— ᠤᠯᠤᠰᠤᠨ ᠲᠡᠰᠤᠨ ᠪᠤᠳᠠᠰᠤᠨ ᠪᠤᠰᠤ ᠰᠤᠶᠤᠯᠤᠨ ᠦᠪᠤᠨ ᠬᠤᠯᠪᠤᠭᠠᠶᠢᠨ ᠤᠯᠠᠮᠵᠢᠯᠠᠭᠴᠢ᠂ ᠦᠪᠡᠷᠳᠡᠭᠡᠨ ᠵᠠᠰᠠᠬᠤ ᠤᠷᠤᠨᠤ 《ᠰᠠᠷᠠᠨᠠ》 ᠱᠠᠩᠨᠠᠯᠳᠤ ᠠᠷᠠᠳ ᠤ᠋ᠨ ᠤᠷᠠᠯᠢᠭᠴᠢᠨ ᠬᠠᠶ᠋ᠢᠴᠢᠩᠰᠢᠪᠠᠭᠤ ᠵᠢ ᠲᠡᠮᠳᠡᠭᠯᠡᠪᠡ
ᠬᠠᠶ᠋ᠢᠴᠢᠩᠰᠢᠪᠠᠭᠤ ᠪᠠᠭᠰᠢ ᠵᠤᠬᠢᠶᠠᠵᠤ᠂ ᠦᠪᠦᠷ ᠮᠤᠩᠭᠤᠯᠤᠨ 《ᠠᠨᠳᠠ》 ᠬᠠᠮᠳᠤᠯᠢᠭ ᠲᠠᠢ ᠬᠠᠮᠳᠤᠷᠠᠨ ᠲᠤᠭᠯᠠᠭᠰᠠᠨ ᠰᠢᠯᠢᠳᠡᠭ ᠪᠦᠳᠦᠭᠡᠯ — 《ᠬᠤᠷᠴᠢᠨ ᠵᠢᠷᠤᠭᠠ》 ᠭᠡᠳᠡᠭ ᠬᠤᠯᠪᠤᠭᠠ ᠳ᠋ᠥ᠄
《ᠬᠤᠭᠤᠷᠤᠨ ᠲᠦᠷᠪᠡᠨ ᠤᠳᠠᠰᠤ ᠮᠢᠨᠢ ᠂ ᠬᠤᠭᠤᠷᠤᠨ ᠠᠶᠠ ᠪᠡᠷ ᠬᠦᠩᠬᠢᠨᠡᠬᠡᠳ
ᠬᠤᠷᠠᠨ ᠴᠤᠭᠯᠠᠷᠠᠭᠰᠠᠠ ᠤᠯᠠᠨ ᠳ᠋ᠠᠭᠠᠨ᠂ ᠬᠤᠯᠪᠤᠭᠠ ᠲᠠᠭᠤᠤ ᠪᠡᠨ ᠡᠷᠬᠦᠵᠤ
ᠬᠤᠷᠴᠢᠨ ᠨᠤᠳᠤᠭᠤᠨ ᠵᠢᠷᠤᠭᠠ ᠡᠴᠨ᠂ ᠬᠤᠳᠠᠯᠠ ᠤᠯᠠᠨ ᠳ᠋ᠠᠭᠠᠨ ᠲᠠᠨᠢᠯᠴᠠᠭᠤᠯᠵᠤ
ᠬᠤᠪᠤᠷ ᠰᠠᠢᠬᠠᠨ ᠭᠠᠢᠬᠠᠮᠰᠢᠬ ᠡᠴᠨ ᠨᠢ ᠬᠤᠯᠪᠤᠵᠤ ᠮᠠᠭᠳᠠᠭᠠᠳ ᠲᠠᠭᠤᠯᠠᠶᠠ ᠁》 ᠭᠡᠳᠡᠭᠴᠢᠯᠡᠨ ᠲᠡᠷᠡ ᠪᠠᠷ 《ᠲᠤᠮᠳᠠᠳᠤ ᠤᠯᠤᠰᠤᠨ ᠮᠤᠷᠢᠨ ᠸᠠᠩ ᠤᠨ ᠦᠯᠦᠭᠡᠢ》 ᠭᠡᠮᠡᠨ ᠠᠯᠳᠠᠷᠰᠢᠭᠰᠠᠨ ᠬᠤᠷᠴᠢᠨ ᠵᠡᠬᠦᠨ ᠭᠠᠷᠤᠨ ᠬᠤᠶ᠋ᠢᠳᠤ ᠬᠤᠰᠢᠭᠤᠨ ᠤ ᠠᠳᠤᠭᠤᠨ ᠰᠤᠶᠤᠯᠤᠨ ᠤᠳᠤᠮᠰᠢᠯ ᠢ᠋ ᠬᠤᠷᠸᠠ ᠲᠦᠮᠡᠨ ᠳ᠋ᠡᠬᠡᠨ ᠲᠠᠨᠢᠯᠴᠠᠭᠤᠯᠬᠤ ᠡᠬᠦᠳᠡᠨ ᠡᠴᠠ ᠵᠤᠬᠢᠶᠠᠨ ᠪᠦᠳᠦᠭᠡᠭᠰᠡᠨ ᠲᠤᠰ ᠪᠦᠳᠦᠭᠡᠯ ᠲᠠᠨᠠᠷᠤᠨ ᠰᠤᠨᠤᠷ ᠲᠤ᠌ ᠬᠦᠷᠴᠤ᠂ ᠰᠡᠳᠬᠢᠯᠢ ᠲᠠᠳᠠᠬᠰᠠᠠ ᠪᠠᠢᠬᠠ᠃

ᠬᠠᠢᠴᠢᠩᠰᠢᠪᠠᠭᠤ ᠬᠡᠤᠬᠡᠳ
ᠤᠳ
ᠲᠠᠢ ᠬᠠᠮᠳᠤ
2022 ᠤᠨ ᠳ᠋ᠥ᠍ ᠬᠠᠶ᠋ᠢᠴᠢᠩᠰᠢᠪᠠᠭᠤ ᠪᠠᠭᠰᠢ ᠶ᠋ᠢᠨ ᠪᠦᠳᠦᠭᠡᠯ《ᠬᠤᠷᠴᠢᠨ ᠵᠢᠷᠤᠭᠠ》 ᠪᠦᠬᠦ᠌ ᠤᠯᠤᠰᠤᠨ ᠦᠵᠡᠭᠴᠢᠤᠨᠤᠨ ᠲᠤᠮᠳᠠ ᠯᠤᠳᠤ ᠶᠡᠭᠡ ᠲᠤᠩᠰᠤᠯᠤᠯᠳᠠ ᠭᠠᠷᠭᠠᠵᠤ᠂ ᠬᠦᠮᠦᠰᠤᠨ ᠬᠠᠯᠠᠭᠤᠨ ᠬᠦᠷᠢᠶᠡᠯᠡᠯ ᠢ᠋ ᠤᠯᠤᠭᠰᠠᠨ ᠪᠠᠶ᠋ᠢᠨᠠ᠃ ᠳᠤᠰ ᠪᠦᠳᠤᠬᠡᠯ ᠨᠢ 2022 ᠤᠨᠳᠤ ᠱᠠᠨ ᠰᠢ ᠮᠤᠵᠢ ᠶ᠋ᠢᠨ ᠴᠠᠩ ᡁᠢ ᠬᠤᠳᠠ ᠳ᠋ᠥ᠍ ᠶᠠᠪᠤᠭᠳᠠᠭᠰᠠᠨ ᠠᠷᠪᠠᠨ ᠬᠤᠶᠠᠳᠤᠭᠠᠷ ᠬᠤᠭᠤᠴᠠᠭᠠᠨᠤ ᠲᠤᠮᠳᠠᠳᠤ ᠤᠯᠤᠰᠤᠨ ᠲᠠᠭᠤᠤᠷᠢᠯᠢᠭ ᠤᠨ 《ᠮᠦᠳᠡᠨ》 ᠱᠠᠩᠨᠠᠯ ᠤ᠋ᠨ ᠨᠡᠷᠡ ᠲᠤᠷᠠᠳᠤᠭᠳᠠᠭᠰᠠᠳᠤᠨ ᠱᠠᠩᠨᠠᠯᠢ ᠲᠤᠰᠪᠠ᠃ 2020 ᠤᠨᠳᠤ ᠲᠠᠷᠠ ᠪᠡᠷ ᠲᠦᠩᠯᠢᠶᠤᠤ ᠬᠤᠳᠠ ᠶ᠋ᠢᠨ ᠦᠯᠢᠭᠡᠷ ᠬᠤᠯᠪᠤᠭᠠ ᠶ᠋ᠢᠨ ᠪᠤᠯᠪᠠᠰᠤᠷᠠᠯᠤᠨ ᠠᠩᠬᠢ ᠳ᠋ᠥ᠍ ᠤᠷᠢᠭᠳᠠᠨ᠂ ᠲᠦᠷᠪᠡᠨ ᠤᠳᠠᠰᠤᠳᠤ ᠬᠤᠭᠤᠷᠤᠨ ᠲᠤᠬᠠᠢ ᠬᠢᠴᠢᠶᠡᠯ ᠲᠠᠶ᠋ᠢᠯᠤᠮᠵᠢ ᠬᠢᠪᠡ; ᠲᠤᠰ ᠵᠢᠯ ᠳ᠋ᠥ᠍ ᠪᠦᠬᠦ᠌ ᠬᠤᠳᠠ ᠶ᠋ᠢᠨ ᠭᠤᠷᠪᠠᠳᠤᠭᠠᠷ ᠬᠤᠭᠤᠴᠠᠭᠠᠨᠤ ᠬᠤᠷᠴᠢᠨ ᠴᠤᠭᠤᠷᠤᠨ ᠲᠤᠤᠯᠢᠰᠤᠨ ᠪᠤᠯᠪᠠᠰᠤᠷᠠᠯᠤᠨ ᠠᠩᠬᠢ ᠳ᠋ᠥ᠍ ᠲᠠᠶ᠋ᠢᠯᠦᠮᠵᠢ ᠬᠢᠪᠡ᠃
《ᠬᠤᠶᠠᠷᠬᠠᠨ ᠴᠢᠪᠬᠠᠳᠠᠰᠤᠨ ᠳ᠋ᠥ᠍ ᠬᠤᠷᠸᠠ ᠶ᠋ᠢ ᠪᠠᠭᠳᠠᠭᠠᠳᠠᠭ ᠬᠠᠭᠠᠨ ᠬᠦᠭᠵᠢᠮ — ᠮᠤᠷᠢᠨ ᠬᠤᠭᠤᠷ》 ᠭᠡᠮᠡᠨ ᠷ·ᠴᠤᠶ᠋ᠢᠨᠤᠮ ᠭᠤᠸᠠᠢ ᠤᠮᠤᠭ ᠪᠠᠬᠠᠳᠤᠯ ᠲᠠᠢ ᠰᠢᠯᠦᠭᠯᠡᠭᠰᠡᠨ ᠪᠠᠶ᠋ᠢᠳᠠᠭ᠃ ᠡᠨᠳᠡ ᠪᠢ ᠮᠤᠷᠢᠨ ᠬᠤᠭᠤᠷᠤᠨ ᠲᠤᠮᠤᠭᠯᠢᠭ ᠦᠯᠢᠭᠡᠷ ᠲᠤ᠌ ᠠᠭᠤᠰᠤᠭᠰᠠᠨ ᠮᠤᠷᠢᠨ ᠬᠤᠭᠤᠷᠴᠢᠨ ᠢ᠋ ᠲᠡᠮᠳᠡᠭᠯᠡᠬᠦ᠌ ᠪᠢᠰᠢ᠂ ᠬᠠᠷᠢᠨ ᠮᠤᠩᠭᠤᠯ ᠦᠨᠳᠦᠰᠦᠳᠡᠨᠤ ᠪᠠᠰᠠ ᠨᠢᠭᠡᠨ ᠤᠯᠠᠮᠵᠢᠯᠠᠯᠳᠤ ᠬᠦᠭᠵᠢᠮᠳᠡᠬᠦᠷ ᠪᠤᠯᠤᠭᠰᠠᠨ ᠲᠦᠷᠪᠡᠨ ᠤᠳᠠᠰᠤᠳᠤ ᠬᠤᠭᠤᠷᠤᠨ ᠡᠭᠡᠰᠢᠭ ᠲᠤ᠌ ᠰᠤᠭᠳᠤᠭᠤᠷᠠᠵᠤ᠂ ᠲᠦᠷᠪᠡᠨ ᠤᠳᠠᠰᠤᠳᠤ ᠬᠤᠭᠤᠷ ᠤᠨ ᠡᠭᠡᠰᠢᠭ ᠲᠤ᠌ ᠬᠠᠶ᠋ᠢᠷᠠ ᠪᠠᠨ ᠰᠢᠩᠭᠡᠭᠡᠵᠦ᠍᠂ ᠲᠦᠷᠪᠡᠨ ᠤᠳᠠᠰᠤᠳᠤ ᠬᠤᠭᠤᠷ ᠤᠨ ᠡᠭᠡᠰᠢᠭ ᠵᠢᠡᠷ ᠠᠮᠢᠳᠤᠷᠠᠯ ᠵᠢᠠᠨ ᠴᠢᠮᠡᠭᠯᠡᠵᠦ᠍᠂ ᠲᠦᠷᠪᠡᠨ ᠤᠳᠠᠰᠤᠳᠤ ᠬᠤᠭᠤᠷ ᠤᠨ ᠡᠭᠡᠰᠢᠭ ᠵᠢᠡᠷ ᠵᠢᠷᠭᠠᠯᠳᠤ ᠠᠮᠢᠳᠤᠷᠠᠯ ᠵᠢᠠᠨ ᠮᠠᠭᠳᠠᠨ ᠲᠠᠭᠤᠯᠠᠭᠰᠠᠨ ᠡᠭᠡᠯ ᠵᠢᠷᠤᠨ ᠠᠷᠠᠳᠤᠨ ᠤᠷᠠᠯᠢᠭᠴᠢᠨ ᠬᠠᠶ᠋ᠢᠴᠢᠩᠰᠢᠪᠠᠭᠤ ᠵᠢᠨ ᠤᠷᠠᠯᠢᠭᠤᠨ ᠬᠦᠭᠡᠭᠡᠴᠡᠯᠳᠦᠯ ᠢ᠋ ᠤᠩᠰᠢᠭᠴᠢ ᠤᠯᠠᠨ ᠳ᠋ᠤ᠌ ᠰᠤᠨᠤᠷᠳᠠᠭᠤᠯᠤᠶᠠ ᠬᠡᠰᠡᠨ ᠶᠤᠮ᠃
ᠬᠤᠷᠴᠢᠨ ᠨᠤᠳᠤᠭ ᠨᠢ ᠦᠯᠢᠭᠡᠷ ᠬᠤᠯᠪᠤᠭᠠ ᠶ᠋ᠢᠨ ᠤᠯᠠᠮᠵᠢᠯᠠᠯᠤᠨ ᠬᠦᠷᠦᠰᠦ ᠰᠢᠷᠤᠢ ᠪᠠᠷ ᠦᠨᠢᠷ ᠦᠳᠭᠡᠨ ᠦᠩ ᠰᠢᠮᠡᠯᠢᠭ ᠪᠠᠶ᠋ᠢᠳᠠᠭ᠃ ᠬᠠᠶ᠋ᠢᠴᠢᠩᠰᠢᠪᠠᠭᠤ ᠬᠤᠷᠴᠢᠨ ᠨᠤᠳᠤᠭᠤᠨ ᠬᠦᠪᠡᠬᠦᠨ ᠪᠤᠯᠤᠭᠰᠠᠨᠤ ᠬᠤᠪᠢ ᠳ᠋ᠥ᠍ ᠬᠠᠷᠠᠬᠠᠨ ᠪᠠᠭᠠ ᠡᠴᠠ ᠪᠡᠨ ᠤᠷᠴᠢᠨ ᠲᠤᠭᠤᠷᠢᠨᠤ ᠨᠦᠯᠦᠭᠡ ᠶ᠋ᠢ ᠶᠡᠬᠡᠳᠡ ᠬᠦᠷᠳᠡᠬᠰᠡᠨ ᠨᠢ ᠲᠠᠮᠵᠢᠭ ᠦᠭᠡᠢ᠃

ᠲᠤᠭᠯᠠᠯᠳᠡ ᠵᠢᠨ ᠲᠠᠢᠰᠠᠨ ᠳ᠋ᠤ
ᠲᠸᠯᠸᠢᠰ ᠲᠦᠭᠡᠮᠡᠯᠵᠢᠭᠡ ᠦᠭᠡᠢ᠂ ᠭᠠᠷ ᠤᠳᠠᠰᠤ ᠪᠠᠶ᠋ᠢᠬᠤ ᠦᠭᠡᠢ ᠲᠤᠬᠠᠢ ᠶ᠋ᠢᠨ ᠦᠶᠡ ᠶ᠋ᠢᠨ ᠪᠤᠶ᠋ᠢᠳᠠ ᠪᠦᠭᠯᠡᠬᠦᠦ ᠬᠦᠳᠡᠭᠡ ᠨᠤᠳᠤᠭᠤᠨ ᠬᠦᠮᠦᠰ ᠲᠤ᠌ ᠬᠠᠶᠠ ᠤᠯᠵᠤ ᠦᠵᠡᠳᠡᠭ ᠺᠢᠨᠤ᠋ ᠨᠢ ᠲᠠᠷᠢᠶᠠᠯᠠᠩᠤᠨ ᠰᠡᠯᠡᠬᠦᠦ ᠤᠯᠠᠷᠢᠯ ᠢ᠋ ᠠᠷᠭᠠᠳᠠᠨ ᠦᠩᠭᠡᠷᠡᠬᠦᠯᠵᠦ᠍ ᠴᠢᠳᠠᠬᠤ ᠪᠡᠨ ᠪᠤᠯᠢᠵᠠᠢ᠃ ᠨᠠᠪᠴᠢᠨ ᠲᠠᠮᠠᠬᠢ ᠫᠤᠭᠰᠢᠵᠤ ᠰᠠᠭᠤᠬᠤ ᠨᠠᠰᠤᠳᠠᠳ ᠬᠠᠭᠤᠴᠢ ᠲᠡᠯᠭᠡᠬᠦ᠂ ᠨᠤᠮ ᠲᠠᠢ ᠭᠡᠰᠡᠨ ᠵᠢᠠᠷ ᠨᠢ ᠦᠯᠢᠭᠡᠷᠤᠨ ᠨᠤᠮ ᠶᠠᠷᠢᠭᠤᠯᠬᠤ᠂ ᠡᠳᠦᠷ ᠪᠦᠷᠢ ᠬᠤᠶᠠᠷ ᠤᠳᠠᠭᠠ ᠷᠠᠳᠢᠤ᠋ ᠡᠴᠠ ᠬᠤᠭᠤᠷ ᠰᠤᠨᠤᠰᠬᠤ ᠶ᠋ᠢ ᠭᠠᠷᠭᠠᠪᠠᠯ ᠬᠤᠭᠤᠷᠴᠢᠨ ᠡᠴᠠ ᠦᠯᠢᠭᠡᠷ ᠬᠤᠯᠪᠤᠭᠠ ᠰᠤᠨᠤᠰᠬᠤ ᠨᠢ ᠬᠦᠳᠡᠭᠡ ᠵᠢᠨ ᠬᠦᠮᠦᠰᠤᠨ ᠤᠶᠤᠨᠤ ᠠᠮᠢᠳᠤᠷᠠᠯᠤᠨ ᠬᠠᠮᠤᠭᠤᠨ ᠨᠠᠨᠳᠢᠨ ᠴᠠᠭ ᠮᠦᠴᠠ ᠪᠤᠯᠤᠨᠠ᠃
ᠠᠶᠠᠨᠳᠠᠭᠠᠨ ᠪᠠᠢᠵᠤ ᠬᠤᠭᠤᠷᠤᠨ ᠡᠭᠡᠰᠢᠭ ᠨᠢ ᠬᠠᠶ᠋ᠢᠴᠢᠩᠰᠢᠪᠠᠭᠤ ᠵᠢᠨ ᠰᠡᠳᠬᠢᠯ ᠳ᠋ᠥ᠍ ᠬᠤᠨᠤᠭᠰᠢᠵᠤ᠂ ᠡᠳᠦᠷᠤᠨ ᠪᠤᠳᠤᠯ ᠰᠦᠨᠢ ᠶ᠋ᠢᠨ ᠵᠡᠬᠦᠳᠦ ᠶ᠋ᠢ ᠡᠵᠡᠯᠡᠳᠡᠭ ᠪᠤᠯᠪᠠ᠃ ᠶᠠᠭᠠᠬᠢᠵᠦ᠍ ᠨᠢᠭᠡ ᠬᠤᠭᠤᠷ ᠲᠠᠢ ᠪᠤᠯᠬᠤ ᠶᠤᠮᠰᠠᠨ ᠭᠡᠮᠡᠨ ᠲᠠᠷᠢᠬᠢ ᠪᠠᠨ ᠭᠠᠰᠢᠯᠭᠠᠵᠤ ᠰᠠᠨᠠᠭᠠ ᠪᠤᠯᠵᠤ ᠰᠠᠭᠤᠵᠤ ᠪᠠᠢᠬᠰᠠᠠ ᠨᠢ ᠪᠠᠭᠠ ᠨᠠᠰᠤᠨᠤ ᠬᠢᠨᠢ ᠮᠦᠷᠤᠬᠡᠳᠤᠯ ᠪᠠᠶ᠋ᠢᠯᠠ᠃ ᠢᠯᠠᠩᠭᠤᠶᠠ ᠰᠤᠷᠭᠠᠭᠤᠯᠢ ᠰᠤᠶᠤᠯᠤᠨ ᠮᠦᠷ ᠬᠦᠭᠡᠭᠡᠬᠦ᠌ ᠵᠠᠪᠰᠢᠶᠠᠨ ᠵᠢᠠᠨ ᠠᠯᠳᠠᠭᠰᠠᠨ ᠲᠡᠷᠡ ᠪᠠᠷ ᠨᠢᠭᠡᠨ ᠡᠷᠳᠡᠮ ᠰᠠᠶ᠋ᠢᠳᠠᠢ ᠨᠡᠷᠡ ᠨᠢᠳᠡᠷ ᠲᠡᠬᠡᠨ ᠲᠡᠩᠴᠡᠭᠰᠡᠨ ᠬᠤᠭᠤᠷᠴᠢ ᠪᠤᠯᠬᠤ ᠰᠠᠨ ᠭᠡᠰᠡᠨ ᠬᠦᠰᠡᠯ ᠳ᠋ᠥ᠍ ᠠᠪᠳᠠᠵᠤ ᠪᠠᠶ᠋ᠢᠪᠠ᠃ ᠠᠶ᠋ᠢᠯᠤᠨ ᠮᠤᠳᠤᠴᠢᠨ ᠢ᠋ ᠠᠪᠤ ᠪᠠᠷ ᠵᠢᠠᠨ ᠭᠤᠶᠤᠭᠤᠯᠵᠤ ᠪᠠᠶ᠋ᠢᠭᠠᠳ ᠬᠠᠶ᠋ᠢᠯᠠᠰᠤᠨ ᠮᠤᠳᠤᠨ ᠬᠤᠭᠤᠷ ᠲᠠᠢ ᠪᠤᠯᠤᠭᠠᠳ ᠬᠦᠯ ᠨᠢ ᠭᠠᠵᠠᠷ ᠬᠦᠷᠬᠦ᠌ ᠦᠭᠡᠢ ᠪᠠᠶᠠᠷᠯᠠᠵᠤ ᠶᠠᠪᠤᠬᠰᠠᠠ ᠶᠤᠮ᠃ 《ᠬᠤᠭᠤᠷ ᠰᠤᠷᠬᠤ ᠪᠠᠷ ᠬᠤᠯᠠᠭᠠᠶ᠋ᠢᠴᠢ ᠰᠤᠷ》 ᠭᠡᠵᠤ ᠵᠠᠷᠢᠮ ᠠᠬᠠᠰ ᠵᠠᠬᠠᠰ ᠨᠢ ᠲᠤᠷᠠ ᠦᠭᠡᠢ ᠪᠠᠶ᠋ᠢᠬᠰᠠᠠ ᠬᠡᠳᠡᠭ᠃ ᠬᠡᠳᠡᠯᠠ ᠬᠠᠶ᠋ᠢᠴᠢᠩᠰᠢᠪᠠᠭᠤ ᠡᠨᠡ ᠲᠡᠷᠡ ᠶ᠋ᠢ ᠬᠠᠮᠢᠶᠠᠷᠴᠤ ᠬᠠᠢᠬᠤᠷᠬᠤ ᠵᠠᠪ ᠦᠭᠡᠢ᠂ ᠦᠳᠡ ᠶ᠋ᠢᠨ ᠬᠠᠯᠠᠭᠤᠨ ᠳ᠋ᠥ᠍ ᠮᠤᠳᠤᠨᠤ ᠰᠡᠬᠦᠳᠡᠷ ᠲᠤ᠌ ᠬᠤᠭᠤᠷ ᠵᠢᠠᠨ ᠪᠤᠯᠪᠠᠰᠤᠷᠠᠳᠠᠭ᠂ ᠡᠪᠡᠰᠦᠳᠦ ᠲᠠᠯᠠ ᠶ᠋ᠢᠨ ᠲᠤᠮᠳᠠ ᠰᠠᠭᠤᠭᠠᠳ ᠬᠤᠭᠤᠷ ᠵᠢᠠᠨ ᠪᠤᠯᠪᠠᠰᠤᠷᠠᠳᠠᠭ᠃ ᠬᠠᠳᠠᠭᠤᠵᠢᠯᠳᠠᠢ ᠪᠤᠯᠪᠠᠰᠤᠷᠠᠭᠰᠠᠨᠤ ᠳ᠋ᠦᠩ ᠳ᠋ᠥ᠍ 《ᠭᠠᠳᠠ ᠮᠠᠶ᠋ᠢᠷᠠᠨ》᠂《ᠲᠠᠶᠠ ᠪᠦᠭᠡᠷᠡ》᠂ 《ᠵᠢᠨᠵᠦᠦᠷ》 ᠵᠡᠷᠭᠡ ᠠᠷᠠᠳᠤᠨ ᠲᠠᠭᠤᠤ ᠶ᠋ᠢᠨ ᠠᠶᠠᠯᠭᠤ ᠲᠠᠰᠤᠭ ᠪᠤᠰᠠᠭ ᠭᠠᠷᠴᠤ᠌ ᠪᠠᠶ᠋ᠢᠨᠠ ᠭᠡᠵᠤ ᠵᠠᠷᠢᠮ ᠬᠦᠮᠦᠰᠤᠨ ᠠᠮᠠᠨ ᠡᠴᠠ ᠲᠤᠭᠤᠯᠤᠭᠠᠳ ᠭᠡᠳᠦᠨ ᠡᠳᠦᠷ ᠪᠠᠯ ᠡᠮᠬᠦᠭᠰᠡᠨ ᠮᠡᠳᠦ ᠪᠠᠶᠠᠷᠯᠠᠵᠤ ᠪᠠᠶ᠋ᠢᠭᠰᠠᠨ ᠤᠳᠠᠭᠠ ᠲᠠᠢ ᠃
ᠬᠠᠶ᠋ᠢᠴᠢᠩᠰᠢᠪᠠᠭᠤ ᠪᠤᠯ ᠱᠤᠭ ᠶᠦᠮᠦᠷᠯᠢᠭ ᠬᠤᠭᠤᠷᠴᠢ ᠶᠤᠮ᠃ ᠱᠤᠭ ᠶᠦᠮᠦᠷ ᠨᠢ ᠠᠮᠢᠳᠤᠷᠠᠯ ᠡᠴᠠ ᠰᠠᠯᠵᠤ ᠪᠤᠯᠤᠰᠢ ᠦᠭᠡᠢ᠃ ᠱᠤᠭ ᠶᠦᠮᠦᠷ ᠨᠢ ᠶᠡᠷᠦ᠍ ᠡᠴᠠ ᠠᠮᠢᠳᠤᠷᠠᠯ ᠢ᠋ ᠴᠢᠮᠡᠭᠰᠡᠭᠡᠷ ᠢᠷᠡᠵᠡᠢ᠃ ᠱᠤᠭ ᠶᠦᠮᠦᠷ ᠨᠢ ᠬᠤᠷᠴᠢᠨ ᠨᠤᠳᠤᠭᠤᠨ ᠠᠮᠢᠳᠤᠷᠠᠯᠤᠨ ᠨᠢᠭᠡᠨ ᠦᠵᠡᠭᠳᠡᠯ ᠪᠠᠶ᠋ᠢᠵᠤ ᠲᠠᠭᠠᠷᠠᠨᠠ᠃ ᠲᠡᠳᠡᠭᠡᠷ ᠡᠪᠦᠯᠤᠨ ᠤᠷᠳᠤ ᠰᠦᠨᠢ ᠭᠡᠴᠢᠨᠡᠨ ᠬᠦᠮᠦᠰ ᠬᠤᠭᠤᠷᠤᠨ ᠦᠯᠢᠭᠡᠷ ᠲᠤ᠌ ᠪᠦᠪᠡᠶ᠋ᠢᠯᠡᠭᠳᠡᠵᠦ᠍ ᠪᠡᠶᠡ ᠰᠡᠳᠬᠢᠯᠤᠨ ᠠᠯᠵᠢᠶᠠᠯ ᠵᠢᠠᠨ ᠲᠡᠶ᠋ᠢᠯᠵᠦ᠍ ᠪᠠᠶ᠋ᠢᠭᠰᠠᠨ ᠦᠭᠡᠢ ᠪᠢᠯᠡ? ᠭᠡᠴᠢᠨᠡᠨ ᠬᠦᠮᠦᠰ ᠬᠤᠭᠤᠷᠤᠨ ᠦᠯᠢᠭᠡᠷᠤᠨ ᠷᠢᠳᠢ ᠰᠢᠳᠢ ᠳ᠋ᠥ᠍ ᠬᠦᠳᠦᠯᠦᠭᠳᠡᠵᠦ᠍ ᠤᠶᠤᠨ ᠰᠡᠳᠬᠢᠯ ᠵᠢᠠᠨ ᠲᠡᠵᠢᠭᠡᠵᠦ᠍ ᠪᠠᠶ᠋ᠢᠭᠰᠠᠨ ᠦᠭᠡᠢ ᠪᠢᠯᠠ? ᠲᠡᠳᠡᠭᠡᠷ《ᠭᠤᠷᠪᠠᠨ ᠤᠯᠤᠰᠤᠨ ᠦᠯᠢᠭᠡᠷ》᠂ 《ᠮᠦ᠍ ᠬᠦᠢ ᠶᠢᠩ ᠶᠤᠸᠠᠨᠱᠤᠸᠠᠢ ᠪᠤᠯᠤᠭᠰᠠᠨ》᠂ 《ᠬᠦᠭᠡ ᠰᠤᠳᠤᠷ》᠂ 《ᠯᠤᠤ ᠪᠠᠷᠰᠤᠨ ᠬᠤᠶᠠᠷ ᠠᠭᠤᠯᠠ》᠂ 《ᠲᠠᠯᠠ ᠨᠤᠳᠤᠭᠤᠨ ᠫᠤᠤ ᠶ᠋ᠢᠨ ᠲᠠᠭᠤᠨ》 ᠵᠡᠷᠭᠡ ᠦᠯᠢᠭᠡᠷᠤᠳ ᠨᠢ ᠬᠤᠭᠤᠷᠤᠨ ᠡᠭᠡᠰᠢᠭ ᠲᠠᠢ ᠬᠠᠮᠳᠤ ᠬᠦᠮᠦᠰᠤᠨ ᠰᠡᠳᠬᠢᠯ ᠳ᠋ᠥ᠍ ᠰᠡᠶ᠋ᠢᠯᠦᠭᠳᠡᠭᠰᠡᠨ ᠪᠠᠶ᠋ᠢᠳᠠᠭ᠃ ᠬᠠᠶ᠋ᠢᠴᠢᠩᠰᠢᠪᠠᠭᠤ ᠵᠢᠨ ᠦᠯᠢᠭᠡᠷ ᠬᠤᠯᠪᠤᠭᠠ ᠬᠡᠯᠡᠬᠦ ᠨᠢ ᠱᠤᠭ ᠶᠦᠮᠦᠷᠯᠢᠭ᠂ ᠬᠡᠯᠡ ᠬᠡᠯᠡᠯᠬᠡ ᠨᠢ ᠤᠷᠤᠰᠤᠮᠠ ᠪᠠᠢᠵᠤ᠂ ᠰᠤᠨᠤᠰᠤᠭᠴᠢᠳ ᠦᠵᠡᠭᠴᠢᠳ ᠢ᠋ ᠲᠤᠬᠠᠢ ᠶ᠋ᠢᠨ ᠤᠷᠴᠢᠨ ᠳ᠋ᠥ᠍ᠨᠢ ᠬᠦᠳᠦᠯᠦᠨ ᠠᠪᠠᠴᠢᠬᠤ ᠤᠷᠠᠯᠢᠭᠤᠨ ᠷᠢᠳᠢ ᠰᠢᠳᠢ ᠲᠠᠢ᠂ ᠬᠤᠭᠤᠷᠳᠠᠬᠤ ᠤᠷᠠᠯᠢᠭ ᠦᠪᠡᠷᠮᠢᠴᠡ ᠰᠤᠳᠤᠨ᠂ ᠶᠦᠮᠦᠷᠯᠢᠭ ᠤᠨᠤᠴᠢᠳᠠᠢ᠂ ᠰᠡᠳᠬᠢᠯᠭᠡ ᠶ᠋ᠢᠨ ᠨᠡᠷᠪᠡᠯᠳᠡ ᠪᠠᠷ ᠴᠢᠩᠭᠠ ᠨᠢᠮᠪᠠᠢ ᠪᠠᠶ᠋ᠢᠬᠤ ᠪᠡᠷ ᠵᠢᠠᠨ ᠤᠨᠴᠠᠯᠢᠬᠳᠠᠵᠤ᠂ ᠬᠦᠮᠤᠰ ᠲᠤ᠌ ᠲᠠᠭᠠᠯᠠᠭᠳᠠᠵᠠᠢ᠃
ᠬᠠᠶ᠋ᠢᠴᠢᠩᠰᠢᠪᠠᠭᠤ ᠪᠤᠯ ᠠᠪᠢᠶᠠᠰ ᠪᠢᠯᠢᠭ ᠲᠠᠢ ᠬᠤᠯᠪᠤᠭᠠᠴᠢᠨ ᠮᠥᠨ᠃ ᠬᠤᠭᠤᠷᠤᠨ ᠦᠯᠢᠭᠡᠷ ᠨᠢ ᠬᠤᠭᠤᠷᠤᠨ ᠬᠠᠪᠰᠤᠷᠤᠯᠭᠠ ᠲᠤᠤᠷᠠ ᠬᠦᠮᠦᠰᠤᠨ ᠭᠤᠨᠢᠭ ᠪᠠᠶᠠᠰᠤᠯᠤᠨ ᠶᠢᠷᠳᠢᠨᠴᠦ᠍ ᠶ᠋ᠢ ᠠᠮᠢᠳᠤᠯᠢᠭ ᠴᠢᠯᠦᠭᠡᠳᠡᠢ ᠲᠡᠯᠭᠡᠵᠦ᠍᠂ ᠰᠤᠨᠤᠰᠤᠭᠴᠢᠳ ᠲᠤ᠌ ᠬᠢᠵᠠᠭᠠᠯᠠᠰᠢ ᠦᠭᠡᠢ ᠭᠤᠸᠠ ᠲᠠᠭᠠᠰᠢᠶᠠᠯ ᠤᠯᠭᠤᠳᠠᠭ ᠶᠤᠮ᠃ ᠦᠯᠢᠭᠡᠷ ᠬᠤᠯᠪᠤᠭᠠ ᠨᠢ ᠬᠤᠭᠤᠷᠴᠢ ᠶ᠋ᠢᠨ ᠭᠡᠯᠡᠵᠦ᠍ ᠪᠠᠶ᠋ᠢᠭᠠ ᠦᠯᠢᠭᠡᠷ ᠬᠤᠯᠪᠤᠭᠠ ᠶ᠋ᠢᠨ ᠠᠭᠤᠯᠭᠠ ᠶ᠋ᠢᠨ ᠰᠠᠭᠤᠷᠢᠨ ᠲᠡᠭᠡᠷᠡ ᠲᠤᠬᠠᠢ ᠶ᠋ᠢᠨ ᠲᠠᠯᠠᠪᠤᠷ ᠲᠤᠨᠢ ᠠᠪᠢᠶᠠᠰ ᠵᠢᠠᠨ ᠪᠠᠳᠠᠷᠠᠭᠤᠯᠬᠤ ᠶ᠋ᠢ ᠵᠦᠪᠰᠢᠶᠡᠷᠡᠵᠦ᠍ ᠪᠠᠶ᠋ᠢᠳᠠᠭ᠃ᠢᠯᠠᠩᠭᠤᠶᠠ ᠳᠤᠬᠠᠢ ᠵᠢᠨ ᠲᠠᠯᠠᠪᠡᠢᠳᠤ ᠪᠡᠯᠡᠨ ᠬᠤᠯᠪᠤᠭᠠ ᠬᠡᠯᠡᠵᠤ ᠴᠢᠳᠠᠳᠠᠭ ᠨᠢ ᠬᠠᠶ᠋ᠢᠴᠢᠩᠰᠢᠪᠠᠭᠤ ᠵᠢᠨ ᠬᠠᠮᠤᠭᠤᠨ ᠳᠤᠪᠤᠢᠮᠠ ᠤᠨᠴᠠᠯᠢᠬ ᠪᠠᠢᠵᠤ ᠲᠠᠭᠠᠷᠠᠨᠠ᠃ ᠬᠡᠷᠪᠡ ᠳᠤᠬᠠᠢ ᠵᠢᠨ ᠲᠠᠯᠠᠪᠡᠢᠳᠤ ᠤᠷᠮᠠ ᠨᠢ ᠬᠦᠭᠵᠢᠵᠤ ᠤᠩᠭᠤᠳ ᠨᠢ ᠪᠠᠭᠤᠪᠡᠯ ᠲᠤᠭᠯᠠᠯᠳᠠ ᠶ᠋ᠢᠨ ᠵᠠᠪᠰᠠᠷ᠂ ᠵᠠᠮ ᠭᠤᠳᠤᠰ ᠵᠢᠡᠷ᠂ ᠤᠷᠴᠢᠨ ᠲᠤᠭᠤᠷᠢᠨᠤ ᠬᠦᠮᠦᠨ ᠦᠵᠡᠭᠳᠡᠯ ᠢ᠋ ᠪᠠᠷᠢᠨ ᠲᠤᠤᠷᠠ ᠨᠢ ᠬᠤᠯᠪᠤᠵᠤ ᠰᠤᠨᠤᠰᠪᠤᠷᠢᠳᠠᠢ᠂ ᠱᠤᠭ ᠶᠦᠮᠦᠷ᠂ ᠬᠦᠨ ᠤᠬᠠᠭᠠᠯᠢᠭ ᠬᠤᠯᠪᠤᠵᠤ ᠭᠡᠯᠬᠢᠴᠢᠬᠡᠭᠰᠡᠨ ᠪᠠᠶ᠋ᠢᠳᠠᠭ᠃
ᠲᠡᠭᠰᠢᠳᠦ᠋ᠬᠦᠷᠡᠩ ᠬᠤᠭᠤᠷᠴᠢ ᠭᠡᠪᠡᠯ ᠦᠯᠢᠭᠡᠷ ᠬᠤᠯᠪᠤᠭᠠ ᠰᠤᠨᠤᠰᠳᠠᠭ ᠬᠦᠮᠦᠰᠤᠨ ᠲᠤᠮᠳᠠ ᠮᠡᠳᠡᠬᠦ᠌ ᠦᠭᠡᠢ ᠨᠢ ᠴᠦᠭᠡᠨ ᠪᠠᠶ᠋ᠢᠬᠤ ᠮᠠᠭᠠᠳ ᠦᠬᠡᠢ᠂ ᠲᠠᠷᠠ ᠪᠡᠷ ᠮᠦᠨ ᠴᠤ᠌ ᠤᠯᠤᠰᠤᠨ ᠲᠡᠰᠤᠨ ᠪᠤᠳᠠᠰᠤᠨ ᠪᠤᠰᠤ ᠰᠤᠶᠤᠯ ᠤ᠋ᠨ ᠦᠪ ᠤ᠋ᠨ ᠤᠯᠠᠮᠵᠢᠯᠠᠭᠴᠢ ᠶᠤᠮ᠃ ᠲᠡᠭᠰᠢᠳᠦ᠋ᠬᠦᠷᠡᠩ ᠬᠠᠷᠠᠬᠠᠨ ᠪᠠᠭᠠ ᠡᠴᠠ ᠪᠡᠨ ᠬᠠᠷᠠᠭᠠ ᠪᠠᠨ ᠠᠯᠳᠠᠵᠤ ᠵᠠᠶᠠᠭᠠᠨᠤ ᠬᠠᠳᠠᠭᠤ ᠠᠮᠢᠳᠤᠷᠠᠯᠤᠨ ᠡᠯᠡ ᠬᠠᠯᠠ ᠶ᠋ᠢ ᠬᠤᠭᠤᠷᠤᠨ ᠡᠭᠡᠰᠢᠭ ᠵᠢᠠᠷ ᠠᠷᠭᠠᠳᠠᠵᠤ᠂ ᠦᠯᠢᠭᠡᠷ ᠬᠤᠯᠪᠤᠭᠠ ᠪᠠᠷ ᠵᠢᠠᠨ ᠬᠤᠷᠸᠠ ᠶ᠋ᠢᠨ ᠬᠦᠮᠦᠰ ᠲᠤ᠌ ᠭᠠᠶ᠋ᠢᠬᠠᠭᠳᠠᠭᠰᠠᠨᠤ ᠨᠢᠭᠡ ᠨᠢ ᠪᠤᠯᠤᠨᠠ᠃ ᠲᠡᠭᠰᠢᠳᠦ᠋ᠬᠦᠷᠡᠩ ᠬᠤᠭᠤᠷᠴᠢ ᠠᠶ᠋ᠢᠯ ᠠᠶ᠋ᠢᠮᠠᠭ ᠲᠤᠨᠢ ᠦᠯᠢᠬᠡᠷ ᠬᠤᠯᠪᠤᠭᠠ ᠳ᠋ᠤ ᠪᠠᠬᠠᠳᠠᠢ ᠭᠡᠦᠭᠡᠳ ᠪᠠᠶ᠋ᠢᠨᠠ ᠭᠡᠰᠡᠨ ᠢ᠋ ᠨᠢ ᠲᠤᠭᠤᠯᠤᠭᠠᠳ ᠠᠯᠠᠰᠬᠢᠨ ᠪᠠᠶᠠᠷᠯᠠᠵᠤ ᠵᠠᠯᠭᠠᠮᠵᠢ ᠦᠶᠡ ᠲᠠᠢ ᠪᠤᠯᠤᠯᠠ ᠭᠡᠮᠡᠨ ᠰᠡᠮ ᠤᠯᠵᠠᠷᠬᠠᠭᠰᠠᠨ ᠪᠠᠶ᠋ᠢᠵᠠᠢ᠃ ᠲᠡᠷᠡ ᠡᠳᠦᠷ ᠡᠴᠠ 15 ᠨᠠᠰᠤᠳᠠᠢ ᠬᠠᠶ᠋ᠢᠴᠢᠩᠰᠢᠪᠠᠭᠤ ᠲᠡᠭᠰᠢᠳᠦ᠋ᠬᠦᠷᠡᠩ ᠬᠤᠭᠤᠷᠴᠢᠳᠤ ᠱᠠᠪᠢᠯᠠᠵᠤ ᠲᠦᠷᠪᠡᠨ ᠤᠳᠠᠰᠤᠳᠤ ᠬᠤᠭᠤᠷ ᠰᠤᠷᠬᠤ ᠶ᠋ᠢᠨ ᠬᠠᠮᠳᠤ ᠦᠯᠢᠭᠡᠷ ᠬᠤᠯᠪᠤᠭᠠ ᠭᠡᠯᠡᠬᠦ᠌ ᠮᠡᠷᠭᠡᠵᠢᠯ ᠢ᠋ ᠡᠵᠡᠮᠰᠢᠵᠦ᠍ ᠡᠬᠢᠯᠡᠭᠰᠡᠨ ᠪᠠᠶ᠋ᠢᠨᠠ᠃
2003 ᠤᠨ ᠳ᠋ᠥ᠍ ᠲᠡᠬᠦᠨᠤ ᠬᠤᠯᠪᠤᠭᠠ 《ᠬᠤᠪᠢᠯᠭᠠᠨ ᠤᠩᠭᠤᠴᠠ ᠲᠠᠪᠤᠳᠤᠭᠠᠷ》ᠨᠢ ᠪᠦᠬᠦ᠌ ᠬᠤᠰᠢᠭᠤᠨᠤ 《ᠴᠦᠩᠬᠦᠯ》 ᠬᠤᠨᠳᠠᠭᠠᠳᠤ ᠦᠯᠢᠭᠡᠷ ᠬᠤᠯᠪᠤᠭᠠ ᠶ᠋ᠢᠨ ᠤᠷᠤᠯᠳᠤᠭᠠᠨ ᠳ᠋ᠥ᠍ ᠲᠡᠷᠢᠬᠦᠨ ᠱᠠᠩᠨᠠᠯ ᠲᠤᠰᠤᠭᠰᠠᠨ ᠡᠴᠠ ᠬᠤᠶ᠋ᠢᠰᠢ ᠲᠡᠬᠦᠨᠤ ᠤᠷᠠᠯᠢᠭᠤᠨ ᠵᠠᠮ ᠦᠷᠬᠡᠵᠢᠵᠤ᠂ ᠦᠯᠢᠬᠡᠷ ᠬᠤᠯᠪᠤᠭᠠ ᠬᠡᠯᠡᠬᠦ ᠨᠢ ᠡᠳᠦᠷ ᠡᠴᠠ ᠡᠳᠦᠷ ᠪᠤᠯᠪᠠᠰᠤᠷᠠᠨ ᠴᠠᠭᠠᠷᠠᠵᠤ ᠤᠯᠤᠰ᠂ ᠤᠷᠤᠨ᠂ ᠬᠤᠳᠠ ᠶ᠋ᠢᠨ ᠲᠡᠰᠤᠨ ᠤᠷᠤᠯᠳᠤᠭᠠᠨ ᠮᠦᠷᠦᠶ᠋ᠢᠴᠡᠭᠡᠨ ᠳ᠋ᠥ᠍ ᠱᠠᠩᠨᠠᠯ ᠬᠦᠬᠢᠬᠦᠯᠦᠯ ᠢ᠋ ᠤᠳᠠᠭᠠ ᠲᠠᠷᠠᠭᠠᠯᠠᠨ ᠲᠤᠰᠤᠭᠰᠠᠭᠠᠷ ᠢᠷᠡᠵᠡᠢ᠃ ᠮᠥᠨ ᠬᠤᠰᠢᠭᠤ ᠪᠠᠨ ᠲᠦᠯᠦᠭᠡᠯᠡᠵᠦ᠍᠂ ᠬᠤᠳᠠ ᠪᠠᠨ ᠲᠦᠯᠦᠭᠡᠯᠡᠵᠦ᠍᠂ ᠤᠷᠤᠨ ᠵᠢᠠᠨ ᠲᠦᠯᠦᠭᠡᠯᠡᠵᠦ᠍᠂ ᠴᠢᠨᠠᠭᠰᠢᠯᠠᠨ ᠪᠦᠬᠦ᠌ ᠤᠯᠤᠰᠤᠨ ᠰᠢᠯᠢᠳᠡᠭ ᠲᠤᠭᠯᠠᠭᠴᠢ ᠶ᠋ᠢᠨ ᠬᠤᠪᠢ ᠪᠠᠷ ᠭᠠᠳᠠᠭᠠᠳᠤ ᠤᠯᠤᠰᠲᠤ ᠭᠤᠴᠤ᠌ ᠰᠠᠶ᠋ᠢᠬᠠᠨ ᠲᠤᠭᠯᠠᠯᠳᠠ ᠪᠠᠷ ᠵᠢᠠᠨ ᠭᠡᠯᠡ ᠦᠭᠡᠷᠡ᠂ ᠠᠷᠠᠰᠤ ᠤᠨᠳᠤᠤ ᠨᠦᠬᠦᠷᠰᠡᠭ ᠤᠯᠤᠰ ᠦᠨᠳᠦᠰᠦᠳᠡᠨᠤ ᠦᠵᠡᠭᠴᠢᠳ ᠲᠤ᠌ ᠭᠠᠶ᠋ᠢᠬᠠᠭᠳᠠᠵᠤ᠂ ᠤᠯᠤᠰ ᠦᠨᠳᠦᠰᠦᠳᠡᠨᠤ ᠨᠡᠷᠡ ᠠᠯᠳᠠᠷ ᠢ᠋ ᠡᠷᠬᠦᠨ ᠮᠠᠨᠳᠤᠭᠤᠯᠵᠤ ᠶᠠᠪᠤᠵᠠᠢ᠃
ᠲᠠᠷᠠ ᠪᠡᠷ 2006 ᠤᠨ ᠳ᠋ᠥ᠍ ᠨᠠᠢ᠍ᠮᠠᠨ ᠮᠤᠵᠢ ᠤᠷᠤᠨᠤ ᠲᠦᠷᠪᠡᠨ ᠤᠳᠠᠰᠤᠳᠤ ᠬᠤᠭᠤᠷᠤᠨ ᠲᠸᠯᠸᠢᠰ ᠱᠠᠩᠨᠠᠯᠳᠤ ᠤᠷᠤᠯᠳᠤᠭᠠᠨᠤ ᠲᠡᠷᠢᠬᠦᠨ ᠨᠡᠷᠡᠰ; 2009 ᠤᠨ ᠳ᠋ᠥ᠍《ᠮᠤᠩᠭᠤᠯ ᠸᠠᠩ》 ᠬᠤᠨᠳᠠᠭᠠᠳᠤ ᠦᠯᠢᠭᠡᠷ᠂ ᠠᠷᠠᠳᠤᠨ ᠲᠠᠭᠤᠤ ᠶ᠋ᠢᠨ ᠲᠸᠯᠸᠢᠰ ᠱᠠᠩᠨᠠᠯᠳᠤ ᠤᠷᠤᠯᠳᠤᠭᠠᠨᠤ ᠬᠤᠶᠠᠳᠤᠭᠠᠷ ᠨᠡᠷᠡᠰ;2010 ᠤᠨ ᠳ᠋ᠥ᠍ ᠱᠸᠨᠵᠸᠨ ᠳ᠋ᠥ᠍ ᠪᠤᠯᠤᠭᠰᠠᠨ ᠪᠦᠬᠦ᠌ ᠤᠯᠤᠰᠤᠨ ᠶᠢᠰᠦᠳᠦᠭᠡᠷ ᠬᠤᠭᠤᠴᠠᠭᠠᠨᠤ ᠤᠷᠠᠯᠢᠭᠤᠨ ᠨᠠᠶ᠋ᠢᠷᠤᠨ ᠠᠯᠳᠠᠨ ᠮᠸᠳ᠋ᠠᠯ;ᠮᠥᠨ ᠵᠢᠯ ᠳ᠋ᠥ᠍ ᠨᠠᠢ᠍ᠮᠠᠨ ᠮᠤᠵᠢ ᠤᠷᠤᠨᠤ ᠲᠦᠷᠪᠡᠨ ᠤᠳᠠᠰᠤᠳᠤ ᠬᠤᠭᠤᠷᠤᠨ ᠤᠷᠤᠯᠳᠤᠭᠠᠨᠤ ᠠᠯᠳᠠᠨ ᠮᠸᠳ᠋ᠡᠯ; 2016 ᠤᠨ ᠳ᠋ᠥ᠍ 《ᠬᠤᠷᠴᠢᠨ》 ᠬᠤᠨᠳᠠᠭᠠᠳᠤ ᠠᠷᠠᠳᠤᠨ ᠲᠠᠭᠤᠤ ᠶ᠋ᠢᠨ ᠤᠷᠤᠯᠳᠤᠭᠠᠨᠤ ᠬᠤᠶᠠᠳᠤᠭᠠᠷ ᠨᠡᠷᠡᠰ; 2017 ᠤᠨ ᠳ᠋ᠥ᠍ ᠠᠩᠬᠠᠳᠤᠭᠠᠷ ᠤᠳᠠᠭᠠᠨᠤ ᠪᠦᠬᠦ᠌ ᠤᠷᠤᠨᠤ 《ᠬᠤᠷᠴᠢᠨ》 ᠬᠤᠨᠳᠠᠭᠠᠳᠤ ᠦᠯᠢᠭᠡᠷᠤᠨ ᠤᠷᠤᠯᠳᠤᠭᠠᠨᠤ ᠲᠡᠷᠢᠬᠦᠨ ᠪᠠᠢᠷᠢᠨᠳᠤ ᠳᠤᠳᠤᠷᠠᠵᠤ᠂ᠢᠷᠡᠭᠤ ᠠᠯᠳᠠᠷ ᠵᠢᠡᠷ ᠡᠩᠬᠡᠷ ᠵᠢᠠᠨ ᠮᠢᠯᠢᠶᠠᠯᠭᠠᠵᠤ ᠶᠠᠪᠤᠵᠠᠢ᠃ ᠲᠡᠬᠦᠨᠤ ᠲᠠᠭᠤᠤ ᠤᠷᠠᠯᠢᠭ ᠬᠦᠷᠦᠭᠰᠡᠨ ᠭᠠᠵᠠᠷ ᠪᠤᠯᠭᠠᠨᠳᠤ ᠬᠤᠷᠴᠢᠨ ᠰᠤᠶᠤᠯᠤᠨ ᠦᠨᠦᠷ ᠠᠮᠳᠠ ᠶ᠋ᠢ ᠦᠨᠤᠷᠳᠤᠬᠦᠯᠵᠤ᠂ ᠬᠤᠷᠴᠢᠨ ᠰᠤᠶᠤᠯᠤᠨ ᠦᠨᠡ ᠴᠡᠨᠡ ᠶ᠋ᠢ ᠢᠯᠡᠷᠡᠬᠦᠯᠤᠨ᠂ ᠴᠢᠨᠠᠭᠰᠢᠯᠠᠨ ᠰᠤᠶᠤᠯᠤᠨ ᠦᠷᠡ ᠶ᠋ᠢ ᠬᠦᠷᠦᠰᠦ ᠪᠤᠯᠭᠠᠨ ᠳ᠋ᠥ᠍ ᠲᠠᠷᠢᠵᠤ ᠶᠠᠪᠤᠬᠰᠠᠠ ᠶᠤᠮ᠃
ᠬᠠᠶ᠋ᠢᠴᠢᠩᠰᠢᠪᠠᠭᠤ 2018 ᠤᠨ ᠡᠴᠠ ᠡᠬᠢᠯᠡᠵᠦ᠍᠂ ᠪᠦᠬᠦ᠌ ᠤᠯᠤᠰᠤᠨ ᠴᠢᠨᠠᠷᠳᠠᠢ ᠤᠬᠠᠭᠤᠯᠤᠯᠤᠨ ᠲᠤᠭᠯᠠᠯᠳᠠ ᠪᠠᠷ ᠶᠦᠨᠨᠠᠨ᠂ ᠲᠠᠶ᠋ᠢᠸᠠᠨ ᠁ ᠵᠡᠷᠭᠡ ᠭᠠᠵᠠᠷ ᠤᠷᠤᠨ ᠵᠢᠠᠷ ᠲᠤᠭᠤᠷᠢᠨ ᠲᠤᠭᠯᠠᠯᠳᠠ ᠳ᠋ᠥ᠍ ᠤᠷᠤᠯᠴᠠᠵᠤ᠂ 2015 ᠤᠨ ᠳ᠋ᠥ᠍ 《ᠬᠤᠷᠴᠢᠨᠤ ᠡᠭᠡᠰᠢᠭ》ᠬᠤᠷᠴᠢᠨ ᠲᠠᠭᠤᠤ ᠤᠷᠠᠯᠢᠭᠤᠨ ᠪᠦᠯᠬᠦᠮᠤᠨ ᠭᠡᠰᠢᠬᠦᠨᠤ ᠬᠤᠪᠢ ᠪᠠᠷ ᠮᠤᠩᠭᠤᠯ ᠤᠯᠤᠰ ᠲᠤ᠌ ᠬᠦᠷᠴᠦ᠍ ᠲᠤᠰᠬᠠᠢ ᠲᠤᠭᠯᠠᠯᠳᠠ ᠳ᠋ᠥ᠍ ᠤᠷᠤᠯᠴᠠᠵᠤ᠂ ᠤᠯᠠᠨ ᠤᠳᠠᠭᠠ ᠶ᠋ᠢᠨ ᠴᠠᠭᠠᠨ ᠰᠠᠷᠠ ᠶ᠋ᠢᠨ ᠦᠳᠡᠰᠢᠯᠡᠭᠡ᠂ ᠰᠦᠯᠵᠢᠶᠡᠨ ᠦᠳᠡᠰᠢᠯᠡᠭᠡ ᠳ᠋ᠥ᠍ ᠤᠷᠤᠯᠴᠠᠭᠰᠡᠡ ᠪᠠᠢᠨᠠ᠃
ᠲᠠᠷᠠ ᠪᠡᠷ 2011 ᠤᠨ ᠳ᠋ᠥ᠍ ᠲᠦᠩᠯᠢᠶᠤᠤ ᠬᠤᠳᠠ ᠶ᠋ᠢᠨ ᠪᠤᠳᠠᠰᠤᠨ ᠪᠤᠰᠤ ᠰᠤᠶᠤᠯᠤᠨ ᠦᠪᠤᠨ ᠬᠤᠯᠪᠤᠭᠠ ᠶᠢᠨ ᠤᠯᠠᠮᠵᠢᠯᠠᠭᠴᠢ;2014 ᠤᠨ ᠳ᠋ᠥ᠍ ᠤᠷᠤᠨᠤ ᠲᠡᠰᠤᠨ ᠪᠤᠳᠠᠰᠤᠨ ᠪᠤᠰᠤ ᠰᠤᠶᠤᠯᠤᠨ ᠦᠪ ᠤᠨ ᠬᠤᠯᠪᠤᠭᠠᠶᠢᠨ ᠤᠯᠠᠮᠵᠢᠯᠠᠭᠴᠢ;2023 ᠤᠨ ᠳ᠋ᠥ᠍ ᠦᠪᠡᠷᠳᠡᠭᠡᠨ ᠵᠠᠰᠠᠬᠤ ᠤᠷᠤᠨ ᠤ ᠤᠳᠬᠠ ᠤᠷᠠᠯᠢᠭ ᠤᠨ 《ᠰᠠᠷᠠᠨᠠ》 ᠱᠠᠩᠨᠠᠯ ᠢ᠋ ᠲᠤᠰᠤᠯᠠ᠃ ᠴᠢᠷᠮᠠᠶ᠋ᠢᠯᠭᠠ ᠬᠦᠮᠦᠨᠢ ᠭᠤᠮᠤᠳᠠᠭᠠᠬᠤ ᠦᠭᠡᠢ ᠭᠡᠭᠴᠢ ᠪᠠᠷ 2025 ᠤᠨᠳᠤ ᠲᠡᠷᠡ ᠪᠠᠷ ᠤᠯᠤᠰ ᠤᠨ ᠲᠡᠰ ᠤᠨ ᠪᠤᠳᠠᠰᠤᠨ ᠪᠤᠰᠤ ᠰᠤᠶᠤᠯᠤᠨ ᠦᠪᠤᠨ ᠬᠤᠯᠪᠤᠭᠠᠶᠢᠨ ᠤᠯᠠᠮᠵᠢᠯᠠᠭᠴᠢ ᠪᠠᠷ ᠨᠡᠷᠡᠢᠳᠦᠭᠳᠡᠪᠡ᠃
ᠠᠵᠢᠯ ᠤᠢᠯᠠᠰ ᠤᠨ ᠠᠯᠳᠠᠠ ᠲᠦᠷᠦᠬᠡ ᠵᠢ ᠲᠦᠷᠤᠬᠡᠯᠡᠵᠤ ᠶᠠᠪᠤᠭᠠ ᠬᠠᠶ᠋ᠢᠴᠢᠩᠰᠢᠪᠠᠭᠤ ᠤᠯᠤᠰ ᠤᠷᠤᠨᠳᠠᠭᠠᠨ ᠬᠤᠭᠤᠷ ᠬᠤᠯᠪᠤᠭᠠ ᠪᠠᠷᠢᠶᠠᠨ ᠠᠷᠢᠭᠤᠨ ᠴᠢᠭᠡᠴᠢᠶᠢ ᠮᠠᠭᠳᠠᠨ ᠲᠠᠭᠤᠯᠠᠵᠤ᠂ ᠦᠨᠳᠦᠰᠦᠳᠡᠨ ᠤ ᠪᠦᠯᠬᠦᠮᠳᠡᠯ ᠢ ᠰᠤᠷᠳᠠᠯᠴᠢᠯᠠᠵᠤ᠂ ᠰᠢᠨᠡ ᠬᠦᠳᠡᠭᠡ ᠲᠤᠰᠬᠤᠨ ᠤ ᠬᠦᠭᠵᠢᠯ ᠬᠤᠪᠢᠷᠠᠯᠢ ᠤᠶᠠᠩᠭᠠᠯᠠᠨ᠂ ᠤᠶᠤᠨ ᠤ ᠪᠤᠯᠪᠠᠰᠤᠨᠤ ᠡᠮᠦᠨᠡ ᠹᠷᠤᠨᠲ ᠳᠦ᠍ ᠭᠠᠪᠰᠢᠭᠠᠶ᠋ᠢᠯᠠᠭᠰᠠᠭᠠᠷ ᠪᠤᠢ᠃
ᠲᠠᠭᠤᠤ ᠤᠷᠠᠯᠢᠭᠤᠨ ᠰᠠᠨᠰᠠᠷ ᠲᠤ᠌ ᠬᠤᠷᠴᠢᠨ ᠰᠢᠪᠠᠭᠤ — ᠬᠠᠶ᠋ᠢᠴᠢᠩᠰᠢᠪᠠᠭᠤ ᠵᠢᠬᠦᠷ ᠲᠡᠬᠡᠨ ᠭᠠᠯ ᠲᠠᠢ᠂ ᠵᠢᠷᠦᠭᠡᠨ ᠳ᠋ᠡᠬᠡᠨ ᠬᠠᠶ᠋ᠢᠷᠠ ᠲᠠᠢ ᠴᠠᠮᠨᠠᠨ ᠤᠷᠤᠮᠳᠠᠭᠰᠠᠭᠠᠷ ᠁