ᠥᠪᠥᠷ ᠮᠣᠩᠭᠣᠯ᠎ᠤᠨ
ᠥᠪᠡᠷᠲᠡᠭᠡᠨ ᠵᠠᠰᠠᠬᠤ ᠣᠷᠣᠨ᠎ᠤ ᠨᠡᠢᠭᠡᠮ᠎ᠦᠨ ᠳᠠᠭᠠᠳᠬᠠᠯ᠎ᠤᠨ ᠦᠢᠯᠡᠰ᠎ᠦᠨ ᠦᠢᠯᠡᠴᠢᠯᠡᠭᠡᠨ᠎ᠦ ᠲᠥᠪ᠎ᠦᠨ《ᠬᠣᠲᠠ᠎ᠶᠢᠨ ᠨᠢᠭᠡ ᠯᠡ ᠳᠠᠨᠭᠰᠠᠨ ᠡᠷᠦᠬᠡ ᠪᠡᠷ ᠨᠡᠪᠳᠡᠷᠡᠬᠦ》 APP᠎ᠳᠤ ᠭᠠᠷᠤᠨ ᠥᠰᠥᠭ ᠵᠢᠷᠤᠵᠤ ᠣᠯᠭᠣᠭᠰᠠᠨ ᠡᠯᠧᠺᠲᠷᠣᠨ ᠨᠡᠢᠭᠡᠮ᠎ᠦᠨ ᠳᠠᠭᠠᠳᠬᠠᠯ᠎ᠤᠨ ᠺᠠᠷᠲ ᠤᠨ ᠬᠡᠷᠡᠭᠯᠡᠭᠴᠢ᠎ᠶᠢᠨ ᠮᠡᠳᠡᠭᠡ ᠵᠠᠩᠭᠢ ᠵᠢ ᠨᠡᠭᠦᠯᠭᠡᠨ ᠰᠢᠯᠵᠢᠭᠦᠯᠬᠦ ᠲᠤᠬᠠᠢ ᠰᠠᠨᠠᠭᠤᠯᠤᠮᠵᠢ
《ᠬᠣᠲᠠ᠎ᠶᠢᠨ ᠨᠢᠭᠡ ᠯᠡ ᠳᠠᠨᠭᠰᠠᠨ ᠡᠷᠦᠬᠡ ᠪᠡᠷ
ᠨᠡᠪᠳᠡᠷᠡᠬᠦ》 APP ᠵᠢᠨ ᠡᠯᠧᠺᠲᠷᠣᠨ
ᠨᠡᠢᠭᠡᠮ᠎ᠦᠨ ᠳᠠᠭᠠᠳᠬᠠᠯ᠎ᠤᠨ ᠺᠠᠷᠲ ᠠᠪᠬᠤ᠎ᠪᠠᠷ ᠭᠤᠶᠤᠴᠢᠯᠠᠵᠤ ᠪᠠᠢᠭ᠎ᠠ ᠺᠠᠷᠲ ᠡᠵᠡᠮᠰᠢᠭᠴᠢ᠎ᠳᠦ᠄
《ᠬᠣᠲᠠ᠎ᠶᠢᠨ ᠨᠢᠭᠡ ᠯᠡ ᠳᠠᠨᠭᠰᠠᠨ
ᠡᠷᠦᠬᠡ ᠪᠡᠷ ᠨᠡᠪᠳᠡᠷᠡᠬᠦ》 APP ᠵᠢᠨ
ᠡᠯᠧᠺᠲᠷᠣᠨ ᠨᠡᠢᠭᠡᠮ᠎ᠦᠨ ᠳᠠᠭᠠᠳᠬᠠᠯ᠎ᠤᠨ ᠺᠠᠷᠲ᠎ᠲᠤ ᠭᠠᠷᠤᠨ ᠥᠰᠥᠭ ᠵᠢᠷᠤᠵᠤ ᠣᠯᠭᠣᠬᠤ ᠦᠢᠯᠡᠴᠢᠯᠡᠭᠡ᠎ᠶᠢ ᠨᠢᠭᠡᠨᠲᠡ
ᠵᠣᠭᠰᠣᠭᠠᠭᠰᠠᠨ ᠪᠣᠯᠬᠣᠷ᠂ 《ᠡᠯᠧᠺᠲᠷᠣᠨ ᠨᠡᠢᠭᠡᠮ᠎ᠦᠨ ᠳᠠᠭᠠᠳᠬᠠᠯ᠎ᠤᠨ
ᠺᠠᠷᠲ᠎ᠤᠨ ᠦᠢᠯᠡᠴᠢᠯᠡᠭᠡᠨ᠎ᠦ ᠠᠷᠭ᠎ᠠ ᠵᠠᠮ᠎ᠤᠨ ᠬᠠᠮᠢᠶᠠᠷᠤᠯᠲᠠ᠎ᠶᠢᠨ ᠠᠷᠭ᠎ᠠ(ᠲᠤᠷᠰᠢᠨ ᠬᠡᠷᠡᠭᠵᠢᠭᠦᠯᠬᠦ)》 ᠵᠢᠨ ᠬᠣᠯᠪᠣᠭᠳᠠᠯ
ᠪᠦᠬᠦᠢ ᠲᠣᠭᠲᠠᠭᠠᠯ᠎ᠢ ᠦᠨᠳᠦᠰᠦᠯᠡᠪᠡᠯ᠂ ᠲᠣᠰ ᠠᠷᠭ᠎ᠠ ᠵᠠᠮ᠎ᠢᠶᠠᠷ ᠳᠠᠮᠵᠢᠭᠤᠯᠤᠨ ᠡᠯᠧᠺᠲᠷᠣᠨ ᠨᠡᠢᠭᠡᠮ ᠦᠨ ᠳᠠᠭᠠᠳᠬᠠᠯ᠎ᠤᠨ
ᠺᠠᠷᠲ ᠭᠤᠶᠤᠴᠢᠯᠠᠨ ᠠᠪᠤᠭᠰᠠᠨ ᠬᠡᠷᠡᠭᠯᠡᠭᠴᠢ᠎ᠶᠢᠨ ᠮᠡᠳᠡᠭᠡ ᠵᠠᠩᠭᠢ᠎ᠶᠢ ᠰᠢᠯᠵᠢᠬᠦᠯᠬᠦ ᠴᠢᠬᠤᠯᠠᠲᠠᠢ ᠪᠠᠢᠨ᠎ᠠ᠃
ᠬᠡᠷᠡᠭᠯᠡᠭᠴᠢ᠎ᠶᠢᠨ ᠡᠯᠧᠺᠲᠷᠣᠨ ᠨᠡᠢᠭᠡᠮ᠎ᠦᠨ ᠳᠠᠭᠠᠳᠬᠠᠯ᠎ᠤᠨ ᠺᠠᠷᠲ᠎ᠤᠨ ᠦᠢᠯᠡᠴᠢᠯᠡᠭᠡ᠎ᠶᠢᠨ ᠦᠷᠭᠦᠯᠵᠢᠯᠡᠬᠦ
ᠴᠢᠨᠠᠷ᠎ᠢ ᠪᠠᠲᠤᠯᠠᠬᠤ᠎ᠶᠢᠨ ᠲᠥᠯᠥᠭᠡ᠂ 《ᠬᠣᠲᠠ᠎ᠶᠢᠨ ᠨᠢᠭᠡ ᠯᠡ ᠳᠠᠨᠭᠰᠠᠨ ᠡᠷᠦᠬᠡ ᠪᠡᠷ
ᠨᠡᠪᠳᠡᠷᠡᠬᠦ》 APP ᠪᠡᠷ ᠴᠣᠷ᠎ᠤᠨ ᠭᠠᠭᠴᠠ ᠠᠷᠭ᠎ᠠ ᠵᠠᠮ ᠪᠤᠯᠭᠠᠨ ᠭᠠᠷᠤᠨ ᠥᠰᠥᠭ ᠵᠢᠷᠤᠵᠤ
ᠺᠠᠷᠲ ᠣᠯᠭᠤᠭᠰᠠᠨ ᠬᠡᠷᠡᠭᠯᠡᠭᠴᠢ ᠵᠢᠨ ᠡᠯᠧᠺᠲᠷᠣᠨ ᠨᠡᠢᠭᠡᠮ᠎ᠦᠨ ᠳᠠᠭᠠᠳᠬᠠᠯ᠎ᠤᠨ ᠺᠠᠷᠲ᠎ᠤᠨ ᠮᠡᠳᠡᠭᠡ ᠵᠠᠩᠭᠢ᠎ᠶᠢ
ᡁᠢ ᠹᠦ ᠪᠤᠤ ᠵᠢᠨ ᠵᠢᠵᠢᠭ ᠫᠷᠣᠭ᠌ᠷᠠᠮ᠎ᠳᠤ ᠰᠢᠯᠵᠢᠭᠦᠯᠦᠨ᠎ᠡ᠂ ᠵᠢᠱ᠌ᠢᠯᠲᠡ᠎ᠪᠡᠷ ᠰᠢᠯᠵᠢᠬᠦᠯᠬᠦ ᠠᠵᠢᠯ᠎ᠢ
2026 ᠣᠨ᠎ᠤ 7 ᠰᠠᠷ᠎ᠠ᠎ᠶᠢᠨ 24᠎ᠦ ᠡᠳᠦᠷ ᠳᠠᠭᠤᠰᠬᠠᠨ᠎ᠠ᠂ ᠲᠤᠬᠠᠢ᠎ᠶᠢᠨ ᠴᠠᠭ᠎ᠲᠤ ᠬᠡᠷᠡᠭᠯᠡᠭᠴᠢ ᠲᠣᠰ ᠵᠢᠵᠢᠭ
ᠫᠷᠣᠭ᠌ᠷᠠᠮ᠎ᠳᠤ ᠤᠷᠤᠬᠤ᠎ᠶᠢᠨ ᠬᠠᠮᠲᠤ ᠡᠷᠬᠡ ᠣᠯᠭᠣᠯᠲᠠ᠎ᠶᠢ ᠭᠦᠢᠴᠡᠳᠭᠡᠭᠰᠡᠨᠦ ᠳᠠᠷᠠᠭ᠎ᠠ ᠬᠣᠯᠪᠣᠭᠳᠠᠯ ᠪᠦᠬᠦᠢ
ᠦᠢᠯᠡᠴᠢᠯᠡᠭᠡ᠎ᠶᠢ ᠬᠡᠪ᠎ᠦᠨ ᠶᠣᠰᠣᠭᠠᠷ ᠬᠡᠷᠡᠭᠯᠡᠵᠦ ᠪᠣᠯᠣᠨ᠎ᠠ᠃
2026 ᠣᠨ ᠤ 7 ᠰᠠᠷ᠎ᠠ᠎ᠶᠢᠨ
22᠎ᠤᠨ ᠡᠳᠦᠷ
ᠥᠪᠥᠷ ᠮᠣᠩᠭᠣᠯ ᠤᠨ ᠥᠪᠡᠷᠲᠡᠭᠡᠨ
ᠵᠠᠰᠠᠬᠤ ᠣᠷᠣᠨ ᠤ ᠨᠡᠢᠭᠡᠮ᠎ᠦᠨ
ᠳᠠᠭᠠᠳᠬᠠᠯ ᠤᠨ ᠦᠢᠯᠡᠰ ᠦᠨ ᠦᠢᠯᠡᠴᠢᠯᠡᠭᠡᠨ
ᠦ ᠲᠥᠪ
ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠨᠡᠢᠭᠡᠮ᠎ᠦᠨ ᠳᠠᠭᠠᠳᠬᠠᠯ᠎ᠤᠨ ᠦᠢᠯᠡᠰ᠎ᠦᠨ ᠦᠢᠯᠡᠴᠢᠯᠡᠭᠡᠨ᠎ᠦ ᠲᠥᠪ