《ᠭᠤᠪᠢ᠎ᠶ᠋ᠢᠨ ᠠᠷᠴᠠ》᠎ᠠ᠋ᠴᠠ ᠰᠠᠴᠤᠷᠠᠭ᠍ᠰᠠᠨ ᠤᠬᠠᠭᠠᠷᠠᠯ᠎ᠤᠨ ᠲᠤᠶᠠᠭ᠎ᠠ
2026-07-08 09:32:37
ᠵᠣᠬᠢᠶᠠᠭ᠍ᠴᠢ᠄
ᠠᠯᠳᠠᠩᠭᠤᠸ᠎ᠠ
ᠣᠩᠱᠢᠭ᠍ᠰᠠᠨ ᠣᠳᠠᠭ᠎ᠠ᠄
★★★☆☆

《ᠭᠤᠪᠢ᠎ᠶ᠋ᠢᠨ ᠠᠷᠴᠠ》 ᠬᠡᠬᠦ ᠨᠤᠮ ᠪᠤᠯ ᠡᠷᠳᠡᠨᠢᠪᠠᠶᠠᠷ᠂ ᠵ ·ᠯᠤᠤᠬ᠎ᠠ ᠬᠤᠶᠠᠷ ᠪᠠᠬᠰᠢ ᠵᠢᠨ ᠨᠠᠢᠷᠠᠭᠤᠯᠤᠬᠰᠠᠨ᠂ ᠪᠤᠷᠤᠬᠤᠳᠠ ᠮᠤᠩᠭᠤᠯ ᠲᠤᠮᠳᠠᠳᠤ ᠰᠤᠷᠭᠠᠭᠤᠯᠢ᠎ᠳ᠋ᠤ ᠰᠤᠷᠤᠯᠴᠠᠵᠤ ᠪᠠᠢᠬᠰᠠᠨ ᠪᠠ ᠤᠳᠤ ᠰᠤᠷᠤᠯᠴᠠᠵᠤ ᠪᠠᠢᠭ᠎ᠠ ᠰᠤᠷᠤᠬᠴᠢᠳ᠎ᠤᠨ  ᠡᠯ᠎ᠠ ᠤᠷᠠᠨ ᠵᠤᠬᠢᠶᠠᠯ᠎ᠤᠨ ᠤᠷᠤᠯᠳᠤᠭᠠᠨ᠎ᠳᠤ ᠱᠠᠡᠭᠨᠠᠯ ᠤᠯᠤᠬᠰᠠᠨ ᠤᠷᠠᠨ ᠪᠦᠳᠦᠬᠡᠯ᠎ᠤᠨ ᠲᠡᠬᠦᠪᠦᠷᠢ ᠪᠤᠯᠤᠨ᠎ᠠ᠃ ᠲᠤᠰ ᠨᠤᠮ᠎ᠳᠤ ᠰᠤᠡᠭᠭᠤᠬᠳᠠᠬᠰᠠᠨ ᠵᠤᠬᠢᠶᠠᠯ᠎ᠤᠨ ᠤᠷᠠᠯᠢᠭ᠎ᠤᠨ ᠬᠡᠮᠵᠢᠶ᠎ᠡ ᠦᠨᠳᠦᠷ᠂ ᠲᠦᠷᠢ ᠤᠯᠠᠨ ᠶᠠᠩᠵᠦᠳᠦ ᠴᠢᠨᠠᠷ᠎ᠲᠠᠢ ᠪᠠᠢᠵᠦ᠍ ᠲᠤᠮᠳᠠᠳᠤ ᠰᠤᠷᠭᠠᠭᠤᠯᠢ᠎ᠶ᠋ᠢᠨ ᠰᠤᠷᠤᠭ᠍ᠴᠢᠳ᠎ᠤᠨ ᠬᠡᠪ ᠨᠠᠮᠪᠠ᠂ ᠬᠢᠷᠢ ᠲᠦᠪᠱᠢᠨ᠎ᠢ ᠵᠤᠬᠢᠬᠤ ᠬᠡᠮᠵᠢᠶ᠎ᠡ ᠪᠡᠷ ᠬᠠᠷᠠᠭᠤᠯᠵᠦ᠍ ᠴᠢᠳᠠᠵᠠᠢ᠃ ᠲᠤᠰ ᠵᠤᠬᠢᠶᠠᠯ᠎ᠨᠢ ᠬᠡᠨᠡᠨ ᠴᠠᠭᠠᠬᠠᠨ ᠲᠤᠮᠤᠭᠠᠵᠢᠯ᠂ ᠬᠡᠷᠡᠯ ᠬᠡᠬᠡ᠎ᠳᠤ ᠬᠦᠳᠦᠯᠦᠭ᠌ᠴᠢ᠂ ᠠᠮᠢᠳᠤᠷᠠᠯ ᠦᠢᠯᠡᠰ᠎ᠤ᠋ᠨ ᠬᠦᠰᠡᠯ ᠵᠢᠳᠬᠦᠯ᠂ ᠵᠠᠩ ᠵᠠᠩᠱᠢᠯ ᠪᠠ ᠤᠷᠤᠨ ᠨᠤᠳᠤᠭ᠎ᠤᠨ ᠵᠢᠷᠤᠭ᠍ᠯᠠᠯ ᠬᠡᠬᠦ᠌ ᠲᠦᠷᠪᠡᠨ ᠲᠠᠯ᠎ᠠ᠎ᠪᠠᠷ ᠨᠤᠮ᠎ᠳᠤ ᠲᠡᠬᠦᠪᠦᠷᠢᠯᠡᠭ᠌ᠳᠡᠭ᠌ᠰᠡᠨ ᠵᠤᠬᠢᠶᠠᠯ᠎ᠤᠨ ᠤᠨᠴᠠᠯᠢᠭ᠎ᠢ ᠵᠠᠳᠠᠯᠪᠠ᠃

2024 ᠤᠨ᠎ᠤ 11 ᠰᠠᠷ᠎ᠠ᠎ᠳᠤ ᠦᠪᠦᠷ ᠮᠤᠩᠭᠤᠯ᠎ᠤᠨ ᠰᠤᠷᠭᠠᠨ ᠬᠦᠮᠤᠵᠢᠯ᠎ᠤᠨ ᠬᠡᠪᠯᠡᠯ᠎ᠤᠨ ᠬᠤᠷᠢᠶᠠᠨ᠎ᠠᠴᠠ 《ᠭᠤᠪᠢ᠎ᠶ᠋ᠢᠨ ᠠᠷᠴᠠ》 (ᠲᠡᠬᠡᠳᠦ ᠲᠤᠤᠷᠠᠳᠤ)ᠨᠤᠮ᠎ᠢ ᠬᠡᠪᠯᠡᠬᠦᠯᠦᠨ ᠲᠠᠷᠬᠠᠭᠠᠵᠦ᠍᠂ ᠪᠤᠷᠤᠬᠤᠳᠠ ᠮᠤᠩᠭᠤᠯ ᠰᠤᠷᠭᠠᠭᠤᠯᠢ᠎ᠳᠤ ᠱᠢᠨ᠎ᠡ ᠨᠤᠮ᠎ᠤᠨ ᠲᠠᠷᠬᠠᠭᠠᠯᠳᠠ᠎ᠶ᠋ᠢᠨ ᠶᠤᠰᠤᠯᠠᠯ ᠪᠠ ᠵᠤᠬᠢᠶᠠᠯ ᠪᠦᠳᠦᠬᠡᠯ᠎ᠢ ᠰᠤᠳᠤᠯᠤᠨ ᠶᠠᠷᠢᠯᠴᠠᠬᠤ ᠬᠤᠷᠠᠯ᠎ᠢ ᠡᠷᠬᠢᠯᠡᠨ ᠶᠠᠪᠤᠭ᠍ᠳᠠᠭᠤᠯᠵᠠᠢ᠃ ᠡᠨᠡ ᠨᠤᠮ᠎ᠢ ᠬᠡᠪᠯᠡᠬᠦᠯᠦᠭ᠌ᠰᠡᠨ᠎ᠨᠢ ᠰᠤᠷᠤᠭ᠍ᠴᠢᠳ᠎ᠲᠤ ᠭᠠᠷ ᠠᠪᠤᠯᠭ᠎ᠠ ᠪᠤᠯᠬᠤ ᠦᠨ᠎ᠡ ᠴᠠᠨ᠎ᠠ᠎ᠲᠠᠢ ᠪᠦᠭᠡᠳ ᠤᠷᠠᠨ ᠵᠤᠬᠢᠶᠠᠯ᠎ᠳᠤ ᠪᠠᠭ᠍ᠠᠳᠠᠢ ᠰᠤᠷᠤᠭ᠍ᠴᠢᠳ᠎ᠲᠤ ᠤᠳᠤᠷᠢᠳᠤᠮᠵᠢ᠎ᠶ᠋ᠢᠨ ᠦᠢᠯᠡᠳᠦᠯ ᠦᠵᠡᠬᠦᠯᠵᠦ᠍ ᠲᠡᠢᠯᠦᠨ᠎ᠡ᠃ ᠲᠡᠷᠡ᠎ᠨᠢ ᠲᠤᠮᠳᠠᠳᠤ ᠰᠤᠷᠭᠠᠭᠤᠯᠢ᠎ᠶ᠋ᠢᠨ ᠰᠤᠷᠤᠭ᠍ᠴᠢᠳ᠎ᠤᠨ ᠪᠤᠳᠤᠯ ᠰᠡᠳᠭᠢᠬᠦᠢ ᠪᠠ ᠠᠪᠢᠶᠠᠰ ᠪᠢᠯᠢᠭ᠂ ᠤᠢ ᠤᠬᠠᠭᠠᠨ᠎ᠢ ᠮᠠᠨ᠎ᠳᠤ ᠲᠡᠯᠬᠡᠨ ᠦᠵᠡᠬᠦᠯᠵᠦ᠍ ᠢᠷᠡᠬᠡᠳᠦᠢ᠎ᠶ᠋ᠢᠨ ᠢᠳᠡᠬᠡᠯ᠎ᠢ ᠦᠭ᠌ᠴᠦ ᠲᠡᠢᠯᠤᠨ᠎ᠠ ᠬᠡᠳᠡᠭ ᠲᠸ᠋ ᠢᠳᠡᠭᠡᠯ ᠲᠠᠢ ᠪᠠᠢᠨ᠎ᠠ᠃ ᠲᠤᠰ ᠰᠢᠬᠦᠮᠵᠢ᠎ᠳᠡᠭᠡᠨ ᠤᠩᠱᠢᠭ᠍ᠴᠢᠳ᠎ᠲᠤ ᠤᠶᠤᠨ ᠰᠠᠨᠠᠭᠠᠨ᠎ᠤ ᠬᠦᠷᠳᠡᠬᠡᠮᠵᠢ ᠪᠤᠯᠤᠭ᠍ᠰᠠᠨ ᠲᠤᠰ ᠨᠤᠮ᠎ᠤᠨ ᠶᠡᠷᠦᠩᠬᠡᠢ ᠤᠨᠴᠠᠯᠢᠭ᠎ᠢ ᠲᠦᠷᠪᠡᠨ ᠲᠠᠯ᠎ᠠ᠎ᠠᠴᠠ ᠱᠢᠨᠵᠢᠯᠡᠵᠦ᠍ ᠤᠷᠠᠯᠢᠭ᠎ᠤᠨ ᠦᠨ᠎ᠡ ᠴᠠᠨ᠎ᠠ᠎ᠶ᠋ᠢ ᠠᠭᠤᠳᠠᠯᠬᠤ᠎ᠶ᠋ᠢ ᠵᠤᠷᠢᠯ᠎ᠠ᠃

ᠨᠢᠬᠡ ᠬᠡᠨᠡᠨ ᠴᠠᠭᠠᠬᠠᠨ ᠲᠤᠮᠤᠭᠠᠵᠢᠯ

ᠠᠰᠪᠤᠷ ᠴᠠᠢᠯᠭᠠᠨ ᠬᠡᠦᠬᠡᠳ ᠪᠠᠭᠠᠴᠤᠳ᠎ᠤᠨ ᠠᠮᠢᠳᠤᠷᠠᠯ᠎ᠤᠨ ᠲᠤᠮᠳᠠᠬᠢ ᠶᠠᠮᠠᠷ ᠨᠢᠬᠡᠨ ᠤᠴᠢᠷ᠎ᠠᠴᠠ ᠤᠬᠠᠭᠠᠷᠠᠨ ᠲᠣᠮᠣᠭᠠᠵᠢᠬᠤ ᠤᠳᠭ᠎ᠠ ᠰᠡᠳᠦᠪ ᠪᠦᠬᠦᠢ ᠵᠤᠬᠢᠶᠠᠯ ᠡᠨᠡ ᠲᠡᠬᠦᠪᠦᠷᠢ᠎ᠳᠤ ᠬᠠᠮᠤᠭ ᠤᠯᠠᠨ ᠢᠯᠡᠷᠡᠵᠡᠢ᠃

ᠠᠤᠭ᠎ᠠ᠎ᠶ᠋ᠢᠨ 《ᠢᠯᠵᠢᠷᠡᠬᠡᠢ ᠪᠤᠤᠪᠤ》 ᠭᠡᠬᠦ᠌ ᠥᠭᠦᠯᠡᠯᠭᠡ᠎ᠳᠤ ᠡᠮᠡᠭᠡ᠎ᠨᠢ ᠲᠦᠷᠦᠭ᠌ᠰᠡᠨ ᠡᠳᠦᠷ᠎ᠤᠨ ᠪᠤᠭᠤᠷᠰᠤᠭ᠎ᠢᠶᠠᠨ ᠤᠮᠪᠤᠯᠤ᠎ᠳᠠᠭᠠᠨ ᠢᠳᠡᠬᠦᠯᠬᠦ᠌ ᠬᠡᠵᠦ᠍ ᠬᠤᠶᠠᠷ ᠰᠠᠷ᠎ᠠ ᠬᠠᠳᠠᠭᠠᠯᠠᠭᠠᠳ ᠢᠯᠵᠢᠷᠡᠬᠦᠯᠦᠭ᠌ᠰᠡᠨ ᠤᠴᠢᠷ᠎ᠢ ᠪᠢᠴᠢᠬᠡᠳ ᠬᠠᠷᠠᠬᠠᠨ ᠪᠠᠭ᠎ᠠ᠎ᠠᠴᠠ ᠨᠢ  ᠲᠡᠬᠦᠨ᠎ᠢ ᠬᠠᠢᠷᠠᠯᠠᠵᠦ᠍ ᠰᠠᠨᠠᠵᠦ᠍ ᠦᠰᠭᠡᠭ᠌ᠰᠡᠨ ᠡᠮᠡᠭᠡ᠎ᠶ᠋ᠢᠨ ᠬᠠᠢᠷ᠎ᠠ᠎ᠶ᠋ᠢ ᠦᠷᠦᠪᠳᠦᠨ ᠤᠬᠠᠭᠠᠷᠠᠭ᠍ᠰᠠᠨ ᠤᠴᠢᠷ᠎ᠢ ᠪᠢᠴᠢᠵᠡᠢ᠃ 《ᠨᠤᠢᠳᠠᠨ ᠰᠤᠷᠮᠤᠤᠰᠤᠨ ᠲᠤᠮᠳᠠᠭᠤᠷ ᠡᠮᠡᠭᠡ᠎ᠶ᠋ᠢᠨ ᠮᠢᠨᠢ ᠪᠤᠭᠤᠷᠤᠯ ᠬᠡᠵᠢᠭᠡ᠂ ᠪᠦᠭ᠌ᠳᠤᠷ ᠨᠢᠷᠤᠭᠤ ᠪᠠ ᠭᠠᠷ᠎ᠲᠠᠭᠠᠨ ᠪᠠᠷᠢᠭᠠᠳ ᠱᠢᠨᠵᠢᠵᠤ ᠪᠠᠢᠭ᠎ᠠ ᠢᠯᠵᠢᠷᠡᠭᠡᠢ ᠪᠤᠤᠪᠤ᠎ᠶ᠋ᠢ ᠦᠵᠠᠭᠡᠳ ᠡᠮᠡᠭᠡ᠎ᠳᠡᠭᠡᠨ ᠪᠢ ᠴᠢᠮᠦᠭᠡ᠎ᠶ᠋ᠢᠨ ᠶᠠᠰᠤ᠎ᠪᠠᠨ ᠲᠠᠱᠢᠵᠤ ᠵᠤᠯᠠ ᠠᠰᠠᠭᠠᠵᠤ ᠦᠭ᠌ᠬᠦᠭ᠌ᠰᠡᠨ ᠴᠦ᠍ ᠡᠩᠬᠦᠷᠠᠢᠯᠡᠭ᠌ᠰᠡᠨ ᠠᠴᠢ᠎ᠶ᠋ᠢ᠎ᠨᠢ ᠬᠠᠷᠢᠭᠤᠯᠵᠤ ᠲᠠᠢᠯᠬᠦ᠌ ᠦᠭᠡᠢ ᠬᠡᠵᠤ ᠰᠠᠨᠠᠭ᠍ᠳᠠᠯ᠎ᠠ》 ᠬᠡᠵᠦ᠍ ᠪᠢᠴᠢᠭ᠌ᠰᠡᠨ ᠵᠤᠬᠢᠶᠠᠭ᠍ᠴᠢ᠎ᠶ᠋ᠢᠨ ᠵᠤᠬᠢᠶᠠᠯ᠎ᠢ ᠤᠩᠱᠢᠬᠤ᠎ᠳᠤ ᠪᠢᠳᠡᠨ᠎ᠢ ᠬᠠᠢᠷᠠᠯᠠᠵᠦ᠍ ᠶᠠᠪᠤᠭ᠍ᠰᠠᠨ ᠬᠡᠨ ᠨᠢᠬᠡᠨ᠎ᠤ ᠲᠦᠷᠢ ᠰᠡᠳᠭᠢᠯ᠎ᠳᠤ ᠪᠠᠭᠤᠬᠤ᠎ᠨᠢ ᠯᠠᠪᠳᠠᠢ᠂ ᠡᠨᠡ ᠪᠤᠯ ᠲᠠᠷᠤᠢ ᠤᠷᠠᠨ ᠵᠤᠬᠢᠶᠠᠯ᠎ᠤᠨ ᠰᠡᠳᠭᠢᠯ᠎ᠢ ᠨᠡᠷᠪᠡᠨ ᠨᠦᠯᠦᠬᠡᠯᠡᠬᠦ᠌ ᠤᠷᠠᠯᠢᠭ᠎ᠤᠨ ᠬᠦᠴᠦᠨ ᠶᠤᠮ᠃

ᠮᠦᠱᠢᠶᠡᠯ᠎ᠤᠨ 《ᠮᠡᠭᠡᠯᠡᠯ》 ᠬᠡᠰᠡᠨ ᠵᠤᠬᠢᠶᠠᠯ᠎ᠳᠤ ᠲᠠᠷᠤᠮᠯᠠᠯ᠎ᠤᠨ ᠦᠷᠦᠭᠡ ᠡᠷᠬᠢᠯᠡᠳᠡᠭ ᠨᠢᠭᠡ ᠡᠷᠡᠭ᠌ᠳᠡᠢ ᠪᠤᠯᠤᠨ ᠡᠵᠢ᠎ᠪᠠᠨ ᠮᠦᠩᠭᠡᠳᠡ ᠠᠯᠳᠠᠭ᠍ᠰᠡᠨ ᠪᠢᠴᠢᠬᠠᠨ ᠭᠡᠤᠭᠡᠳ ᠬᠤᠶᠠᠷ᠎ᠤᠨ ᠬᠤᠭᠤᠷᠤᠨᠳᠤ ᠡᠭᠦᠰᠦᠭ᠌ᠰᠡᠨ ᠦᠯᠢᠬᠡᠷ᠎ᠢ ᠪᠢᠴᠢᠵᠡᠢ᠃ ᠨᠢᠬᠡ ᠡᠳᠦᠷ ᠪᠢᠴᠢᠬᠠᠨ ᠭᠡᠤᠭᠡᠳ ᠪᠤᠷᠬᠠᠨ ᠪᠤᠯᠤᠭ᠍ᠰᠡᠨ ᠡᠵᠢ᠎ᠪᠠᠨ ᠮᠡᠱᠢᠳᠡ ᠲᠤᠷᠠᠰᠦᠨ ᠰᠠᠨᠠᠭᠠᠯᠵᠠᠵᠤ᠂ ᠠᠷᠭ᠎ᠠ ᠦᠬᠡᠢ᠎ᠳᠠᠭᠡᠨ ᠡᠵᠢ᠎ᠶ᠋ᠢᠨ᠎ᠢᠶᠠᠨ ᠰᠡᠭᠦᠳᠡᠷ᠎ᠢ ᠲᠠᠷᠤᠮᠡᠯᠯᠠᠨ ᠨᠢᠬᠡᠨ ᠠᠮᠢᠳᠤ ᠪᠤᠳᠠᠳᠠᠢ ᠡᠵᠢ ᠤᠯᠬᠤ ᠭᠡᠵᠤ ᠲᠠᠷᠤᠮᠠᠯᠯᠠᠬᠤ ᠦᠷᠦᠭᠡᠨ᠎ᠳᠤ ᠲᠡᠨᠡᠬᠡᠯᠵᠡᠨ ᠤᠷᠤᠵᠠᠢ᠃ ᠡᠵᠡᠩᠨᠡᠭ᠌ᠴᠢ ᠪᠠᠢᠳᠠᠯ᠎ᠢ ᠲᠦᠭᠦᠮᠭᠡᠨ ᠤᠢᠯᠠᠭᠠᠭ᠍ᠰᠠᠨ᠎ᠤ ᠲᠠᠷᠠᠭ᠎ᠠ ᠲᠤᠩ ᠵᠤᠪᠠᠭ᠍ᠰᠠᠨ ᠤᠴᠢᠷ ᠦᠬᠢᠨ᠎ᠢ ᠬᠠᠪᠰᠤᠷᠬᠤ᠎ᠶ᠋ᠢ ᠰᠠᠨᠠᠵᠠᠢ᠂ ᠲᠡᠬᠡᠬᠡᠳ ᠲᠡᠷᠡ ᠰᠦᠯᠵᠢᠶᠠᠨ ᠲᠡᠭᠡᠷ᠎ᠡ ᠦᠬᠢᠨ᠎ᠤ ᠡᠵᠢ᠎ᠶ᠋ᠢᠨ ᠰᠡᠬᠦᠳᠡᠷ᠎ᠢ ᠲᠠᠯᠪᠢᠵᠦ᠍ 《ᠲᠠ ᠰᠡᠭᠦᠳᠡᠷ᠎ᠲᠠᠬᠢ ᠡᠨᠡ ᠬᠦ᠌ ᠡᠵᠢ᠎ᠲᠠᠢ ᠲᠦᠰᠦᠭᠡᠳᠡᠢ ᠪᠦᠭᠡᠳ ᠡᠨᠡ ᠪᠢᠴᠢᠬᠠᠨ ᠭᠡᠤᠭᠡᠳ᠎ᠤᠨ ᠡᠵᠢ᠎ᠨᠢ ᠪᠤᠯᠬᠤ ᠰᠠᠨᠠᠭᠠᠳᠠᠢ ᠪᠤᠯ ᠨᠡᠳᠡ᠎ᠲᠠᠢ ᠬᠠᠷᠢᠴᠠᠭᠠᠷᠠᠢ》 ᠬᠡᠰᠡᠨ ᠵᠠᠷ ᠲᠠᠯᠪᠢᠵᠡᠢ᠃ ᠬᠤᠪᠢ ᠵᠠᠶᠠᠭᠠᠨ᠎ᠤ ᠡᠷᠬᠡ᠎ᠪᠠᠷ ᠦᠨᠡᠬᠡᠷ ᠲᠡᠢᠮᠦ᠍ ᠨᠢᠬᠡ ᠵᠤᠪᠠᠯᠠᠩᠳᠠᠢ ᠡᠮᠡᠭ᠌ᠳᠡᠢ ᠢᠷᠡᠵᠦ᠍ ᠪᠢᠴᠢᠬᠠᠨ ᠭᠡᠤᠭᠡᠳ᠎ᠤᠨ ᠡᠵᠢ᠎ᠨᠢ ᠪᠤᠯᠤᠭ᠍ᠰᠠᠨ ᠪᠠᠢᠵᠠᠢ᠃ ᠵᠤᠬᠢᠶᠠᠭ᠍ᠴᠢ ᠤᠩᠱᠢᠭ᠍ᠴᠢ᠎ᠪᠠᠨ ᠡᠢᠨ ᠬᠦ᠌ ᠢᠭ᠌ᠳᠦᠯᠦᠬᠦᠯᠦᠬᠡᠳ ᠪᠠᠰᠠ ᠵᠤᠭ᠍ᠰᠤᠭ᠎ᠠ ᠦᠬᠡᠢ ᠵᠠᠯᠭᠠᠨ 《ᠠᠪᠤ ᠡᠵᠢ᠎ᠠᠴᠠ᠎ᠪᠠᠨ ᠠᠮᠢᠳᠤᠷᠠᠯ᠎ᠤᠨ ᠰᠦᠢᠳᠭᠡᠯ ᠠᠪᠬᠤ᠎ᠳᠤ ᠲᠡᠳᠡ ᠵᠢᠬᠡᠯᠡᠵᠦ᠍ ᠦᠭ᠌ᠬᠦᠭ᠌ᠰᠡᠨ ᠬᠢᠷᠢᠨ᠎ᠢᠶᠠᠨ 〈ᠠᠪᠤ ᠡᠵᠢ᠎ᠳᠤ ᠴᠢᠨᠢ ᠪᠠᠰᠠ ᠨᠠᠯᠢᠶᠠᠳ ᠤᠯᠠᠨ ᠵᠤᠭᠤᠰ᠎ᠲᠠᠢ᠂ ᠴᠢ ᠰᠤᠷᠭᠠᠭᠤᠯᠢ᠎ᠳᠠᠭᠠᠨ ᠤᠴᠢᠪᠠᠯ ᠠᠯᠢ ᠰᠠᠢᠨ᠎ᠢ᠎ᠨᠢ ᠠᠪᠴᠦ᠍ ᠢᠳᠡᠵᠤ ᠪᠠᠢ〉 ᠭᠡᠵᠤ ᠨᠠᠮ᠎ᠠ᠎ᠶ᠋ᠢ ᠭᠡᠴᠢᠨᠡᠭᠡᠨ ᠵᠢᠯ ᠮᠡᠭᠡᠯᠡᠭ᠌ᠰᠡᠨ᠎ᠢ ᠬᠡᠨ ᠮᠡᠳᠡᠭᠦ᠌ ᠪᠢᠯᠡ》 ᠬᠡᠵᠦ᠍ ᠪᠢᠴᠢᠭ᠌ᠰᠡᠨ ᠪᠢᠯᠡ᠃ ᠡᠨᠡ ᠪᠤᠯ ᠵᠠᠯᠠᠭᠤᠴᠤᠳ᠎ᠤᠨ ᠦᠰᠦᠨ ᠪᠤᠢᠵᠢᠯᠳᠠ᠎ᠶ᠋ᠢᠨ ᠶᠠᠪᠤᠴᠠ ᠲᠤᠮᠳᠠ᠎ᠪᠠᠨ ᠦᠩᠬᠡᠷᠡᠬᠦᠯᠦᠭ᠌ᠰᠡᠨ ᠠᠮᠢᠳᠤᠷᠠᠯ᠎ᠤᠨ ᠬᠡᠷᠡᠭ ᠤᠴᠢᠷ᠎ᠠᠴᠠ ᠤᠬᠠᠭᠠᠷᠠᠨ ᠲᠤᠮᠤᠭᠠᠵᠢᠵᠦ᠍ ᠪᠠᠢᠭ᠎ᠠ ᠬᠡᠷᠡᠭ ᠤᠴᠢᠷ᠎ᠤᠨ ᠲᠡᠮᠳᠡᠭ᠌ᠯᠡᠯ ᠪᠤᠯᠤᠨ᠎ᠠ᠂ ᠮᠦᠨ ᠴᠤ᠌ ᠬᠡᠤᠬᠡᠳ᠎ᠢᠶᠠᠨ ᠬᠦᠮᠤᠵᠢᠬᠦᠯᠬᠦ᠌᠎ᠶ᠋ᠢᠨ ᠶᠡᠭᠡ ᠤᠬᠠᠭᠠᠨ ᠪᠤᠯᠤᠨ᠎ᠠ᠃

ᠬᠤᠩ ᠭᠠᠩ᠎ᠤᠨ 《ᠲᠡᠭ᠌ᠷᠢ ᠨᠤᠷᠠᠭ᠍ᠰᠠᠨ ᠱᠢᠷ᠎ᠠ ᠪᠦᠷᠦᠢ》᠂ ᠢᠷᠠᠭᠤ᠎ᠶ᠋ᠢᠨ 《ᠪᠠᠭ᠎ᠠ ᠨᠠᠰᠤᠨ᠎ᠤ ᠲᠤᠷᠠᠰᠤᠮᠵᠢ》᠂ ᠮᠠᠨᠳᠦ᠍᠎ᠶ᠋ᠢᠨ 《ᠨᠠᠠᠳᠢᠨ ᠪᠡᠯᠡᠭ》᠂ ᠴᠢᠬᠡᠴᠢ᠎ᠶ᠋ᠢᠨ 《ᠤᠰᠤ᠎ᠶ᠋ᠢ᠎ᠨᠢ ᠤᠤᠭᠤᠪᠠᠯ ᠡᠬᠢ᠎ᠶ᠋ᠢ᠎ᠨᠢ ᠪᠤᠤ ᠮᠠᠷᠳᠠᠶ᠎ᠠ》᠂ ᠱᠠᠨ ᠱᠠᠨ᠎ᠤ 《ᠦᠴᠦᠬᠡᠨ ᠰᠡᠳᠭᠢᠯ》᠂ ᠤᠳᠤᠨ᠎ᠤ 《ᠳ᠋ᠧᠩ᠎ᠤᠨ ᠲᠤᠤᠷᠠᠬᠢ ᠪᠦᠵᠢᠭ᠌ᠴᠢᠨ ᠡᠷᠪᠡᠬᠡᠢ》 ᠵᠡᠷᠬᠡ ᠵᠤᠬᠢᠶᠠᠯ ᠪᠤᠯ ᠪᠦᠷ ᠯᠠ ᠵᠠᠯᠠᠭᠤᠴᠤᠳ᠎ᠤᠨ ᠦᠰᠦᠨ ᠪᠤᠢᠵᠢᠯᠳᠠ᠎ᠶ᠋ᠢᠨ ᠶᠠᠪᠤᠴᠠ᠎ᠳᠤ ᠠᠭᠤᠯᠵᠠᠭ᠍ᠰᠠᠨ ᠬᠦᠮᠤᠨ᠂ ᠤᠬᠠᠭᠠᠷᠠᠭ᠍ᠰᠠᠨ ᠰᠡᠳᠬᠢᠯ᠎ᠤᠨ ᠰᠡᠳᠦᠪ ᠪᠦᠬᠦᠢ ᠱᠢᠯᠢᠳᠡᠭ ᠵᠤᠬᠢᠶᠠᠯ ᠪᠤᠯᠤᠨ᠎ᠠ᠃

ᠬᠤᠶᠠᠷ ᠬᠡᠷᠡᠯ ᠬᠡᠬᠡ᠎ᠳᠤ ᠬᠦᠳᠦᠯᠦᠭ᠌ᠴᠢ

ᠣᠶᠣᠨ ᠰᠠᠨᠠᠭᠠᠨ᠎ᠤ ᠭᠡᠷᠡᠯ ᠭᠡᠭᠡ᠎ᠶ᠋ᠢ ᠬᠠᠷᠠᠭᠤᠯᠵᠦ᠍ ᠤᠩᠱᠢᠭ᠍ᠴᠢᠳ᠎ᠢ ᠤᠬᠠᠭᠠᠷᠠᠯ ᠵᠦᠭ ᠬᠦᠳᠦᠯᠦᠭ᠌ᠰᠡᠨ᠎ᠨᠢ 《ᠭᠤᠪᠢ᠎ᠶ᠋ᠢᠨ ᠠᠷᠴᠠ》 ᠵᠤᠬᠢᠶᠠᠯ᠎ᠤᠨ ᠲᠡᠬᠦᠪᠦᠷᠢ᠎ᠶ᠋ᠢᠨ ᠬᠢᠯᠠᠰ ᠴᠡᠭ ᠪᠤᠯᠤᠨ᠎ᠠ᠃

ᠲᠡᠳᠡ ᠠᠮᠢᠳᠤᠷᠠᠯ᠎ᠳᠤ ᠤᠷᠤᠱᠢᠵᠦ᠍ ᠪᠠᠢᠭ᠎ᠠ ᠠᠰᠠᠭᠤᠳᠠᠯ ᠪᠠ ᠵᠦᠷᠢᠴᠡᠯ᠎ᠢ ᠱᠢᠭᠤᠳᠭᠠᠨ ᠪᠢᠴᠢᠳᠡᠭ᠃ ᠨᠡᠢᠬᠡᠮ ᠠᠮᠢᠳᠤᠷᠠᠯ᠎ᠠᠴᠠ ᠮᠠᠲ᠋ᠧᠷᠢᠶᠠᠯ ᠠᠪᠴᠦ᠍᠂ ᠨᠡᠢᠬᠡᠮ᠎ᠤᠨ ᠦᠩᠬᠡᠪᠴᠢ ᠦᠵᠡᠭ᠌ᠳᠡᠯ᠎ᠢ ᠢᠯᠡᠴᠢᠯᠡᠨ ᠱᠢᠬᠦᠮᠵᠢᠯᠡᠵᠦ᠍᠂ ᠤᠩᠱᠢᠭ᠍ᠴᠢ᠎ᠪᠠᠨ ᠤᠬᠠᠭᠠᠷᠠᠯ᠎ᠤᠨ ᠠᠬᠤᠢ ᠵᠦᠭ ᠬᠦᠳᠦᠯᠳᠡᠭ᠃ ᠠ᠊·ᠵᠢᠷᠤᠮᠳᠤ᠎ᠶ᠋ᠢᠨ 《ᠢᠩᠬᠢᠵᠦ᠍ ᠰᠤᠭ᠍ᠳᠤᠵᠦ᠍ ᠯᠠ ᠪᠠᠢᠪᠠᠯ》 ᠬᠡᠰᠡᠨ ᠵᠤᠬᠢᠶᠠᠯ ᠪᠤᠯ 《ᠬᠤᠳᠠ ᠬᠦᠳᠡᠭᠡ ᠦᠭᠡᠢ ᠰᠤᠭ᠍ᠳᠤᠭᠤ ᠬᠦᠮᠦᠰ ᠵᠦᠩᠳᠡᠭᠡᠨ ᠬᠠᠷᠠᠭ᠍ᠳᠠᠳᠠᠭ ᠪᠤᠯᠤᠯ᠎ᠠ》 ᠬᠡᠵᠦ᠍ ᠵᠤᠬᠢᠶᠠᠯ᠎ᠢᠶᠠᠨ ᠡᠬᠢᠯᠡᠵᠦ᠍ ᠮᠠᠨᠤᠰ᠎ᠤᠨ ᠠᠷᠢᠬᠢ᠎ᠶ᠋ᠢᠨ ᠲᠤᠬᠠᠢ ᠲᠡᠤᠬᠡᠨ ᠲᠡᠮᠳᠡᠭ᠌ᠯᠡᠯ᠎ᠢ 《ᠮᠤᠩᠭᠤᠯ᠎ᠤᠨ ᠨᠢᠭᠤᠴᠠ ᠲᠤᠪᠴᠢᠶᠠᠨ》᠂ 《ᠴᠢᠩᠭᠢᠰ᠎ᠤᠨ ᠶᠢᠰᠦᠨ ᠦᠷᠯᠦᠭ᠎ᠤᠨ ᠦᠨᠦᠴᠢᠨ ᠬᠦᠪᠡᠭᠦᠨ᠎ᠲᠠᠢ ᠰᠡᠴᠡᠯᠡᠭ᠌ᠰᠡᠨ ᠱᠠᠰᠳᠢᠷ》᠂ 《ᠠᠯᠳᠠᠨ ᠲᠤᠪᠴᠢ》᠂ ᠲᠠᠱᠢᠮᠠᠨ ᠤᠪᠤᠭ᠎ᠤᠨ ᠰᠠᠳᠤᠯᠠ᠎ᠶ᠋ᠢᠨ ᠲᠦᠷᠪᠡᠨ ᠪᠠᠳᠠᠭ ᠬᠤᠷᠢᠨ ᠨᠠᠢ᠍ᠮᠠᠨ ᠱᠠᠳ 《ᠲᠡᠭᠡᠳᠦ ᠨᠡᠢᠰᠯᠡᠯ᠎ᠤᠨ ᠰᠤᠯᠠ ᠱᠢᠯᠦᠭ》 ᠵᠡᠷᠬᠡ ᠰᠤᠳᠤᠷ ᠪᠢᠴᠢᠭ ᠪᠠ ᠲᠡᠤᠬᠡᠨ ᠬᠡᠷᠡᠭ ᠤᠴᠢᠷ᠎ᠠᠴᠠ ᠡᠰᠢ ᠲᠠᠳᠠᠵᠦ᠍ ᠡᠨᠡ ᠴᠠᠭ᠎ᠲᠤ ᠤᠷᠤᠭᠠᠳ ᠠᠭᠠᠭ᠎ᠤᠨ ᠬᠦᠦ ᠠᠪᠤ᠎ᠶ᠋ᠢᠨ ᠬᠦᠦ᠍᠎ᠶ᠋ᠢᠨ ᠪᠡᠶ᠎ᠡ ᠰᠡᠳᠭᠢᠯ᠎ᠢ ᠮᠢᠨᠴᠦᠬᠦᠷᠡᠬᠦᠯᠵᠦ᠍ ᠪᠠᠢᠭ᠎ᠠ ᠠᠰᠠᠭᠤᠳᠠᠯ᠎ᠳᠤ ᠰᠠᠨᠠᠭᠠᠱᠢᠷᠠᠵᠦ᠍ ᠬᠡᠮᠵᠢᠶ᠎ᠡ᠎ᠲᠠᠢ ᠡᠳ᠋ᠯᠡᠬᠦ᠌᠎ᠶ᠋ᠢ ᠰᠠᠨᠠᠭᠠᠴᠢᠯᠠᠭ᠍ᠰᠠᠨ ᠶᠤᠮ᠃ ᠠᠬᠠᠮᠠᠳ ᠲᠤᠮᠤᠭᠠᠴᠤᠤᠯ᠎ᠤᠨ ᠣᠶᠣᠨ ᠰᠠᠨᠠᠭᠠᠨ᠎ᠤ ᠮᠢᠨᠴᠦᠭᠦᠷᠡᠯ᠎ᠢ ᠲᠡᠳᠡ ᠦᠵᠡᠵᠦ᠍ ᠲᠦᠪᠳᠡᠬᠦ᠌ ᠦᠬᠡᠢ ᠦᠴᠦᠬᠡᠨ ᠭᠡᠯ᠎ᠡ ᠴᠦ᠍ ᠦᠪᠡᠷ᠎ᠤᠨ ᠦᠨᠡᠨ ᠰᠡᠳᠭᠢᠯ᠎ᠤᠨ ᠳᠠᠭᠤᠨ᠎ᠢᠶᠠᠨ ᠣᠷᠠᠨ ᠵᠣᠬᠢᠶᠠᠯ᠎ᠢᠶᠠᠷ ᠡᠢᠨ ᠬᠦ᠌ ᠢᠯᠡᠷᠡᠬᠦᠯᠵᠡᠢ᠃

ᠬᠡᠨ ᠨᠢᠭᠡᠨ ᠬᠦᠮᠦᠨ ᠶᠠᠭᠤ᠎ᠪᠠᠷ ᠴᠦ᠍ ᠳᠤᠲᠠᠬᠤ ᠦᠭᠡᠢ ᠰᠠᠨᠠᠭ᠍ᠳᠠᠮᠠᠷ ᠡᠨᠡ ᠬᠤᠷᠸ᠎ᠠ᠎ᠳᠤ ᠪᠢᠳᠡᠨ᠎ᠳᠤ ᠦᠨᠡᠨ᠎ᠳᠡᠭᠡᠨ ᠲᠣᠩ ᠴᠢᠬᠤᠯᠠ ᠨᠢᠭᠡ ᠶᠠᠭᠤᠮ᠎ᠠ ᠳᠤᠲᠠᠵᠤ ᠪᠠᠢᠨ᠎ᠠ᠂ ᠲᠡᠷᠡ᠎ᠨᠢ ᠬᠡᠦᠬᠡᠳ᠎ᠤᠨ ᠳᠠᠭᠤᠨ᠃ ᠵᠠᠯᠠᠭᠤ ᠪᠠᠭᠠᠴᠤᠳ ᠲᠠᠭᠠᠨ ᠦᠪᠡᠷ᠎ᠢ᠎ᠪᠠᠨ ᠢᠯᠡᠳᠭᠡᠬᠦ᠌ ᠤᠷᠤᠨ ᠵᠠᠢ ᠬᠠᠩᠭᠠᠵᠣ ᠦᠭ᠌ᠭᠦᠭ᠌ᠰᠡᠨ᠎ᠤ ᠬᠤᠪᠢ᠎ᠳᠤ ᠡᠨᠡ ᠨᠣᠮ ᠲᠣᠩ ᠦᠨ᠎ᠡ ᠴᠠᠨ᠎ᠠ᠎ᠲᠠᠢ ᠪᠣᠯᠣᠯ᠎ᠠ ᠭᠡᠵᠦ᠍ ᠪᠢ ᠪᠣᠳᠣᠵᠣ ᠪᠠᠢᠨ᠎ᠠ᠃

ᠦᠷ᠎ᠡ ᠬᠡᠦᠬᠡᠳ ᠲᠡᠭᠡᠨ ᠪᠢᠳᠡ ᠶᠠᠭᠤ ᠦᠭ᠌ᠴᠦ ᠪᠠᠢᠭ᠎ᠠ᠎ᠶ᠋ᠢ ᠵᠣᠬᠢᠶᠠᠯ᠎ᠠᠴᠠ ᠬᠠᠷᠠᠬᠤ᠎ᠳᠤ ᠵᠢᠷᠦᠬᠡ ᠡᠮᠵᠡᠭ᠌ᠯᠡᠨ᠎ᠡ᠃ ᠠᠩᠬ᠎ᠠ ᠬᠤᠶᠠᠷ᠎ᠤᠨ ᠭᠤᠷᠪᠠᠳᠤᠭᠠᠷ ᠠᠩᠬᠢ ᠵᠢᠨ ᠮᠢᠶᠤᠤ ᠮᠢᠶᠤᠤ᠎ᠶ᠋ᠢᠨ ᠪᠢᠴᠢᠭ᠌ᠰᠡᠨ 《ᠮᠦᠷᠦᠭᠡᠳᠦᠯ》 ᠭᠡᠬᠦ᠌ ᠵᠣᠬᠢᠶᠠᠯ᠎ᠳᠤ ᠬᠦᠰᠡᠯ ᠮᠦᠷᠦᠬᠡᠳᠦᠯ᠎ᠢᠶᠠᠨ ᠬᠡᠳᠦᠢᠨ ᠮᠠᠷᠳᠠᠭ᠍ᠰᠠᠨ ᠠᠪᠤ ᠡᠵᠢ᠎ᠨᠢ ᠦᠷ᠎ᠡ ᠬᠡᠤᠬᠡᠳ᠎ᠤᠨ᠎ᠢᠶᠠᠨ ᠬᠦᠰᠡᠯ ᠮᠦᠷᠦᠬᠡᠳᠦᠯ᠎ᠤᠨ ᠵᠢᠬᠦᠷ᠎ᠢ ᠬᠤᠭᠤᠯᠤᠨ᠂ ᠰᠤᠷᠭᠠᠭᠤᠯᠢ᠎ᠪᠠᠨ ᠲᠡᠬᠦᠰᠪᠡᠯ ᠵᠦᠬᠡᠷᠬᠡᠨ ᠱᠢᠭ ᠠᠵᠢᠯ ᠤᠯᠵᠤ ᠠᠮᠢᠳᠤᠷᠠᠯ᠎ᠢᠶᠠᠨ ᠠᠷᠭᠠᠴᠠᠭᠠᠬᠤ᠎ᠶ᠋ᠢ ᠯᠠ ᠬᠦᠰᠡᠭ᠌ᠰᠡᠨ ᠠᠰᠠᠭᠤᠳᠠᠯ᠎ᠢ ᠲᠤᠷᠠᠳᠴᠠᠢ᠃ ᠲᠡᠷᠡ ᠲᠤᠭ᠎ᠠ ᠪᠦᠷᠢᠳᠭᠡᠯ᠎ᠳᠤ ᠰᠠᠭᠤᠷᠢᠯᠠᠨ 《ᠵᠢᠯ ᠪᠦᠷᠢ᠎ᠶ᠋ᠢᠨ ᠨᠠᠰᠦ ᠨᠦᠭ᠌ᠴᠢᠭ᠌ᠰᠡᠨ ᠬᠥᠮᠦᠨ᠎ᠤ ᠲᠣᠭᠠᠨ᠎ᠳᠠᠬᠢ ᠬᠠᠭᠠᠰ᠎ᠠᠴᠠ ᠳᠡᠭᠡᠭ᠌ᠰᠢ᠎ᠨᠢ 15 ᠎ᠠ᠋ᠴᠠ 18 ᠨᠠᠰᠦᠨ᠎ᠤ ᠬᠡᠥᠬᠡᠳ ᠪᠣᠯᠦᠨ᠎ᠠ᠃ ᠡᠭᠦᠨ᠎ᠤ ᠳᠣᠲᠦᠷ᠎ᠠ ᠡᠨᠡ ᠲᠡᠷᠡ ᠠᠳᠡᠯ᠎ᠠᠴᠠ ᠪᠣᠯᠵᠦ᠍ ᠠᠮᠢ ᠨᠦᠭ᠌ᠴᠢᠭ᠌ᠰᠡᠨ᠎ᠢ ᠭᠠᠷᠭᠠᠪᠡᠯ ᠣᠯᠠᠩᠬᠢ ᠳᠣᠭᠠᠨ᠎ᠤ ᠬᠡᠦᠬᠡᠳ᠎ᠨᠢ ᠰᠤᠷᠤᠯᠭ᠎ᠠ᠎ᠶ᠋ᠢᠨ ᠬᠦᠨᠳᠦ ᠳᠠᠷᠣᠭᠠᠰᠣ᠎ᠶ᠋ᠢ ᠲᠠᠭᠠᠭᠠᠵᠦ᠍ ᠶᠠᠳᠠᠭ᠍ᠰᠠᠨ᠎ᠠᠴᠠ ᠦᠬᠦᠯ᠎ᠤᠨ ᠵᠠᠮ᠎ᠢ ᠰᠣᠩᠭᠤᠭ᠍ᠰᠠᠨ ᠶᠣᠮ》 ᠬᠡᠵᠦ᠍ ᠬᠡᠤᠬᠡᠳ᠎ᠤᠨ ᠲᠠᠷᠤᠭᠠᠰᠤ ᠠᠬᠠᠳᠠᠵᠦ᠍ ᠰᠡᠳᠭᠢᠴᠡ᠎ᠶ᠋ᠢᠨ ᠡᠪᠡᠳᠴᠢᠨ᠎ᠳᠤ ᠨᠡᠷᠪᠡᠭ᠌ᠳᠡᠬᠦ᠌᠎ᠶ᠋ᠢᠨ ᠬᠤᠤᠷ ᠬᠦᠨᠦᠬᠡᠯ᠎ᠢ ᠲᠤᠷᠠᠳᠪᠠ᠃ ᠡᠨᠡ ᠪᠣᠯ ᠭᠡᠭᠡᠷᠡᠯ᠎ᠤᠨ ᠲᠤᠶᠠᠭ᠎ᠠ᠂ ᠬᠡᠪ ᠭᠡᠨᠡᠨ ᠬᠡᠦᠬᠡᠳ᠎ᠤᠨ ᠦᠢ ᠣᠯᠠᠨ ᠠᠪᠤ ᠡᠵᠢ᠎ᠳᠤ ᠬᠠᠨᠳᠣᠨ ᠬᠡᠯᠡᠭ᠌ᠰᠡᠨ ᠦᠨᠡᠨ ᠵᠢᠷᠦᠬᠡᠨ᠎ᠤ ᠦᠭᠡ ᠶᠣᠮ᠃ ᠲᠡᠷᠡ ᠵᠣᠬᠢᠶᠠᠯ᠎ᠳᠠᠭᠠᠨ ᠨᠢᠬᠡᠨ ᠰᠣᠨᠢᠨ᠎ᠳᠤ ᠨᠡᠢᠲᠡᠯᠡᠭ᠌ᠳᠡᠭ᠌ᠰᠡᠨ 《ᠬᠠᠮᠤᠭ᠎ᠤᠨ ᠬᠦᠨᠳᠦ ᠪᠢᠴᠢᠭ᠎ᠤᠨ ᠪᠣᠭ᠍ᠴᠣ᠎ᠲᠠᠢ ᠬᠦᠮᠦᠨ ᠪᠣᠯ ᠪᠢ᠂ ᠬᠠᠮᠤᠭ᠎ᠤᠨ ᠠᠷᠪᠢᠨ ᠲᠠᠰᠭᠠᠯ᠎ᠲᠠᠢ ᠬᠦᠮᠦᠨ ᠪᠣᠯ ᠪᠢ᠂ ᠬᠠᠮᠤᠭ᠎ᠤᠨ ᠡᠷᠳᠡ ᠪᠣᠰᠴᠦ᠍ ᠬᠠᠮᠤᠭ᠎ᠤᠨ ᠣᠷᠣᠢ ᠣᠨᠳᠠᠳᠠᠭ ᠬᠦᠮᠦᠨ ᠪᠣᠯ ᠪᠢ᠂ ᠪᠠᠰᠠ ᠯᠡ ᠪᠢ ᠬᠡᠰᠡᠨ ᠱᠢᠭ ᠰᠡᠳᠭᠢᠯ ᠲᠦᠬᠦᠷᠡᠩ ᠵᠣᠪᠠᠭᠤᠷᠢ᠎ᠲᠠᠢ ᠶᠠᠪᠣᠨ᠎ᠠ》 ᠭᠡᠰᠡᠨ ᠱᠢᠯᠦᠭ᠎ᠢ ᠰᠡᠢᠷᠡᠬᠦᠯᠵᠡᠢ᠃ ᠬᠡᠦᠬᠡᠳ᠎ᠤᠨ ᠳᠠᠭᠤᠨ᠎ᠢ ᠰᠣᠨᠣᠰᠴᠣ ᠡᠷᠬᠢᠮ ᠪᠠᠭ᠍ᠰᠢ ᠨᠠᠷ ᠡᠨᠡ ᠨᠣᠮ᠎ᠢ ᠬᠡᠪᠯᠡᠭᠦᠯᠦᠭ᠌ᠰᠡᠨ ᠪᠠᠢᠨ᠎ᠠ᠂ ᠡᠨᠡ ᠪᠣᠯ ᠤᠷᠮᠠᠱᠢᠭᠤᠯᠤᠯ ᠂ ᠨᠡᠩ ᠴᠦ᠍ ᠨᠢᠭᠡ ᠵᠦᠢᠯ᠎ᠤᠨ ᠬᠠᠷᠢᠭᠤᠴᠠᠯᠭᠠᠳᠦ ᠰᠡᠳᠭᠢᠯ ᠶᠣᠮ᠃

ᠡᠨᠡ ᠨᠤᠮ ᠲᠤᠳᠤᠷ᠎ᠠ 《ᠦᠬᠦᠯ ᠤᠤ ᠮᠦᠬᠦᠯ ᠤᠤ》 ᠬᠡᠳᠡᠭ ᠨᠢᠬᠡ ᠵᠤᠬᠢᠶᠠᠯ ᠪᠠᠢᠳᠠᠭ᠃ ᠲᠤᠰ ᠵᠤᠬᠢᠶᠠᠯ᠎ᠳᠤ ᠬᠡᠬᠡᠷ᠎ᠡ᠎ᠶ᠋ᠢᠨ ᠴᠢᠨ᠋ᠸ᠎ᠠ᠂ ᠮᠠᠯᠴᠢᠳ᠎ᠲᠠᠢ ᠲᠠᠰᠴᠦ᠍ ᠨᠤᠬᠠᠢ ᠱᠢᠭ᠋ ᠪᠤᠯᠵᠦ᠍ ᠴᠢᠨ᠋ᠸ᠎ᠠ᠎ᠶ᠋ᠢᠨ ᠲᠦᠷᠦᠯᠬᠢ ᠠᠷᠠᠨᠱᠢᠨ᠎ᠢᠶᠠᠨ ᠠᠯᠳᠠᠭ᠍ᠰᠠᠨ ᠤᠴᠢᠷ᠎ᠢ ᠪᠢᠴᠢᠵᠡᠢ᠃ ᠴᠢᠨ᠋ᠸ᠎ᠠ ᠨᠢᠬᠡ ᠤᠳᠠᠭ᠎ᠠ ᠡᠵᠡᠨ᠎ᠢᠶᠠᠨ ᠴᠢᠯᠦᠭᠡᠳᠡᠵᠦ᠍ ᠰᠦᠷᠦᠭ ᠵᠦᠭ᠎ᠢᠶᠠᠨ ᠤᠢ ᠵᠦᠭ᠎ᠢᠶᠠᠨ ᠤᠴᠢᠵᠦ᠍ 《ᠪᠢ ᠪᠤᠯ ᠴᠢᠨ᠋ᠸ᠎ᠠ᠎ᠶ᠋ᠢᠨ ᠲᠦᠷᠦᠯᠳᠡᠨ᠂ ᠲᠠ ᠨᠠᠷ ᠨᠠᠮ᠎ᠠ᠎ᠶ᠋ᠢ ᠲᠠᠨᠢᠵᠤ ᠪᠠᠢᠬᠤ ᠪᠤᠯᠪᠠᠤ?》 ᠭᠡᠮᠡᠨ ᠤᠢ ᠱᠢᠭᠤᠢ ᠴᠤᠤᠷᠢᠶᠠᠳᠤᠳᠠᠯ᠎ᠠ ᠤᠯᠢᠬᠤ ᠭᠡᠬᠦ᠌᠎ᠳᠤ ᠬᠠᠷᠢᠨ ᠬᠤᠭᠤᠯᠠᠢ ᠡᠴᠡ ᠨᠢ ᠨᠤᠬᠠᠢ᠎ᠶ᠋ᠢᠨ ᠬᠤᠴᠠᠬᠤ ᠲᠠᠭᠤᠨ ᠯᠠ ᠭᠠᠷᠤᠭ᠍ᠰᠠᠨ ᠪᠠᠢᠵᠠᠢ᠃ ᠵᠤᠬᠢᠶᠠᠯ᠎ᠤᠨ ᠲᠡᠬᠦᠰᠭᠡᠯ᠎ᠳᠤ 《ᠤᠭ᠍ᠳᠠᠷᠭᠤᠢ᠎ᠶ᠋ᠢᠨ ᠭᠦᠨ᠎ᠳᠤ ᠰᠠᠷᠠᠨ ᠪᠦᠳᠡᠬᠢᠷᠡᠵᠦ᠍ ᠤᠳᠤᠳ ᠠᠨᠢᠪᠴᠢᠨ᠎ᠠ᠃ ᠭᠡᠷᠡᠯ ᠦᠭᠡᠢ᠃ ᠠᠯᠤᠰ᠎ᠲᠤ ᠴᠢᠨ᠋ᠸ᠎ᠠ ᠤᠯᠢᠬᠤ ᠲᠠᠭᠤᠨ ᠲᠤᠩᠭᠠᠯᠠᠭ ᠴᠡᠭᠡᠯᠭᠡᠨ ᠰᠤᠨᠤᠰᠳᠠᠨ᠎ᠠ》 ᠬᠡᠵᠦ᠍ ᠪᠢᠴᠢᠵᠦ᠍ ᠦᠪᠡᠷ᠎ᠢ᠎ᠪᠠᠨ ᠠᠯᠳᠠᠭ᠍ᠰᠠᠨ ᠴᠢᠨ᠋ᠸ᠎ᠠ᠎ᠶ᠋ᠢᠨ ᠭᠤᠨᠢᠭ᠍ᠳᠤ ᠵᠠᠶᠠᠭ᠎ᠠ᠎ᠪᠠᠷ ᠦᠨᠡᠨ ᠬᠤᠳᠠᠯ᠎ᠤᠨ ᠦᠷ᠎ᠡ ᠳ᠋ᠦᠩ᠎ᠢ ᠢᠯᠡᠴᠢᠯᠡᠪᠡ᠃

ᠨᠠᠨᠳᠢᠨᠴᠡᠴᠡᠭ᠎ᠤᠨ 《ᠵᠢᠰᠦ》᠂ ᠲᠤᠯᠠᠢᠬᠦᠦ᠍᠎ᠶ᠋ᠢᠨ 《ᠵᠤᠭᠤᠭ᠎ᠤᠨ ᠭᠠᠵᠠᠷ》᠂ ᠨᠠᠮᠢᠷᠠᠭ᠎ᠠ᠎ᠶ᠋ᠢᠨ 《ᠵᠡᠬᠦᠳᠦ》᠂ ᠨᠠᠷᠮᠠᠢ᠎ᠶ᠋ᠢᠨ 《ᠲᠤᠯᠪᠤ》᠂ ᠪᠤᠷᠵᠢᠬᠢᠨ ᠠᠷᠢᠭᠤᠨ᠎ᠤ 《ᠲᠦᠬᠡᠷᠬᠡ》 ᠵᠡᠷᠬᠡ ᠵᠤᠬᠢᠶᠠᠯ ᠪᠤᠯ ᠪᠦᠷ ᠯᠠ ᠵᠠᠯᠠᠭᠤᠴᠤᠳ᠎ᠤᠨ ᠤᠶᠤᠨ ᠤᠬᠠᠭᠠᠨ᠎ᠤ ᠲᠡᠯᠡᠰᠳᠦ᠂ ᠦᠨᠡᠨ᠎ᠢ ᠲᠤᠶᠠᠴᠢᠭ᠍ᠰᠠᠨ ᠤᠷᠠᠯᠢᠭ᠎ᠤᠨ ᠪᠦᠳᠦᠬᠡᠯ ᠪᠤᠯᠵᠦ᠍ ᠴᠢᠳᠠᠵᠠᠢ᠃

ᠭᠤᠷᠪᠠ ᠠᠮᠢᠳᠤᠷᠠᠯ ᠦᠢᠯᠡᠰ᠎ᠤ᠋ᠨ ᠬᠦᠰᠡᠯ ᠵᠢᠳᠬᠦᠯ

ᠲᠤᠰ ᠲᠡᠬᠦᠪᠦᠷᠢ᠎ᠳᠤ ᠲᠦᠷᠢ ᠪᠦᠳᠦᠬᠡᠯᠬᠡ᠎ᠶ᠋ᠢᠨ ᠬᠤᠪᠢ᠎ᠳᠤ ᠵᠠᠯᠠᠭᠤᠴᠤᠳ ᠭᠤᠤᠯᠳᠠᠭᠤ ᠡᠬᠡᠯ ᠬᠦᠮᠤᠨ᠎ᠤ ᠪᠠᠶᠠᠯᠢᠭ ᠪᠤᠳᠤᠯᠢᠶᠠᠨ᠎ᠲᠠᠢ ᠠᠮᠢᠳᠤᠷᠠᠯ᠎ᠤᠨ ᠦᠩᠬᠡᠷᠡᠯᠳᠡ᠎ᠶ᠋ᠢ ᠪᠢᠴᠢᠵᠦ᠍᠂ ᠵᠤᠬᠢᠶᠠᠯ᠎ᠤᠨ ᠪᠠᠭᠠᠳᠤᠷ᠎ᠤᠨ ᠠᠯᠬᠤᠭ᠍ᠰᠠᠨ ᠮᠦᠷ᠎ᠢᠶᠠᠷ ᠠᠮᠢᠳᠤᠷᠠᠯ᠎ᠤᠨ ᠤᠳᠭ᠎ᠠ ᠠᠭᠤᠯᠭ᠎ᠠ᠎ᠶ᠋ᠢ ᠴᠢᠩᠨᠡᠬᠤ᠎ᠶ᠋ᠢ ᠴᠢᠷᠮᠠᠢᠵᠠᠢ ᠃

ᠰᠠᠩᠳᠦ᠋ᠬᠦᠷᠡᠩ᠎ᠤᠨ 《ᠰᠡᠳᠭᠢᠯ᠎ᠳᠤ ᠰᠦᠮᠪᠦᠷᠯᠡᠬᠦ᠌ ᠨᠠᠷᠠᠰᠣᠳᠠᠢ ᠰᠣᠷᠭᠠᠭᠤᠯᠢ》 ᠵᠣᠬᠢᠶᠠᠯ᠎ᠳᠤ ᠢᠯᠡᠷᠡᠭ᠌ᠰᠡᠨ ᠰᠣᠷᠭᠠᠭᠤᠯᠢ ᠪᠠᠢᠭᠤᠯᠵᠣ ᠦᠷ᠎ᠡ ᠬᠡᠦᠬᠡᠳ᠎ᠢᠶᠠᠨ ᠪᠢᠴᠢᠭ ᠰᠣᠶᠣᠯ᠎ᠳᠤ ᠬᠦᠲᠦᠯᠦᠭ᠌ᠰᠡᠨ ᠡᠪᠦᠭᠡ᠎ᠶ᠋ᠢᠨ ᠳᠦᠷᠢ ᠪᠤᠯ ᠡᠬᠡᠯ ᠵᠢᠷ᠎ᠤᠨ ᠨᠢᠬᠡ ᠬᠦᠮᠤᠨ᠎ᠤ ᠠᠮᠢ ᠨᠠᠰᠤᠨ᠎ᠤ ᠵᠢᠷᠤᠯᠭ᠎ᠠ ᠪᠦᠭᠡᠳ ᠬᠦᠮᠦᠨ᠎ᠢ ᠰᠤᠶᠤᠯᠵᠢᠭᠤᠯᠬᠤ ᠪᠠᠭ᠍ᠰᠢ ᠬᠦᠮᠦᠨ᠎ᠤ ᠡᠷᠬᠢᠮ ᠴᠢᠨᠠᠷ᠎ᠤᠨ ᠢᠯᠡᠷᠡᠬᠦᠯᠦᠯ ᠪᠤᠯᠵᠠᠢ᠃ ᠲᠡᠷᠡ ᠪᠣᠯ ᠲᠣᠩ ᠡᠭᠡᠯ᠂ ᠪᠠᠰᠠ ᠲᠣᠩ ᠭᠠᠭ᠍ᠴᠠᠭᠠᠷᠳᠠᠩᠭᠤᠢ᠂ ᠭᠡᠪᠡᠴᠦ᠍ ᠠᠮᠢ ᠨᠠᠰᠣ ᠠᠯᠢᠪᠠ᠎ᠪᠠᠨ ᠰᠣᠷᠭᠠᠭᠤᠯᠢ ᠪᠠ ᠪᠠᠭ᠍ᠰᠢ᠎ᠶ᠋ᠢᠨ ᠬᠠᠷᠢᠭᠤᠴᠠᠯᠭ᠎ᠠ᠎ᠳᠤ ᠤᠶᠠᠭ᠍ᠰᠠᠨ ᠠᠮᠢᠳᠤᠷᠠᠯ᠎ᠤᠨ ᠮᠦᠷ᠎ᠨᠢ ᠲᠡᠬᠦᠨ᠎ᠤ ᠵᠢᠳᠬᠦᠯ ᠰᠡᠳᠭᠢᠯ᠎ᠢ ᠲᠤᠳᠤᠬᠠᠨ ᠬᠠᠷᠠᠭᠤᠯᠳᠠᠭ᠃ ᠰᠣᠷᠭᠠᠭᠤᠯᠢ ᠪᠠᠢᠭᠤᠯᠵᠣ ᠶᠠᠪᠣᠭ᠍ᠰᠠᠨ ᠲᠡᠤᠬᠡ᠎ᠨᠢ ᠬᠡᠴᠢᠨᠡᠬᠡᠨ ᠬᠦᠴᠢᠷᠳᠡᠯᠲᠡᠢ ᠪᠠᠢᠭ᠍ᠰᠠᠨ ᠴᠦ᠍ ᠦᠩᠬᠡᠷᠡᠬᠦᠯᠦᠭ᠌ᠰᠡᠨ ᠠᠮᠢᠳᠤᠷᠠᠯ᠎ᠤᠨ ᠵᠢᠳᠬᠦᠯ ᠪᠠ ᠦᠨᠡᠨ ᠰᠡᠳᠭᠢᠯ᠎ᠤᠨ ᠬᠦᠬᠡᠬᠡᠴᠡᠯᠳᠦᠯ᠎ᠨᠢ ᠲᠡᠬᠦᠨ᠎ᠤ ᠲᠦᠷᠢ᠎ᠶ᠋ᠢ ᠪᠠᠶᠠᠯᠢᠭ ᠲᠦᠬᠦᠷᠡᠩ ᠪᠤᠯᠭᠠᠵᠠᠢ᠃

ᠬᠠᠶᠠᠭ᠍ᠳᠠᠵᠤ ᠭᠡᠭᠡᠭ᠌ᠳᠡᠭ᠌ᠰᠡᠨ ᠰᠣᠷᠭᠠᠭᠤᠯᠢ᠎ᠪᠠᠨ ᠬᠠᠮᠠᠭᠠᠯᠠᠬᠤ᠎ᠶ᠋ᠢᠨ ᠲᠦᠯᠦᠭᠡ ᠬᠤᠪᠢ᠎ᠶ᠋ᠢᠨ ᠵᠣᠭᠤᠰ᠎ᠢᠶᠠᠨ ᠭᠠᠷᠭᠠᠵᠣ ᠣᠣᠯ ᠬᠡᠪ᠎ᠢᠶᠠᠷ᠎ᠨᠢ ᠦᠯᠡᠳᠡᠭᠡᠬᠦ᠌᠎ᠪᠠᠷ ᠲᠡᠷᠡ ᠴᠢᠷᠮᠠᠢᠵᠠᠢ᠂ ᠬᠠᠢᠷᠠᠯᠠᠵᠣ ᠰᠠᠨᠠᠭ᠍ᠰᠠᠨ ᠰᠣᠷᠭᠠᠭᠤᠯᠢ᠎ᠪᠠᠨ ᠦᠬᠡ ᠲᠠᠭᠤᠨ ᠦᠬᠡᠢ᠎ᠪᠠᠷ ᠬᠡᠳᠦᠨ ᠵᠢᠯ᠎ᠢᠶᠠᠷ ᠬᠠᠷᠠᠵᠤ ᠮᠠᠨᠠᠵᠣ ᠱᠢᠪᠡᠵᠦ᠍ ᠰᠠᠬᠢᠵᠤ ᠶᠠᠪᠣᠬᠤ᠎ᠳᠤ ᠦᠷᠦᠭᠡᠯ᠎ᠢ ᠪᠢᠲᠡᠭᠡᠢ ᠬᠡᠯᠡ ᠦᠪᠡᠷ᠎ᠢᠶᠠᠨ ᠴᠦ᠍ ᠡᠨᠡ ᠴᠣᠬᠤᠮ ᠶᠠᠮᠠᠷ ᠣᠳᠭ᠎ᠠ ᠠᠭᠤᠯᠭ᠎ᠠ᠎ᠲᠠᠢ ᠪᠤᠢ ᠬᠡᠵᠦ᠍ ᠪᠤᠳᠤᠳᠠᠭ᠃ ᠵᠤᠬᠢᠶᠠᠭ᠍ᠴᠢ ᠵᠤᠬᠢᠶᠠᠯ᠎ᠤᠨ ᠪᠠᠭᠠᠳᠤᠷ᠎ᠤᠨ ᠰᠡᠳᠭᠢᠯ᠎ᠤᠨ ᠬᠦᠳᠡᠯᠬᠡᠬᠡᠨ᠎ᠢ ᠲᠦᠷᠰᠦᠯᠡᠬᠦ᠌᠎ᠪᠠᠷ ᠲᠠᠮᠵᠢᠭᠤᠯᠵᠦ᠍ ᠤᠩᠱᠢᠭ᠍ᠴᠢ᠎ᠶ᠋ᠢᠨ ᠠᠯᠮᠠᠢᠷᠠᠯ᠎ᠢ ᠡᠳᠦᠵᠡᠢ᠃ ᠴᠠᠭ᠎ᠤᠨ ᠣᠷᠣᠰᠭᠠᠯ᠎ᠳᠤ ᠵᠣᠬᠢᠴᠠᠭᠤᠯᠵᠣ ᠲᠠᠭᠠᠲᠠᠢ ᠨᠡᠢᠭᠡᠮ᠎ᠤᠨ ᠰᠠᠢᠬᠠᠨ ᠪᠦᠬᠦᠨ᠎ᠢ ᠲᠤᠭᠤᠭᠠᠳ ᠶᠠᠪᠣᠬᠤ᠎ᠳᠤ ᠪᠤᠯᠤᠯ ᠦᠭᠡᠢ ᠶᠠᠭᠠᠬᠢᠬᠤᠪ᠂ ᠭᠡᠪᠡᠴᠦ᠍ ᠶᠠᠮᠠᠷ ᠴᠦ᠍ ᠣᠳᠭ᠎ᠠ ᠠᠭᠤᠯᠭ᠎ᠠ ᠦᠭᠡᠢ ᠵᠦᠢᠯ᠎ᠢ ᠰᠠᠬᠢᠵᠤ ᠮᠠᠨᠠᠵᠣ ᠬᠡᠷᠡᠭ᠎ᠠᠴᠠ ᠬᠤᠴᠣᠷᠣᠭ᠍ᠰᠠᠨ ᠭᠡᠵᠦ᠍ ᠬᠡᠯᠡᠭ᠌ᠳᠡᠵᠦ᠍ ᠲᠤᠭᠤᠬᠢᠯᠠᠬ᠍ᠳᠠᠵᠦ᠍ ᠶᠠᠪᠣᠬᠤ᠎ᠳᠤ ᠨᠠᠰᠤᠲᠠᠨ ᠭᠠᠭ᠍ᠴᠠᠬᠠᠨ ᠰᠡᠳᠭᠢᠯ᠎ᠢᠶᠠᠨ ᠪᠠᠳᠤ ᠰᠠᠬᠢᠵᠠᠢ᠃ ᠲᠡᠷᠡ ᠪᠣᠯ ᠲᠡᠭᠦᠨ᠎ᠤ ᠰᠡᠳᠭᠢᠯ᠎ᠤᠨ ᠭᠦᠨ᠎ᠳᠠᠬᠢ ᠬᠠᠮᠤᠭ᠎ᠤᠨ ᠨᠠᠨᠳᠢᠨ ᠵᠦᠢᠯ᠂ ᠬᠠᠷᠠᠵᠤ ᠮᠠᠨᠠᠬᠤ ᠶᠤᠰᠤ᠎ᠲᠠᠢ ᠬᠠᠲᠠᠭᠤ ᠰᠠᠬᠢᠯ᠂ ᠡᠨᠡ ᠦᠶ᠎ᠡ᠎ᠳᠤ ᠲᠡᠭᠦᠨ᠎ᠳᠤ ᠬᠡᠨ᠎ᠤ ᠴᠦ᠍ ᠤᠢᠯᠠᠭᠠᠯᠲᠠ ᠬᠡᠷᠡᠭ ᠦᠭᠡᠢ᠂ ᠬᠠᠢᠷ᠎ᠠ ᠪᠠ ᠢᠳᠡᠭᠡᠯ᠎ᠨᠢ ᠠᠮᠢ ᠨᠠᠰᠣᠨ᠎ᠤ ᠪᠦᠬᠦᠢ ᠯᠠ ᠠᠭᠤᠯᠭ᠎ᠠ ᠪᠤᠯᠵᠠᠢ᠃ ᠵᠤᠬᠢᠶᠠᠯ᠎ᠳᠤ 《ᠰᠦᠨᠢ᠎ᠶ᠋ᠢᠨ ᠬᠠᠷᠠᠩᠭᠤᠢ᠎ᠳᠤ ᠠᠯᠭᠤᠷᠬᠠᠨ ᠪᠠᠯᠠᠷᠠᠬᠤ ᠬᠢᠴᠢᠶᠡᠯ᠎ᠤᠨ ᠬᠡᠷ᠂ ᠡᠩᠨᠡᠷᠡᠨ ᠣᠷᠭᠤᠭ᠍ᠰᠠᠨ ᠨᠠᠷᠠᠰᠣᠨ ᠮᠣᠳᠣ ᠬᠠᠷᠠᠭ᠎ᠠ ᠮᠠᠭᠤᠳᠠᠭ᠍ᠰᠠᠨ ᠨᠢᠳᠦᠨ᠎ᠳᠤᠨᠢ ᠨᠢᠬᠡ ᠯᠡ ᠨᠡᠳᠦᠢᠭ᠌ᠰᠡᠨ ᠬᠠᠷ᠎ᠠ ᠶᠠᠭᠤᠮ᠎ᠠ ᠪᠣᠯᠵᠣ ᠦᠵᠡᠭ᠌ᠳᠡᠬᠦ᠌ ᠪᠣᠯᠪᠠᠴᠣ ᠡᠪᠦᠬᠡᠨ᠎ᠤ ᠰᠡᠳᠭᠢᠯ᠎ᠳᠤ ᠬᠠᠳᠠᠩᠱᠢᠨ ᠪᠠᠢᠷᠢᠯᠠᠭ᠍ᠰᠠᠨ ᠨᠠᠷᠠᠰᠣᠳᠠᠢ ᠰᠣᠷᠭᠠᠭᠤᠯᠢ᠎ᠨᠢ ᠣᠣᠯ ᠬᠡᠪ᠎ᠢᠶᠠᠷ᠎ᠢᠶᠠᠨ ᠲᠣᠪ ᠲᠣᠳᠣᠬᠠᠨ ᠰᠦᠮᠪᠦᠷᠯᠡᠨ ᠰᠦᠨᠳᠡᠷᠯᠡᠵᠦ᠍ ᠪᠠᠢᠯ᠎ᠠ ᠁》 ᠬᠡᠵᠦ᠍ ᠪᠢᠴᠢᠭ᠌ᠰᠡᠨ ᠱᠢᠭ ᠪᠠᠢᠭᠠᠯᠢ᠎ᠶ᠋ᠢᠨ ᠦᠩᠭᠡ᠎ᠳᠤ ᠠᠭᠠᠵᠢᠮᠬᠠᠨ ᠪᠠᠯᠠᠷᠠᠭ᠍ᠰᠠᠨ ᠰᠣᠷᠭᠠᠭᠤᠯᠢ ᠮᠠᠬᠠᠪᠣᠳ᠎ᠤᠨ ᠮᠠᠭᠤᠳᠠᠯ᠎ᠳᠤ ᠣᠯᠠᠮ ᠴᠦ᠍ ᠬᠠᠷᠠᠩᠭᠤᠢᠯᠠᠵᠤ ᠠᠭ᠍ᠰᠠᠨ ᠴᠦ᠍ ᠵᠢᠳᠭᠦᠯ ᠬᠠᠢᠷ᠎ᠠ ᠢᠳᠡᠭᠡᠯ᠎ᠤᠨ ᠬᠦᠴᠦᠨ᠎ᠳᠤ ᠲᠡᠷᠡ ᠪᠠᠰᠠ ᠯᠠ ᠰᠦᠮᠪᠦᠷᠯᠡᠭ᠌ᠰᠡᠬᠡᠷ ᠪᠠᠢᠬᠤ᠎ᠨᠢ ᠡᠨᠡ ᠲᠦᠷᠢ᠎ᠶ᠋ᠢ ᠤᠩᠱᠢᠭ᠍ᠴᠢ᠎ᠶ᠋ᠢᠨ ᠰᠡᠳᠭᠢᠯ᠎ᠳᠤ ᠠᠮᠢᠯᠠᠭᠤᠯᠵᠦ᠍ ᠴᠢᠳᠠᠵᠠᠢ᠃

ᠤᠢᠮᠤᠳ ᠰᠣᠳᠣᠨ᠎ᠤ 《ᠰᠠᠯᠬᠢ》 ᠭᠡᠰᠡᠨ ᠵᠣᠬᠢᠶᠠᠯ᠎ᠳᠤ ᠬᠢᠺᠡᠷᠢ ᠪᠠᠭ᠎ᠠ᠎ᠳᠠᠭᠠᠨ ᠴᠠᠭᠠᠰᠣᠨ ᠨᠢᠰᠭᠡᠯ ᠬᠢᠭᠡᠳ ᠨᠠᠭᠠᠳᠳᠠᠬ ᠪᠠᠢᠭ᠍ᠰᠠᠨ᠎ᠢᠶᠠᠨ ᠲᠣᠮᠣ ᠪᠣᠯᠣᠭ᠍ᠰᠠᠨ᠎ᠤ ᠬᠤᠢᠨ᠎ᠠ ᠪᠠᠢᠯᠳᠤᠭᠠᠨ᠎ᠤ ᠨᠢᠰᠭᠡᠯ ᠬᠢᠵᠦ᠍ ᠬᠦᠮᠦᠨ ᠠᠷᠠᠳ᠎ᠳᠤ ᠵᠤᠪᠠᠯᠠᠩ ᠤᠴᠠᠷᠠᠭᠤᠯᠵᠠᠢ᠃ ᠪᠠᠭ᠎ᠠ᠎ᠠᠴᠠ᠎ᠪᠠᠨ ᠴᠠᠭᠠᠰᠤᠨ ᠨᠢᠰᠭᠡᠯ ᠨᠠᠭᠠᠳᠭᠤ ᠲᠤᠷᠠᠳᠠᠢ ᠬᠢᠺᠡᠷᠢ ᠭᠧᠷᠮᠠᠨ᠎ᠤ ᠲᠠᠢᠨ ᠬᠢᠵᠦ᠍ ᠶᠠᠪᠤᠭ᠎ᠠ ᠨᠢᠭᠡ ᠨᠣᠶᠠᠨᠲᠠᠨ᠎ᠢ ᠲᠠᠩᠳᠠ ᠵᠡᠬᠦᠳᠦᠯᠡᠵᠦ᠍ ᠲᠡᠷᠡ ᠨᠤᠶᠠᠨᠳᠠᠨ ᠲᠠᠢᠨ᠎ᠢ ᠡᠷᠳᠡᠭᠡᠨ ᠲᠠᠭᠤᠰᠭᠠᠬᠤ᠎ᠶ᠋ᠢᠨ ᠲᠦᠯᠦᠭᠡ ᠮᠠᠷᠠᠢᠵᠤ ᠪᠠᠢᠨ᠎ᠠ ᠬᠡᠵᠦ᠍ ᠲᠡᠮᠵᠢᠳᠡᠭ᠃ ᠬᠤᠵᠢᠮ᠎ᠨᠢ ᠲᠡᠷᠡ ᠨᠢᠰᠭᠡᠯ᠎ᠤᠨ ᠲᠤᠬᠠᠢ ᠰᠤᠷᠴᠤ᠌ ᠤᠯᠤᠰ᠎ᠤᠨ᠎ᠢᠶᠠᠨ ᠬᠠᠮᠤᠭ ᠲᠤᠮᠤ ᠨᠢᠰᠭᠡᠯ᠎ᠤᠨ ᠰᠤᠳᠤᠯᠭᠠᠨ᠎ᠤ ᠲᠠᠰᠤᠭ᠎ᠲᠤ ᠠᠵᠢᠯ ᠤᠯᠵᠦ᠍᠂ 1941 ᠤᠨ᠎ᠳᠤ ᠱᠢᠨ᠎ᠠ ᠮᠠᠶᠢᠭ᠎ᠤᠨ ᠲᠠᠢᠨ᠎ᠤ ᠨᠢᠰᠭᠡᠯ ᠪᠦᠳᠦᠬᠡᠵᠡᠢ᠃ ᠬᠡᠪᠡᠴᠦ᠍ ᠶᠠᠭ ᠡᠨᠡ ᠬᠦ᠌ ᠲᠠᠢᠨ᠎ᠤ ᠨᠢᠰᠭᠡᠯ ᠮᠡᠨᠳᠦᠯᠡᠭ᠌ᠰᠡᠨ᠎ᠢᠶᠠᠷ 1942 ᠤᠨ᠎ᠳᠤ 《ᠰᠤᠪᠤᠳ ᠭᠠᠷᠠᠮ᠎ᠢ ᠬᠡᠨᠡᠳᠡᠬᠦᠯᠦᠨ ᠲᠠᠭᠠᠷᠢᠬ᠍ᠰᠠᠨ》 ᠤᠴᠢᠷ ᠡᠬᠦᠰᠴᠦ᠍ ᠶᠠᠫᠦᠨ᠎ᠤ ᠲᠠᠭᠡᠳᠤ ᠰᠢᠨ᠎ᠡ ᠮᠠᠷᠭᠡᠵᠢᠯ᠎ᠢᠶᠠᠷ ᠬᠢᠭ᠌ᠰᠡᠨ ᠪᠠᠢᠯᠳᠤᠭᠠᠨ᠎ᠤ ᠨᠢᠰᠭᠡᠯ ᠠᠮᠧᠷᠢᠺᠠ᠎ᠶ᠋ᠢᠨ ᠴᠡᠷᠢᠭ᠎ᠤᠨ ᠰᠠᠭᠤᠷᠢᠨ᠎ᠢ ᠲᠠᠭᠠᠷᠢᠵᠠᠢ᠃ ᠪᠠᠢᠯᠳᠤᠭᠠᠨ᠎ᠤ ᠨᠢᠰᠭᠡᠯ ᠡᠬᠦᠳᠦᠭ᠌ᠰᠡᠨ ᠬᠢᠺᠠᠷᠢ᠎ᠶ᠋ᠢᠨ ᠠᠯᠳᠠᠷ ᠨᠠᠷ᠎ᠠ ᠮᠠᠨᠳᠤᠭ᠍ᠰᠠᠨ ᠴᠤ᠌ ᠬᠢᠺᠡᠷᠢ ᠬᠦᠮᠦᠨ᠎ᠤ ᠠᠮᠢ ᠨᠠᠰᠤ᠎ᠶ᠋ᠢ ᠬᠦᠨᠦᠭᠡᠳᠡᠭ ᠪᠠᠢᠯᠳᠤᠭᠠᠨ᠎ᠤ ᠨᠢᠰᠭᠡᠯ ᠬᠢᠭ᠌ᠰᠡᠨ᠎ᠳᠡᠭᠡᠨ ᠪᠠᠶ᠎ᠠ᠎ᠪᠠᠨ ᠵᠦᠬᠡᠵᠦ᠍ ᠡᠬᠢᠯᠡᠵᠡᠢ᠃ ᠬᠡᠪᠡᠴᠦ᠍ ᠭᠧᠷᠮᠠᠨ ᠴᠡᠷᠢᠭ᠎ᠤᠨ ᠨᠤᠶᠠᠨᠳᠠᠨ᠎ᠢᠶᠠᠨ ᠵᠡᠬᠦᠳᠦᠯᠡᠵᠦ᠍ ᠲᠠᠢᠨ᠎ᠢ ᠬᠤᠷᠳᠤᠨ ᠲᠠᠬᠦᠰᠭᠡᠬᠦ᠌᠎ᠪᠠᠷ ᠮᠠᠷᠠᠢᠵᠤ ᠪᠠᠢᠨ᠎ᠠ ᠬᠡᠵᠦ᠍ ᠦᠪᠡᠷ᠎ᠢ᠎ᠪᠠᠨ ᠦᠮᠦᠬᠡᠷᠡᠵᠡᠢ᠃ ᠲᠡᠬᠦᠨ᠎ᠤ ᠡᠨᠡ ᠪᠤᠳᠤᠯ ᠬᠠᠭᠤᠷᠮᠠᠭ ᠪᠠᠢᠵᠠᠢ᠃ ᠲᠡᠬᠦᠨ᠎ᠤ ᠬᠠᠭᠤᠷᠮᠠᠭ᠎ᠢ ᠢᠯᠡᠴᠢᠯᠡᠵᠦ᠍ 1945 ᠤᠨ᠎ᠳᠤ ᠡᠾᠢᠷᠦᠱᠢᠮ᠂ ᠨᠠᠭᠠᠰᠠᠺᠢ᠎ᠳᠤ ᠠᠲ᠋ᠤᠮ᠎ᠤᠨ ᠪᠦᠮᠪᠦᠭᠡ ᠬᠠᠶᠠᠵᠦ᠍ 30 ᠲᠦᠮᠠᠨ ᠬᠦᠮᠦᠨ ᠦᠬᠦᠭ᠌ᠰᠡᠨ ᠴᠢᠮᠡᠭᠡ᠎ᠶ᠋ᠢ ᠰᠤᠨᠤᠰᠤᠭᠠᠳ ᠬᠢᠺᠠᠷᠢ 《ᠪᠢᠳᠡ ᠢᠴᠢᠭᠦᠷᠢᠲᠡᠢ᠎ᠪᠠᠷ ᠪᠠᠭᠤᠵᠤ ᠦᠭ᠌ᠬᠦᠨ᠎ᠡ ᠭᠡᠵᠦ᠍ ᠦᠦ? ᠨᠢᠰᠭᠡᠯ ᠬᠢᠵᠦ᠍ ᠬᠦᠮᠦᠨ᠎ᠤ ᠠᠮᠢ ᠨᠠᠰᠤ᠎ᠶ᠋ᠢ ᠪᠣᠰᠠᠨᠢᠭᠤᠯᠤᠭ᠍ᠰᠠᠨ᠎ᠤ ᠦᠷ᠎ᠡ ᠳ᠋ᠦᠩ ᠡᠨᠡ ᠦᠦ?》 ᠬᠡᠵᠦ᠍ ᠲᠠᠢᠨ ᠲᠠᠭᠤᠰᠤᠭ᠍ᠰᠠᠨ᠎ᠳᠤ ᠪᠠᠶᠠᠷᠯᠠᠭ᠎ᠠ ᠦᠬᠡᠢ ᠬᠠᠷᠢᠨ ᠶᠡᠭᠡ᠎ᠪᠠᠷ ᠬᠢᠯᠢᠩᠨᠡᠵᠦ᠍ ᠪᠦᠰᠡᠬᠦᠢ ᠠᠶᠠ᠎ᠪᠠᠨ ᠠᠯᠠᠵᠦ᠍ ᠦᠪᠡᠷ᠎ᠢ᠎ᠪᠠᠨ ᠬᠤᠤᠷᠯᠠᠵᠠᠢ᠃ ᠵᠤᠬᠢᠶᠠᠯ᠎ᠳᠤ ᠬᠢᠺᠡᠷᠢ᠎ᠶ᠋ᠢᠨ ᠪᠤᠳᠤᠯ ᠰᠡᠳᠭᠢᠯ ᠪᠠ ᠦᠢᠯᠡ ᠠᠵᠢᠯᠯᠠᠭ᠎ᠠ᠎ᠶ᠋ᠢᠨ ᠱᠢᠭᠤᠳ ᠬᠠᠷᠢᠴᠠᠭ᠎ᠠ᠎ᠶ᠋ᠢ ᠲᠤᠮᠢᠶᠠᠯᠠᠵᠦ᠍᠂ ᠲᠠᠢᠨ ᠬᠢᠭ᠌ᠴᠢᠳ᠎ᠤᠨ ᠪᠠᠯᠠᠮᠠᠳ ᠬᠡᠷᠴᠡᠬᠡᠢ ᠠᠭᠠᠳ ᠬᠠᠭᠤᠷᠮᠠᠭ ᠵᠦᠬᠡᠯᠡᠨ ᠲᠦᠷᠢ᠎ᠶ᠋ᠢ ᠵᠢᠪᠡᠬᠦᠦ ᠬᠦᠷᠳᠡᠯ᠎ᠡ ᠦᠵᠡᠬᠦᠯᠵᠠᠢ᠃ ᠵᠤᠬᠢᠶᠠᠯ᠎ᠤᠨ ᠲᠡᠬᠦᠰᠭᠡᠯ᠎ᠳᠤ 《ᠰᠠᠯᠬᠢ ᠱᠢᠭᠤᠷᠭ᠎ᠠ ᠨᠠᠮᠳᠠᠵᠤ ᠤᠬ᠍ᠳᠠᠷᠭᠤᠢ ᠴᠠᠯᠮᠠᠪᠠ᠃ ᠤᠬ᠍ᠳᠠᠷᠭᠤᠢ᠎ᠶ᠋ᠢᠨ ᠬᠦᠨ᠎ᠳᠤ ᠮᠦᠩᠬᠦᠨ ᠨᠢᠰᠭᠡᠯ ᠴᠦ᠍ ᠶᠤᠮ ᠦᠦ ᠨᠠᠷᠠᠨ᠎ᠳᠤ ᠬᠢᠯᠠᠰᠤᠨ ᠬᠠᠯᠢᠨ ᠲᠠᠬᠦᠯᠢᠨᠠᠮ᠃ ᠬᠡᠳᠡᠯ᠎ᠠ ᠲᠠᠷᠠ᠎ᠨᠢ ᠨᠢᠰᠭᠡᠯ ᠪᠤᠰᠤ᠂ ᠬᠠᠷᠢᠨ ᠬᠡᠷᠡᠯᠳᠤ ᠴᠠᠭᠠᠨ ᠲᠠᠬ᠍ᠳᠠᠭ᠎ᠠ ᠪᠠᠢᠯ᠎ᠠ》 ᠬᠡᠵᠦ᠍ ᠲᠠᠢᠨ ᠲᠠᠭᠤᠰᠴᠦ᠍ ᠡᠩᠬᠡ ᠲᠠᠢᠪᠤᠩ᠎ᠤᠨ ᠲᠠᠭ᠍ᠳᠠᠭ᠎ᠠ ᠤᠭ᠍ᠳᠠᠷᠭᠤᠢ᠎ᠳᠤ ᠨᠢᠰᠭᠦ᠎ᠶ᠋ᠢ ᠪᠢᠴᠢᠵᠡᠢ᠃

ᠲᠦᠷᠪᠡ ᠵᠠᠩ ᠵᠠᠩᠱᠢᠯ ᠪᠠ ᠤᠷᠤᠨ ᠨᠤᠳᠤᠭ᠎ᠤᠨ ᠵᠢᠷᠤᠭ᠍ᠯᠠᠯ

《ᠭᠤᠪᠢ᠎ᠶ᠋ᠢᠨ ᠠᠷᠴᠠ》 ᠵᠤᠬᠢᠶᠠᠯ᠎ᠤᠨ ᠲᠡᠬᠦᠪᠦᠷᠢ᠎ᠳᠤ ᠤᠷᠤᠭ᠍ᠰᠠᠨ ᠪᠦᠳᠦᠬᠡᠯ᠎ᠳᠤ ᠰᠤᠶᠤᠯ᠎ᠤᠨ ᠨᠠᠢᠷᠠᠭᠤᠯᠤᠯ ᠤᠯᠠᠨ ᠪᠢᠴᠢᠭ᠌ᠳᠡᠭ᠌ᠰᠡᠨ ᠪᠦᠬᠡᠳ ᠤᠡᠭ᠌ᠨᠢᠭᠤᠳ ᠨᠤᠳᠤᠬ᠎ᠤᠨ ᠪᠠᠢᠭᠠᠯᠢ᠎ᠶ᠋ᠢᠨ ᠦᠵᠡᠮᠵᠢ᠎ᠶ᠋ᠢ ᠵᠢᠷᠤᠭ᠍ᠯᠠᠬᠤ᠎ᠶ᠋ᠢᠨ ᠬᠠᠮᠳᠤ ᠦᠯᠢᠬᠡᠷ ᠬᠤᠯᠪᠤᠭ᠎ᠠ ᠲᠤᠮᠤᠬ᠎ᠢ ᠤᠷᠠᠨ ᠵᠤᠬᠢᠶᠠᠯ᠎ᠳᠠᠭᠠᠨ ᠠᠱᠢᠬ᠍ᠯᠠᠵᠦ᠍ ᠤᠷᠠᠯᠢᠭ᠍ᠴᠢ ᠱᠢᠨᠵᠢ᠎ᠶ᠋ᠢ ᠦᠨᠳᠦᠷᠵᠢᠬᠦᠯᠵᠡᠢ᠃

ᠡᠬᠦᠨ᠎ᠳᠤ ᠣᠶᠠᠬᠠᠨ᠎ᠤ 《ᠰᠠᠭᠠᠯᠢ᠎ᠶ᠋ᠢᠨ ᠠᠷᠢᠬᠢ》 ᠭᠡᠰᠡᠨ ᠵᠣᠬᠢᠶᠠᠯ᠎ᠳᠤ ᠰᠠᠭᠠᠯᠢ᠎ᠶ᠋ᠢᠨ ᠠᠷᠢᠬᠢ᠎ᠶ᠋ᠢᠨ ᠡᠭᠦᠰᠦᠯ᠂ ᠰᠡᠷᠵᠢᠮᠯᠡᠬᠦ᠌ ᠶᠤᠰᠤ᠂ ᠠᠷᠢᠬᠢᠨ᠎ᠤ ᠲᠤᠬᠠᠢ ᠳᠣᠮᠤᠭ᠂ ᠲᠡᠭᠦᠨ᠎ᠤ ᠣᠯᠠᠨ ᠵᠦᠢᠯ᠎ᠤᠨ ᠨᠡᠷᠡᠢᠳᠦᠯ᠂ ᠰᠠᠭᠠᠯᠢ᠎ᠶ᠋ᠢᠨ ᠠᠷᠢᠬᠢ᠎ᠶ᠋ᠢ ᠨᠡᠷᠡᠬᠦ᠌ ᠶᠠᠪᠣᠴᠠ᠂ ᠬᠦᠷᠦᠩᠭᠡ᠎ᠶ᠋ᠢ ᠬᠠᠳᠠᠭᠠᠯᠠᠬᠤ ᠶᠤᠰᠤ᠂ ᠠᠷᠢᠬᠢ ᠪᠠᠷᠢᠬᠤ ᠶᠤᠰᠤ ᠵᠡᠷᠭᠡ᠎ᠶ᠋ᠢ ᠲᠣᠩ ᠨᠠᠷᠢᠯᠢᠭ ᠪᠢᠴᠢᠭ᠌ᠰᠡᠨ ᠪᠢᠯᠡ᠃ ᠲᠡᠷᠡ᠎ᠪᠠᠷ ᠲᠡᠦᠬᠡᠨ᠎ᠳᠤ ᠲᠡᠮᠳᠡᠭ᠌ᠯᠡᠵᠦ᠍ ᠢᠷᠡᠭ᠌ᠰᠡᠨ ᠪᠢᠴᠢᠭ ᠮᠠᠲ᠋ᠧᠷᠢᠶᠠᠯ ᠪᠠ ᠦᠯᠢᠭᠡᠷ ᠳᠣᠮᠤᠭ᠎ᠲᠤ ᠰᠠᠭᠤᠷᠢᠯᠠᠨ ᠰᠠᠭᠠᠯᠢ᠎ᠶ᠋ᠢᠨ ᠠᠷᠢᠬᠢᠨ᠎ᠤ ᠰᠣᠶᠣᠯ᠎ᠢ ᠲᠣᠩ ᠳᠡᠯᠭᠡᠷᠡᠩᠭᠦᠢ ᠠᠮᠢᠳᠤᠯᠢᠭ ᠪᠢᠴᠢᠵᠡᠢ᠃ ᠵᠢᠱ᠌ᠢᠶᠡᠯᠡᠪᠡᠯ ᠰᠠᠭᠠᠯᠢ᠎ᠶ᠋ᠢᠨ ᠠᠷᠢᠬᠢᠨ᠎ᠤ ᠬᠦᠷᠦᠩᠬᠡ ᠬᠡᠵᠢᠶ᠎ᠡ ᠬᠠᠮᠢᠭ᠎ᠠ ᠶᠠᠭᠠᠬᠢᠵᠦ᠍ ᠪᠣᠢ ᠪᠣᠯᠣᠭ᠍ᠰᠠᠨ ᠲᠣᠬᠠᠢ ᠲᠣᠳᠣᠷᠬᠠᠢ ᠲᠡᠮᠳᠡᠭ᠌ᠯᠡᠯ ᠣᠯᠳᠠᠭ᠎ᠠ ᠦᠭᠡᠢ ᠪᠣᠯᠬᠤᠷ ᠦᠯᠢᠭᠡᠷ ᠳᠣᠮᠤᠭ᠎ᠢᠶᠠᠷ ᠲᠠᠢᠯᠪᠤᠷᠢᠯᠠᠵᠠᠢ᠃

ᠨᠠᠮᠤᠷ᠎ᠠ᠎ᠶ᠋ᠢᠨ 《ᠨᠤᠳᠤᠭ᠎ᠤᠨ ᠭᠠᠢᠬᠠᠮᠱᠢᠭ》 ᠬᠡᠰᠡᠨ ᠵᠤᠬᠢᠶᠠᠯ᠎ᠳᠤ ᠨᠣᠲᠤᠭ ᠤᠰᠤᠨ᠎ᠤ ᠠᠭᠤᠯᠠ ᠣᠰᠣ᠂ ᠤᠷᠭᠤᠮᠠᠯ ᠮᠤᠳᠤ᠂ ᠬᠡᠯᠪᠡᠷᠢ ᠪᠠᠢᠷᠢᠱᠢᠯ᠎ᠢ ᠠᠯᠠᠭᠠᠨ ᠵᠢᠷᠣᠭᠠᠰᠣ᠎ᠪᠠᠨ ᠱᠢᠭ᠋ ᠨᠠᠷᠢᠯᠢᠭ ᠪᠢᠴᠢᠪᠡ᠃ ᠲᠤᠰ ᠵᠤᠬᠢᠶᠠᠯ 《ᠯᠤᠤᠬ᠎ᠠ᠎ᠶ᠋ᠢᠨ ᠭᠤᠤᠯ》᠂ 《ᠠᠯᠠᠭ ᠠᠭᠤᠯᠠ》᠂ 《ᠬᠠᠷ᠎ᠠ ᠠᠭᠤᠯᠠ》᠂ 《ᠭᠡᠷ ᠴᠢᠯᠠᠭᠤ ᠬᠠᠳᠠ》᠂ 《ᠡᠷᠳᠡᠨᠢ ᠠᠭᠤᠯᠠ》 ᠁ ᠵᠡᠷᠭᠡ ᠤᠷᠤᠨ ᠨᠣᠲᠤᠭ᠎ᠤᠨ ᠣᠨᠴᠠᠯᠢᠭ ᠪᠦᠬᠦᠢ ᠠᠭᠤᠯᠠ ᠬᠠᠳᠠ᠎ᠨᠤᠭᠤᠳ᠎ᠤᠨ ᠪᠠᠢᠷᠢᠱᠢᠯ᠂ ᠤᠷᠭᠤᠳᠠᠭ ᠤᠷᠭᠤᠮᠠᠯ᠂ ᠬᠡᠯᠪᠡᠷᠢ ᠣᠨᠴᠠᠯᠢᠭ᠎ᠢ ᠨᠢᠭᠡᠳ ᠨᠢᠭᠡ᠎ᠪᠠᠷ ᠲᠣᠩ ᠨᠠᠷᠢᠯᠢᠭ ᠲᠡᠮᠳᠡᠭ᠌ᠯᠡᠭ᠌ᠰᠡᠨ ᠪᠦᠭᠡᠳ ᠡᠭᠦᠰᠦᠯ ᠭᠠᠷᠣᠯ᠎ᠤᠨ ᠳᠣᠮᠤᠭ ᠦᠯᠢᠭᠡᠷ᠎ᠢ ᠲᠣᠩ ᠨᠠᠷᠢᠯᠢᠭ ᠪᠢᠴᠢᠵᠡᠢ᠃ ᠵᠢᠱ᠌ᠢᠶᠡᠯᠡᠪᠡᠯ 《ᠬᠠᠷ᠎ᠠ᠎ᠶ᠋ᠢᠨ ᠠᠭᠤᠯᠠ》᠎ᠶ᠋ᠢᠨ ᠲᠤᠬᠠᠢ 《ᠬᠠᠷ᠎ᠠ᠎ᠶ᠋ᠢᠨ ᠠᠭᠤᠯᠠ ᠪᠤᠯ ᠳ᠋ᠥᠩ᠎ᠤᠨ ᠰᠠᠯᠠᠭ᠎ᠠ᠂ ᠵᠢᠷᠥᠬᠡ᠎ᠶ᠋ᠢᠨ ᠠᠭᠤᠯᠠ ᠁ ᠵᠡᠷᠭᠡ ᠤᠯᠠᠨ ᠠᠭᠤᠯᠠ ᠬᠠᠳᠠ᠎ᠪᠠᠷ ᠪᠥᠷᠢᠯᠳᠥᠭ᠌ᠰᠡᠨ ᠪᠠᠢᠳᠠᠭ ᠁ ᠬᠠᠷ᠎ᠠ᠎ᠶ᠋ᠢᠨ ᠠᠭᠤᠯᠠ᠎ᠶ᠋ᠢᠨ ᠪᠠᠷᠠᠭᠤᠨ ᠬᠤᠢᠳᠤ ᠭᠡᠰᠡᠭ᠎ᠲᠤ ᠬᠠᠷ᠎ᠠ ᠲᠤᠯᠤᠭᠠᠢ᠎ᠶ᠋ᠢᠨ ᠲᠤᠮᠤ ᠲᠤᠮᠤ ᠴᠢᠯᠠᠭᠤᠨ ᠲᠡᠭᠡᠷ᠎ᠡ᠎ᠨᠢ ᠪᠥᠷ ᠬᠠᠳᠠᠨ ᠵᠢᠷᠤᠭ ᠪᠠᠢᠨ᠎ᠠ ᠭᠡᠨ᠎ᠡ᠃ ᠬᠠᠳᠠᠨ ᠵᠢᠷᠤᠭ᠎ᠨᠢ ᠬᠥᠳᠡᠭᠡ ᠨᠤᠳᠤᠭ᠎ᠤᠨ ᠠᠮᠢᠳᠤᠷᠠᠯ ᠠᠬᠤᠢ᠎ᠶ᠋ᠢ ᠥᠨᠡᠨ ᠪᠤᠳᠠᠲᠠᠢ ᠵᠢᠷᠤᠭ᠍ᠯᠠᠵᠤ᠂ ᠵᠢᠷᠤᠭ᠎ᠨᠢ ᠠᠮᠢᠳᠤ ᠲᠥᠷᠰᠦᠯᠢᠭ ᠪᠠᠢᠳᠠᠭ》 ᠭᠡᠵᠦ᠍ ᠪᠢᠴᠢᠵᠡᠢ᠃ ᠵᠣᠬᠢᠶᠠᠯ᠎ᠤᠨ ᠲᠡᠭᠦᠰᠭᠡᠯ᠎ᠳᠤ ᠵᠤᠬᠢᠶᠠᠭ᠍ᠴᠢ ᠪᠠᠰᠠ ᠠᠷᠢᠶᠠᠳᠠᠨ ᠠᠮᠢᠳᠠᠨ᠎ᠢ ᠲᠤᠷ᠎ᠠ᠎ᠪᠠᠷ ᠵᠢᠡᠨ ᠠᠯᠠᠵᠤ ᠬᠥᠨᠥᠭᠡᠵᠤ᠂ ᠣᠢ ᠮᠤᠳᠤ᠎ᠶ᠋ᠢ ᠲᠠᠪᠠ᠎ᠪᠠᠷ ᠤᠭ᠍ᠳᠤᠯᠵᠤ ᠰᠦᠢᠳᠭᠡᠵᠦ᠍ ᠪᠠᠢᠭ᠎ᠠ ᠪᠠᠢᠳᠠᠯ᠎ᠢ ᠲᠣᠷᠠᠳᠴᠣ 《ᠡᠢᠮᠦ᠍ ᠰᠠᠢᠬᠠᠨ ᠨᠤᠳᠤᠭ᠎ᠢᠶᠠᠨ ᠥᠵᠡᠬᠦ᠌ ᠨᠢᠳᠤᠨ᠎ᠤ ᠴᠡᠴᠡᠭᠡᠢ᠎ᠪᠠᠨ ᠱᠢᠭ᠂ ᠥᠨᠥᠰᠭᠦ ᠬᠠᠮᠠᠷ᠎ᠤᠨ ᠵᠠᠭᠠᠷ᠎ᠢᠶᠠᠨ ᠱᠢᠬ᠂ ᠡᠯᠢᠭᠡ ᠵᠢᠷᠥᠬᠡᠨ᠎ᠤ᠎ᠪᠠᠨ ᠬᠤᠪᠳᠤᠯ᠎ᠢᠶᠠᠨ ᠱᠢᠭ᠋ ᠬᠠᠢᠷᠠᠯᠠᠵᠤ ᠨᠠᠨᠳᠢᠩᠨᠠᠵᠤ ᠶᠠᠪᠤᠶ᠎ᠠ》 ᠭᠡᠵᠦ᠍ ᠪᠢᠴᠢᠵᠡᠢ᠃

ᠵᠤᠨ᠎ᠤ ᠪᠢᠴᠢᠭ᠌ᠰᠡᠨ 《ᠳᠥᠷᠪᠡᠨ ᠴᠠᠭ᠎ᠤᠨ ᠨᠤᠲᠤᠭ》᠂ ᠦᠨᠢᠷᠰᠠᠢᠬᠠᠨ᠎ᠤ 《ᠦᠯᠢᠭᠡᠷ ᠲᠤᠮᠤᠭ᠎ᠤᠨ ᠬᠦᠯᠦᠭ》᠂ ᠨᠢᠩᠭᠠᠳ ᠴᠤᠮᠤᠷᠯᠢᠭ᠎ᠤᠨ 《ᠲᠡᠭ᠌ᠷᠢᠯᠢᠭ ᠴᠤᠤᠷᠢᠶ᠎ᠠ》 ᠵᠡᠷᠬᠡ ᠵᠤᠬᠢᠶᠠᠯ᠎ᠤᠳ ᠲᠡᠤᠬᠡ ᠰᠤᠶᠤᠯ ᠪᠠ ᠤᠷᠤᠨ ᠨᠤᠳᠤᠭ᠎ᠤᠨ ᠤᠨᠴᠠᠯᠢᠭ᠎ᠢ ᠪᠢᠴᠢᠭ᠌ᠰᠡᠨ ᠭᠤᠴᠤ᠌ ᠰᠠᠢᠬᠠᠨ ᠪᠦᠳᠦᠬᠡᠯ ᠪᠤᠯᠵᠠᠢ᠃

ᠶᠡᠷᠦᠩᠬᠡᠢᠯᠡᠪᠡᠯ᠂ 《ᠭᠤᠪᠢ᠎ᠶ᠋ᠢᠨ ᠠᠷᠴᠠ》 ᠨᠤᠮ᠎ᠳᠤ ᠲᠡᠬᠦᠪᠦᠷᠢᠯᠡᠭ᠌ᠳᠡᠵᠦ᠍ ᠤᠷᠤᠭ᠍ᠰᠠᠨ ᠵᠤᠬᠢᠶᠠᠯ᠎ᠨᠢ ᠬᠡᠨᠡᠨ ᠴᠠᠭᠠᠬᠠᠨ ᠬᠡᠤᠬᠡᠳ᠎ᠤᠨ ᠦᠰᠦᠨ ᠪᠤᠢᠵᠢᠯᠳᠠ᠎ᠶ᠋ᠢᠨ ᠲᠤᠮᠳᠠᠬᠢ ᠤᠬᠠᠭᠠᠷᠠᠯ᠎ᠤᠨ ᠰᠡᠳᠦᠪ᠂ ᠤᠷᠤᠨ ᠨᠤᠳᠤᠭ ᠪᠠ ᠵᠠᠩ ᠠᠭᠠᠯᠢ᠎ᠶ᠋ᠢᠨ ᠵᠢᠷᠤᠭ᠍ᠯᠠᠯ ᠲᠠᠢᠯᠪᠤᠷᠢᠯᠠᠯ᠂ ᠮᠢᠨᠴᠦᠬᠦᠷᠡᠨ ᠮᠤᠩᠬᠠᠷᠠᠭ᠍ᠰᠠᠨ ᠬᠦᠮᠤᠨ ᠠᠷᠠᠳ᠎ᠤᠨ ᠤᠶᠤᠨ ᠤᠬᠠᠭᠠᠨ᠎ᠤ ᠢᠯᠡᠷᠡᠬᠦᠯᠦᠯ ᠪᠠ ᠪᠤᠳᠤᠯ ᠰᠡᠳᠭᠢᠯ᠎ᠤᠨ ᠬᠦᠳᠦᠯᠦᠬᠡ᠎ᠪᠠᠷ ᠠᠮᠢ ᠨᠠᠰᠤᠨ᠎ᠤ ᠴᠢᠨᠠᠷ᠎ᠢ ᠤᠯᠠᠨ ᠶᠠᠩᠵᠦ᠍᠎ᠪᠠᠷ ᠢᠯᠡᠷᠡᠬᠦᠯᠵᠦ᠍ ᠶᠠᠪᠤᠭ᠎ᠠ ᠬᠦᠮᠤᠨ᠎ᠤ ᠲᠦᠷᠢ᠎ᠶ᠋ᠢ ᠪᠦᠳᠦᠬᠡᠬᠦ᠌᠎ᠪᠠᠷ ᠶᠡᠷᠦᠩᠬᠡᠢ ᠤᠨᠴᠠᠯᠢᠭ᠎ᠢᠶᠠᠨ ᠪᠤᠯᠭᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号