ᠨᠠᠮ᠎ᠳᠠᠭᠠᠨ ᠡᠷᠭᠦᠬᠦ᠌ ᠨᠠᠢᠷᠠᠭ
2026-07-01 11:00:08
ᠵᠣᠬᠢᠶᠠᠭ᠍ᠴᠢ᠄
ᠰᠠᠢᠨᠪᠠᠶᠠᠷ
ᠣᠩᠱᠢᠭ᠍ᠰᠠᠨ ᠣᠳᠠᠭ᠎ᠠ᠄
★★★☆☆

ᠦᠨᠢᠲᠡ ᠳᠤᠷᠠᠳᠭᠠᠬᠤ ᠳᠤᠯᠤᠭᠠᠨ ᠰᠠᠷ᠎ᠠ᠎ᠶ᠋ᠢᠨ ᠨᠢᠭᠡᠨ ᠭᠡᠵᠦ ᠭᠡᠷᠡᠯ ᠰᠠᠴᠤᠷᠠᠭ᠍ᠰᠠᠨ ᠡᠳᠦᠷ

ᠦᠷᠯᠦᠭ ᠨᠠᠮ᠎ᠤᠨ ᠮᠢᠨᠢ ᠮᠡᠨᠳᠦᠯᠡᠭ᠌ᠰᠡᠨ ᠦᠪᠡᠳᠡᠭ᠌ᠰᠢ ᠪᠠᠶᠠᠷᠲᠤ ᠴᠠᠭ ᠡ

ᠦᠢᠯᠡᠰ ᠵᠢᠳᠬᠦᠯ ᠶ᠋ᠢᠡᠷ ᠰᠦᠨᠳᠡᠷᠯᠡᠭ᠌ᠰᠡᠨ ᠠᠯᠮᠠᠰ ᠴᠢᠯᠠᠭᠤᠨ ᠬᠦᠱᠢᠶ᠎ᠡ


ᠭᠠᠰᠠᠯᠠᠩ ᠨᠢᠭᠦᠯᠲᠦ ᠬᠠᠷᠠᠩᠭᠤᠢ ᠶᠢᠷᠲᠢᠨᠴᠤ᠎ᠶ᠋ᠢ ᠲᠤᠢᠯᠪᠤᠷᠢᠲᠠᠢ ᠡᠴᠦᠰᠯᠡᠭᠦᠯᠬᠦ᠌᠎ᠪᠠᠷ

ᠭᠠᠯ ᠪᠠᠳᠠᠷᠠᠭ᠍ᠰᠠᠨ ᠤᠯᠠᠭᠠᠨ ᠤᠩᠭᠤᠴᠠᠨ᠎ᠳᠤ ᠠᠭᠣᠣ ᠨᠠᠮ ᠮᠢᠨᠢ ᠮᠡᠨᠳᠦᠯᠡᠭᠡᠳ

ᠭᠠᠵᠠᠷ ᠲᠡᠭ᠌ᠷᠢ᠎ᠶ᠋ᠢᠨ ᠵᠠᠢ᠎ᠳᠤ ᠠᠪᠤᠷᠭᠤ ᠬᠦᠮᠦᠨ ᠪᠤᠯᠤᠨ ᠰᠦᠨᠳᠡᠷᠯᠡᠭᠰᠡᠨ


ᠳᠤᠮᠳᠠᠲᠤ᠎ᠶ᠋ᠢᠨ ᠲᠦᠮᠡᠨ᠎ᠢᠶᠠᠨ ᠳᠠᠭᠤᠳᠠᠨ ᠰᠡᠷᠡᠭᠡᠭᠰᠡᠨ ᠪᠠᠭᠠᠳᠤᠷ ᠢᠳᠡᠲᠡᠨ

ᠳᠤᠭ᠍ᠰᠢᠨ ᠰᠠᠯᠬᠢ ᠱᠢᠷᠦᠭᠦᠨ ᠳᠠᠪᠠᠯᠭᠠᠨ᠎ᠢ ᠰᠦᠷᠦᠨ ᠤᠷᠤᠭ᠍ᠰᠢᠯᠠᠭ᠍ᠰᠠᠨ ᠬᠠᠪᠤᠷ ᠨᠠᠮᠤᠷ ᠡ

ᠳᠡᠭᠡᠷᠡᠮ ᠲᠡᠷᠰᠯᠡᠭᠦᠴᠦᠳ᠎ᠲᠠᠢ ᠳᠤᠯᠤᠯᠳᠤᠨ ᠲᠡᠮᠡᠴᠡᠭ᠌ᠰᠡᠨ ᠬᠤᠷᠢᠨ ᠨᠠᠢ᠍ᠮᠠᠨ ᠣᠨ ᠵᠢᠯ ᠡ


ᠦᠬᠦᠯ ᠮᠦᠬᠦᠯ᠎ᠤᠨ ᠲᠠᠷᠴᠢᠯᠭᠠᠯ᠎ᠠᠴᠠ ᠬᠦᠪᠡᠭᠦᠳ ᠦᠬᠢᠳ᠎ᠢᠶᠠᠨ ᠠᠪᠤᠷᠠᠵᠤ

ᠡᠨᠡᠯᠦᠯ ᠱᠢᠨᠠᠯᠤᠯ᠎ᠤᠨ ᠡᠳᠦᠷ ᠬᠤᠨᠤᠭ᠎ᠢ ᠡᠭᠡᠯᠲᠡ ᠦᠭᠡᠢ ᠡᠴᠦᠰᠯᠡᠭᠦᠯᠦᠭᠡᠳ

ᠡᠷᠬᠡ ᠴᠢᠯᠦᠭᠡ ᠡᠩᠬᠡ ᠲᠠᠢᠪᠤᠩ᠎ᠢ ᠠᠷᠠᠳ ᠲᠦᠮᠡᠨ᠎ᠳᠡᠭᠡᠨ ᠡᠳ᠋ᠯᠡᠭᠦᠯᠦᠯ᠎ᠡ


ᠠᠷᠢᠭᠤᠨ ᠴᠢᠰᠤ᠎ᠪᠠᠨ ᠤᠷᠤᠰᠭᠠᠨ ᠠᠯᠲᠠᠨ ᠠᠮᠢ᠎ᠪᠠᠨ ᠦᠷᠡᠭ᠌ᠳᠡᠭᠦᠯᠦᠭ᠌ᠰᠡᠨ

ᠠᠷᠤᠤᠬᠠᠨ ᠪᠠᠭᠠᠳᠤᠷᠴᠤᠳ᠎ᠤᠨ ᠴᠠᠭᠠᠨ ᠶᠠᠰᠤ ᠡᠩᠬᠡ᠎ᠶ᠋ᠢᠨ ᠲᠠᠭ᠍ᠲᠠᠭ᠎ᠠ ᠪᠤᠯᠤᠨ ᠨᠢᠰᠦᠭᠡᠳ

ᠠᠭᠤᠳᠠᠮ ᠤᠭ᠍ᠲᠠᠷᠭᠤᠢ᠎ᠶ᠋ᠢᠨ ᠬᠦᠨ᠎ᠳᠤ 《ᠨᠠᠢᠷᠠᠮᠳᠠᠯ》 ᠎ᠤ᠋ᠨ ᠠᠶ᠎ᠠ ᠴᠢᠪᠠᠭ᠍ᠳᠠᠨ᠎ᠠ


ᠦᠭᠡᠷᠡᠴᠢᠯᠡᠯᠲᠡ ᠨᠡᠭᠡᠭᠡᠯᠲᠡ᠎ᠶ᠋ᠢᠨ ᠬᠠᠷᠭᠤᠢ᠎ᠪᠠᠷ ᠴᠤᠴᠠᠯᠲᠠ ᠦᠭᠡᠢ ᠵᠠᠮᠨᠠᠵᠤ

ᠦᠪᠡᠷ᠎ᠤᠨ ᠬᠦᠴᠦ᠍᠎ᠪᠠᠷ᠎ᠢᠶᠠᠨ ᠳᠡᠭ᠌ᠵᠢᠷᠡᠨ ᠲᠦᠮᠡᠨ᠎ᠤ ᠵᠣᠷᠢᠭ᠎ᠢ ᠡᠷᠴᠢᠯᠡᠭᠡᠳ

ᠦᠭᠡᠢᠭᠦᠦ ᠶᠠᠳᠠᠭᠤ᠎ᠶ᠋ᠢᠨ ᠬᠦᠴᠢᠷᠳᠡᠯ᠎ᠠᠴᠠ ᠦᠨᠢᠷ ᠤᠯᠠᠨ᠎ᠢᠶᠠᠨ ᠰᠠᠯᠭᠠᠯ᠎ᠠ


ᠰᠠᠨᠰᠠᠷ᠎ᠤᠨ ᠦᠷᠲᠡᠭᠡ᠎ᠶ᠋ᠢ ᠪᠠᠢᠭᠤᠯᠤᠨ ᠬᠠᠨᠠᠭᠠᠷ ᠤᠷᠴᠢᠯᠠᠩ᠎ᠳᠤ ᠰᠠᠭᠤᠷᠢᠱᠢᠵᠤ

ᠰᠠᠷᠠᠨ ᠪᠦᠮᠪᠦᠷᠴᠡᠭ᠎ᠲᠤ ᠠᠪᠠᠷᠢᠨ ᠰᠣᠨᠢᠨ ᠭᠠᠢᠬᠠᠮᠱᠢᠭ᠎ᠢ᠎ᠨᠢ ᠨᠢᠭ᠍ᠲᠠᠯᠠᠭᠠᠳ

ᠰᠦᠨ ᠳᠠᠯᠠᠢ᠎ᠶ᠋ᠢᠨ ᠢᠷᠤᠭᠠᠷ᠎ᠲᠤ ᠰᠠᠭᠠᠳᠠᠨ ᠱᠢᠨᠵᠢᠯᠡᠭᠡ ᠰᠤᠲᠤᠯᠭ᠎ᠠ ᠬᠢᠨ᠎ᠡ


ᠬᠦᠭᠡᠮᠳᠦᠭ ᠨᠤᠭᠤᠭᠠᠨ ᠠᠭᠤᠯᠠ ᠤᠰᠤ ᠬᠦᠮᠦᠰ᠎ᠤᠨ ᠬᠠᠷᠠᠭ᠎ᠠ᠎ᠶ᠋ᠢ ᠰᠤᠭ᠍ᠲᠤᠭᠤᠷᠠᠭᠤᠯᠵᠤ

ᠬᠦᠳᠡᠭᠡ ᠲᠤᠰᠭᠤᠨ᠎ᠤ ᠬᠦᠭ᠌ᠵᠢᠯ ᠲᠡᠭ᠌ᠵᠢᠷᠡᠯ ᠲᠠᠷᠢᠶᠠᠴᠢᠨ ᠮᠠᠯᠴᠢᠨ᠎ᠢ ᠤᠮᠤᠭ᠍ᠰᠢᠭᠤᠯᠤᠨ

ᠬᠤᠳᠠ ᠪᠠᠯᠭᠠᠰᠤ᠎ᠶ᠋ᠢᠨ ᠭᠤᠶᠤᠮᠰᠤᠭ ᠬᠤᠪᠢᠷᠠᠯᠲᠠ ᠰᠠᠭᠤᠭᠠᠯᠢ ᠠᠷᠠᠳ᠎ᠢ ᠬᠦᠭ᠌ᠰᠡᠭᠦᠯᠦᠨ᠎ᠡ


ᠦᠨᠳᠦᠰᠦᠲᠡᠨ ᠪᠦᠬᠦᠨ ᠪᠦᠯᠬᠦᠮᠳᠡᠨ ᠨᠢᠭᠳᠠᠷᠠᠵᠦ ᠨᠠᠮ᠎ᠢᠶᠠᠨ᠎ᠲᠠᠭᠠᠨ ᠤᠷᠤᠭ᠍ᠰᠢᠯᠠᠨ᠎ᠠ

ᠠᠷᠠᠳ ᠲᠦᠮᠡᠨ ᠪᠠᠶᠠᠵᠢᠨ ᠴᠢᠨᠡᠭᠡᠯᠢᠭ᠌ᠵᠢᠵᠦ᠍ ᠨᠠᠮ᠎ᠤᠨ᠎ᠢᠶᠠᠨ ᠠᠴᠢ᠎ᠳᠤ ᠲᠠᠯᠠᠷᠬᠠᠨ᠎ᠠ

ᠤᠯᠤᠰ ᠤᠷᠤᠨ ᠬᠦᠴᠦᠷᠭᠡᠭ᠌ᠵᠢᠨ ᠮᠠᠨᠳᠤᠵᠤ ᠨᠠᠮ᠎ᠤᠨ᠎ᠢᠶᠠᠨ ᠤᠳᠤᠷᠢᠳᠤᠯᠭ᠎ᠠ᠎ᠶ᠋ᠢ ᠬᠦᠷᠢᠶᠡᠯᠡᠨ᠎ᠡ


ᠵᠠᠭᠤᠨ ᠰᠤᠨᠳᠠᠯᠠᠭ᠍ᠰᠠᠨ ᠲᠤᠤᠯᠢᠰ ᠪᠢᠴᠢᠭ᠌ᠯᠡᠨ ᠳᠡᠯᠡᠬᠡᠢ᠎ᠳᠤ ᠦᠵᠦᠭᠦᠷᠯᠡᠭ᠌ᠰᠡᠨ ᠨᠠᠮ ᠮᠢᠨᠢ

ᠵᠤᠢᠯ᠎ᠤᠨ ᠰᠠᠭᠠᠳ᠎ᠢ ᠢᠯᠡᠨ ᠳᠠᠪᠠᠭᠠᠳ ᠳᠠᠢᠴᠢᠨ ᠰᠦᠷ᠎ᠢᠶᠠᠨ ᠭᠠᠢᠬᠠᠭᠤᠯᠤᠨ

ᠵᠣᠷᠢᠭ ᠵᠠᠩᠭᠢᠳᠴᠤ᠌ ᠵᠤᠯᠪᠤᠭ᠎ᠠ ᠪᠠᠳᠠᠷᠠᠨ ᠵᠤᠷᠢᠭ᠍ᠰᠠᠨ ᠬᠠᠷᠠᠯᠲᠠ ᠵᠦᠭ᠎ᠶ᠋ᠢᠡᠨ ᠲᠡᠮᠡᠦᠯᠣᠨ᠎ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号