ᠬᠡᠨ᠎ᠤ ᠲᠦᠯᠦᠭᠡ
ᠠᠯᠤᠰ᠎ᠤᠨ ᠠᠶᠠᠨ᠎ᠳᠤ ᠮᠤᠷᠳᠠᠭ᠍ᠰᠠᠨᠢᠨᠢ
ᠨᠠᠮᠤᠭ᠍ᠳᠤ ᠲᠠᠯ᠎ᠠ ᠮᠡᠳᠡᠨ᠎ᠡ
ᠶᠠᠭᠤᠨ᠎ᠤ ᠲᠦᠯᠦᠭᠡ
ᠠᠷᠢᠭᠤᠨ ᠴᠢᠰᠤ᠎ᠪᠠᠨ ᠤᠷᠤᠰᠭᠠᠭ᠍ᠰᠠᠨᠢᠨᠢ
ᠴᠠᠰᠤᠳᠤ ᠠᠭᠤᠯᠠ ᠮᠡᠳᠡᠨ᠎ᠡ
ᠬᠤᠶᠠᠷ ᠲᠦᠮᠡ ᠲᠠᠪᠤᠨ ᠮᠢᠩᠭᠠᠨ ᠭᠠᠵᠠᠷ
ᠬᠤᠷᠸ᠎ᠠ᠎ᠳᠤ ᠬᠤᠤᠰ ᠦᠭᠡᠢ ᠭᠠᠢᠬᠠᠮᠱᠢᠭ᠍ᠳᠤ ᠠᠶᠠᠨ ᠲᠠᠢᠨ
ᠬᠤᠶᠠᠷ ᠵᠢᠯ ᠲᠤᠯᠤᠭᠠᠨ ᠵᠠᠭᠤ ᠬᠤᠷᠢᠨ ᠡᠳᠦᠷ
ᠬᠦᠮᠦᠨ ᠲᠦᠷᠦᠯᠬᠢᠲᠡᠨ᠎ᠤ ᠲᠡᠦᠬᠡᠨ᠎ᠳᠤ ᠭᠠᠷᠤᠭ᠎ᠠ ᠦᠭᠡᠢ ᠠᠤᠭ᠎ᠠ ᠦᠢᠯᠡᠰ
ᠳ᠋ᠠ ᠳ᠋ᠦ᠋ ᠾᠧ ᠭᠤᠤᠯ ᠯᠤ᠌ ᠳ᠋ᠢᠩ ᠴᠢᠶᠤᠤ ᠬᠦᠬᠦᠷᠭᠡ
ᠲᠠᠪᠬᠤᠷ ᠲᠠᠪᠬᠤᠷ ᠲᠠᠢᠰᠤᠨ᠎ᠤ ᠪᠦᠰᠡᠯᠡᠨ ᠤᠰᠠᠳᠭᠠᠯᠲᠠ
ᠽᠦᠨ ᠢ᠎ᠶ᠋ᠢᠨ ᠬᠤᠷᠠᠯ᠂ ᠶ᠋ᠢᠨ ᠱᠠ ᠵᠢᠶᠠᠩ ᠮᠦᠷᠡᠨ᠎ᠤ ᠲᠠᠪᠠᠯᠭᠠᠨ
ᠲᠠᠢᠴᠢᠳᠤᠨ ᠴᠢᠰᠦ᠎ᠪᠠᠷ ᠪᠤᠳᠤᠭ᠍ᠯᠠᠭ᠍ᠰᠠᠨ ᡂᠢ ᠱᠦᠢ᠎ᠶ᠋ᠢᠨ ᠤᠰᠤᠨ
ᠠᠷᠪᠠᠨ ᠨᠠᠢ᠍ᠮᠠᠨ ᠰᠠᠭᠤᠷᠢ ᠦᠨᠳᠦᠷ ᠠᠭᠤᠯᠠ᠎ᠶ᠋ᠢ
ᠠᠷᠤ ᠠᠷᠤ᠎ᠠᠴᠠ᠎ᠨᠢ ᠲᠠᠪᠠᠵᠤ
ᠬᠤᠷᠢᠨ ᠲᠦᠷᠪᠡᠨ ᠶᠡᠭᠡ ᠭᠤᠤᠯ ᠮᠦᠷᠡᠨ᠎ᠢ
ᠬᠤᠢᠨ᠎ᠠ ᠡᠮᠤᠨ᠎ᠠ ᠭᠠᠳᠦᠯᠦᠨ
ᠵᠢᠷᠭᠤᠭᠠᠨ ᠵᠠᠭᠤ ᠭᠠᠷᠤᠢ ᠤᠳᠠᠭᠠᠨ᠎ᠤ ᠪᠠᠢᠯᠳᠤᠭᠠᠨ᠎ᠢ
ᠵᠤᠷᠢᠭ ᠤᠬᠠᠭᠠᠨ᠎ᠢᠶᠠᠷ ᠲᠤᠯᠤᠯᠳᠤᠵᠤ
ᠲᠤᠯᠤᠭᠠᠨ ᠵᠠᠭᠤ ᠢᠯᠡᠬᠦᠦ ᠬᠤᠲᠠ ᠪᠠᠯᠭᠠᠰᠤ᠎ᠶ᠋ᠢ
ᠲᠤᠮᠤᠭ ᠦᠯᠢᠬᠡᠷ ᠱᠢᠭ ᠡᠵᠡᠯᠡᠭ᠌ᠰᠡᠨ
ᠡᠨᠡ ᠪᠤᠯ ᠤᠷᠳᠤ ᠵᠠᠮ᠎ᠤᠨ ᠠᠶᠠᠨ ᠲᠠᠢᠨ
ᠡᠨᠡ ᠪᠤᠯ ᠤᠯᠠᠭᠠᠨ ᠴᠡᠷᠢᠭ᠎ᠤᠨ ᠠᠶᠠᠨ ᠲᠠᠢᠨ
ᠡᠨᠡ ᠪᠤᠯ ᠢᠲᠡᠭᠡᠯ ᠵᠤᠷᠢᠭ᠎ᠢᠶᠠᠨ ᠬᠦᠪᠴᠢᠯᠡᠭ᠌ᠰᠡᠨ ᠠᠶᠠᠨ ᠲᠠᠢᠨ
ᠡᠨᠡ ᠪᠤᠯ ᠦᠬᠦᠯ ᠮᠦᠬᠦᠯ᠎ᠠᠴᠠ ᠰᠦᠷᠲᠡᠬᠦ᠌ ᠦᠭᠡᠢ ᠠᠶᠠᠨ ᠲᠠᠢᠨ
ᠡᠨᠡ ᠪᠤᠯ ᠦᠨᠡᠨ᠎ᠠᠴᠠ ᠵᠦᠪ᠎ᠢ ᠡᠷᠢᠭ᠌ᠰᠡᠨ ᠠᠶᠠᠨ ᠲᠠᠢᠨ
ᠡᠨᠡ ᠪᠤᠯ ᠪᠦᠯᠬᠦᠮᠲᠡᠨ ᠨᠢᠭ᠍ᠲᠠᠷᠠᠯᠴᠠᠭ᠍ᠰᠠᠨ ᠠᠶᠠᠨ ᠲᠠᠢᠨ
ᠡᠨᠡ ᠪᠤᠯ ᠪᠦᠬᠦ᠌ ᠰᠡᠳᠭᠢᠯ᠎ᠢᠶᠠᠷ ᠠᠷᠠᠳ ᠲᠦᠮᠡᠨ᠎ᠤ ᠲᠦᠯᠦᠭᠡ ᠬᠢᠭᠰᠡᠨ ᠠᠶᠠᠨ ᠲᠠᠢᠨ
ᠬᠡᠨ᠎ᠤ ᠲᠦᠯᠦᠭᠡ
ᠬᠤᠯᠠ᠎ᠶ᠋ᠢᠨ ᠠᠶᠠᠨ᠎ᠳᠤ ᠮᠤᠷᠳᠠᠭ᠍ᠰᠠᠨᠢ
ᠠᠷᠠᠳ ᠲᠦᠮᠡᠨ ᠮᠡᠳᠡᠨ᠎ᠡ
ᠶᠠᠭᠤᠨ᠎ᠤ ᠲᠦᠯᠦᠭᠡ
ᠬᠤᠪᠢᠰᠭᠠᠯ᠎ᠤᠨ ᠭᠠᠯ᠎ᠢ ᠲᠦᠷᠡᠯᠵᠡᠭᠦᠯᠦᠭ᠌ᠰᠡᠨᠢ
ᠠᠭᠤᠤ ᠲᠡᠦᠬᠡ ᠮᠡᠳᠡᠨ᠎ᠡ ᠡ