4 ᠵᠤᠢᠯ᠎ᠤᠨ ᠮᠠᠭᠤ ᠲᠠᠳᠬᠠᠯ ᠵᠢᠠᠨ ᠬᠠᠯᠠᠶ᠎ᠠ
2026-07-17 11:29:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠨᠲᠠᠵᠤ ᠰᠡᠷᠡᠭᠰᠡᠨ᠎ᠤ ᠳᠠᠷᠠᠭ᠎ᠠ᠂ ᠡᠨᠡ ᠳᠥᠷᠪᠡᠨ ᠮᠠᠭᠤ ᠳᠠᠳᠬᠠᠯ᠎ᠢᠶᠠᠨ ᠵᠠᠪᠠᠯ ᠬᠠᠯᠠᠬᠤ ᠬᠡᠷᠡᠭᠲᠡᠶ᠃

1. ᠮᠠᠭᠤ ᠲᠠᠳᠬᠠᠯ ᠨᠢᠬᠡ᠄ ᠤᠨᠲᠠᠵᠤ ᠰᠡᠷᠡᠮᠡᠭᠴᠡ ᠪᠠᠷᠢᠨ ᠲᠤᠤᠷ᠎ᠠ ᠪᠠᠨ ᠤᠷᠤ ᠡᠴᠠ᠎ᠪᠠᠨ ᠪᠠᠭᠤᠬᠤ᠃ ᠬᠡᠷᠪᠡ ᠤᠨᠳᠠᠵᠤ ᠰᠡᠷᠢᠮᠡᠭᠴᠠ ᠤᠷᠤ ᠡᠴᠨ ᠪᠠᠨ ᠪᠠᠭᠤᠪᠠᠯ᠂ ᠶᠡᠬᠡ ᠲᠠᠷᠢᠬᠢᠨ᠎ᠤ ᠴᠢᠰᠤᠨ᠎ᠤ ᠬᠠᠩᠭᠠᠯᠲᠠ ᠬᠦᠷᠦᠯᠴᠡᠬᠦ᠌ ᠦᠭᠡᠢ ᠪᠣᠯᠵᠤ᠂ ᠰᠠ ᠡᠪᠡᠳᠴᠢᠨ᠂ ᠭᠡᠨᠡᠳᠲᠡ ᠦᠬᠦᠬᠦ᠌ ᠵᠡᠷᠭᠡ ᠭᠡᠨᠡᠳᠲᠡ᠎ᠶᠢᠨ ᠡᠨᠳᠡᠯ ᠠᠮᠠᠷᠬᠠᠨ ᠭᠠᠷᠴᠤ᠌ ᠮᠡᠳᠡᠨ᠎ᠡ᠃ ᠰᠠᠨᠠᠭᠤᠯᠤᠮᠵᠢ᠄ ᠰᠠᠶᠢ ᠰᠡᠷᠡᠮᠡᠭᠴᠡ ᠣᠷᠣ ᠳᠡᠭᠡᠷ᠎ᠡ᠎ᠪᠠᠨ 30 ᠰᠧᠺᠦ᠋ᠨ᠋ᠳ᠋ ᠬᠡᠪᠲᠡᠵᠦ᠍᠂ ᠪᠣᠰᠤᠭᠰᠠᠨ᠎ᠤ ᠳᠠᠷᠠᠭ᠎ᠠ 30 ᠰᠧᠺᠦ᠋ᠨ᠋ᠳ᠋ ᠰᠠᠭᠤᠵᠤ᠂ ᠲᠠᠷᠠᠭ᠎ᠠ ᠨᠢ ᠣᠷᠣ᠎ᠶᠢᠨ ᠬᠦᠪᠡᠭᠡ ᠲᠡᠭᠡᠷ᠎ᠡ ᠪᠡᠨ 30 ᠰᠧᠺᠦ᠋ᠨ᠋ᠳ᠋ ᠰᠠᠭᠤᠬᠰᠠᠨ ᠤ᠋ ᠬᠤᠶ᠋ᠢᠨ᠎ᠠ ᠰᠠᠶᠢ ᠪᠤᠰᠴᠤ᠌ ᠶᠠᠪᠤᠨ᠎ᠠ᠃

2. ᠮᠠᠭᠤ ᠳᠠᠳᠬᠠᠯ ᠬᠣᠶᠠᠷ᠄ ᠪᠣᠰᠤᠭᠰᠠᠨ᠎ᠤ ᠳᠠᠷᠠᠭ᠎ᠠ ᠪᠠᠯ᠎ᠲᠠᠢ ᠤᠰᠤ᠂ ᠳᠠᠪᠤᠰᠤ᠎ᠲᠠᠢ ᠤᠰᠤ ᠤᠤᠭᠤᠬᠤ᠃ ᠵᠠᠷᠢᠮ ᠬᠥᠮᠦᠨ ᠥᠷᠯᠥᠭᠡ ᠪᠣᠰᠤᠭᠰᠠᠨ᠎ᠤ ᠳᠠᠷᠠᠭ᠎ᠠ ᠪᠠᠯ᠎ᠲᠠᠢ ᠤᠰᠤ᠂ ᠳᠠᠪᠤᠰᠤ᠎ᠲᠠᠢ ᠤᠰᠤ ᠤᠤᠭᠤᠬᠤ ᠳᠤᠷᠠᠲᠠᠶ ᠪᠠᠶ᠋ᠢᠳᠠᠭ ᠪᠦᠭᠡᠳ ᠡᠨᠡ᠎ᠨᠢ ᠭᠠᠳᠠᠭᠠᠯᠠᠬᠤ᠂ ᠬᠤᠤᠷ ᠢ᠋ ᠭᠠᠳᠠᠭᠰᠢᠯᠠᠭᠤᠯᠬᠤ᠎ᠳᠤ ᠲᠤᠰᠠᠳᠠᠢ ᠭᠡᠵᠦ᠍ ᠦᠵᠡᠳᠡᠭ᠂ ᠦᠨᠡᠨ᠎ᠳᠡᠭᠡᠨ ᠢᠩᠭᠢᠵᠦ᠍ ᠬᠢᠬᠦ᠌᠎ᠨᠢ ᠪᠤᠷᠤᠭᠤ ᠶᠤᠮ᠃ ᠰᠠᠨᠠᠭᠤᠯᠤᠮᠵᠢ᠄ ᠥᠷᠯᠥᠭᠡ ᠪᠤᠰᠤᠬᠰᠠᠨ ᠤ᠋ ᠲᠠᠷᠠᠭ᠎ᠠ ᠨᠢᠭᠡ ᠴᠤᠮᠤ ᠪᠤᠴᠠᠯᠤᠭᠰᠠᠨ ᠤᠰᠤ ᠤᠤᠭᠤᠬᠤ ᠪᠣᠯ ᠬᠠᠮᠤᠭ᠎ᠤᠨ ᠰᠠᠶ᠋ᠢᠨ ᠰᠣᠩᠭᠣᠯᠲᠠ ᠮᠥᠨ᠃ ᠤᠰᠤ ᠤᠤᠭᠤᠬᠤ᠎ᠳᠠᠭᠠᠨ ᠪᠠᠭ᠎ᠠ ᠬᠡᠮᠵᠢᠶ᠎ᠡ᠎ᠪᠠᠷ ᠣᠯᠠᠨ ᠤᠳᠠᠭ᠎ᠠ ᠤᠤᠭᠤᠬᠤ ᠬᠡᠷᠡᠭᠲᠡᠢ᠂ ᠨᠢᠭᠡ ᠯᠡ ᠲᠡᠭᠡᠷ᠎ᠡ ᠲᠡᠡᠭᠳᠡᠭᠦᠦ ᠠᠷᠪᠢᠨ ᠤᠤᠭᠤᠵᠤ ᠪᠣᠯᠬᠤ ᠦᠭᠡᠢ᠂ ᠤᠤᠭᠤᠬᠤ ᠤᠰᠤᠨ᠎ᠤ ᠬᠡᠮᠵᠢᠶ᠎ᠡ᠎ᠶᠢ 100 ᠮᠢᠯᠢᠯᠢᠲᠷ᠎ᠠᠴᠠ ᠬᠡᠲᠦᠷᠡᠭᠦᠯᠵᠦ᠍ ᠪᠣᠯᠬᠤ ᠦᠭᠡᠢ᠃

3. ᠮᠠᠭᠤ ᠳᠠᠳᠬᠠᠯ ᠭᠤᠷᠪᠠ᠄ ᠭᠠᠳᠠᠭᠠᠯᠠᠬᠤ ᠳ᠋ᠠᠭᠠᠨ ᠬᠡᠲᠦᠷᠬᠡᠶ ᠤᠳᠠᠭᠠᠨ ᠰᠠᠭᠤᠬᠤ᠃ ᠥᠷᠯᠥᠭᠡ ᠪᠣᠰᠤᠭᠰᠠᠨ᠎ᠤ ᠳᠠᠷᠠᠭ᠎ᠠ ᠪᠦᠳᠦᠭᠦᠨ ᠭᠡᠳᠡᠰᠦᠨ᠎ᠤ ᠬᠥᠳᠡᠯᠭᠡᠭᠡᠨ ᠨᠡᠯᠢᠶᠡᠳ ᠬᠥᠭᠵᠢᠶᠡᠨ᠎ᠲᠠᠢ ᠪᠠᠶ᠋ᠢᠳᠠᠭ᠂ ᠴᠥᠭᠡᠨ ᠪᠤᠰᠤ ᠬᠥᠮᠦᠨ ᠨᠢ ᠡᠨᠡ ᠦᠶ᠎ᠡ᠎ᠳᠤ ᠭᠠᠳᠠᠭᠠᠯᠠᠳᠠᠭ᠂ ᠢᠩᠭᠢᠵᠦ᠍ ᠬᠢᠬᠦ᠌᠎ᠨᠢ ᠵᠥᠪ ᠶᠤᠮ᠃ ᠭᠡᠪᠡᠴᠦ᠍ ᠵᠠᠷᠢᠮ ᠬᠥᠮᠦᠨ ᠨᠢ ᠭᠠᠳᠠᠭᠠᠯᠠᠬᠤ ᠳ᠋ᠠᠭᠠᠨ ᠭᠠᠷ ᠤᠲᠠᠰᠤ ᠨᠠᠭᠠᠳᠴᠤ᠌᠂ ᠵᠣᠷᠯᠣᠩ᠎ᠳᠤ ᠬᠠᠭᠠᠰ ᠴᠠᠭ ᠵᠢᠨᠷ ᠰᠠᠭᠤᠳᠠᠭ᠂ ᠢᠩᠭᠢᠪᠡᠯ ᠱᠠᠮᠪᠠᠷᠠᠮ ᠤᠯᠵᠤ ᠮᠡᠳᠡᠨ᠎ᠡ᠃ ᠲᠠᠬᠢᠪᠠᠯ ᠭᠠᠳᠠᠭᠠᠯᠠᠬᠤ᠎ᠳᠠᠭᠠᠨ ᠬᠡᠲᠦᠷᠬᠡᠢ ᠬᠦᠴᠦᠯᠡᠵᠦ᠍ ᠪᠣᠯᠬᠤ ᠦᠭᠡᠢ᠂ ᠬᠡᠲᠦᠷᠬᠡᠢ ᠬᠦᠴᠦᠯᠡᠪᠡᠯ ᠭᠡᠨᠡᠳᠲᠡ ᠦᠬᠦᠬᠦ᠂ ᠲᠠᠷᠢᠬᠢᠨ᠎ᠤ ᠴᠢᠰᠤᠨ ᠰᠤᠳᠠᠯ ᠳᠡᠯᠪᠡᠷᠡᠬᠦ᠌ ᠵᠡᠷᠭᠡ ᠭᠡᠨᠡᠳᠲᠡ᠎ᠶᠢᠨ ᠡᠨᠳᠡᠯ ᠭᠠᠷᠴᠤ᠌ ᠮᠡᠳᠡᠨ᠎ᠡ᠃

4. ᠮᠠᠭᠤ ᠳᠠᠳᠬᠠᠯ ᠳᠥᠷᠪᠡ᠄ ᠴᠠᠭ ᠲᠠᠭᠠᠨ ᠥᠷᠯᠥᠭᠡᠨ᠎ᠤ ᠬᠣᠭᠣᠯᠠ ᠪᠡᠨ ᠢᠳᠡᠬᠦ ᠦᠭᠡᠢ᠃ ᠥᠷᠯᠥᠭᠡ ᠬᠣᠭᠣᠯᠠ ᠢᠳᠡᠬᠦ᠌ ᠥᠬᠡᠶ ᠪᠤᠶᠤ ᠨᠡᠯᠢᠶᠡᠳ ᠤᠷᠤᠢ ᠰᠡᠶᠢ ᠥᠷᠯᠥᠭᠡ᠎ᠶᠢᠨ ᠬᠣᠭᠣᠯᠠ ᠪᠡᠨ ᠢᠳᠡᠬᠦ᠌᠎ᠨᠢ ᠬᠣᠳᠣᠭᠣᠳᠣᠨ ᠡᠪᠡᠳᠴᠢᠨ᠂ ᠰᠥᠰᠥᠨ᠎ᠤ ᠴᠢᠯᠠᠭᠤᠰᠢᠷᠠᠯ᠎ᠤᠨ ᠠᠶᠤᠯ ᠲᠦᠭᠰᠢᠭᠦᠷᠢ᠎ᠶᠢ ᠨᠡᠮᠡᠭᠳᠡᠭᠦᠯᠳᠡᠭ ᠪᠦᠭᠡᠳ ᠪᠠᠰᠠ ᠮᠠᠷᠢᠶᠠᠯᠠᠬᠤ ᠪᠠ ᠲᠠᠨᠢᠨ ᠮᠡᠳᠡᠬᠦᠶ᠎ᠶᠢᠨ ᠴᠢᠳᠠᠪᠤᠷᠢ᠎ᠶᠢ ᠪᠠᠭᠤᠷᠠᠭᠤᠯᠵᠤ ᠮᠡᠳᠡᠨ᠎ᠡ᠃ 9᠄ 00 ᠴᠠᠭ᠎ᠠᠴᠠ ᠰᠡᠭᠦᠯᠡᠷ ᠥᠷᠯᠥᠭᠡ᠎ᠶᠢᠨ ᠬᠣᠭᠣᠯᠠ ᠢᠳᠡᠵᠦ᠍᠂ 21᠄ 00 ᠴᠠᠭ᠎ᠠᠴᠠ ᠰᠡᠭᠦᠯᠡᠷ ᠣᠷᠣᠢ᠎ᠶᠢᠨ ᠬᠣᠭᠣᠯᠠ ᠢᠳᠡᠬᠦ᠌᠎ᠨᠢ ᠵᠢᠷᠦᠬᠡ ᠴᠢᠰᠤᠨ ᠰᠤᠳᠠᠯ᠎ᠤᠨ ᠡᠪᠡᠳᠴᠢᠨ᠎ᠳᠤ ᠨᠡᠷᠪᠡᠭᠳᠡᠵᠤ ᠮᠡᠳᠡᠨ᠎ᠡ᠂ 2 ᠬᠡᠯᠪᠡᠷᠢ᠎ᠶᠢᠨ ᠰᠢᠬᠢᠷ ᠰᠢᠵᠢᠩ ᠡᠪᠡᠳᠴᠢᠨ᠎ᠳᠤ ᠨᠡᠷᠪᠡᠭᠳᠡᠬᠦ᠌ ᠨᠤᠷᠮ᠎ᠠ᠎ᠨᠢ 59 % ᠡᠴᠠ ᠥᠨᠳᠥᠷ ᠪᠠᠶ᠋ᠢᠳᠠᠭ᠃ ᠰᠠᠨᠠᠭᠤᠯᠤᠮᠵᠢ᠄ ᠥᠷᠯᠥᠭᠡ᠎ᠶᠢᠨ ᠬᠣᠭᠣᠯᠨ ᠪᠡᠨ 7᠄ 00 ᠴᠠᠭ ᠡᠴᠠ 8᠄ 00 ᠴᠠᠭ᠎ᠤᠨ ᠬᠤᠭᠤᠷᠤᠨᠳᠦ ᠢᠳᠡᠪᠡᠯ ᠲᠣᠬᠢᠷᠠᠮᠵᠢᠲᠠᠶ ᠶᠤᠮ᠃

(《ᠠᠷᠠᠳ᠎ᠤᠨ ᠰᠦᠯᠵᠢᠶ᠎ᠡ》 ᠡᠴᠨ ᠤᠷᠴᠢᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号