ᠠᠯᠢᠶ᠎ᠠ᠎ᠶᠢᠨ ᠭᠤᠤᠯ ᠨᠠᠮᠤᠭᠤᠬᠠᠨ ᠤᠷᠤᠰᠤᠨ᠎ᠠ
2026-07-17 11:23:57
ᠵᠣᠬᠢᠶᠠᠭ᠍ᠴᠢ᠄
ᠨᠠᠮᠤᠭᠤᠬᠠᠨ
ᠣᠩᠱᠢᠭ᠍ᠰᠠᠨ ᠣᠳᠠᠭ᠎ᠠ᠄
★★★☆☆

ᠮᠥᠷᠥᠭᠡᠳᠦᠯ᠂ ᠠᠮᠢᠳᠤᠷᠠᠯ᠂ ᠬᠠᠶ᠋ᠢᠷ᠎ᠠ᠎ᠶᠢᠨ᠎ᠢᠶᠡᠨ ᠡᠯᠡ ᠬᠠᠯᠠ᠎ᠶᠢ ᠳᠠᠭᠠᠭᠠᠯ ᠦᠭᠡᠢ ᠨᠢᠯᠪᠤᠰᠤ ᠤᠷᠤᠰᠬᠠᠯ᠎ᠠ᠃

ᠬᠥᠮᠦᠨ᠎ᠦ ᠠᠮᠢᠳᠤᠷᠠᠯ ᠭᠡᠵᠦ᠍ ᠰᠣᠨᠢᠨ ᠡ!

ᠡᠳᠦᠷ᠎ᠦᠨ ᠪᠣᠳᠣᠯ ᠰᠥᠨᠢ᠎ᠶᠢᠨ ᠵᠡᠭᠦᠳᠦ᠎ᠶᠢ ᠨᠢ ᠡᠵᠡᠯᠡᠭᠰᠡᠨ ᠳᠤᠷᠠᠰᠤᠯ᠎ᠤᠨ ᠰᠠᠶ᠋ᠢᠬᠠᠨ ᠢᠨᠢᠶᠡᠳᠦ ᠰᠠᠨᠠᠭᠳᠠᠬᠤ᠎ᠪᠠᠷ ᠨᠢ ᠲᠡᠷᠡ ᠥᠩᠭᠡᠷᠡᠭᠰᠡᠨ᠎ᠦ ᠡᠳᠦᠷ᠎ᠦᠳ᠎ᠦᠨ ᠰᠠᠶ᠋ᠢᠬᠠᠨ ᠳᠤᠷᠠᠳᠬᠠᠯ᠎ᠢ ᠰᠡᠬᠦᠯ᠎ᠡ ᠃

ᠲᠡᠷᠡ ᠨᠢ ᠬᠡᠯᠡᠵᠦ᠍ ᠳᠡᠶ᠋ᠢᠯᠦᠰᠢ ᠦᠭᠡᠢ ᠬᠠᠭᠠᠰ ᠳᠤᠲᠠᠭᠤ ᠬᠥᠮᠦᠨ᠎ᠦ ᠠᠮᠢᠳᠤᠷᠠᠯ᠎ᠤᠨ ᠬᠢᠨᠢ ᠬᠠᠶ᠋ᠢᠷ᠎ᠠ᠎ᠶᠢᠨ ᠡᠬᠢᠯᠡᠯᠲᠡ ᠪᠠᠶ᠋ᠢᠵᠤ ᠲᠠᠭᠠᠷᠠᠬᠤ ᠶᠤᠮ ᠪᠣᠯ ᠦᠦ?ᠴᠢᠩᠭᠢᠬᠦ᠌᠎ᠳᠡᠭᠡᠨ ᠲᠡᠷᠡᠬᠦ᠌ ᠡᠳᠦᠷ᠎ᠦᠳ᠎ᠢ ᠪᠢᠴᠢᠬᠦ᠌ ᠦᠭᠡᠢ ᠪᠣᠯ ᠠᠮᠢᠳᠤᠷᠠᠯ᠎ᠳᠠᠭᠠᠨ ᠣᠰᠣᠯᠳᠠᠨ᠎ᠠ᠂ ᠨᠠᠶ᠋ᠢᠵᠠᠯᠠᠵᠤ ᠶᠠᠪᠤᠭᠰᠠᠨ ᠳᠤᠷᠠᠰᠤᠯ᠎ᠳᠤ ᠣᠰᠣᠯᠳᠠᠨ᠎ᠠ᠂ ᠨᠠᠩ ᠴᠤ᠌ ᠥᠪᠡᠷ᠎ᠦᠨ ᠲᠡᠷᠡᠬᠦ᠌ ᠨᠢᠭᠤᠵᠤ ᠰᠠᠨᠠᠭᠰᠠᠨ ᠬᠠᠶ᠋ᠢᠷ᠎ᠠ᠎ᠳᠠᠭᠠᠨ ᠶᠠᠭᠤ ᠬᠡᠯᠡᠯᠲᠡᠶ ᠪᠢᠯᠡ?

ᠲᠡᠷᠡ ᠡᠳᠦᠷ ᠪᠣᠷᠣ ᠭᠡᠷ᠎ᠦᠨ ᠮᠢᠨᠢ ᠪᠣᠭᠣᠨᠢ ᠰᠠᠷᠠᠪᠴᠢᠨ᠎ᠳᠤ ᠰᠠᠭᠠᠲᠠᠭᠰᠠᠨ ᠨᠠᠶ᠋ᠢᠵᠠ ᠲᠠᠢ᠎ᠪᠠᠨ ᠨᠠᠶ᠋ᠢᠷᠯᠠᠯᠳᠤᠭᠠᠳ ᠲᠠᠮᠢᠷ ᠮᠢᠨᠢ ᠱᠠᠯ ᠰᠣᠭᠲᠣᠭᠠᠳ ᠤᠨᠲᠠᠴᠢᠬᠠᠵᠠᠶ᠃ ᠰᠥᠨᠢ ᠢᠯᠦᠮ ᠵᠢᠯᠦᠮᠭᠡᠨ᠂ ᠬᠠᠶᠠ ᠬᠠᠵᠠᠭᠤ᠎ᠳᠤ ᠬᠡᠪᠲᠡᠭᠡ ᠬᠥᠭᠡᠷᠦᠬᠦᠨ ᠬᠦᠦ᠎ᠶᠢᠨ ᠮᠢᠨᠢ ᠱᠤᠯᠤᠭᠠᠨᠠᠬᠤ ᠳᠠᠭᠤᠨ ᠰᠣᠨᠣᠰᠳᠠᠨ᠎ᠠ᠃ ᠮᠠᠨᠠᠢᠬᠢᠨ᠎ᠲᠠᠶ ᠨᠢᠭᠡ ᠯᠡ ᠴᠣᠭ ᠨᠠᠢᠷᠯᠠᠵᠤ ᠰᠠᠭᠤᠭᠰᠠᠠ ᠳᠤᠷᠠᠰᠤᠯ ᠬᠠᠷᠢᠨ ᠠᠵᠢᠭ ᠴᠤ᠌ ᠦᠭᠡᠢ ᠲᠧᠯᠸᠢᠰ ᠬᠠᠷᠠᠵᠤ ᠰᠠᠭᠤᠨ᠎ᠠ᠃

《ᠬᠥᠶᠢ᠂ ᠴᠢᠨᠦ᠍ ᠪᠡᠶ᠎ᠡ ᠬᠡᠳᠦᠶ ᠥᠨᠳᠥᠷ ᠪᠢᠯᠡ?》 ᠭᠡᠵᠦ᠍ ᠰᠥᠨᠢ᠎ᠶᠢᠨ ᠠᠭᠠᠷ᠎ᠢ ᠬᠥᠨᠳᠡᠭᠰᠡᠨ ᠳᠤᠷᠠᠰᠤᠯ᠎ᠤᠨ ᠳᠠᠭᠤ ᠰᠤᠨᠤᠰᠳᠠᠨ᠎ᠠ᠃

《ᠠᠶ ᠳ᠋ᠠ᠂ ᠮᠢᠨᠦ᠍ ᠪᠡᠶ᠎ᠡ ᠳᠠᠩᠴᠢ ᠪᠣᠭᠣᠨᠢᠬᠠᠨ᠂ ᠣᠳᠣ ᠨᠢᠭᠡ ᠪᠠᠭ᠎ᠠ ᠯᠡ ᠥᠨᠳᠥᠷ ᠪᠣᠯᠤᠭᠰᠠᠨ ᠪᠣᠯ ᠁》 ᠭᠡᠬᠦ᠌ ᠮᠥᠷᠥᠭᠡᠳᠦᠯ᠎ᠦᠨ ᠬᠠᠷᠢᠭᠤᠯᠲᠠ ᠨᠢ ᠠᠰᠠᠭᠤᠯᠲᠠ ᠬᠠᠷᠢᠭᠤᠯᠲᠠ᠎ᠤᠳ᠎ᠤᠨ ᠳᠤᠮᠳᠠ ᠵᠣᠭᠣᠭ ᠥᠷᠨᠢᠭᠰᠡᠭᠡᠷ ᠁

ᠠᠮᠢᠳᠤᠷᠠᠯ᠎ᠤᠨ ᠨᠢᠭᠤᠴᠠᠬᠠᠨ ᠬᠠᠶ᠋ᠢᠷ᠎ᠠ ᠠᠭᠠᠵᠢᠮᠬᠠᠨ ᠵᠢᠡᠷ ᠰᠡᠳᠬᠢᠯ᠎ᠢ ᠡᠵᠡᠯᠡᠪᠡ᠃ 《ᠴᠢ ᠶᠠᠭᠠᠬᠢᠭᠠᠳ ᠰᠣᠭᠲᠣᠭ᠎ᠠ ᠦᠭᠡᠢ ᠶᠤᠮ ᠪᠣᠢ? ᠠᠮᠢᠳᠤᠷᠠᠯ᠎ᠤᠨ ᠬᠠᠯᠠ᠎ᠶᠢ ᠳᠠᠭᠠᠭᠠᠬᠤ᠎ᠳᠠᠭᠠᠨ ᠦᠦ? ᠠᠷᠢᠬᠢᠨ᠎ᠤ ᠬᠦᠴᠦ᠎ᠶᠢ ᠳᠡᠶ᠋ᠢᠯᠬᠦ᠌᠎ᠳᠡᠭᠡᠨ ᠦᠦ?》 ᠭᠡᠵᠦ᠍ ᠮᠥᠷᠥᠭᠡᠳᠦᠯ ᠳᠤᠷᠠᠰᠤᠯ᠎ᠢ ᠬᠠᠷᠠᠬᠤ᠎ᠳᠤ ᠳᠤᠷᠠᠰᠤᠯ ᠶᠠᠭᠤ ᠴᠤ᠌ ᠬᠠᠷᠢᠭᠤᠯᠤᠯ ᠦᠭᠡᠢ ᠢᠷᠠᠯᠵᠠᠭᠰᠠᠨ ᠰᠠᠶ᠋ᠢᠬᠠᠨ ᠢᠨᠢᠶᠡᠳᠦ᠎ᠪᠠᠷ᠎ᠢᠶᠠᠨ ᠳ᠋ᠦᠩᠨᠡᠯᠲᠡ ᠪᠣᠯᠭᠠᠭᠰᠠᠨ ᠪᠠᠶ᠋ᠢᠯ᠎ᠠ᠃ ᠣᠳᠣ ᠪᠣᠳᠤᠬᠤᠯᠠᠷ ᠲᠡᠷᠡ ᠬᠦ᠌ ᠢᠨᠢᠶᠡᠳᠦ᠎ᠳᠤ ᠮᠢᠨᠦ᠍ ᠶᠠᠪᠤᠭ᠎ᠠ ᠨᠠᠰᠤᠨ᠎ᠤ ᠠᠮᠢᠳᠤᠷᠠᠯ᠎ᠤᠨ ᠠᠯᠢᠪᠠ ᠬᠠᠶ᠋ᠢᠷ᠎ᠠ ᠰᠡᠳᠬᠢᠯ ᠬᠣᠴᠣᠷᠤᠭᠰᠠᠨ ᠪᠠᠶ᠋ᠢᠵᠤ ᠳ᠋ᠠ ᠁

ᠪᠤᠳᠤᠯᠢᠶᠠᠨᠳᠤ ᠠᠮᠢᠳᠤᠷᠠᠯ᠎ᠤᠨ ᠳᠤᠮᠳᠠ ᠮᠢᠨᠦ᠍ ᠬᠠᠶ᠋ᠢᠷ᠎ᠠ ᠢᠩᠭᠢᠵᠦ᠍ ᠯᠠ ᠬᠤᠪᠢᠷᠬᠠᠰᠠᠨ ᠪᠢᠯᠡ᠂ ᠬᠡᠦᠬᠡᠳ᠎ᠦᠨ ᠳᠤᠮᠳᠠ ᠭᠦᠶᠦᠯᠳᠤᠬᠦ᠌ ᠬᠦᠦ᠎ᠪᠠᠨ ᠬᠠᠷᠠᠬᠤ᠎ᠠᠴᠠ ᠮᠢᠨᠦ᠍ ᠠᠮᠢᠳᠤᠷᠡᠯ ᠨᠠᠳᠠᠳᠤ ᠳᠠᠩᠴᠤ᠌ ᠬᠠᠲᠠᠭᠤ ᠶᠠᠯᠠᠳᠠᠯ ᠬᠦᠷᠳᠡᠬᠡᠭᠰᠡᠡ ᠰᠢᠭ ᠰᠠᠨᠠᠭᠳᠠᠬᠤ ᠶᠤᠮ᠃ ᠬᠠᠶᠠ ᠬᠠᠶᠠ ᠤᠨᠠᠭᠠᠬᠤ ᠬᠠᠷᠠᠩᠭᠤᠶ ᠰᠥᠨᠢ᠎ᠶᠢᠨ ᠬᠠᠶ᠋ᠢᠷ᠎ᠠ᠎ᠶᠢᠨ ᠨᠢᠯᠪᠤᠰᠤ᠎ᠪᠠᠨ ᠪᠣᠳᠤᠬᠤ᠎ᠠᠴᠠ ᠪᠢ ᠳᠠᠩᠴᠤ᠌ ᠦᠬᠡᠷ ᠲᠡᠨᠡᠭ ᠪᠠᠶ᠋ᠢᠵᠤ ᠳ᠋ᠠ ᠭᠡᠵᠦ᠍ ᠪᠡᠶ᠎ᠡ ᠪᠡᠨ ᠪᠣᠷᠤᠭᠤᠳᠬᠠᠬᠤ ᠪᠣᠯᠤᠭᠰᠠᠨ᠂ ᠨᠠᠩ ᠴᠦ᠍ ᠬᠠᠵᠠᠭᠤ᠎ᠳᠤ ᠤᠨᠲᠠᠭ᠎ᠠ ᠬᠠᠨᠢ ᠲᠠᠮᠢᠷ᠎ᠤᠨ ᠮᠢᠨᠢ ᠶᠠᠳᠠᠷᠠᠵᠤ ᠳᠦᠢᠯᠳᠠᠭᠰᠠᠨ ᠳᠦᠷᠢ᠎ᠶᠢ ᠬᠠᠷᠠᠬᠤ ᠡᠴᠡ ᠭᠠᠵᠠᠷ ᠲᠩᠷᠢ᠎ᠳᠦ ᠭᠠᠭᠴᠠ ᠪᠠᠶ᠋ᠢᠳᠠᠭ ᠨᠢᠭᠤᠴᠠᠬᠠᠨ ᠰᠡᠷᠡᠨ᠎ᠠᠴᠠ ᠢᠴᠢᠬᠦ᠌ ᠰᠢᠭ ᠰᠠᠨᠠᠭᠳᠠᠬᠤ᠎ᠶᠢ ᠶᠠᠭᠠᠬᠢᠶ᠎ᠠ?

ᠴᠠᠭ ᠮᠥᠴᠡ ᠥᠩᠭᠡᠷᠡᠭᠰᠡᠭᠡᠷ᠃ ᠡᠮᠡᠷᠭᠡᠨ ᠡᠮᠡᠷᠭᠡᠨ ᠴᠣᠬᠢᠯᠠᠬᠤ ᠮᠥᠷᠥᠭᠡᠳᠦᠯ᠎ᠦᠨ ᠮᠢᠨᠢ ᠬᠠᠯᠠᠭᠤᠨ ᠵᠢᠷᠤᠬᠡ᠂ ᠬᠠᠢᠷ᠎ᠠ ᠵᠢᠨ ᠮᠢᠨᠢ ᠳᠤᠯᠠᠭᠠᠨ ᠬᠠᠷᠠᠴᠠ ᠰᠡᠳᠬᠢᠯ᠎ᠤᠨ ᠬᠦᠨ᠎ᠳᠤ ᠬᠤᠨᠤᠭᠰᠢᠯ᠎ᠠ᠃

ᠬᠣᠷᠴᠢᠨ ᠨᠤᠲᠤᠭ᠎ᠤᠨ ᠠᠭᠤᠳᠠᠮ ᠥᠷᠥᠴᠡᠨ᠎ᠳᠦ ᠲᠥᠷᠥᠭᠰᠡᠨ ᠪᠢ ᠠᠭᠤᠯᠠᠨ᠎ᠤ᠎ᠪᠠᠨ ᠨᠢᠭᠡᠨ ᠰᠢᠪᠠᠭᠤ᠎ᠲᠠᠶ ᠴᠤᠭ ᠵᠢᠷᠭᠢᠬᠦ᠌᠎ᠶᠢ ᠰᠠᠨᠠᠭᠰᠠᠨ ᠳ᠋ᠠ᠂ ᠭᠡᠶ᠎ᠡ ᠠᠮᠢᠳᠤᠷᠠᠯ᠎ᠤᠨ ᠪᠣᠳᠠᠲᠤ᠌ ᠠᠬᠤᠶ ᠬᠥᠮᠦᠨ᠎ᠢ ᠰᠠᠨᠠᠭᠰᠠᠨ ᠰᠠᠨᠠᠭ᠎ᠠ ᠪᠣᠳᠤᠭᠰᠠᠨ ᠪᠣᠳᠣᠯᠭ᠎ᠠ᠎ᠪᠠᠷ ᠪᠣᠯᠭᠠᠳᠠᠭ ᠦᠬᠡᠢ ᠨᠢ ᠳᠠᠩᠴᠤ ᠬᠠᠲᠠᠭᠤ᠎ᠪᠠᠷ ᠲᠣᠭᠯᠠᠳᠠᠭ᠎ᠤᠨ ᠬᠢᠨᠢ ᠰᠢᠯᠲᠠᠭᠠᠨ ᠪᠠᠶ᠋ᠢᠪᠠᠤ?

ᠮᠥᠷᠥᠭᠡᠳᠦᠯ ᠬᠠᠶ᠋ᠢᠷ᠎ᠠ᠎ᠶᠢᠨ ᠎ᠢᠶᠠᠨ ᠬᠠᠯᠠ ᠎ᠶᠢ ᠮᠡᠳᠡᠯ ᠥᠬᠡᠶ ᠲᠡᠷᠭᠡᠨ᠎ᠦ᠎ᠪᠠᠨ ᠲᠣᠰᠣ ᠨᠡᠮᠡᠭᠴᠢ᠎ᠶᠢ ᠭᠢᠰᠬᠢᠯ᠎ᠡ᠂ ᠠᠯᠤᠰ᠎ᠤᠨ ᠠᠯᠤᠰ᠎ᠲᠤ᠌ ᠨᠣᠮᠢᠨ ᠴᠡᠩᠬᠡᠷ ᠠᠭᠤᠯᠠ ᠤᠨᠢᠶᠠᠷᠲᠤᠨ ᠬᠥᠭᠡᠷᠡᠭᠡᠳ᠂ ᠠᠯᠢᠶ᠎ᠠ᠎ᠶᠢᠨ ᠭᠤᠤᠯ ᠨᠠᠮᠤᠭᠤᠬᠠᠨ ᠨᠠᠮᠤᠭᠤᠬᠠᠨ ᠬᠠᠷᠭᠢᠯᠤᠨ ᠤᠷᠤᠰᠤᠨ᠎ᠠ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号