ᠴᠤᠤᠷᠢᠶ᠎ᠠ
2026-07-24 10:32:15
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠠᠢ᠍ᠮᠠ ᠶᠢᠰᠤᠨ ᠨᠠᠰᠤᠳᠠᠢ ᠨᠢᠬᠡ ᠬᠦᠤ ᠠᠪᠤ ᠲᠠᠢ ᠪᠠᠨ ᠬᠠᠮᠳᠤ ᠠᠭᠤᠯᠠᠨ᠎ᠳᠤ ᠠᠶᠠᠯᠠᠵᠤ ᠶᠠᠪᠤᠵᠠᠢ᠃ ᠬᠡᠳᠡᠯ᠎ᠠ ᠬᠦᠤ ᠬᠡᠨᠡᠳᠳᠡ ᠬᠠᠯᠳᠤᠷᠢᠨ ᠤᠨᠠᠭᠠᠳ ᠡᠪᠡᠳᠦᠭᠰᠡᠡ ᠳ᠋ᠡᠬᠡᠨ《ᠶᠤ᠂ ᠶᠤ!》 ᠬᠡᠵᠤ ᠤᠷᠢᠯᠠᠵᠠᠢ᠃ ᠬᠡᠳᠡᠯ᠎ᠠ ᠲᠠᠭᠤ ᠨᠢ ᠴᠤᠤᠷᠢᠶᠠᠳᠤᠨ ᠡᠷᠬᠢᠨ ᠰᠤᠨᠤᠰᠤᠭᠳᠠᠵᠠᠢ᠃ ᠬᠦᠤ᠂ ᠬᠡᠨ ᠨᠢᠬᠡᠨ ᠪᠠᠰᠠ 《ᠶᠤ᠂ ᠶᠤ!》 ᠬᠡᠵᠤ ᠤᠷᠢᠯᠠᠵᠤ ᠪᠠᠢᠬᠤ ᠪᠤᠢ ᠬᠡᠵᠤ ᠠᠰᠠᠭᠤᠪᠠ᠃

ᠡᠮᠤᠨ᠎ᠠ ᠨᠢ ᠡᠢᠮᠤ ᠵᠤᠢᠯ ᠲᠠᠢ ᠤᠭᠳᠤ ᠲᠠᠭᠠᠷᠠᠯᠳᠤᠵᠤ ᠪᠠᠢᠭ᠎ᠠ ᠦᠬᠡᠢ ᠳᠤᠯᠠ ᠭᠠᠢᠬᠠᠨ᠄ 《ᠴᠢ ᠬᠡᠨ ᠪᠤᠢ?》 ᠬᠡᠵᠤ ᠬᠠᠰᠬᠢᠷᠪᠡ᠃

ᠬᠠᠷᠢᠭᠤ ᠴᠤ᠌ ᠲᠠᠷᠠ ᠳᠤᠤᠷ᠎ᠠ ᠪᠡᠨ ᠢᠷᠡᠯ᠎ᠠ᠃ 《ᠴᠢ ᠬᠡᠨ ᠪᠤᠢ?》

ᠬᠠᠷᠢᠨ ᠬᠦᠤ ᠪᠤᠬᠢᠨᠢᠳᠤᠨ᠄《ᠬᠤᠯᠴᠢᠭᠠᠷ》 ᠬᠡᠪᠡ᠃

ᠬᠠᠷᠢᠭᠤ ᠪᠠᠰᠠ ᠯᠠ ᠢᠵᠢᠯᠬᠡᠨ᠄ 《ᠬᠤᠯᠴᠢᠭᠠᠷ!》 ᠬᠡᠵᠤ ᠢᠷᠡᠪᠡ᠃

ᠬᠦᠤ ᠠᠪᠤ᠎ᠳᠠᠭᠠᠨ᠄《ᠠᠪᠤ ᠡ᠂ ᠡᠨᠡ ᠴᠢᠨᠢ ᠤᠳᠤ ᠶᠠᠭᠤ ᠪᠤᠯᠤᠭᠠᠳ ᠪᠠᠢᠭ᠎ᠠ ᠶᠤᠮ ᠪᠤᠢ? ᠪᠢ ᠤᠢᠯᠠᠭᠠᠬᠤ ᠦᠬᠡᠢ ᠪᠠᠢᠨ᠎ᠠ》 ᠬᠡᠪᠡ᠃ ᠠᠪᠤ ᠨᠢ᠄《 ᠮᠢᠨᠤ ᠬᠦᠤ ᠰᠤᠨᠤᠰᠴᠤ ᠪᠠᠢ》 ᠬᠡᠳ 《 ᠪᠦᠬᠦ ᠶᠠᠭᠤᠮ᠎ᠠ ᠰᠠᠢᠬᠠᠨ 》 ᠬᠡᠵᠤ ᠬᠠᠰᠬᠢᠷᠪᠠ᠃

ᠠᠭᠤᠯᠠᠠ ᠡᠴᠨ ᠢᠷᠡᠬᠦ ᠲᠠᠭᠤ ᠡᠷᠬᠢᠬᠡᠳ 《ᠪᠦᠬᠦ ᠶᠠᠭᠤᠮ᠎ᠠ ᠰᠠᠢᠬᠠᠨ!》 ᠬᠡᠪᠡ᠃

ᠠᠪᠤ ᠨᠢ᠄《 ᠪᠢ ᠴᠢᠮ᠎ᠠ᠎ᠳᠤ ᠬᠠᠢᠷᠠᠳᠠᠢ 》 ᠬᠡᠬᠦ᠎ᠳᠤ᠂ ᠠᠭᠤᠯᠠᠨ ᠡᠴᠨ ᠢᠷᠡᠬᠦ ᠲᠠᠭᠤ᠄《 ᠪᠢ ᠴᠢᠮ᠎ᠠ᠎ᠳᠤ ᠬᠠᠢᠷᠠᠳᠠᠢ!》 ᠬᠡᠵᠤ ᠬᠠᠷᠢᠭᠤ ᠢᠷᠡᠪᠡ᠃

ᠬᠦᠤ ᠭᠠᠢᠬᠠᠭᠰᠠᠠ ᠬᠡᠪ ᠵᠢᠡᠷ ᠵᠢᠠᠨ ᠰᠠᠢᠨ ᠤᠢᠯᠠᠭᠠᠬᠤ ᠦᠬᠡᠢ ᠪᠠᠢᠯ᠎ᠠ᠃

ᠡᠬᠦᠨ᠎ᠢ ᠬᠠᠷᠠᠭᠰᠠᠠ ᠠᠪᠤ ᠨᠢ᠄《ᠡᠬᠦᠨ ᠎ᠢ 〈ᠴᠤᠤᠷᠢᠶ᠎ᠠ〉 ᠬᠡᠳᠡᠭ ᠶᠤᠮ᠃ ᠭᠡᠪᠡᠴᠤ ᠠᠮᠢᠳᠤᠷᠠᠯ ᠦᠨᠡᠨ᠎ᠳ᠋ᠡᠬᠡᠨ ᠶᠠᠭ ᠴᠤᠤᠷᠢᠶ᠎ᠠ ᠰᠢᠬ ᠪᠠᠢᠳᠠᠭ᠃ ᠴᠢᠨᠤ ᠬᠡᠯᠡᠭᠰᠡᠡ ᠬᠢᠭᠰᠡᠡ ᠪᠦᠷᠢ ᠴᠢᠨᠢ ᠡᠷᠬᠢᠬᠡᠳ ᠴᠢᠮ᠎ᠠ᠎ᠳᠤ ᠲᠠᠷᠠ ᠬᠡᠪ ᠵᠢᠡᠷ ᠳᠤᠰᠳᠠᠭ᠃ ᠠᠮᠢᠳᠤᠷᠠᠯ ᠪᠤᠯ ᠪᠢᠳᠠᠨ᠎ᠤ ᠦᠪᠡᠷᠰᠡᠳ᠎ᠤᠨ ᠬᠢᠭᠰᠡᠡ ᠬᠡᠯᠡᠭᠰᠡᠡ᠎ᠤ ᠴᠤᠤᠷᠢᠶ᠎ᠠ ᠮᠦᠨ ᠪᠢᠯᠠ᠃ ᠠᠮᠢᠳᠤᠷᠠᠯ᠎ᠢ ᠰᠠᠢᠨ ᠰᠠᠢᠬᠠᠨ ᠪᠠᠢᠯᠭᠠᠵᠤ᠂ ᠮᠠᠭᠤ ᠮᠠᠭᠤᠬᠠᠢ ᠡᠴᠨ ᠴᠡᠪᠡᠷᠯᠡᠬᠦ ᠬᠡᠷᠡᠭᠳᠡᠢ᠃ ᠪᠤᠰᠤᠳ᠎ᠢ ᠦᠷᠦᠪᠴᠢ ᠵᠦᠬᠡᠯᠡᠨ ᠪᠠᠢᠭᠠᠰᠠᠢ ᠬᠡᠵᠤ ᠬᠦᠰᠡᠵᠤ ᠪᠠᠢᠭ᠎ᠠ ᠪᠤᠯ ᠡᠬᠢᠯᠡᠬᠡᠳ ᠦᠪᠡᠷ ᠵᠢᠠᠨ ᠦᠷᠤᠪᠴᠢ ᠵᠦᠬᠡᠯᠡᠨ ᠪᠠᠢᠬᠤ ᠬᠡᠷᠡᠭᠳᠡᠢ᠃ ᠠᠮᠢᠳᠤᠷᠠᠯ ᠬᠡᠳᠡᠭ ᠴᠢᠨᠢ ᠴᠢ ᠲᠡᠬᠦᠨ᠎ᠳᠤ ᠶᠠᠭᠤ ᠦᠭᠬᠦᠪᠡᠯ ᠡᠷᠬᠢᠬᠡᠳ ᠶᠠᠬ ᠲᠡᠬᠦᠨ᠎ᠢ ᠴᠢᠮ᠎ᠠ᠎ᠳᠤ ᠦᠭᠳᠡᠭ ᠵᠢᠮ᠎ᠠ ᠲᠠᠢ》 ᠬᠡᠪᠡ᠃

ᠠᠮᠢᠳᠤᠷᠠᠯ᠎ᠤᠨ ᠤᠬᠠᠭᠠᠨ᠎ᠢ ᠪᠠᠶ᠎ᠠ ᠪᠡᠷ ᠵᠢᠠᠨ ᠦᠩᠬᠡᠷᠡᠬᠦᠯᠵᠤ ᠪᠠᠢᠮᠠᠨᠵᠢᠨ ᠰᠠᠶᠢ ᠪᠦᠬᠦ ᠵᠤᠢᠯ᠎ᠢ ᠬᠦᠨ ᠲᠠᠨᠢᠵᠤ᠂ ᠮᠡᠳᠡᠷᠡᠵᠤ᠂ ᠤᠢᠯᠠᠭᠠᠳᠠᠭ᠃ ᠶᠠᠭ ᠪᠢᠳᠠᠨ᠎ᠤ ᠲᠠᠩᠳᠠ ᠬᠡᠯᠡᠳᠡᠭ ᠠᠮᠢᠳᠤᠷᠠᠯ ᠪᠤᠯ ᠤᠢᠯᠡᠳᠤᠯᠬᠡ ᠡᠴᠨ ᠢᠷᠡᠯ ᠲᠠᠢ᠂ ᠤᠢᠯᠠᠳᠤᠯᠬᠡ ᠵᠢᠨ ᠳᠤᠮᠳᠠᠬᠢ ᠪᠤᠳᠠᠳᠤ ᠤᠢᠯᠠ ᠶᠠᠪᠤᠳᠠᠯ ᠵᠢᠡᠷ ᠲᠠᠮᠵᠢᠨ ᠨᠢᠬᠡ ᠤᠴᠢᠷ ᠶᠠᠪᠤᠳᠠᠯ᠎ᠢ ᠦᠨᠡᠨ ᠬᠦ᠌ ᠤᠢᠯᠠᠭᠠᠵᠤ ᠮᠡᠳᠡᠳᠡᠭ ᠪᠠᠢᠨ᠎ᠠ᠃ ᠠᠮᠢᠳᠤᠷᠠᠯ ᠡᠴᠨ ᠦᠨᠡᠨ ᠵᠤᠢᠯ᠂ ᠵᠦᠪ ᠡᠨ᠋ᠸᠷᠬᠢ ᠵᠢ ᠬᠦᠷᠳᠡᠵᠤ ᠴᠢᠳᠠᠳᠠᠭ ᠬᠡᠬᠦ᠎ᠳᠤ  ᠬᠡᠤᠬᠡᠳ᠎ᠤᠨ ᠠᠩᠬᠠᠨ᠎ᠤ ᠪᠠᠭᠰᠢ ᠪᠤᠯᠬᠤ ᠠᠪᠤ ᠡᠵᠢ ᠵᠢᠨ ᠰᠤᠷᠭᠠᠯ ᠪᠠᠰᠠ ᠳᠤᠩ ᠴᠢᠬᠤᠯᠠ ᠪᠠᠢᠳᠠᠭ᠃ ᠠᠪᠤ ᠡᠵᠢ ᠪᠤᠯᠤᠭᠰᠠᠳ ᠴᠤ᠌ ᠢᠯᠡᠬᠦᠬᠡᠨ ᠬᠡᠤᠬᠡᠳ ᠵᠢᠠᠨ ᠲᠠᠭᠠᠭᠤᠯᠵᠤ ᠡᠬᠡ ᠪᠠᠢᠭᠠᠯᠢ ᠲᠠᠢ ᠤᠢᠷᠠᠳᠤᠭᠤᠯᠤᠨ᠂ ᠬᠦᠳᠡᠬᠡ ᠨᠤᠳᠤᠭ ᠵᠢᠡᠷ ᠬᠦᠷᠴᠤ ᠠᠵᠢᠯ ᠠᠬᠤᠢ ᠬᠢᠯᠬᠡᠬᠦ ᠨᠢ ᠬᠡᠤᠬᠡᠳ᠎ᠤᠨ ᠭᠠᠷ ᠬᠦᠳᠡᠯᠵᠤ᠂ ᠲᠠᠷᠢᠬᠢ ᠳᠤᠯᠤᠭᠠᠢ ᠪᠡᠨ ᠰᠡᠷᠬᠦᠬᠡᠵᠤ᠂ ᠮᠡᠳᠡᠯᠬᠡ ᠮᠡᠳᠡᠴᠠ ᠪᠡᠨ ᠨᠡᠮᠡᠭᠳᠡᠬᠦᠯᠬᠦ᠎ᠳᠤ ᠠᠰᠢᠬᠳᠠᠢ  ᠶᠤᠮ᠃


    (《ᠲᠡᠯᠡᠬᠡᠢ ᠵᠢᠨ ᠰᠤᠷᠭᠠᠮᠵᠢᠳᠤ ᠦᠬᠦᠯᠡᠯᠬᠡ》 ᠡᠴᠨ ᠨᠠᠢᠷᠠᠭᠤᠯᠤᠨ ᠡᠪᠤᠪᠡ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号