《ᠬᠤᠤᠰ ᠤᠷᠤᠯᠭ᠎ᠠ》 ᠲᠠᠢ ᠤᠰᠤᠨ ᠲᠤᠳᠤᠷᠭ᠎ᠠ ᠶ᠋ᠢᠨ ᠲᠠᠷᠢᠶ᠎ᠠ
2026-07-24 10:58:47
ᠵᠣᠬᠢᠶᠠᠭ᠍ᠴᠢ᠄
ᠪᠦᠦ ᠴᠢᠩ ᠱᠧᠩ ᠬᠠᠨ ᠶᠦᠨ ᠯᠢᠩ
ᠣᠩᠱᠢᠭ᠍ᠰᠠᠨ ᠣᠳᠠᠭ᠎ᠠ᠄
★★★☆☆

ᠳᠡᠯᠭᠡᠷ ᠵᠤᠨ ᠤ᠋ 7 ᠰᠠᠷ᠎ᠠ ᠳ᠋ᠤ᠂ ᠰᠤᠷᠪᠤᠯᠵᠢᠯᠠᠭᠴᠢ ᠲᠥᠩᠯᠢᠶᠤᠤ ᠬᠤᠲᠠ ᠵᠢᠨ ᠬᠣᠷᠴᠢᠨ ᠵᠡᠭᠦᠨ ᠭᠠᠷᠤᠨ ᠬᠣᠢᠲᠤ ᠬᠣᠰᠢᠭᠤᠨ ᠤ᠋ ᠵᠢᠨ ᠪᠦᠦ ᠲᠦᠨ ᠪᠠᠯᠭᠠᠰᠤ ᠶ᠋ᠢᠨ ᠬᠣᠶᠠᠷᠭᠡᠷ ᠲᠣᠰᠬᠣᠨ ᠤ᠋ ᠮᠢᠩᠭᠠᠨ ᠮᠦ᠍ ᠶ᠋ᠢᠨ ᠤᠰᠤᠨ ᠲᠤᠲᠤᠷᠭ᠎ᠠ ᠪᠠ ᠤᠮᠠᠷ ᠢ᠋ ᠶᠡᠷᠦᠩᠬᠡᠢᠯᠡᠨ ᠲᠠᠷᠢᠵᠦ ᠲᠡᠵᠢᠭᠡᠬᠦ ᠰᠠᠭᠤᠷᠢᠨ ᠳ᠋ᠤ ᠬᠥᠷᠬᠥ ᠳ᠋ᠤ ᠲᠠᠷᠢᠶᠠᠴᠢᠳ ᠶᠠᠬ ᠠᠰᠢᠬᠲᠠᠢ ᠴᠠᠬ ᠤᠯᠠᠷᠢᠯ ᠢ᠋ ᠵᠠᠪᠳᠤᠨ ᠤᠮᠠᠷ ᠤ᠋ᠨ ᠵᠢᠷᠠᠭᠠᠬᠠᠢ ᠵᠢ ᠲᠠᠷᠢᠶᠠᠨ ᠳ᠋ᠠᠭᠠᠨ ᠲᠠᠯᠪᠢᠵᠤ ᠶᠠᠭᠠᠷᠠᠯᠳᠠᠢ ᠠᠵᠢᠯᠯᠠᠵᠠᠭᠠᠵᠤ ᠪᠠᠢᠯ᠎ᠠ᠃

ᠤᠰᠤᠨ ᠲᠤᠳᠤᠷᠭ᠎ᠠ ᠶ᠋ᠢᠨ ᠲᠠᠷᠢᠶ᠎ᠠ ᠬᠥᠬᠡᠷᠡᠨ ᠨᠣᠭᠣᠭᠠᠷᠠᠵᠤ᠂ ᠲᠠᠷᠢᠶᠠᠨ ᠳᠤᠳᠤᠷ᠎ᠠ ᠨᠢ ᠨᠤᠮᠢᠨ ᠤᠰᠤ ᠲᠤᠨᠤᠯᠵᠠᠨ ᠮᠡᠯᠮᠡᠯᠵᠡᠭᠡᠳ᠂ ᠰᠠᠶᠢᠬᠠᠨ ᠳᠠᠯᠪᠢᠬᠰᠠᠨ ᠤᠮᠠᠷ ᠤ᠋ᠨ ᠵᠢᠷᠠᠭᠠᠬᠠᠢ ᠤᠰᠤᠨ ᠳ᠋ᠤᠨᠢ ᠴᠢᠯᠥᠭᠡᠳᠠᠢ ᠰᠦᠯᠵᠢᠯᠳᠦᠨ᠎ᠠ᠃ ᠡᠢᠨ ᠬᠦ᠌ ᠠᠮᠢᠵᠢᠷᠠᠯ ᠤ᠋ᠨ ᠬᠦᠴᠦᠨ ᠶ᠋ᠢᠡᠷ ᠪᠢᠯᠬᠠᠮ᠎ᠠ ᠳᠠᠷᠢᠵᠤ ᠲᠡᠵᠢᠭᠡᠬᠥ ᠵᠢ ᠤᠶᠠᠯᠳᠤᠭᠤᠯᠤᠬᠰᠠᠨ ᠪᠠᠢᠳᠠᠯ ᠪᠤᠯ ᠲᠦᠩᠯᠢᠶᠤᠤ ᠬᠤᠳᠠ ᠶ᠋ᠢᠨ ᠤᠢᠷ᠎ᠠ ᠶ᠋ᠢᠨ ᠵᠢᠯ ᠳ᠋ᠤ ᠪᠦᠬᠦ ᠤᠷᠤᠨ ᠪᠦᠰᠡ ᠳ᠋ᠡᠭᠡᠨ ᠤᠰᠤᠨ ᠲᠤᠲᠤᠷᠭ᠎ᠠ ᠪᠠ ᠵᠢᠭᠠᠰᠤᠨ ᠤ᠋ ᠥᠢᠯᠡᠰ ᠢ᠋ ᠶᠡᠷᠦᠩᠬᠡᠢᠯᠡᠨ ᠬᠥᠭᠵᠢᠭᠥᠯᠵᠤ ᠂ ᠲᠠᠷᠢᠶᠠᠴᠢᠳ ᠢ᠋ ᠳᠠᠢᠴᠢᠯᠠᠨ ᠣᠷᠣᠯᠭ᠎ᠠ ᠶ᠋ᠢ ᠨᠢ ᠨᠡᠮᠡᠭᠳᠡᠭᠦᠯᠤᠨ ᠪᠠᠶᠠᠵᠢᠭᠤᠯᠵᠤ ᠪᠠᠢᠭ᠎ᠠ ᠠᠮᠢᠳᠤ ᠵᠢᠷᠤᠭᠯᠠᠯ ᠪᠤᠯᠬᠤ ᠶᠤᠮ᠃

《ᠭᠠᠭᠴᠠ ᠤᠰᠤᠨ ᠲᠤᠲᠤᠷᠭ᠎ᠠ ᠳᠠᠷᠢᠪᠠᠯ ᠠᠰᠢᠭ᠋ ᠣᠷᠣᠯᠭ᠎ᠠ ᠬᠢᠵᠠᠭᠠᠷ ᠲᠠᠢ᠂ ᠤᠰᠤᠨ ᠲᠤᠲᠤᠷᠭ᠎ᠠ ᠵᠢᠨ ᠲᠠᠷᠢᠶᠠᠨ ᠳ᠋ᠤ ᠤᠮᠠᠷ ᠳᠡᠵᠢᠭᠡᠪᠡᠯ ᠨᠢᠭᠡ ᠮᠦ᠍ ᠭᠠᠵᠠᠷ ᠡᠴᠡ ᠢᠯᠡᠭᠦᠦ 2000 ᠲᠥᠭᠥᠷᠢᠭ ᠦ᠋ᠨ ᠣᠷᠣᠯᠭ᠎ᠠ ᠤᠯᠳᠠᠭ᠂ ᠬᠤᠷᠰᠢᠭ᠍ᠰᠠᠨ ᠠᠵᠤ ᠠᠬᠤᠢᠯᠠᠯ ᠤ᠋ᠨ ᠬᠢᠨ ᠲᠤᠬᠳᠠᠬᠰᠠᠨ ᠥᠨ᠎ᠡ ᠪᠡᠷ ᠤᠮᠠᠷ ᠢ᠋ ᠬᠤᠳᠠᠯᠳᠤᠨ ᠠᠪᠬᠤ ᠪᠣᠯᠬᠣᠷ ᠪᠣᠷᠣᠯᠠᠭᠤᠯᠭ᠎ᠠ ᠵᠢᠨ ᠲᠥᠯᠥᠭᠡ ᠰᠠᠨᠠᠭ᠎ᠠ ᠵᠣᠪᠠᠬᠤ ᠤᠴᠢᠷ ᠦᠭᠡᠢ ᠶᠤᠮ》 ᠭᠡᠵᠤ ᠵᠢᠨ ᠪᠦᠦ ᠲᠦᠨ ᠪᠠᠯᠭᠠᠰᠤ ᠶ᠋ᠢᠨ ᠬᠤᠶᠠᠷᠭᠡᠷ ᠲᠣᠰᠬᠣᠨ ᠤ᠋ ᠨᠠᠮ ᠤ᠋ᠨ ᠡᠭᠦᠷ ᠦ᠋ᠨ ᠱᠦᠵᠢ ᠴᠧᠨ ᠵᠢᠩ ᠤᠰᠤᠨ ᠲᠤᠳᠤᠷᠭ᠎ᠠ ᠵᠢᠨ ᠲᠠᠷᠢᠶ᠎ᠠ ᠪᠠᠨ ᠰᠢᠨᠵᠢᠬᠦ ᠵᠢᠨ ᠲᠠᠭᠠᠤ ᠳᠠᠨᠢᠯᠴᠠᠭᠤᠯᠤᠨ᠎ᠠ᠃




ᠤᠮᠠᠷ ᠤ᠋ᠨ ᠵᠢᠷᠠᠭᠠᠬᠠᠢ ᠲᠠᠯᠪᠢᠵᠤ ᠪᠠᠢᠭ᠎ᠠ ᠨᠢ 


ᠬᠤᠶᠠᠷᠭᠡᠷ ᠲᠣᠰᠬᠣᠨ ᠤ᠋ ᠲᠠᠷᠢᠶᠠᠴᠢᠳ ᠡᠨᠡ ᠬᠦ᠌ ᠰᠢᠨ᠎ᠡ ᠵᠠᠭᠪᠤᠷ ᠤ᠋ᠨ ᠠᠪᠴᠢᠷᠠᠭᠰᠠᠨ ᠪᠣᠳᠠᠲᠤ ᠦᠷ᠎ᠠ ᠠᠰᠢᠭ ᠢ᠋ ᠦᠨᠡᠨ ᠬᠦ᠌ ᠮᠡᠳᠡᠷᠡᠵᠦ᠂ ᠡᠷᠡᠬᠡᠢ ᠭᠠᠷᠭᠠᠨ ᠮᠠᠬᠳᠠᠵᠠᠭᠠᠨ᠎ᠠ᠃ 《2025 ᠣᠨ ᠳ᠋ᠤ ᠪᠢ ᠬᠡᠳᠦᠨ ᠠᠷᠪᠠᠨ ᠮᠦ᠍ ᠤᠰᠤᠨ ᠲᠤᠲᠤᠷᠭ᠎ᠠ ᠶ᠋ᠢᠨ ᠲᠠᠷᠢᠶᠠᠨ ᠳ᠋ᠠᠭᠠᠨ ᠤᠮᠠᠷ ᠤ᠋ᠨ ᠵᠢᠷᠠᠭᠠᠬᠠᠢ ᠵᠢ ᠲᠤᠷᠰᠢᠨ ᠲᠠᠯᠪᠢᠵᠠᠢ᠂ ᠲᠡᠷᠡ ᠨᠢ ᠤᠰᠤᠨ ᠲᠤᠲᠤᠷᠭ᠎ᠠ ᠶ᠋ᠢᠨ ᠤᠨᠠᠯᠲᠠ ᠶ᠋ᠢ ᠥᠴᠥᠬᠡᠨ ᠴᠦ᠍ ᠨᠥᠯᠥᠭᠡᠯᠡᠬᠦ ᠦᠭᠡᠢ ᠮᠥᠷᠳᠡᠭᠡᠨ ᠬᠠᠷᠢᠨ ᠲᠠᠷᠢᠶᠠᠨ ᠳᠣᠲᠣᠷᠠᠬᠢ ᠬᠣᠣᠷᠲᠤ ᠬᠣᠷᠣᠬᠠᠢ ᠪᠤᠶᠤ ᠪᠤᠰᠤᠳ ᠶᠠᠭᠤᠮ᠎ᠠ ᠶ᠋ᠢ ᠢᠳᠡᠵᠦ ᠲᠤᠰᠠᠯᠠᠳᠠᠬ᠃ ᠪᠢᠳᠡ ᠲᠠᠷᠢᠶᠠᠨ ᠳ᠋ᠠᠭᠠᠨ ᠡᠩ ᠤ᠋ᠨ ᠲᠠᠷᠢᠶᠠᠨ ᠡᠮ ᠢ᠋ ᠰᠠᠴᠤᠬᠰᠠᠨ ᠥᠭᠡᠢ᠂ ᠬᠠᠷᠢᠨ ᠹᠦ ᠾᠧ ᠲᠠᠷᠢᠶᠠᠯᠠᠩ ᠤ᠋ᠨ ᠬᠥᠭᠵᠢᠭᠥᠯᠥᠯᠲᠠ ᠵᠢᠨ ᠬᠢᠵᠠᠭᠠᠷᠳᠥ ᠺᠣᠮᠫᠠᠨᠢ ᠶ᠋ᠢᠨ ᠲᠤᠰᠬᠠᠢ ᠮᠡᠷᠭᠡᠵᠢᠯᠲᠡᠨ ᠤ᠋ ᠨᠠᠢᠷᠠᠭᠤᠯᠵᠤ ᠦᠭᠭᠦᠭᠰᠡᠨ ᠠᠮᠢᠳᠤ ᠪᠣᠳᠠᠰ ᠤ᠋ᠨ ᠣᠷᠭᠠᠨᠢᠭ᠋ ᠨᠠᠢᠷᠠᠯᠭ᠎ᠠ ᠲᠠᠢ ᠰᠢᠩᠭᠡᠨ ᠵᠢᠨᠷ ᠬᠢᠮᠢ ᠶ᠋ᠢᠨ ᠪᠣᠷᠳᠣᠭᠤᠷ᠂ ᠲᠠᠷᠢᠶᠠᠨ ᠡᠮ ᠢ᠋ ᠣᠷᠣᠯᠠᠭᠤᠯᠤᠬᠰᠠᠨ ᠶ᠋ᠢᠡᠷ ᠳᠠᠷᠢᠵᠤ ᠲᠡᠵᠢᠭᠡᠭᠰᠡᠨ ᠦᠷ᠎ᠡ ᠳ᠋ᠦᠩ ᠴᠥᠮ ᠣᠨᠴᠠᠭᠠᠶ ᠰᠠᠢᠨ ᠪᠠᠢᠨ᠎ᠠ》 ᠭᠡᠵᠤ ᠲᠣᠰᠬᠣᠨ ᠤ᠋ ᠲᠠᠷᠢᠶᠠᠴᠢᠨ ᠴᠢᠤᠧᠠᠨ ᠲᠢᠶᠧ ᠮᠢᠨ ᠣᠷᠣᠯᠭ᠎ᠠ ᠨᠡᠮᠡᠭᠳᠡᠭᠰᠡᠨ ᠪᠠᠶᠠᠷ ᠪᠠᠬᠠᠳᠤᠯ ᠶ᠋ᠢᠡᠨ ᠬᠤᠪᠢᠶᠠᠯᠴᠠᠵᠤ ᠪᠠᠢᠯ᠎ᠠ᠃

ᠹᠦ ᠾᠧ ᠲᠠᠷᠢᠶᠠᠯᠠᠩ ᠤ᠋ᠨ ᠬᠥᠭᠵᠢᠭᠥᠯᠥᠯᠲᠠ ᠵᠢᠨ ᠬᠢᠵᠠᠭᠠᠷᠳᠥ ᠺᠤᠮᠫᠠᠨᠢ ᠳ᠋ᠤ ᠲᠦᠰᠢᠭᠯᠡᠨ ᠪᠠᠢᠭᠤᠯᠤᠭᠰᠠᠨ ᠡᠨᠡ ᠬᠦ᠌ ᠬᠠᠮᠲᠤᠷᠠᠯᠴᠠᠭᠠᠨ ᠤ᠋ ᠰᠢᠰᠲᠧᠮ ᠨᠢ ᠲᠠᠷᠢᠶᠠᠴᠢᠳ ᠤ᠋ᠨ ᠳᠠᠷᠢᠵᠤ ᠲᠡᠵᠢᠭᠡᠬᠦ ᠵᠢ ᠤᠶᠠᠯᠳᠤᠭᠤᠯᠬᠤ ᠡᠷᠡᠭᠡᠯᠵᠡᠭᠡ ᠵᠢ ᠳᠠᠢᠯᠵᠠᠢ᠃ 《ᠪᠢᠳᠡ 〈ᠠᠵᠤ ᠠᠬᠤᠢᠯᠠᠯ + ᠲᠠᠷᠢᠶᠠᠯᠠᠬᠤ ᠡᠷᠦᠬᠡ〉 ᠵᠢᠨ ᠵᠠᠭᠪᠤᠷ ᠢ᠋ ᠬᠡᠷᠡᠭᠵᠢᠭᠦᠯᠵᠦ᠂ ᠵᠢᠷᠠᠭᠠᠬᠠᠢ ᠶ᠋ᠢ ᠨᠢᠭᠡᠳᠦᠯᠲᠡᠢ ᠬᠠᠩᠭᠠᠬᠤ ᠂ ᠪᠦᠬᠦ ᠶᠠᠪᠤᠴᠠ ᠳ᠋ᠤ ᠮᠡᠷᠭᠡᠵᠢᠯ ᠤ᠋ᠨ ᠳᠡᠮᠵᠢᠯᠭᠡ ᠦᠵᠡᠭᠦᠯᠬᠦ᠂ ᠲᠠᠷᠢᠶᠠᠯᠠᠬᠤ ᠡᠷᠦᠬᠡ ᠶ᠋ᠢᠨ ᠭᠠᠵᠠᠷ ᠰᠢᠷᠣᠢ ᠪᠠᠷ ᠵᠢᠨᠨ ᠬᠤᠪᠢ ᠣᠷᠣᠵᠤ ᠠᠰᠢᠭ᠋ ᠬᠤᠪᠢᠳᠠᠬᠤ ᠶ᠋ᠢ ᠳᠠᠢᠴᠢᠯᠠᠬᠤ ᠵᠢᠨ ᠬᠠᠮᠲᠤ ᠪᠣᠷᠤᠯᠠᠭᠤᠯᠭ᠎ᠠ ᠶ᠋ᠢᠨ ᠵᠠᠮ ᠢ᠋᠎ᠬᠦᠴᠦᠯᠡᠨ ᠥᠷᠭᠡᠳᠬᠡᠵᠤ᠂ ᠤᠷᠤᠨ ᠨᠤᠳᠤᠭ ᠤ᠋ᠨ ᠲᠤᠲᠤᠷᠭ᠎ᠠ ᠶ᠋ᠢᠨ ᠲᠠᠷᠢᠶᠠᠨ ᠤ᠋ ᠤᠮᠠᠷ ᠤ᠋ᠨ ᠣᠨᠴᠠᠯᠢᠭ᠍ᠲᠤ ᠲᠦᠷᠦᠯ ᠲᠡᠮᠳᠡᠭ ᠢ᠋ ᠡᠭᠦᠳᠬᠥ ᠪᠡᠷ ᠴᠢᠷᠮᠠᠢᠵᠤ ᠪᠤᠢ》 ᠭᠡᠵᠦ ᠥᠪᠥᠷ ᠮᠣᠩᠭᠣᠯ ᠤ᠋ᠨ ᠹᠦ ᠾᠧ ᠲᠠᠷᠢᠶᠠᠯᠠᠩ ᠤ᠋ᠨ ᠬᠥᠭᠵᠢᠭᠦᠯᠦᠯᠲᠡ ᠶ᠋ᠢᠨ ᠬᠢᠵᠠᠭᠠᠷᠲᠤ ᠺᠣᠮᠫᠠᠨᠢ ᠶ᠋ᠢᠨ ᠬᠡᠷᠡᠭ ᠮᠡᠳᠡᠭᠴᠢᠳ ᠦ᠋ᠨ ᠳᠠᠷᠤᠭ᠎ᠠ ᠴᠠᠢ ᠬᠣᠩ ᠶᠠᠩ ᠬᠡᠯᠡᠨ᠎ᠡ᠃

ᠬᠣᠷᠴᠢᠨ ᠵᠡᠭᠦᠨ ᠭᠠᠷᠤᠨ ᠬᠣᠢᠲᠤ ᠬᠣᠰᠢᠭᠤ ᠪᠤᠯ ᠲᠦᠩᠯᠢᠶᠤᠤ ᠬᠣᠲᠠ ᠶ᠋ᠢᠨ ᠤᠰᠤᠨ ᠲᠤᠲᠤᠷᠭ᠎ᠠ ᠶ᠋ᠢᠨ ᠭᠣᠣᠯ ᠭᠠᠷᠤᠯᠳᠠ ᠶ᠋ᠢᠨ ᠣᠷᠣᠨ ᠮᠦᠨ᠂ ᠪᠠᠷᠤᠭ 25 ᠲᠦᠮᠡᠨ ᠮᠦ᠍ ᠤᠰᠤᠨ ᠲᠤᠲᠤᠷᠭ᠎ᠠ ᠶ᠋ᠢᠨ ᠲᠠᠷᠢᠶ᠎ᠠ ᠲᠠᠢ ᠪᠠᠢᠵᠤ᠂ ᠪᠥᠬᠥ ᠬᠣᠲᠠ ᠶ᠋ᠢᠨ ᠤᠰᠤᠨ ᠲᠤᠳᠤᠷᠭ᠎ᠠ ᠵᠢᠨ ᠲᠠᠷᠢᠶᠠᠨ ᠤ᠋ 80% ᠵᠢ ᠡᠵᠡᠯᠡᠵᠤ ᠪᠤᠢ᠃ ᠡᠭᠦᠨ ᠳ᠋ᠤ ᠭᠠᠭᠴᠠ ᠶ᠋ᠢᠨ ᠪᠦᠦ ᠲᠦᠨ ᠪᠠᠯᠭᠠᠰᠤᠨ ᠳ᠋ᠤ ᠳᠠᠷᠤᠢ 10 ᠲᠦᠮᠡᠨ ᠮᠦ᠍ ᠶ᠋ᠢᠨ ᠤᠰᠤᠨ ᠲᠤᠲᠤᠷᠭ᠎ᠠ ᠶ᠋ᠢᠨ ᠲᠠᠷᠢᠶ᠎ᠠ ᠲᠠᠢ ᠶᠤᠮ᠃ ᠤᠰᠤ ᠡᠯᠪᠡᠭ᠂ ᠬᠥᠷᠥᠰᠥ ᠰᠢᠷᠣᠢ ᠰᠢᠮᠡᠯᠢᠭ ᠨᠢ ᠲᠤᠰ ᠬᠤᠰᠢᠭᠤᠨ ᠳ᠋ᠤ ᠪᠦᠬᠦ ᠬᠣᠲᠠ ᠶ᠋ᠢᠨ ᠤᠰᠤᠨ ᠲᠤᠲᠤᠷᠭ᠎ᠠ ᠪᠠ ᠤᠮᠠᠷ ᠢ᠋ ᠶᠡᠷᠦᠩᠬᠡᠢᠯᠡᠨ ᠳᠠᠷᠢᠵᠤ ᠲᠡᠵᠢᠭᠡᠬᠦ ᠭᠤᠤᠯ ᠲᠤᠷᠰᠢᠯᠳᠠ ᠶ᠋ᠢᠨ ᠲᠠᠷᠢᠶ᠎ᠠ ᠶ᠋ᠢᠨ ᠰᠠᠭᠤᠷᠢᠨ ᠢ᠋ ᠪᠠᠢᠭᠤᠯᠬᠤ ᠶ᠋ᠢᠨ ᠣᠯᠠᠨ ᠡᠴᠡ ᠣᠨᠴᠠᠭᠠᠶ ᠳᠠᠪᠠᠭᠤᠯᠢᠭ᠋ ᠪᠤᠯᠵᠠᠢ᠃ ᠡᠨᠡ ᠵᠢᠯ ᠲᠤᠰ ᠰᠠᠭᠤᠷᠢᠨ ᠨᠢ 400 ᠲᠦᠮᠡᠨ ᠤᠮᠠᠷ ᠤ᠋ᠨ ᠵᠢᠷᠠᠭᠠᠬᠠᠢ ᠲᠠᠯᠪᠢᠵᠤ᠂ ᠪᠤᠢᠵᠢᠯᠳᠠ ᠶ᠋ᠢᠨ ᠨᠣᠷᠮ᠎ᠠ ᠵᠢ 90% ᠡᠴᠡ ᠳᠡᠭᠡᠭᠰᠢ ᠳ᠋ᠤ ᠲᠣᠭᠲᠠᠪᠤᠷᠢᠵᠢᠭᠤᠯᠬᠤ ᠵᠢ ᠪᠠᠳᠤᠯᠠᠵᠤ ᠪᠤᠢ᠃ ᠲᠤᠬᠠᠢ ᠶ᠋ᠢᠨ ᠭᠠᠵᠠᠷ ᠤ᠋ᠨ ᠬᠢᠨ ᠲᠠᠷᠢᠶᠠᠨ ᠭᠠᠵᠠᠷ ᠤ᠋ᠨ ᠲᠠᠷᠢᠶᠠᠯᠠᠩ ᠤ᠋ᠨ ᠮᠡᠷᠭᠡᠵᠢᠯ ᠦ᠋ᠨ ᠬᠢᠴᠢᠶᠡᠯ ᠦ᠋ᠨ ᠲᠠᠩᠬᠢᠮ ᠢ᠋ ᠪᠠᠢᠩᠭᠤᠵᠢᠭᠤᠯᠤᠨ ᠨᠡᠭᠡᠭᠡᠵᠦ᠂ ᠠᠵᠤ ᠠᠬᠤᠢᠯᠠᠯ ᠤ᠋ᠨ ᠬᠢᠨ ᠯᠢᠶᠣᠤᠨᠢᠩ ᠶᠡᠬᠡ ᠰᠤᠷᠭᠠᠭᠤᠯᠢ ᠶ᠋ᠢᠨ ᠬᠡᠷᠡᠭᠯᠡᠭᠡᠨ ᠤ᠋ ᠠᠮᠢᠳᠤ ᠪᠣᠳᠠᠰ ᠤ᠋ᠨ ᠮᠡᠷᠭᠡᠵᠢᠯ ᠦ᠋ᠨ ᠰᠢᠨ᠎ᠡ ᠶ᠋ᠢ ᠡᠭᠦᠳᠬᠦ ᠰᠤᠳᠤᠯᠭᠠᠨ ᠤ᠋ ᠬᠦᠷᠢᠶᠡᠯᠡᠩ ᠦ᠋ᠨ ᠲᠤᠰᠬᠠᠢ ᠮᠡᠷᠭᠡᠵᠢᠯᠲᠡᠳ ᠲᠠᠢ ᠬᠠᠮᠲᠤᠷᠠᠨ ᠴᠡᠭ ᠲᠦ᠍ ᠰᠠᠭᠤᠨ ᠵᠢᠯᠤᠭᠣᠳᠬᠤ᠂ ᠤᠰᠤᠨ ᠤ᠋ ᠴᠢᠨᠠᠷ ᠢ᠋ ᠲᠣᠬᠢᠷᠠᠭᠤᠯᠤᠨ ᠡᠵᠡᠮᠳᠡᠬᠦ᠂ ᠪᠣᠬᠢᠷᠲᠤᠯ ᠦᠭᠡᠢ ᠪᠡᠷ ᠬᠣᠷᠣᠬᠠᠢ ᠰᠢᠪᠡᠵᠢ ᠶ᠋ᠢ ᠰᠡᠷᠭᠡᠢᠯᠡᠬᠦ ᠵᠡᠷᠭᠡ ᠪᠣᠳᠠᠲᠠᠢ ᠤᠷ᠎ᠠ ᠮᠡᠷᠭᠡᠵᠢᠯ ᠤ᠋ᠨ ᠪᠣᠯᠪᠠᠰᠤᠷᠠᠯ ᠥᠷᠨᠢᠭᠦᠯᠳᠡᠭ ᠡᠴᠡ ᠲᠠᠷᠢᠶᠠᠴᠢᠳ ᠬᠥᠳᠡᠯᠮᠦᠷᠢᠯᠡᠬᠦ ᠶ᠋ᠢᠨ ᠳᠠᠭᠠᠤ ᠰᠤᠷᠤᠯᠴᠠᠵᠤ᠂ ᠲᠠᠷᠢᠶᠠᠨ ᠭᠠᠵᠠᠷ ᠲᠡᠬᠢ ᠬᠢᠮᠢ ᠶ᠋ᠢᠨ ᠪᠣᠷᠳᠣᠭᠤᠷ ᠪᠠ ᠲᠠᠷᠢᠶᠠᠨ ᠡᠮ ᠦ᠋ᠨ ᠬᠡᠷᠡᠭᠯᠡᠯᠲᠡ ᠶ᠋ᠢᠨ ᠬᠡᠮᠵᠢᠶ᠎ᠡ ᠵᠢ ᠤᠯᠠᠮᠵᠢᠯᠠᠯᠲᠤ ᠲᠠᠷᠢᠮᠠᠯ ᠤ᠋ᠨ ᠬᠡᠮᠵᠢᠶ᠎ᠡ ᠡᠴᠡ ᠢᠯᠡᠳᠲᠡ ᠪᠠᠭᠤᠷᠠᠭᠤᠯᠤᠭᠰᠠᠨ ᠪᠠᠢᠨ᠎ᠠ᠃

ᠣᠷᠳᠣ᠌ ᠬᠤᠭᠤᠴᠠᠭᠠᠨ ᠤ᠋ ᠲᠤᠷᠰᠢ᠂ ᠲᠤᠬᠠᠢ ᠵᠢᠨ ᠭᠠᠵᠠᠷ ᠤ᠋ᠨ ᠤᠰᠤᠨ ᠲᠠᠷᠢᠶ᠎ᠠ ᠶ᠋ᠢᠨ ᠣᠯᠠᠩᠬᠢ ᠨᠢ ᠵᠥᠪᠬᠡᠨ ᠤᠰᠤᠨ ᠲᠤᠲᠤᠷᠭ᠎ᠠ ᠶ᠋ᠢᠨ ᠲᠠᠩ ᠭᠠᠭᠴᠠ ᠤᠨᠠᠯᠲᠠ ᠳ᠋ᠤ ᠲᠦᠰᠢᠭᠯᠡᠵᠦ ᠪᠠᠢᠬᠰᠠᠨ ᠪᠤᠯᠬᠤᠷ ᠭᠠᠵᠠᠷ ᠰᠢᠷᠣᠢ ᠶ᠋ᠢᠨ ᠥᠢᠯᠡᠳᠪᠥᠷᠢᠯᠡᠯ ᠤ᠋ᠨ ᠦᠷ᠎ᠡ ᠠᠰᠢᠭ᠋ ᠶᠡᠷᠤ ᠨᠢ ᠳᠡᠭᠡᠭᠰᠢᠯᠡᠯᠲᠠ ᠪᠡᠷ ᠤᠳᠠᠭᠠᠨ ᠪᠠᠢᠪᠠ᠃ ᠬᠣᠶᠠᠷ ᠵᠢᠯ ᠦᠷᠭᠦᠯᠵᠢᠯᠡᠨ ᠥᠢᠯᠡᠳᠥᠯᠭᠡᠵᠢᠭᠥᠯᠵᠤ ᠪᠣᠢᠵᠢᠭᠤᠯᠬᠤ ᠪᠠᠷ ᠳᠠᠮᠵᠢᠭᠠᠳ ᠪᠥᠬᠥ ᠬᠣᠲᠠ ᠶ᠋ᠢᠨ ᠤᠰᠤᠨ ᠲᠤᠲᠤᠷᠭ᠎ᠠ ᠪᠠ ᠵᠢᠭᠠᠰᠤᠨ ᠤ᠋ ᠥᠢᠯᠡᠰ ᠤ᠋ᠨ ᠶᠡᠷᠦᠩᠬᠡᠢᠯᠡᠨ ᠳᠠᠷᠢᠵᠤ ᠲᠡᠵᠢᠭᠡᠬᠦ ᠠᠵᠤ ᠦᠢᠯᠡᠰ ᠨᠢ ᠠᠩᠬᠠᠨ ᠤ᠋ ᠦᠶ᠎ᠠ ᠶ᠋ᠢᠨ ᠮᠢᠩᠭᠠᠨ ᠮᠦ᠍ ᠬᠦᠷᠬᠦ ᠦᠭᠡᠢ᠂ ᠬᠡᠰᠡᠭ ᠪᠤᠰᠠᠭ ᠭᠠᠵᠠᠷ ᠲᠤ᠌ ᠬᠠᠢᠨ ᠰᠦᠪᠡᠭᠴᠢᠯᠡᠯᠲᠡ ᠬᠢᠵᠤ ᠪᠠᠢᠬᠰᠠᠨ ᠡᠴᠡ ᠥᠨᠥ ᠨᠢᠭᠡᠨᠳᠡ 4920 ᠮᠦ᠍ ᠪᠣᠯᠣᠨ ᠦᠷᠭᠡᠵᠢᠵᠤ᠂ ᠬᠤᠶᠠᠷᠬᠠᠨ ᠵᠢᠯ ᠤ᠋ᠨ ᠳᠤᠳᠤᠷ᠎ᠠ ᠬᠡᠪᠴᠢᠶ᠎ᠡ ᠨᠢ 5 ᠳᠠᠬᠢᠨ ᠰᠢᠬᠠᠮ ᠨᠡᠮᠡᠭᠳᠡᠵᠤ᠂ ᠬᠡᠳᠥᠨ ᠵᠠᠭᠤᠨ ᠮᠠᠯᠴᠢᠨ ᠲᠠᠷᠢᠶᠠᠴᠢᠨ᠎ᠢ ᠳᠠᠶ᠋ᠢᠴᠢᠯᠠᠨ ᠭᠡᠷ ᠤ᠋ᠨ ᠶ᠋ᠢᠡᠨ ᠤᠢᠷ᠎ᠠ ᠬᠠᠪᠢ ᠪᠡᠷ ᠬᠦᠯᠦᠰᠤᠨ ᠠᠵᠢᠯ ᠤᠯᠵᠤ ᠬᠢᠬᠥ ᠵᠢ ᠪᠡᠶᠡᠯᠡᠭᠥᠯᠥᠨ᠂ ᠤᠷᠤᠯᠭ᠎ᠠ ᠵᠢᠨ ᠨᠡᠮᠡᠭᠳᠡᠯ ᠢ᠋ ᠨᠢ ᠪᠥᠲᠥᠮᠵᠢᠳᠠᠢ ᠳᠡᠭᠡᠭᠰᠢᠯᠡᠭᠥᠯᠪᠠ᠃

ᠬᠣᠷᠴᠢᠨ ᠵᠡᠭᠦᠨ ᠭᠠᠷᠤᠨ ᠬᠣᠢᠲᠤ ᠬᠣᠰᠢᠭᠤᠨ ᠤ᠋ ᠤᠰᠤᠨ ᠲᠤᠲᠤᠷᠭ᠎ᠠ ᠪᠠ ᠤᠮᠠᠷ ᠢ᠋ ᠶᠡᠷᠦᠩᠬᠡᠢᠯᠡᠨ ᠲᠠᠷᠢᠵᠤ ᠳᠡᠵᠢᠭᠡᠬᠥ ᠰᠠᠭᠤᠷᠢᠨ ᠲᠠᠢ ᠬᠠᠷᠢᠯᠴᠠᠨ ᠨᠥᠬᠥᠪᠦᠷᠢᠯᠡᠭᠰᠡᠨ ᠨᠢ ᠬᠦᠷᠢᠶ᠎ᠡ ᠬᠣᠰᠢᠭᠤᠨ ᠤ᠋ ᠬᠤᠵᠢᠷᠯᠢᠭ᠋ ᠭᠠᠵᠠᠷ ᠤ᠋ᠨ ᠤᠰᠤᠨ ᠲᠤᠲᠤᠷᠭ᠎ᠠ ᠪᠠ ᠨᠠᠢ᠍ᠮᠠᠯᠵᠢ ᠶ᠋ᠢ ᠶᠡᠷᠦᠩᠬᠡᠢᠯᠡᠨ ᠳᠠᠷᠢᠵᠤ ᠲᠡᠵᠢᠭᠡᠬᠦ ᠣᠨᠴᠠᠯᠢᠭ᠍ᠲᠤ ᠬᠡᠪ ᠵᠠᠭᠪᠤᠷ ᠪᠣᠯᠣᠨ᠎ᠠ᠃ ᠲᠤᠰ ᠬᠤᠰᠢᠭᠤᠨ ᠤ᠋ ᠮᠠᠩᠬᠠᠨ ᠰᠤᠮᠤ ᠶ᠋ᠢᠨ ᠰᠦᠷᠲᠦ ᠭᠠᠴᠠᠭ᠎ᠠ ᠶ᠋ᠢᠨ ᠯᠢ ᠵᠢᠶᠠ ᠭᠡᠷ ᠪᠦᠯᠢ ᠶ᠋ᠢᠨ ᠲᠠᠷᠢᠶᠠᠯᠠᠩ ᠤ᠋ᠨ ᠲᠠᠯᠠᠪᠠᠢ ᠨᠢ ᠤᠰᠤᠨ ᠲᠤᠲᠤᠷᠭ᠎ᠠ ᠶ᠋ᠢᠨ ᠲᠠᠷᠢᠶᠠᠨ ᠳ᠋ᠠᠭᠠᠨ ᠨᠠᠢ᠍ᠮᠠᠯᠵᠢ ᠲᠡᠵᠢᠭᠡᠬᠥ ᠵᠢ ᠬᠡᠷᠡᠭᠵᠢᠭᠥᠯᠥᠨ᠂ ᠥᠩᠭᠡᠷᠡᠭᠰᠡᠨ ᠳ᠋ᠤ ᠤᠨᠠᠯᠲᠠ ᠪᠠᠭ᠎ᠠ᠂ ᠲᠠᠷᠢᠬᠤ ᠳ᠋ᠤ ᠬᠦᠴᠢᠷ ᠪᠠᠢᠭᠰᠠᠨ ᠬᠤᠵᠢᠷᠯᠢᠭ᠋ ᠭᠠᠵᠠᠷ ᠲᠤ᠌ ᠰᠢᠨ᠎ᠡ ᠠᠮᠢᠯᠠᠯ ᠤ᠋ᠨ ᠬᠥᠴᠥᠨ ᠨᠡᠮᠡᠷᠢᠯᠡᠵᠠᠢ᠃ 《ᠦᠩᠭᠡᠷᠡᠭᠰᠡᠨ ᠳ᠋ᠤ ᠡᠨᠡ ᠬᠡᠰᠡᠭ ᠭᠠᠵᠠᠷ ᠬᠤᠵᠢᠷ ᠶᠡᠬᠡᠳᠠᠢ ᠪᠠᠢᠭᠰᠠᠨ ᠪᠣᠯᠬᠣᠷ ᠲᠠᠷᠢᠶ᠎ᠠ ᠲᠠᠷᠢᠭᠠᠳ ᠨᠢᠭᠡ ᠴᠤ᠌ ᠬᠤᠷᠢᠶᠠᠯᠲᠠ ᠣᠯᠬᠤ ᠦᠭᠡᠢ ᠪᠠᠢᠵᠠᠢ᠂ ᠣᠳᠣ᠌ ᠤᠰᠤᠨ ᠲᠤᠲᠤᠷᠭ᠎ᠠ ᠶ᠋ᠢᠨ ᠲᠠᠷᠢᠶ᠎ᠠ ᠪᠠᠢᠭᠤᠯᠤᠨ ᠲᠠᠷᠢᠶᠠᠨ ᠳ᠋ᠤ ᠨᠠᠢ᠍ᠮᠠᠯᠵᠢ ᠲᠡᠵᠢᠭᠡᠭᠰᠡᠨ ᠵᠢᠨᠷ ᠭᠠᠵᠠᠷ ᠤ᠋ᠨ ᠰᠢᠮ᠎ᠠ ᠬᠦᠴᠦ ᠰᠠᠢᠵᠢᠷᠠᠵᠤ ᠂ ᠣᠷᠣᠯᠭ᠎ᠠ᠎ᠴᠦ ᠳᠠᠬᠢᠨ᠎ᠢᠶᠠᠷ ᠨᠡᠮᠡᠭᠳᠡᠯ᠎ᠡ》 ᠭᠡᠵᠥ ᠯᠢ ᠵᠢᠶᠠ ᠭᠡᠷ ᠪᠦᠯᠢ ᠶ᠋ᠢᠨ ᠲᠠᠷᠢᠶᠠᠯᠠᠩ ᠤ᠋ᠨ ᠲᠠᠯᠠᠪᠠᠢ ᠶ᠋ᠢᠨ ᠬᠠᠷᠢᠭᠤᠴᠠᠯᠭᠠᠲᠠᠨ ᠵᠠᠢ ᠯᠸ ᠯᠸ ᠳᠠᠨᠢᠯᠴᠠᠭᠤᠯᠤᠨ᠎ᠠ᠃

ᠲᠤᠰ ᠲᠠᠷᠢᠶᠠᠯᠠᠩ ᠤ᠋ᠨ ᠲᠠᠯᠠᠪᠠᠶ ᠨᠢ 400 ᠮᠦ᠍ ᠶ᠋ᠢᠨ ᠪᠠᠷᠢᠮᠵᠢᠶᠠᠵᠢᠭ᠍ᠰᠠᠨ ᠤᠰᠤᠨ ᠲᠤᠲᠤᠷᠭ᠎ᠠ ᠪᠠ ᠨᠠᠢ᠍ᠮᠠᠯᠵᠢ ᠵᠢ ᠶᠡᠷᠦᠩᠬᠡᠢᠯᠡᠨ ᠳᠠᠷᠢᠵᠤ ᠳᠡᠵᠢᠭᠡᠬᠥ ᠵᠢᠱ᠌ᠢᠶ᠎ᠡ ᠦᠵᠡᠭᠦᠯᠬᠦ ᠲᠠᠷᠢᠶ᠎ᠠ ᠶ᠋ᠢ ᠪᠠᠢᠭᠤᠯᠵᠤ᠂ ᠨᠢᠭᠡ ᠯᠡ ᠤᠰᠤ ᠶ᠋ᠢ ᠬᠣᠶᠠᠷ ᠵᠦᠢᠯ ᠳ᠋ᠤ ᠠᠰᠢᠭᠯᠠᠨ ᠬᠡᠷᠡᠭᠯᠡᠬᠦ᠂ ᠨᠢᠭᠡ ᠯᠡ ᠭᠠᠵᠠᠷ ᠡᠴᠡ ᠬᠣᠶᠠᠷ ᠵᠦᠢᠯ ᠤ᠋ᠨ ᠬᠤᠷᠢᠶᠠᠯᠳᠠ ᠤᠯᠬᠤ ᠶ᠋ᠢ ᠪᠡᠶᠡᠯᠡᠭᠦᠯᠦᠨ᠂ ᠤᠰᠤᠨ ᠲᠤᠲᠤᠷᠭ᠎ᠠ ᠶ᠋ᠢᠨ ᠲᠣᠭᠲᠠᠭᠤᠨ ᠤᠨᠠᠯᠲᠠ ᠶ᠋ᠢ ᠪᠠᠲᠤᠯᠠᠭᠰᠠᠨ ᠰᠠᠭᠤᠷᠢᠨ ᠳᠡᠭᠡᠷ᠎ᠡ ᠨᠠᠢ᠍ᠮᠠᠯᠵᠢ ᠶ᠋ᠢ ᠶᠡᠬᠡ ᠬᠡᠮᠵᠢᠶ᠎ᠡ ᠪᠡᠷ ᠳᠡᠵᠢᠭᠡᠵᠤ᠂ ᠮᠦ᠍ ᠪᠦᠷᠢ ᠶ᠋ᠢᠨ ᠴᠡᠪᠡᠷ ᠠᠰᠢᠭ᠋ ᠣᠷᠣᠯᠭ᠎ᠠ ᠨᠢ ᠭᠠᠭᠴᠠ ᠤᠰᠤᠨ ᠲᠤᠲᠤᠷᠭ᠎ᠠ ᠲᠠᠷᠢᠵᠤ ᠪᠠᠢᠬᠰᠠᠨ ᠡᠴᠡ 2000 ᠭᠠᠷᠤᠢ ᠲᠦᠭᠦᠷᠢᠭ ᠨᠡᠮᠡᠭᠳᠡᠪᠠ᠃ ᠳᠡᠳᠡ ᠥᠪᠡᠷ ᠦ᠋ᠨ ᠵᠢᠡᠨ 《 ᠮᠠᠩᠬᠠᠨ ᠤ᠋ ᠱᠸ᠋ ᠰᠢᠶᠤᠤ ᠨᠥᠩ》 ᠭᠡᠬᠥ ᠨᠠᠢ᠍ᠮᠠᠯᠵᠢᠳᠥ ᠲᠤᠲᠤᠷᠭ᠎ᠠ ᠶ᠋ᠢᠨ ᠨᠠᠷᠠᠲᠤ ᠲᠡᠮᠳᠡᠭ ᠲᠤ᠌ ᠲᠦᠰᠢᠭᠯᠡᠨ ᠰᠦᠯᠵᠢᠶᠡᠨ ᠳᠡᠭᠡᠷᠡᠬᠢ ᠪᠠ ᠪᠤᠳᠠᠳᠤ ᠴᠤᠭᠴᠠ ᠶ᠋ᠢᠨ ᠪᠣᠷᠤᠯᠠᠭᠤᠯᠭ᠎ᠠ ᠶ᠋ᠢᠨ ᠠᠷᠭ᠎ᠠ ᠵᠠᠮ ᠢ᠋ ᠨᠡᠭᠡᠭᠡᠨ ᠨᠠᠪᠲᠠᠷᠡᠭᠦᠯᠵᠦ᠂ ᠲᠠᠷᠢᠶᠠᠯᠠᠭ᠎ᠠ ᠵᠢ ᠪᠡᠶᠡᠴᠢᠯᠡᠨ ᠥᠢᠯᠠᠭᠠᠬᠤ ᠠᠭᠤᠯᠭ᠎ᠠ ᠵᠢ ᠢᠵᠢ ᠪᠦᠷᠢᠳᠦᠭᠦᠯᠦᠨ᠂ ᠤᠰᠤᠨ ᠲᠤᠲᠤᠷᠭ᠎ᠠ ᠶ᠋ᠢᠨ ᠲᠠᠷᠢᠶᠠᠨ ᠡᠴᠡ ᠨᠠᠢ᠍ᠮᠠᠯᠵᠢ ᠪᠠᠷᠢᠬᠤ ᠵᠡᠷᠭᠡ ᠪᠡᠷ ᠬᠦᠳᠡᠭᠡ ᠨᠤᠳᠤᠭ ᠤ᠋ᠨ ᠵᠢᠭᠤᠯᠴᠢᠯᠠᠯ ᠤ᠋ᠨ ᠲᠥᠷᠥᠯ ᠵᠦᠢᠯ ᠦ᠋ᠨ ᠣᠯᠠᠨ ᠡᠰᠢᠲᠦ ᠠᠰᠢᠭ᠋ ᠣᠷᠣᠯᠭ᠎ᠠ ᠶ᠋ᠢ ᠥᠷᠭᠡᠳᠬᠡᠪᠠ᠃ ᠲᠠᠷᠢᠶᠠᠯᠠᠩ ᠤ᠋ᠨ ᠲᠠᠯᠠᠪᠠᠢ ᠨᠢ ᠪᠠᠰᠠ ᠡᠷᠬᠢᠨ ᠲᠣᠭᠣᠷᠢᠨ ᠤ᠋ ᠪᠠᠨ 40 ᠭᠠᠷᠤᠢ ᠲᠠᠷᠢᠶᠠᠯᠠᠬᠤ ᠡᠷᠤᠭᠡ ᠲᠠᠢ ᠨᠠᠭᠠᠲᠤ ᠵᠠᠬ᠎ᠠ ᠶ᠋ᠢᠨ ᠦᠨ᠎ᠡ ᠶ᠋ᠢ ᠪᠠᠲᠤᠯᠠᠵᠤ ᠬᠤᠳᠠᠯᠳᠤᠨ ᠠᠪᠬᠤ ᠵᠥᠪᠯᠡᠯᠴᠡᠭᠡᠷ ᠲᠣᠭᠲᠠᠵᠤ᠂ ᠬᠤᠳᠠᠯᠳᠤᠨ ᠠᠪᠬᠤ ᠦᠨ᠎ᠡ ᠨᠢ ᠵᠠᠬ᠎ᠠ ᠳᠡᠯᠭᠡᠭᠦᠷ ᠦ᠋ᠨ ᠳᠤᠮᠳᠠᠴᠢ ᠦᠨ᠎ᠡ ᠡᠴᠡ ᠥᠨᠳᠥᠷ ᠮᠥᠷᠳᠡᠭᠡᠨ ᠵᠢᠯ ᠲᠤᠷᠰᠢ ᠲᠤᠬᠠᠢ ᠶ᠋ᠢᠨ ᠭᠠᠵᠠᠷ ᠤ᠋ᠨ ᠤᠯᠠᠨ ᠲᠦᠮᠡᠨ ᠳ᠋ᠤ ᠣᠢᠷ᠎ᠠ ᠬᠠᠪᠢ ᠳ᠋ᠠᠭᠠᠨ ᠬᠥᠯᠦᠰᠤᠨ ᠠᠵᠢᠯ ᠬᠢᠬᠥ ᠳᠤᠬᠢᠶᠠᠯ ᠬᠠᠩᠭᠠᠨ᠂ ᠵᠠᠷᠢᠮ ᠶᠠᠳᠠᠭᠤ ᠡᠴᠡ ᠠᠩᠭᠢᠵᠢᠷᠠᠭᠰᠠᠨ ᠡᠷᠤᠭᠡ ᠶ᠋ᠢᠨ ᠵᠢᠯ ᠳᠤᠮᠳᠠᠴᠢ ᠶ᠋ᠢᠨ ᠬᠥᠯᠦᠰᠤᠨ ᠠᠵᠢᠯ ᠬᠢᠭᠰᠡᠨ ᠣᠷᠣᠯᠭ᠎ᠠ ᠨᠢ 3 - 4 ᠲᠦᠮᠡᠨ ᠲᠥᠭᠥᠷᠢᠭ ᠲᠦ᠍ ᠬᠦᠷᠴᠦ ᠪᠤᠢ᠃

ᠤᠰᠤᠨ ᠲᠤᠲᠤᠷᠭ᠎ᠠ ᠵᠢᠨ ᠲᠠᠷᠢᠶ᠎ᠠ ᠳ᠋ᠠᠭᠠᠨ ᠤᠮᠠᠷ ᠪᠤᠶᠤ ᠨᠠᠢ᠍ᠮᠠᠯᠵᠢ ᠳᠡᠵᠢᠭᠡᠨ᠂ ᠤᠮᠠᠷ ᠬᠢᠭᠡᠳ ᠨᠠᠢ᠍ᠮᠠᠯᠵᠢ ᠪᠠᠷ ᠭᠠᠵᠠᠷ ᠲᠠᠷᠢᠶ᠎ᠠ ᠵᠢ ᠰᠢᠮᠡᠵᠢᠭᠥᠯᠬᠥ ᠠᠮᠢ ᠠᠬᠤᠢ ᠶ᠋ᠢᠨ ᠡᠷᠭᠢᠯᠲᠡᠳᠥ ᠬᠦᠭᠵᠢᠯᠳᠡ ᠶ᠋ᠢᠨ ᠳᠡᠷᠢᠵᠤ ᠳᠡᠵᠢᠭᠡᠬᠥ ᠵᠠᠭᠪᠤᠷ ᠨᠢ ᠠᠮᠤ ᠪᠤᠳᠠᠭ᠎ᠠ ᠳᠠᠷᠢᠬᠤ ᠲᠠᠯᠠᠪᠠᠢ ᠶ᠋ᠢ ᠪᠠᠳᠤᠯᠠᠬᠤ ᠶ᠋ᠢᠨ ᠬᠠᠮᠳᠤ ᠬᠤᠵᠢᠷᠯᠢᠭ᠋ ᠲᠠᠷᠢᠶᠠᠨ ᠭᠠᠵᠠᠷ ᠢ᠋ ᠰᠢᠮᠡᠵᠢᠭᠦᠯᠦᠨ ᠰᠠᠢᠵᠢᠷᠠᠭᠤᠯᠵᠤ᠂ ᠲᠠᠷᠢᠶᠠᠯᠠᠩ ᠤ᠋ᠨ ᠪᠣᠬᠢᠷᠲᠤᠯ ᠢ᠋ ᠪᠠᠭᠠᠰᠬᠠᠨ᠂ ᠠᠮᠢ ᠠᠬᠤᠢ ᠶ᠋ᠢᠨ ᠦᠷ᠎ᠡ ᠠᠰᠢᠭ᠋ ᠬᠢᠭᠡᠳ ᠠᠵᠤ ᠠᠬᠤᠢ ᠶ᠋ᠢᠨ ᠦᠷ᠎ᠡ ᠠᠰᠢᠭ᠋ ᠢ᠋ ᠵᠡᠷᠭᠡ ᠪᠡᠷ ᠳᠡᠭᠡᠭᠰᠢᠯᠡᠭᠦᠯᠪᠡ ᠃ ᠲᠥᠩᠯᠢᠶᠤᠤ ᠬᠣᠲᠠ ᠡᠯ᠎ᠠ ᠬᠤᠰᠢᠭᠤ ᠰᠢᠶᠠᠨ ᠲᠤᠭᠤᠷᠢᠭ ᠤ᠋ᠨ ᠭᠠᠵᠠᠷ ᠰᠢᠷᠣᠢ ᠶ᠋ᠢᠨ ᠨᠥᠬᠥᠴᠡᠯ ᠪᠠᠢᠳᠠᠯ ᠠᠳᠠᠯᠢ ᠪᠤᠰᠤ ᠪᠠᠢᠬᠤ ᠶ᠋ᠢ ᠦᠨᠳᠦᠰᠦᠯᠡᠨ᠂ ᠳᠠᠷᠢᠵᠤ ᠲᠡᠵᠢᠭᠡᠬᠦ ᠠᠷᠭ᠎ᠠ ᠬᠡᠯᠪᠡᠷᠢ ᠶ᠋ᠢ ᠲᠥᠷᠥᠯ ᠬᠤᠪᠢᠶᠠᠨ ᠪᠠᠢᠷᠢᠰᠢᠭᠤᠯᠵᠤ᠂ ᠬᠥᠷᠥᠰᠥ ᠰᠢᠷᠣᠢ ᠥᠩ ᠰᠢᠮᠡᠯᠢᠭ ᠵᠠᠯᠭᠠᠯᠳᠤᠨ ᠦᠷᠭᠦᠯᠵᠢᠯᠡᠭᠰᠡᠨ ᠤᠰᠤᠨ ᠲᠠᠷᠢᠶ᠎ᠠ ᠲᠠᠢ ᠨᠤᠳᠤᠭ ᠲᠤ᠌ ᠤᠰᠤᠨ ᠲᠤᠲᠤᠷᠭ᠎ᠠ ᠪᠠ ᠤᠮᠠᠷ ᠢ᠋ ᠶᠡᠷᠦᠩᠬᠡᠢᠯᠡᠨ ᠲᠠᠷᠢᠵᠤ ᠳᠡᠵᠢᠭᠡᠬᠥ ᠠᠵᠤ ᠦᠢᠯᠡᠰ ᠢ᠋ ᠭᠣᠣᠯᠳᠠᠭᠤᠯᠤᠨ ᠳᠡᠯᠭᠡᠷᠡᠭᠦᠯᠵᠦ᠂ ᠬᠦᠷᠢᠶ᠎ᠡ ᠬᠤᠰᠢᠭᠤ᠂ ᠨᠠᠶ᠋ᠮᠠᠨ ᠬᠤᠰᠢᠭᠤ ᠵᠡᠷᠭᠡ ᠦᠷᠭᠡᠨ ᠬᠡᠪᠴᠢᠶᠠᠨ ᠤ᠋ ᠬᠤᠵᠢᠷᠯᠢᠭ᠋ ᠭᠠᠵᠠᠷ ᠲᠠᠢ ᠨᠤᠳᠤᠭ ᠲᠤ᠌ ᠵᠢᠭᠠᠰᠤᠨ ᠤ᠋ ᠠᠵᠤ ᠥᠢᠯᠡᠰ ᠵᠢᠨᠷ ᠭᠠᠵᠠᠷ ᠲᠠᠷᠢᠶᠠᠨ ᠤ᠋ ᠬᠤᠵᠢᠷᠯᠢᠭ ᠤ᠋ᠨ ᠬᠡᠮᠵᠢᠶ᠎ᠠ ᠶ᠋ᠢ ᠪᠠᠭᠤᠷᠠᠭᠤᠯᠬᠤ᠂ ᠤᠰᠤᠨ ᠲᠤᠲᠤᠷᠭ᠎ᠠ ᠪᠠ ᠨᠠᠢ᠍ᠮᠠᠯᠵᠢ ᠶ᠋ᠢ ᠶᠡᠷᠦᠩᠬᠡᠢᠯᠡᠨ ᠲᠠᠷᠢᠵᠤ ᠲᠡᠵᠢᠭᠡᠬᠦ ᠠᠮᠢ ᠠᠬᠤᠢ ᠶ᠋ᠢ ᠰᠠᠢᠵᠢᠷᠠᠭᠤᠯᠬᠤ ᠠᠷᠭ᠎ᠠ ᠵᠠᠮ ᠢ᠋ ᠬᠠᠢᠨ ᠰᠦᠪᠡᠭᠴᠢᠯᠡᠵᠤ᠂ 7 ᠭᠠᠵᠠᠷ ᠲᠤ᠌ ᠱᠠᠲᠤᠴᠢ ᠴᠢᠨᠠᠷᠳᠠᠢ ᠪᠠᠷᠢᠮᠵᠢᠶᠠᠵᠢᠭ᠍ᠰᠠᠨ ᠵᠢᠱ᠌ᠢᠶ᠎ᠡ ᠦᠵᠡᠭᠦᠯᠬᠦ ᠴᠡᠭ ᠢ᠋ ᠪᠠᠢᠷᠢᠰᠢᠭᠤᠯᠤᠨ᠂ ᠤᠰᠤᠨ ᠲᠤᠲᠤᠷᠭ᠎ᠠ ᠪᠠ ᠤᠮᠠᠷ᠂ ᠤᠰᠤᠨ ᠲᠤᠲᠤᠷᠭ᠎ᠠ ᠪᠠ ᠨᠠᠢ᠍ᠮᠠᠯᠵᠢ ᠶ᠋ᠢᠨ ᠠᠵᠤ ᠦᠢᠯᠡᠰ ᠦ᠋ᠨ ᠬᠣᠣᠰ ᠵᠠᠭᠪᠤᠷ ᠵᠢᠡᠷ ᠵᠡᠷᠭᠡ ᠪᠡᠷ ᠬᠥᠭᠵᠢᠬᠦ ᠶ᠋ᠢ ᠠᠬᠢᠭᠤᠯᠵᠤ ᠪᠠᠢᠨ᠎ᠠ᠃

ᠲᠥᠩᠯᠢᠶᠤᠤ ᠬᠣᠲᠠ ᠶ᠋ᠢᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠣᠪᠴᠢᠶ᠎ᠠ ᠶ᠋ᠢᠨ ᠵᠢᠭᠠᠰᠤᠨ ᠤ᠋ ᠠᠵᠤ ᠠᠬᠤᠢ ᠵᠢᠭᠠᠰᠤᠨ ᠤ᠋ ᠶᠠᠪᠤᠳᠠᠯ ᠤ᠋ᠨ ᠬᠠᠮᠢᠶᠠᠷᠤᠯᠲᠠ ᠶ᠋ᠢᠨ ᠰᠠᠯᠠᠭᠠᠨ ᠤ᠋ ᠳᠠᠷᠤᠭ᠎ᠠ ᠹᠧᠩ ᠳ᠋ᠠᠨ ᠬᠤᠶ᠄ 《ᠲᠠᠷᠠᠭᠠᠴᠢ ᠪᠡᠷ ᠪᠢᠳᠡ ᠪᠠᠷᠢᠮᠵᠢᠶᠠᠵᠢᠭ᠍ᠰᠠᠨ ᠳᠠᠷᠢᠵᠤ ᠲᠡᠵᠢᠭᠡᠬᠦ ᠰᠢᠰᠲᠧᠮ ᠢ᠋ ᠦᠷᠭᠦᠯᠵᠢᠯᠡᠨ ᠲᠡᠭᠦᠯᠳᠡᠷᠵᠢᠭᠦᠯᠵᠦ᠂ ᠦᠷ᠎ᠡ ᠴᠢᠬᠢ ᠪᠣᠢᠵᠢᠭᠤᠯᠬᠤ᠂ ᠮᠡᠷᠭᠡᠵᠢᠯ ᠦ᠋ᠨ ᠵᠢᠯᠣᠭᠣᠳᠤᠯᠭ᠎ᠠ ᠬᠢᠬᠥ᠂ ᠦᠢᠯᠡᠳᠪᠦᠷᠢᠯᠡᠯ ᠪᠣᠷᠤᠯᠠᠭᠤᠯᠭ᠎ᠠ ᠶ᠋ᠢ ᠵᠣᠯᠭᠠᠭᠤᠯᠬᠤ ᠪᠥᠬᠥ ᠬᠡᠯᠬᠢᠶ᠎ᠡ ᠶ᠋ᠢᠨ ᠪᠠᠲᠤᠯᠠᠭ᠎ᠠ ᠶ᠋ᠢ ᠪᠦᠷᠢᠨᠰᠢᠭᠦᠯᠥᠨ᠂ ᠬᠣᠷᠴᠢᠨ ᠵᠡᠭᠦᠨ ᠭᠠᠷᠤᠨ ᠬᠣᠢᠲᠤ ᠬᠣᠰᠢᠭᠤᠨ ᠤ᠋ ᠤᠰᠤᠨ ᠲᠤᠲᠤᠷᠭ᠎ᠠ ᠪᠠ ᠤᠮᠠᠷ᠂ ᠬᠦᠷᠢᠶ᠎ᠡ ᠬᠣᠰᠢᠭᠤᠨ ᠤ᠋ ᠤᠰᠤᠨ ᠲᠤᠲᠤᠷᠭ᠎ᠠ ᠪᠠ ᠨᠠᠢ᠍ᠮᠠᠯᠵᠢ ᠶ᠋ᠢ ᠶᠡᠷᠦᠩᠬᠡᠢᠯᠡᠨ ᠲᠠᠷᠢᠵᠤ ᠲᠡᠵᠢᠭᠡᠬᠦ ᠪᠣᠯᠪᠠᠰᠤᠷᠠᠩᠭᠤᠢ ᠲᠤᠷᠰᠢᠯᠭ᠎ᠠ ᠶ᠋ᠢ ᠵᠡᠷᠭᠡ ᠪᠡᠷ ᠳᠡᠯᠭᠡᠷᠡᠭᠦᠯᠵᠦ᠂ ᠠᠮᠢ ᠠᠬᠤᠢ ᠶ᠋ᠢᠨ ᠥᠨᠳᠥᠷ ᠦᠷ᠎ᠠ ᠠᠰᠢᠭᠳᠤ ᠳᠠᠷᠢᠵᠤ ᠲᠡᠵᠢᠭᠡᠬᠦ ᠵᠠᠭᠪᠤᠷ ᠢ᠋ ᠨᠠᠩ ᠣᠯᠠᠨ ᠤᠰᠤᠨ ᠲᠠᠷᠢᠶᠠᠨ ᠳ᠋ᠤ ᠲᠦᠭᠡᠮᠡᠯᠵᠢᠭᠦᠯᠥᠨ᠂ ᠨᠠᠩ ᠣᠯᠠᠨ ᠲᠠᠷᠢᠶᠠᠯᠠᠬᠤ ᠡᠷᠦᠬᠡ ᠵᠢ ᠳᠠᠢᠴᠢᠯᠠᠨ ᠠᠮᠤ ᠪᠤᠳᠠᠭ᠎ᠠ ᠪᠠ ᠵᠢᠭᠠᠰᠤᠨ ᠤ᠋ ᠦᠢᠯᠡᠰ ᠢ᠋ ᠠᠭᠤᠰᠤᠯᠴᠠᠭᠤᠯᠬᠤ ᠪᠡᠷ ᠳᠠᠮᠵᠢᠨ ᠬᠤᠷᠢᠶᠠᠯᠳᠠ ᠪᠡᠨ ᠲᠣᠭᠲᠠᠪᠤᠷᠢᠵᠢᠭᠤᠯᠵᠤ ᠣᠷᠣᠯᠭ᠎ᠠ ᠪᠡᠨ ᠨᠡᠮᠡᠭᠳᠡᠭᠦᠯᠬᠦ ᠳ᠋ᠤ ᠬᠦᠷᠭᠡᠨ᠎ᠠ》 ᠭᠡᠵᠤ ᠶᠠᠷᠢᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号