ᠲᠡᠯᠭᠡᠷ ᠵᠤᠨ᠎ᠤ ᠪᠠᠶᠠᠰᠭᠤᠯᠠᠩ
2026-08-05 12:12:12
ᠵᠣᠬᠢᠶᠠᠭ᠍ᠴᠢ᠄
ᠫ᠊·ᠴᠢᠯᠠᠭᠤᠨᠪᠠᠳᠤ
ᠣᠩᠱᠢᠭ᠍ᠰᠠᠨ ᠣᠳᠠᠭ᠎ᠠ᠄
★★★☆☆


ᠡᠬᠦᠯᠡᠰ ᠪᠦᠵᠢᠨ ᠲᠡᠭ᠌ᠷᠢ᠎ᠶ᠋ᠢᠨ ᠬᠠᠶᠠᠭ᠎ᠠ ᠤᠰᠤᠷᠬᠠᠭᠠᠳ

ᠦᠷᠭᠡᠨ ᠬᠠᠩᠭᠠᠢ ᠴᠡᠴᠡᠭᠡᠰ᠎ᠤᠨ ᠮᠡᠯᠮᠡᠢ᠎ᠳᠤ ᠦᠩᠭᠡᠵᠢᠭ᠌ᠰᠡᠨ

ᠦᠩ᠎ᠲᠠᠢ ᠵᠤᠨ ᠲᠡᠯᠭᠡᠷ ᠨᠠᠢᠷ᠎ᠢᠶᠠᠷ ᠪᠠᠶᠠᠰᠤᠯᠳᠤᠭᠠᠳ

ᠡᠪᠤᠭᠡᠳ᠎ᠤᠨ ᠵᠤᠭᠤᠭ ᠲᠡᠤᠬᠡ ᠲᠡᠯᠭᠡᠨ ᠬᠠᠭᠤᠴᠢᠯᠠᠬ᠍ᠰᠡᠨ

ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ

ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ

ᠪᠡᠯᠴᠢᠭᠡᠷ ᠲᠠᠭᠠᠬ᠍ᠰᠡᠨ ᠰᠦᠷᠦᠭ᠎ᠤᠨ ᠲᠡᠨᠢᠬᠦᠨ ᠪᠠᠷ᠎ᠠ

ᠨᠤᠳᠤᠭ᠎ᠢᠶᠠᠨ ᠭᠤᠶᠤᠵᠤ ᠬᠠᠷᠠᠭᠠᠨ᠎ᠤ ᠦᠵᠤᠬᠦᠷ ᠴᠡᠮᠴᠡᠭᠡᠨᠡᠭ᠌ᠰᠡᠨ

ᠪᠠᠢᠭᠠᠯᠢ ᠲᠡᠯᠡᠬᠡᠢ ᠬᠦᠮᠤᠨ ᠮᠠᠯ᠎ᠲᠠᠢ᠎ᠪᠠᠨ ᠡᠭᠡᠨᠡᠭᠰᠢᠭᠡᠳ

ᠨᠠᠭᠤᠷ᠎ᠤᠨ ᠤᠯᠠᠨ ᠱᠢᠪᠠᠭᠤᠬᠠᠢ ᠴᠡᠩᠬᠡᠯ᠎ᠢᠶᠠᠷ ᠱᠤᠮᠪᠠᠭ᠍ᠰᠡᠨ

ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ

ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ

ᠰᠦ ᠲᠤᠬᠤᠢᠯᠳᠠᠬ᠍ᠰᠡᠨ ᠰᠠᠭᠠᠯᠢᠴᠢᠨ ᠪᠦᠰᠡᠬᠦᠢ᠎ᠶ᠋ᠢᠨ ᠠᠯᠬᠤᠭ᠎ᠠ᠎ᠳᠤᠨᠢ

ᠦᠷᠯᠦᠭᠡ ᠡᠷᠳᠡ᠎ᠶ᠋ᠢᠨ ᠨᠠᠷᠠ ᠤᠷᠭᠤᠨ ᠮᠠᠨᠳᠤᠵᠤ ᠭᠡᠷᠡᠯᠳᠦᠭ᠌ᠰᠡᠨ

ᠰᠦᠷᠯᠢᠭ ᠴᠡᠩᠬᠡᠷ ᠠᠭᠤᠯᠠᠰ᠎ᠤᠨ ᠬᠢᠨᠢ ᠤᠷᠬᠢᠯ ᠵᠢᠪᠬᠤᠭ᠎ᠠ᠎ᠨᠢ

ᠦᠨᠳᠤᠷ ᠰᠠᠨᠰᠠᠷ᠎ᠤᠨ ᠬᠢᠵᠠᠭᠠᠷ᠎ᠢ ᠠᠭᠤᠵᠢᠮ ᠠᠮᠢᠰᠬᠤᠭᠰᠠᠨ

ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ

ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ

ᠬᠡᠢᠮᠤᠷᠢ᠎ᠶ᠋ᠢᠨ ᠰᠦᠯᠳᠡ ᠤᠪᠤᠭ᠎ᠠ᠎ᠪᠠᠨ ᠱᠦᠩᠱᠢᠭ᠌ᠯᠡᠨ ᠲᠠᠬᠢᠭᠠᠳ

ᠰᠦᠵᠢᠭ ᠲᠠᠭᠠᠳᠭᠠᠯ᠎ᠢᠶᠠᠨ ᠲᠦᠮᠡᠨ᠎ᠢᠶᠠᠷ ᠠᠷᠢᠭᠤᠰᠭᠠᠵᠤ ᠵᠠᠯᠪᠠᠷᠢᠬ᠍ᠰᠡᠨ

ᠭᠡᠭᠡᠨ ᠬᠦᠰᠡᠯ᠎ᠤᠨ ᠢᠳᠡᠭᠡᠯᠳᠤ ᠢᠷᠡᠭᠡᠳᠤᠢ᠎ᠪᠠᠨ ᠬᠤᠷᠤᠢᠯᠠᠭᠠᠳ

ᠰᠠᠢᠨ᠎ᠤ ᠵᠦᠩᠨᠡᠯᠳᠤ ᠲᠡᠭ᠌ᠷᠢᠯᠢᠭ ᠤᠷᠤᠨ᠎ᠢᠶᠠᠨ ᠪᠠᠭ᠍ᠠᠳᠤᠬ᠍ᠰᠡᠨ

ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ

ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号