ᠨᠠᠮ ᠳ᠋ᠠᠭᠠᠨ ᠡᠷᠭᠦᠭᠦ᠌ ᠲᠠᠭᠣᠣ
2026-07-01 10:33:19
ᠵᠣᠬᠢᠶᠠᠭ᠍ᠴᠢ᠄
ᠭᠣᠸ᠎ᠠ
ᠣᠩᠱᠢᠭ᠍ᠰᠠᠨ ᠣᠳᠠᠭ᠎ᠠ᠄
★★★☆☆

ᠨᠠᠷᠠᠨ᠎ᠤ ᠭᠡᠷᠡᠯ ᠠᠭᠣᠳᠠᠮ ᠲᠠᠯ᠎ᠠ ᠶ᠋ᠢ ᠭᠡᠶ᠋ᠢᠬᠦᠯᠬᠦ᠌ ᠳ᠋ᠥ᠍

ᠨᠣᠮᠢᠨ ᠵᠡᠷᠭᠡᠯᠭᠡᠨ ᠳ᠋ᠥ᠍ ᠠᠭᠣᠯᠠ ᠬᠠᠩᠭᠠᠢ ᠮᠢᠷᠠᠯᠵᠠᠨ᠎ᠠ

ᠨᠠᠮ ᠎ᠤ᠋ᠨ ᠬᠠᠶ᠋ᠢᠷ᠎ᠠ ᠣᠯᠣᠰ ᠲᠠᠶᠠᠭᠠᠷ ᠢ᠋ ᠢᠪᠡᠭᠡᠬᠦ᠌ ᠳ᠋ᠥ᠍

ᠨᠠᠶ᠋ᠮᠠᠨ ᠵᠣᠪᠬᠢᠰ ᠲᠦ᠍ ᠪᠠᠶᠠᠷ᠎ᠤᠨ ᠲᠠᠭᠣᠨ ᠬᠠᠩᠭᠢᠨᠠᠨ᠎ᠠ


ᠰᠣᠳᠣ ᠮᠡᠷᠭᠡᠨ ᠴᠢᠭᠡᠴᠢ ᠶᠣᠰᠣᠨ ᠢ᠋ ᠲᠠᠨᠢᠭᠣᠯᠣᠨ

ᠰᠢᠨ᠎ᠡ ᠲᠣᠮᠳᠠᠳᠣ ᠪᠠᠨ ᠡᠩᠭᠡ ᠰᠠᠶ᠋ᠢᠬᠠᠨ ᠶ᠋ᠢᠡᠷ ᠴᠣᠭᠴᠠᠯᠠᠵᠣ

ᠰᠢᠷᠭᠠᠭᠣ ᠬᠠᠳᠠᠭᠣᠵᠢᠯᠳᠠᠢ ᠠᠵᠢᠯᠯᠠᠵᠤ ᠠᠮᠢᠳᠣᠷᠠᠬᠣ ᠶ᠋ᠢ ᠣᠷᠢᠶᠠᠯᠠᠨ

ᠰᠢᠨᠵᠢᠯᠡᠬᠦ᠌ ᠣᠬᠠᠭᠠᠨᠴᠢ ᠪᠠᠷ ᠠᠯᠣᠰ ᠢᠷᠡᠭᠡᠳᠦᠢ ᠶ᠋ᠢ ᠵᠡᠪᠰᠡᠭᠯᠡᠭᠰᠡᠨ


ᠦᠨᠡᠨᠴᠢ ᠰᠢᠳᠣᠷᠭᠣ ᠡᠪ ᠨᠢᠭᠳᠠᠷᠠᠯ ᠢ᠋ ᠬᠢᠴᠢᠶᠡᠩᠬᠦᠶ᠋ᠢᠯᠡᠨ

ᠦᠢ ᠲᠦᠮᠡᠨ ᠠᠷᠠᠳ ᠶ᠋ᠢᠡᠨ ᠭᠦᠴᠢᠷ ᠲᠦᠪᠡᠭ ᠡᠴᠠ ᠠᠪᠣᠷᠠᠨ

ᠦᠯᠡᠮᠵᠢ ᠶ᠋ᠢᠨ ᠪᠣᠳᠣᠯᠭ᠎ᠠ ᠪᠠᠷ ᠨᠡᠶ᠋ᠢᠳᠡ ᠣᠯᠠᠨ ᠶ᠋ᠢᠡᠨ ᠪᠣᠳᠣᠯᠭᠢᠯᠠᠭᠰᠠᠨ

ᠦᠷᠦᠰᠢᠶᠡᠯ ᠡᠨᠡᠷᠢᠯ ᠲᠠᠢ ᠨᠠᠮ᠎ᠤᠨ ᠮᠢᠨᠢ ᠬᠠᠶ᠋ᠢᠷ᠎ᠠ ᠬᠠᠯᠠᠮᠵᠢ ᠡ


ᠲᠡᠯᠡᠭᠡᠢ ᠳ᠋ᠠᠭᠢᠨ ᠳ᠋ᠠᠭᠠᠨ ᠲᠣᠷᠭᠠᠨ ᠵᠠᠮ ᠴᠢᠯᠦᠭᠡᠳᠠᠢ

ᠲᠡᠭᠡᠳᠦ ᠲᠡᠭᠷᠢ ᠳ᠋ᠥ᠍ ᠬᠣᠪᠢᠯᠭᠠᠨ ᠤᠩᠭᠤᠴᠠ ᠴᠦᠷᠭᠡᠯᠡᠭᠡᠳᠠᠢ

ᠡᠭᠡ ᠣᠯᠣᠰ᠎ᠤᠨ ᠮᠢᠨᠢ ᠠᠭᠣᠯᠠ ᠬᠠᠶ᠋ᠢᠷᠬᠠᠳ ᠨᠣᠭᠣᠭᠠᠨ

ᠡᠩᠭᠡ ᠬᠦᠷᠦᠨ᠎ᠤ ᠮᠢᠨᠢ ᠣᠰᠣ ᠮᠦᠷᠡᠨ ᠨᠣᠮᠢᠨ


ᠨᠠᠮ ᠮᠢᠨᠢ ᠪᠠᠶ᠋ᠢᠳᠠᠭ ᠡᠴᠠ ᠣᠯᠣᠰ ᠮᠢᠨᠢ ᠦᠭᠡᠳᠡᠯᠡᠭᠰᠡᠭᠡᠷ

ᠨᠠᠷᠠ ᠮᠢᠨᠢ ᠪᠠᠶ᠋ᠢᠳᠠᠭ ᠡᠴᠠ ᠴᠡᠴᠡᠭᠡᠰ ᠮᠢᠨᠢ ᠮᠢᠷᠠᠯᠵᠠᠭᠰᠠᠭᠠᠷ

ᠨᠠᠷᠮᠠᠢ ᠣᠷᠴᠢᠯᠠᠩ᠎ᠤᠨ ᠭᠡᠭᠡᠨ ᠰᠢᠯᠦᠭ ᠪᠦᠳᠦᠭᠡᠵᠣ

ᠨᠠᠰᠣᠨ ᠲᠣᠷᠰᠢ ᠨᠠᠮ ᠶ᠋ᠢᠡᠨ ᠮᠠᠬᠲᠠᠨ ᠲᠠᠭᠣᠯᠠᠨᠠᠮ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号