠩᠴᠡᠭᠦᠦ ᠪᠠᠢᠬᠤ ᠪᠠᠢᠳᠠᠯ ᠳᠣᠣᠷ᠎ᠠ᠂ ᠬᠣᠶᠠᠷ ᠡᠲᠡᠭᠡᠳ᠎ᠢᠶᠡᠷ᠎ᠢᠶᠡᠨ ᠡᠰᠡᠷᠭᠦᠴᠡᠯᠳᠦᠵᠦ᠂ ᠳᠠᠢ᠍ᠢᠨ᠎ᠦ ᠪᠠᠢᠳᠠᠯ ᠲᠦᠷ ᠵᠠᠭᠤᠷᠠᠯᠳᠤᠬᠤ ᠪᠠᠢᠳᠠᠯ᠎ᠳᠤ ᠤᠷᠤᠪᠠ᠃ 11 ᠰᠠᠷ᠎ᠠ᠎ᠶᠢᠨ 9 ᠤ᠋ ᠡᠳᠦᠷ ᠬᠣᠲᠠ᠎ᠶᠢ ᠳᠠᠭᠠᠷᠢᠬᠤ ᠴᠡᠷᠢᠭ ᠠᠩᠭᠢ ᠳᠠᠬᠢᠨᠲᠠ ᠪᠤᠭᠤᠲᠤ ᠬᠣᠲᠠ᠎ᠳᠤ ᠣᠶ᠋ᠢᠷᠠᠳᠴᠤ ᠳᠠᠢᠰᠤᠨ᠎ᠲᠠᠢ ᠰᠢᠷᠦᠭᠦᠨ ᠲᠡᠮᠡᠴᠡᠯᠳᠦᠪᠡ᠃ 12 ᠤ᠋ᠨ ᠰᠥᠨᠢ᠂ ᠱᠠᠨ ᠰᠢ ᠴᠠᠬᠠᠷ ᠡᡁᠸᠪᠸᠢ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠴᠡᠷᠢᠭ ᠠᠩᠭᠢ ᠶᠡᠷᠦᠩᠬᠡᠢ ᠳᠠᠭᠠᠷᠢᠯᠲᠠ ᠶᠠᠪᠤᠭᠤᠯᠵᠤ᠂ ᠶᠡᠬᠡ ᠫᠤᠤ᠎ᠶᠢᠨ ᠭᠠᠯ ᠰᠥᠨᠢ᠎ᠶᠢᠨ ᠣᠭᠲᠠᠷᠭᠤᠢ᠎ᠶᠢ ᠬᠡᠷᠡᠯᠳᠦᠬᠦᠯᠵᠦ᠂ ᠬᠤᠳᠠ᠎ᠶᠢ ᠲᠠᠭᠠᠷᠢᠬᠤ ᠪᠠᠢᠯᠳᠤᠭᠠᠨ ᠲᠤᠢᠯ᠎ᠤᠨ ᠬᠤᠷᠴᠠ ᠰᠢᠷᠦᠭᠦᠨ ᠶᠠᠪᠤᠭᠳᠠᠪᠠ᠃ ᠬᠡᠳᠦᠢᠪᠡᠷ ᠪᠠᠢᠯᠳᠤᠭ᠍ᠴᠢᠳ ᠡᠷᠡᠯᠬᠡᠭ ᠪᠠᠭᠠᠲᠤᠷᠯᠢᠭ᠋᠎ᠢᠶᠠᠷ ᠪᠠᠢᠯᠳᠤᠵᠤ᠂ ᠡᠮᠦᠨᠡᠬᠢ ᠨᠢ ᠤᠨᠠᠪᠠᠯ ᠬᠣᠢᠨᠠᠬᠢ ᠨᠢ ᠳᠠᠭᠠᠷᠢᠵᠦ ᠪᠠᠢᠭᠰᠠᠨ ᠪᠣᠯᠪᠠᠴᠤ ᠲᠤᠷᠰᠢᠯᠭ᠎ᠠ ᠳᠤᠲᠠᠮᠠᠭ᠎ᠠᠴᠠ ᠪᠣᠯᠵᠤ᠂ 20 ᠭᠠᠷᠤᠢ ᠡᠳᠦᠷ ᠬᠤᠲᠠ᠎ᠶᠢ ᠳᠠᠭᠠᠷᠢᠭᠠᠳ ᠡᠵᠡᠯᠡᠵᠤ ᠳᠡᠢᠯᠦᠭᠰᠡᠨ ᠦᠭᠡᠢ᠃
ᠡᠭᠦᠨ᠎ᠦ ᠳᠠᠷᠠᠭ᠎ᠠ᠂ ᠭᠣᠮᠢᠨᠳᠠᠩ᠎ᠤᠨ ᠰᠢᠨ᠎ᠡ᠎ᠪᠡᠷ ᠪᠠᠢᠭᠤᠯᠤᠭᠰᠠᠨ ᠮᠣᠷᠢᠲᠤ ᠴᠡᠷᠢᠭ᠎ᠦᠨ ᠳ᠋ᠢᠸᠢᠽᠢ ᠵᠡᠷᠭᠡ ᠭᠤᠷᠪᠠᠨ ᠲᠤᠰᠠᠯᠠᠬᠤ ᠴᠡᠷᠢᠭ ᠪᠤᠭᠤᠲᠤ ᠳᠤ ᠤᠢᠷᠠᠤᠨᠴᠦ ᠢᠷᠡᠭᠰᠡᠨ᠎ᠳᠤ᠂ ᠱᠠᠨ ᠰᠢ ᠴᠠᠬᠠᠷ ᠾᠧᠪᠧᠢ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠪᠠᠢᠯᠳᠤᠭᠠᠨ᠎ᠳᠤ ᠣᠷᠣᠯᠴᠠᠵᠤ ᠪᠠᠢᠭ᠎ᠠ ᠴᠡᠷᠢᠭ ᠠᠩᠬᠢ ᠠᠷᠤ ᠥᠪᠥᠷᠡᠴᠡᠪᠡᠨ ᠬᠠᠪᠴᠢᠭᠳᠠᠨ ᠴᠤᠬᠢᠭᠳᠠᠬᠤ ᠪᠠᠢᠳᠠᠯ᠎ᠳᠤ ᠲᠤᠯᠭᠠᠷᠠᠪᠠ᠃ ᠨᠢᠶᠸ ᠷᠦᠩ ᠵᠧᠨ᠂ ᠾᠧ ᠯᠦᠩ ᠬᠦᠢᠰᠦ᠋ᠢ᠂ ᠪᠤᠭᠤᠲᠤ᠎ᠶᠢᠨ ᠪᠠᠢᠯᠳᠤᠭᠠᠨ᠎ᠤ ᠪᠠᠢᠳᠠᠯ᠎ᠢ ᠲᠤᠰ ᠲᠤᠰ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠳᠤ ᠮᠡᠳᠡᠭᠦᠯᠪᠡ᠃ 11 ᠰᠠᠷ᠎ᠠ᠎ᠶᠢᠨ 22᠎ᠡᠴᠡ 23 ᠤ᠋ ᠡᠳᠦᠷ ᠪᠣᠯᠲᠠᠯ᠎ᠠ ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠦᠷᠭᠦᠯᠵᠢᠯᠡᠨ ᠡᠮᠦᠨ᠎ᠡ ᠹᠷᠣᠨᠲ᠎ᠲᠤ ᠴᠠᠬᠢᠯᠭᠠᠨ ᠮᠡᠳᠡᠭᠡ ᠶᠠᠪᠤᠭᠤᠯᠵᠤ᠂ ᠣᠳᠣᠬᠠᠨ᠎ᠤ ᠪᠠᠢᠯᠳᠤᠬᠤ ᠪᠣᠳᠣᠯᠭ᠎ᠠ᠎ᠶᠢᠨ ᠪᠠᠢᠳᠠᠯ᠎ᠢ ᠵᠠᠳᠠᠯᠤᠨ ᠰᠢᠨᠵᠢᠯᠡᠵᠦ᠂ ᠴᠡᠷᠢᠭ ᠠᠩᠭᠢ᠎ᠪᠠᠨ ᠬᠤᠳᠠ᠎ᠶᠢ ᠲᠠᠭᠠᠷᠢᠬᠤ ᠪᠠᠢᠷᠢ᠎ᠠᠴᠠ ᠤᠬᠤᠷᠢᠨ ᠭᠠᠷᠴᠦ᠂ ᠴᠡᠭᠴᠡᠯᠡᠨ ᠪᠣᠯᠪᠠᠰᠤᠷᠠᠭᠤᠯᠵᠤ᠂ ᠬᠣᠵᠢᠮ᠎ᠤᠨ ᠪᠠᠢᠯᠳᠤᠭᠠᠨ᠎ᠤ ᠲᠣᠬᠢᠶᠠᠯ᠎ᠢ ᠡᠷᠢᠬᠦ᠎ᠶᠢ ᠪᠣᠳᠣᠯᠬᠢᠯᠠᠵᠤ ᠪᠣᠯᠣᠨ᠎ᠠ ᠭᠡᠵᠦ ᠵᠢᠭᠠᠪᠤᠷᠢᠯᠠᠪᠠ᠃ 12 ᠰᠠᠷ᠎ᠠ᠎ᠶᠢᠨ ᠡᠬᠢ᠎ᠪᠡᠷ᠂ ᠪᠤᠭᠤᠲᠤ᠎ᠶᠢᠨ ᠴᠡᠷᠢᠭ ᠠᠩᠭᠢ ᠵᠠᠷᠯᠢᠭ᠋᠎ᠢᠶᠠᠷ ᠵᠢᠭ᠍ᠰᠠᠭᠠᠯ᠎ᠤᠨ ᠭᠠᠵᠠᠷ᠎ᠠᠴᠠ᠎ᠪᠠᠨ ᠤᠬᠤᠷᠢᠨ ᠭᠠᠷᠴᠤ᠂ ᠠᠮᠠᠷᠠᠨ ᠴᠡᠭᠴᠡᠯᠡᠬᠦ᠎ᠪᠡᠷ ᠰᠢᠯᠵᠢᠪᠡ᠃ ᠡᠨᠡ ᠦᠶ᠎ᠡ᠎ᠳᠦ ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠹᠦ ᠽᠦᠸᠧ ᠢ᠎ᠶᠢᠨ ᠴᠡᠷᠢᠭ᠎ᠤᠨ ᠬᠦᠴᠦᠨ ᠵᠢᠡᠨ ᠲᠥᠪᠯᠡᠷᠡᠭᠦᠯᠦᠨ ᠵᠡᠭᠦᠨᠰᠢ ᠴᠢᠭᠤᠯᠤᠯᠲᠤ ᠬᠠᠭᠠᠯᠭ᠎ᠠ᠎ᠶᠢ ᠳᠣᠪᠲᠣᠯᠬᠤ ᠭᠣᠷᠢᠳᠠᠯᠭ᠎ᠠ ᠲᠠᠢ ᠪᠠᠢᠬᠤ᠎ᠶᠢ ᠣᠯᠵᠤ ᠮᠡᠳᠡᠪᠡ᠃ 12 ᠰᠠᠷ᠎ᠠ᠎ᠶᠢᠨ 12 ᠤ᠋ᠨ ᠡᠳᠦᠷ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠪᠠᠢᠯᠳᠤᠬᠤ ᠪᠣᠳᠣᠯᠭ᠎ᠠ᠎ᠶᠢᠨ ᠪᠠᠢᠳᠠᠯ᠎ᠤᠨ ᠬᠤᠪᠢᠷᠠᠯᠲᠠ᠎ᠶᠢ ᠦᠨᠳᠦᠰᠦᠯᠡᠨ᠂ ᠨᠢᠶᠸ ᠷᠦᠩ ᠵᠧᠨ᠂ ᠾᠧ ᠯᠦᠩ ᠳᠤ ᠴᠠᠬᠢᠯᠭᠠᠨ ᠶᠠᠪᠤᠭᠤᠯᠵᠤ ᠬᠤᠳᠠ᠎ᠶᠢ ᠳᠠᠭᠠᠷᠢᠬᠤ᠎ᠪᠠᠨ ᠵᠣᠭᠰᠣᠵᠤ᠂ ᠰᠠᠨᠠᠭᠠᠴᠢᠯᠠᠭ᠎ᠠ ᠠᠴᠠ ᠪᠠᠨ ᠳᠠᠢᠯᠠᠯᠳᠤᠭᠠᠨ᠎ᠢ ᠳᠠᠭᠤᠰᠬᠠᠬᠤ ᠬᠡᠷᠡᠭᠲᠡᠢ ᠭᠡᠵᠦ ᠵᠠᠷᠯᠢᠭ᠍ᠳᠠᠪᠠ᠃ 13 ᠤ᠋ ᠡᠳᠦᠷ᠂ ᠡᠮᠦᠨ᠎ᠡ ᠹᠷᠣᠨᠲ᠎ᠤᠨ ᠴᠡᠷᠢᠭ ᠠᠩᠭᠢ ᠵᠠᠷᠯᠢᠭ᠋ᠬᠦᠯᠢᠶᠠᠨ ᠤᠬᠤᠷᠢᠵᠤ᠂ ᠫᠢᠩ ᠰᠦᠢ᠎ᠶᠢᠨ ᠳᠠᠢᠯᠠᠯᠳᠤᠭᠠᠨ ᠲᠡᠭᠦᠰᠪᠡ᠃
ᠫᠢᠩ ᠰᠦᠢ᠎ᠶᠢᠨ ᠳᠠᠢᠯᠠᠯᠳᠤᠭᠠᠨ ᠬᠣᠶᠠᠷ ᠰᠠᠷ᠎ᠠ ᠰᠢᠬᠠᠮ ᠦᠷᠭᠦᠯᠵᠢᠯᠡᠵᠦ᠂ ᠬᠡᠳᠦᠢᠪᠡᠷ ᠭᠦᠢᠰᠦᠢ᠂ ᠪᠤᠭᠤᠲᠤ᠎ᠶᠢ ᠪᠤᠯᠢᠶᠠᠨ ᠠᠪᠬᠤ ᠵᠢᠱ᠌ᠢᠭᠰᠡᠨ ᠬᠠᠷᠠᠯᠲᠠ᠎ᠪᠠᠨ ᠪᠦᠷᠢᠨ ᠪᠡᠶᠡᠯᠡᠭᠦᠯᠵᠦ ᠴᠢᠳᠠᠭᠰᠠᠨ ᠦᠭᠡᠢ ᠪᠣᠯᠪᠠᠴᠤ ᠳᠠᠢᠰᠤᠨ᠎ᠢ 1.2 ᠲᠦᠮᠡ ᠭᠠᠷᠤᠢ ᠤᠰᠠᠳᠬᠠᠵᠤ᠂ ᠹᠦ ᠽᠦᠸᠧ ᠢ᠎ᠶᠢᠨ ᠴᠡᠷᠢᠭ ᠵᠡᠭᠦᠨᠰᠢ ᠣᠷᠣᠬᠤ ᠭᠡᠰᠡᠨ ᠭᠣᠷᠢᠳᠠᠯᠭ᠎ᠠ᠎ᠶᠢ ᠲᠠᠰᠤᠯᠵᠤ᠂ ᠹᠦ ᠽᠦᠸᠧ ᠢ᠎ᠶᠢᠨ ᠴᠡᠷᠢᠭ ᠠᠩᠭᠢ ᠪᠣᠯᠣᠨ ᠶᠠᠨ ᠰᠢ ᠱᠠᠨ᠎ᠤ ᠴᠡᠷᠢᠭ ᠠᠩᠭᠢ᠎ᠶᠢᠨ ᠬᠣᠭᠣᠷᠣᠨᠳᠣᠬᠢ ᠬᠠᠷᠢᠯᠴᠠᠭ᠎ᠠ᠎ᠶᠢ ᠲᠠᠰᠤᠯᠵᠤ᠂ ᠹᠧᠩᠵᠧᠨ᠂ ᠵᠢᠨᠢᠩ᠂ ᠵᠦᠸᠧᠽᠢ ᠱᠠᠨ᠂ ᠲᠤᠤ ᠯᠢᠨ᠂ ᠾᠧ ᠯᠢᠨ᠂ ᠯᠢᠶᠠᠩᠴᠧᠩ ᠵᠡᠷᠭᠡ ᠰᠢᠶᠠᠨ ᠬᠣᠲᠠ᠎ᠶᠢ ᠡᠭᠡᠭᠦᠯᠦᠨ ᠠᠪᠴᠤ᠂ ᠰᠦᠢᠶᠤᠸᠠᠨ ᠤ ᠵᠡᠭᠦᠨ ᠬᠡᠰᠡᠭ᠂ ᠰᠦᠢᠶᠤᠸᠠᠨ᠎ᠤ ᠡᠮᠦᠨᠡᠲᠦ ᠬᠡᠰᠡᠭ᠎ᠦᠨ ᠥᠷᠭᠡᠨ ᠠᠭᠤᠳᠠᠮ ᠭᠠᠵᠠᠷ ᠣᠷᠣᠨ ᠢ ᠴᠢᠯᠦᠭᠡᠯᠡᠵᠦ᠂ ᠴᠢᠭᠤᠯᠤᠯᠲᠤ ᠬᠠᠭᠠᠯᠭ᠎ᠠ᠎ᠶᠢᠨ ᠪᠠᠷᠠᠭᠤᠨ ᠲᠠᠯ᠎ᠠ᠎ᠶᠢᠨ ᠠᠮᠤᠷ ᠲᠦᠪᠰᠢᠨ ᠢ ᠪᠠᠲᠤᠯᠠᠵᠤ᠂ ᠥᠪᠥᠷ ᠮᠣᠩᠭᠣᠯ᠎ᠤᠨ ᠳᠤᠮᠳᠠ ᠬᠡᠰᠡᠭ᠎ᠦᠨ ᠭᠠᠵᠠᠷ ᠣᠷᠣᠨ᠎ᠳᠤ ᠴᠢᠯᠦᠭᠡᠯᠡᠭᠳᠡᠭᠰᠡᠨ ᠣᠷᠣᠨ ᠪᠠᠢᠭᠤᠯᠵᠤ᠂ ᠵᠡᠭᠦᠨ ᠬᠣᠢᠲᠤ ᠣᠷᠣᠨ᠎ᠳᠤ ᠴᠡᠷᠢᠭᠯᠡᠬᠦ ᠳᠤ ᠬᠠᠮᠵᠢᠯᠴᠠᠵᠤ ᠪᠠᠢᠯᠳᠤᠬᠤ ᠪᠤᠳᠤᠯᠭ᠎ᠠ᠎ᠵᠢᠨ ᠠᠵᠠ ᠲᠤᠬᠢᠶᠠᠯ ᠢ ᠡᠵᠡᠮᠳᠡᠬᠦ᠎ᠳᠤ ᠠᠰᠢᠬᠲᠠᠢ ᠨᠦᠬᠦᠴᠡᠯ ᠬᠠᠩᠭᠠᠪᠠ᠃