ᠲᠦᠭᠦᠭᠡᠢ ᠰᠦ ᠪᠡᠨ ᠡᠭᠡᠳᠡᠭᠦᠯᠦᠨᠠ; ᠡᠭᠡᠳᠡᠭᠰᠡᠨ ᠰᠦ ᠶ᠋ᠢᠨ ᠳᠡᠭᠡᠷᠡᠬᠢ ᠵᠦᠭᠡᠭᠡᠢ ᠶ᠋ᠢ ᠬᠠᠮᠤᠵᠤ ᠠᠪᠤᠨ᠎ᠠ; ᠡᠭᠡᠳᠡᠭᠰᠡᠨ ᠰᠦ ᠪᠠᠨ ᠲᠤᠭᠤᠭᠠᠨ ᠳ᠋ᠤ ᠬᠢᠭᠡᠳ ᠵᠦᠭᠡᠯᠡᠬᠡᠨ ᠭᠠᠯ ᠳᠡᠭᠡᠷ᠎ᠠ ᠲᠠᠯᠪᠢᠨ᠎ᠠ; ᠢᠯᠭᠠᠷᠠᠵᠤ ᠭᠠᠷᠤᠭᠰᠠᠨ ᠰᠢᠷ᠎ᠠ ᠤᠰᠤ ᠶ᠋ᠢ ᠱᠦᠬᠦᠵᠦ ᠠᠪᠤᠨ᠎ᠠ; ᠭᠠᠯ ᠶ᠋ᠢᠡᠨ ᠬᠦᠭᠵᠢᠭᠡᠭᠡᠳ ᠰᠢᠨᠠᠭ᠎ᠠ ᠪᠡᠨ ᠠᠭᠠᠵᠢᠮ ᠶ᠋ᠢᠡᠷ ᠬᠦᠳᠡᠯᠭᠡᠭᠡᠳ ᠬᠤᠷᠤᠳ ᠶ᠋ᠢᠡᠨ ᠨᠤᠬᠤᠨ᠎ᠠ; ᠬᠡᠪ ᠲᠤ᠌ ᠬᠢᠨ᠎ᠠ ᠁
7 ᠰᠠᠷ᠎ᠠ ᠶ᠋ᠢᠨ 17 — 19 ᠤ᠋ ᠡᠳᠦᠷ ᠪᠤᠯᠲᠠᠯ᠎ᠠ᠂ ᠬᠦᠬᠡᠬᠤᠳᠠ ᠶ᠋ᠢᠨ ᠴᠡᠯᠡᠭᠡᠷ ᠲᠠᠯ᠎ᠠ ᠳ᠋ᠦ ᠶᠠᠪᠤᠭᠳᠠᠭᠰᠠᠨ ᠦᠪᠦᠷ ᠮᠤᠡᠭᠭᠤᠯ ᠤ᠋ᠨ ᠬᠤᠶᠠᠳᠤᠭᠠᠷ ᠬᠤᠭᠤᠴᠠᠭᠠᠨ ᠤ᠋ ᠪᠢᠰᠢᠯᠠᠭ ᠤ᠋ᠨ ᠠᠵᠤ ᠦᠢᠯᠡᠰ ᠤ᠋ᠨ ᠲᠦᠷᠦᠯ ᠲᠡᠮᠲᠡᠭ ᠤ᠋ᠨ ᠲᠠᠨᠢᠯᠴᠠᠭᠤᠯᠭ᠎ᠠ ᠶ᠋ᠢᠨ ᠬᠤᠷᠠᠯ ᠳᠡᠭᠡᠷ᠎ᠠ ᠮᠠᠯᠴᠢᠨ ᠬᠠᠰᠭᠡᠷᠡᠯ ᠲᠤᠬᠠᠢ ᠶ᠋ᠢᠨ ᠲᠠᠯᠠᠪᠠᠢ ᠳ᠋ᠦ ᠰᠦ ᠰᠠᠭᠠᠯᠢ ᠶ᠋ᠢᠨ ᠦᠨᠦᠷ ᠬᠠᠡᠭᠬᠤᠯᠤᠭᠤᠯᠤᠨ ᠬᠤᠷᠤᠳ ᠬᠢᠵᠦ᠂ ᠬᠤᠯᠠ ᠤᠢᠷ᠎ᠡ ᠡᠴᠡ ᠬᠦᠷᠦᠯᠴᠡᠨ ᠢᠷᠡᠭᠰᠡᠨ ᠵᠤᠴᠢᠳ ᠪᠠ ᠵᠢᠭᠤᠯᠴᠢᠯᠠᠭᠰᠠᠳ ᠤ᠋ᠨ ᠰᠢᠯᠦᠰᠦ ᠵᠢ ᠬᠤᠷᠠᠭᠤᠯᠵᠠᠢ᠃

ᠤᠯᠠᠨ ᠤ᠋ ᠠᠩᠬᠠᠷᠤᠯ ᠢ᠋ ᠳᠠᠳᠠᠪᠠ
ᠬᠠᠰᠭᠡᠷᠡᠯ ᠪᠤᠯ ᠰᠢᠯᠤᠭᠤᠨ ᠬᠦᠭᠡ ᠬᠤᠰᠢᠭᠤᠨ ᠤ᠋ ᠰᠠᠡᠭ ᠤ᠋ᠨ ᠳᠠᠯᠠᠢ ᠪᠠᠯᠭᠠᠰᠤ ᠵᠢᠨ ᠪᠠᠶᠠᠨᠰᠢᠯᠢ ᠭᠠᠴᠠᠭᠠᠨ ᠤ᠋ ᠮᠠᠯᠴᠢᠨ ᠪᠤᠯᠤᠨ᠎ᠠ᠃ ᠲᠡᠷᠡ ᠪᠡᠷ ᠬᠠᠷᠠᠬᠠᠨ ᠪᠠᠭ᠎ᠠ ᠡᠴᠡ ᠪᠠᠨ ᠡᠵᠢ ᠪᠡᠨ ᠳᠠᠭᠠᠵᠤ ᠬᠤᠷᠤᠳ ᠴᠠᠭᠠᠨ ᠢᠳᠡᠭᠡᠨ ᠬᠢᠬᠦ ᠵᠢ ᠰᠤᠷᠴᠤ᠂ ᠦᠨᠳᠦᠷ ᠳᠤᠮᠳᠠᠳᠤ ᠪᠠᠨ ᠲᠡᠭᠦᠰᠦᠭᠰᠡᠨ ᠤ᠋ ᠳᠠᠷᠠᠭ᠎ᠠ ᠠᠷᠤ ᠬᠡᠷ ᠲᠡᠭᠡᠨ ᠬᠠᠷᠢᠵᠤ ᠴᠠᠭᠠᠨ ᠢᠳᠡᠭᠡᠨ ᠬᠢᠬᠦ ᠦᠢᠯᠡᠰ ᠡᠷᠬᠢᠯᠡᠵᠠᠢ᠃ ᠲᠦᠮᠡᠨ ᠶᠠᠪᠤᠳᠠᠯ ᠤ᠋ᠨ ᠲᠦᠷᠦᠭᠦᠦ ᠠᠯᠬᠤᠮ ᠨᠢ ᠬᠦᠴᠢᠷ ᠭᠡᠳᠡᠭᠴᠢᠯᠡᠨ᠂ ᠲᠡᠷᠡ ᠪᠡᠷ ᠠᠡᠭᠬ᠎ᠠ ᠡᠬᠢᠯᠡᠬᠦ ᠳ᠋ᠡᠭᠡᠨ ᠦᠪᠡᠷ ᠤ᠋ᠨ ᠭᠡᠷ ᠤ᠋ᠨ ᠪᠠ ᠤᠢᠷ᠎ᠠ ᠬᠠᠪᠢ ᠶ᠋ᠢᠨ ᠮᠠᠯᠴᠢᠨ ᠠᠢᠯ ᠤ᠋ᠨ ᠶ᠋ᠢᠡᠨ ᠦᠨᠢᠶᠡᠨ ᠰᠦ ᠶ᠋ᠢ ᠬᠤᠷᠢᠶᠠᠨ ᠬᠤᠷᠤᠳ ᠬᠢᠵᠦ᠂ ᠳᠤᠭᠤᠢ ᠲᠡᠷᠭᠡ ᠪᠡᠷ ᠰᠢᠯᠢ ᠳᠠᠪᠠᠨ ᠬᠤᠰᠢᠭᠤ ᠤᠷᠤᠵᠤ ᠨᠢᠭᠡ ᠨᠢᠭᠡ ᠠᠢᠯ ᠶ᠋ᠢᠡᠷ ᠪᠤᠷᠤᠯᠠᠭᠤᠯᠵᠤ ᠪᠠᠢᠪᠠ᠃
ᠠᠡᠭᠬ᠎ᠠ ᠡᠬᠢᠯᠡᠬᠦ ᠳ᠋ᠡᠭᠡᠨ ᠬᠡᠳᠦᠢᠪᠡᠷ ᠲᠤᠡᠭ ᠬᠦᠴᠢᠷ ᠲᠠᠢ ᠪᠠᠢᠭᠰᠠᠨ ᠪᠤᠯᠪᠠᠴᠤ ᠬᠠᠰᠭᠡᠷᠡᠯ ᠬᠤᠷᠤᠳ ᠴᠠᠭᠠᠨ ᠢᠳᠡᠭᠡᠨ ᠤ᠋ ᠪᠠᠨ ᠶᠠᠰᠤ ᠴᠢᠨᠠᠷ᠂ ᠠᠮᠲᠠ ᠰᠢᠮᠳᠠ᠂ ᠠᠷᠢᠭᠤᠨ ᠴᠡᠪᠡᠷ ᠢ᠋ ᠪᠠᠲᠤᠯᠠᠵᠤ ᠢᠷᠡᠭᠰᠡᠨ ᠡᠴᠡ ᠠᠷᠠᠯᠵᠢᠶ᠎ᠠ ᠮᠠᠢᠮᠠᠢ ᠨᠢ ᠡᠳᠦᠷ ᠢᠷᠡᠭᠦᠶ᠎ᠡ ᠰᠠᠢᠵᠢᠷᠠᠵᠤ ᠡᠬᠢᠯᠡᠵᠠᠢ᠃ ᠤᠳᠤ ᠬᠦᠳᠡᠭᠡ ᠨᠤᠲᠤᠭ ᠲᠠᠭᠠᠨ ᠮᠠᠯᠵᠢᠯ ᠤ᠋ᠨ ᠲᠠᠯᠠᠪᠠᠢ ᠪᠠᠢᠭᠤᠯᠵᠤ᠂ 500 ᠲᠡᠭᠰᠢ ᠳᠦᠷᠪᠡᠯᠵᠢᠨ ᠮᠸᠲᠷ ᠪᠦᠬᠦᠢ ᠪᠠᠷᠢᠮᠵᠢᠶᠠᠵᠢᠭᠰᠠᠨ ᠦᠢᠯᠡᠳᠪᠦᠷᠢ ᠶ᠋ᠢᠨ ᠲᠠᠰᠤᠭ ᠪᠠᠢᠭᠤᠯᠤᠨ᠂ SC ᠭᠡᠷᠡᠴᠢᠯᠡᠯ ᠤᠯᠵᠤ᠂ ᠱᠠᠡᠭᠳᠤ ᠪᠠᠯᠭᠠᠰᠤᠨ ᠳ᠋ᠦ 《ᠭᠡᠷᠡᠯ ᠴᠠᠭᠠᠨ ᠢᠳᠡᠭᠡᠨ ᠤ᠋ ᠳᠡᠯᠭᠡᠭᠦᠷ》 ᠢ᠋ ᠡᠵᠡᠡᠭᠨᠡᠨ᠂ ᠠᠷᠪᠠᠭᠠᠳ ᠮᠠᠯᠴᠢᠨ ᠳ᠋ᠤ ᠠᠵᠢᠯ ᠤ᠋ᠨ ᠪᠠᠢᠷᠢ ᠬᠠᠡᠭᠭᠠᠵᠤ᠂ ᠡᠳᠦᠷ ᠤ᠋ᠨ 2000 ᠭᠠᠷᠤᠢ ᠵᠢᠩ ᠲᠦᠬᠦᠭᠡᠢ ᠰᠦ ᠪᠤᠯᠪᠠᠰᠤᠷᠠᠭᠤᠯᠵᠤ ᠪᠤᠢ᠃
ᠲᠡᠳᠡ ᠤᠯᠠᠮᠵᠢᠯᠠᠯ ᠳ᠋ᠠᠭᠠᠨ ᠰᠠᠭᠤᠷᠢᠯᠠᠨ ᠰᠢᠨ᠎ᠡ ᠵᠢ ᠡᠭᠦᠳᠬᠦ ᠶ᠋ᠢ ᠪᠠᠷᠢᠮᠳᠠᠯᠠᠵᠤ᠂ ᠤᠳᠤ ᠨᠡᠢᠲᠡ ᠭᠤᠴᠢᠭᠠᠳ ᠲᠦᠷᠦᠯ ᠤ᠋ᠨ ᠴᠠᠭᠠᠨ ᠢᠳᠡᠭᠡᠨ ᠬᠢᠵᠦ᠂ ᠤᠷᠤᠨ ᠤ᠋ ᠲᠤᠳᠤᠭᠠᠳᠤ ᠳ᠋ᠤ ᠪᠤᠷᠤᠯᠠᠭᠤᠯᠭ᠎ᠠ ᠰᠠᠢᠳᠠᠢ ᠪᠦᠭᠡᠳ ᠪᠡᠭᠡᠵᠢᠡᠭ᠂ ᠲᠢᠶᠠᠨᠵᠢᠨ᠂ ᠡᠾᠸᠪᠸᠢ᠂ ᠬᠤᠨᠠᠨ᠂ ᠰᠢᠨᠵᠢᠶᠠᠡᠭ ᠵᠡᠷᠭᠡ ᠭᠠᠵᠠᠷ ᠤᠷᠤᠨ ᠶ᠋ᠢᠡᠷ ᠴᠤ᠌ ᠪᠤᠷᠤᠯᠠᠭᠤᠯᠤᠨ᠂ ᠵᠢᠯ ᠤ᠋ᠨ ᠤᠷᠤᠯᠭ᠎ᠠ ᠨᠢ 300 ᠲᠦᠮᠡᠨ ᠲᠦᠭᠦᠷᠢᠭ ᠲᠦ᠍ ᠬᠦᠷᠴᠦ ᠪᠠᠢᠨ᠎ᠠ᠃ ᠬᠠᠰᠭᠡᠷᠡᠯ ᠪᠠᠰᠠ ᠬᠤᠰᠢᠭᠤ᠂ ᠠᠢᠮᠠᠭ ᠪᠠ ᠤᠷᠤᠨ ᠤ᠋ ᠳᠡᠰ ᠤ᠋ᠨ ᠤᠯᠠᠨ ᠲᠦᠷᠦᠯ ᠤ᠋ᠨ ᠤᠷᠤᠯᠳᠤᠭᠠᠨ ᠳ᠋ᠦ ᠤᠷᠤᠯᠴᠠᠵᠤ᠂ ᠤᠯᠠᠨ ᠡᠴᠨ ᠤᠷᠤᠢᠯᠠᠭᠰᠠᠨ ᠴᠠᠭᠠᠨ ᠢᠳᠡᠭᠡᠨ ᠬᠢᠬᠦ ᠤᠷ᠎ᠡ ᠮᠡᠷᠭᠡᠵᠢᠯ ᠶ᠋ᠢᠡᠷ ᠶ᠋ᠢᠡᠨ ᠲᠡᠷᠢᠭᠦᠨ ᠳᠡᠰ ᠤ᠋ᠨ ᠱᠠᠡᠭᠨᠠᠯ ᠬᠦᠬᠢᠭᠦᠯᠦᠯ ᠢ᠋ ᠤᠯᠠᠨᠳᠠ ᠬᠦᠷᠲᠡᠭᠰᠡᠨ ᠶᠤᠮ᠃