ᠬᠦᠴᠦ᠍ ᠪᠠ ᠬᠠᠢᠷ᠎ᠠ᠄ ᠮᠤᠩᠭᠤᠯ ᠪᠦᠭᠡᠴᠤᠣᠯ᠎ᠤᠨ ᠬᠠᠮᠳᠤᠷᠠᠭ᠍ᠰᠠᠨ ᠬᠠᠨᠳᠢᠪ
2020-01-15 10:14:55
ᠵᠣᠬᠢᠶᠠᠭ᠍ᠴᠢ᠄
ᠪᠠᠶᠠᠨᠮᠦᠩᠬᠡ ᠬᠤᠩ ᠱᠢᠶᠠ ᠢᠳᠡᠷᠡᠭᠦᠨ
ᠣᠩᠱᠢᠭ᠍ᠰᠠᠨ ᠣᠳᠠᠭ᠎ᠠ᠄
★★★☆☆

      ᠯᠠ ᠰᠠᠷ᠎ᠠ᠎ᠶ᠋ᠢᠨ ᠲᠤᠮᠳᠠᠴᠢ᠎ᠪᠠᠷ ᠬᠦᠢᠲᠡᠨ᠎ᠤ ᠡᠷᠴᠢ ᠴᠢᠩᠭᠠᠷᠠᠬ᠍ᠰᠠᠨ ᠪᠤᠯᠪᠠᠴᠤ᠌ ᠬᠦᠮᠦᠰ᠎ᠤᠨ ᠰᠡᠳᠭᠢᠯ᠎ᠢ ᠲᠤᠯᠠᠭᠠᠴᠠᠭᠤᠯᠤᠮ᠎ᠠ ᠪᠦᠭᠡᠴᠤᠤᠯ᠎ᠤᠨ ᠬᠠᠮᠳᠤᠷᠠᠨ ᠬᠠᠨᠳᠢᠪ ᠡᠷᠭᠦᠭᠦ᠌ ᠨᠢᠩᠵᠢᠨ ᠬᠠᠢᠷ᠎ᠡ᠎ᠶ᠋ᠢᠨ ᠠᠵᠢᠯᠯᠠᠭ᠎ᠠ ᠪᠤᠯᠬᠤ ᠨᠢᠭᠡᠨ ᠰᠠᠢᠬᠠᠨ ᠴᠢᠮᠡᠭᠡ᠎ᠪᠠᠷ ᠪᠢᠳᠡ ᠠᠷᠤ ᠬᠤᠷᠴᠢᠨ ᠨᠤᠲᠤᠬ᠎ᠢ ᠵᠤᠷᠢᠵᠤ ᠪᠢᠯᠡ᠃
      1 ᠰᠠᠷ᠎ᠠ᠎ᠶ᠋ᠢᠨ 10 ᠡᠳᠦᠷ᠎ᠤᠨ ᠦᠷᠯᠦᠭᠡ ᠡᠷᠳᠡ᠎ᠶ᠋ᠢᠨ 8 ᠴᠠᠭ᠎ᠢᠶᠠᠷ᠂ ᠰᠤᠷᠪᠤᠯᠵᠢᠯᠠᠬ᠍ᠴᠢ ᠠᠷᠤ ᠬᠤᠷᠴᠢᠨ ᠬᠤᠱᠢᠭᠤᠨ᠎ᠤ ᠴᠢᠪᠠᠭ᠎ᠠ ᠪᠠᠯᠭᠠᠰᠤ᠎ᠶ᠋ᠢᠨ ᠪᠠᠶᠠᠨ ᠲᠡᠯᠡᠬᠡᠢ ᠮᠤᠩᠭᠤᠯ ᠵᠤᠴᠢᠳ᠎ᠤᠨ ᠪᠠᠭᠤᠳᠠᠯ᠎ᠳᠤ ᠬᠦᠷᠬᠦ᠌᠎ᠳᠤ᠂ ᠬᠦᠮᠦᠨ᠎ᠤ ᠲᠠᠯᠠᠢ ᠪᠤᠯᠵᠤ᠂ ᠮᠤᠩᠭᠤᠯ ᠠᠶᠠᠯᠭᠤ ᠴᠤᠤᠷᠢᠶᠠᠳᠤᠬ᠍ᠰᠠᠨ ᠡᠨᠡ ᠭᠦ᠌ ᠲᠠᠩᠰᠤᠭ ᠰᠠᠢᠬᠠᠨ ᠦᠷᠭᠦᠭᠡ᠎ᠳᠤ ᠦᠪᠴᠢ ᠮᠤᠩᠭᠤᠯ᠎ᠢᠶᠠᠷ᠎ᠢᠶᠠᠨ ᠭᠤᠶᠤᠯᠠᠬ᠍ᠰᠠᠨ ᠬᠤᠱᠢᠭᠤ ᠨᠠᠮ ᠵᠠᠰᠠᠭ᠎ᠤᠨ ᠤᠳᠤᠷᠢᠳᠤᠯᠭ᠎ᠠ᠂ ᠨᠤᠲᠤᠬ᠎ᠤᠨ ᠠᠬᠠᠮᠠᠳ ᠲᠤᠮᠤᠭᠠᠳᠠᠳ ᠪᠤᠶᠤ ᠬᠠᠮᠢᠶ᠎ᠠ ᠪᠦᠬᠦᠢ ᠠᠵᠢᠯᠳᠠᠳ ᠨᠠᠭᠠᠰᠢ ᠴᠠᠭᠠᠰᠢ ᠶᠠᠭᠠᠷᠠᠯᠳᠤᠨ᠎ᠠ ᠁
      ᠦᠨᠦᠳᠤᠷ ᠠᠳᠡ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠎ᠤᠨ ᠵᠤᠬᠢᠶᠠᠨ ᠪᠠᠢᠭᠤᠯᠤᠨ ᠶᠠᠪᠤᠭ᠍ᠳᠠᠭᠤᠯᠬᠤ ᠪᠦᠭᠡᠴᠤᠤᠯ᠎ᠤᠨ ᠰᠤᠷᠭᠠᠨ ᠬᠦᠮᠦᠵᠢᠯ᠎ᠳᠤ ᠬᠠᠮᠳᠤᠷᠠᠨ ᠬᠠᠨᠳᠢᠪ ᠡᠷᠭᠦᠭᠦ᠌ ᠦᠢᠯᠡ ᠠᠵᠢᠯᠯᠠᠭ᠎ᠠ ᠶᠠᠪᠤᠬ᠍ᠳᠠᠬᠤ᠎ᠪᠠᠷ ᠭᠦᠯ ᠭᠦᠭᠡᠷᠴᠡᠭ ᠪᠤᠯᠵᠤ ᠪᠠᠢᠭ᠎ᠠ᠎ᠨᠢ ᠡᠨᠡ ᠪᠠᠢᠵᠠᠢ᠃ ᠡᠨᠡ᠎ᠨᠢ ᠮᠦᠨ ᠴᠤ᠌ ᠮᠠᠨ᠎ᠤ ᠤᠷᠤᠨ᠎ᠤ ᠪᠦᠭᠡᠴᠤᠤᠯ᠎ᠤᠨ ᠰᠤᠷᠭᠠᠨ ᠬᠦᠮᠦᠵᠢᠯ᠎ᠳᠤ ᠬᠠᠮᠳᠤᠷᠠᠨ ᠬᠠᠨᠳᠢᠪ ᠡᠷᠭᠦᠭᠦ᠌ ᠠᠩᠬᠠᠳᠠᠬ᠍ᠴᠢ ᠦᠢᠯᠡ ᠠᠵᠢᠯᠯᠠᠭ᠎ᠠ ᠪᠤᠯᠬᠤ ᠶᠤᠮ᠃
      10 ᠴᠠᠬ ᠬᠠᠭᠠᠰ᠎ᠤᠨ ᠦᠶ᠎ᠡ᠎ᠪᠠᠷ᠂ ᠬᠠᠨᠳᠢᠪ ᠡᠷᠭᠦᠭᠦ᠌ ᠠᠵᠢᠯᠯᠠᠭ᠎ᠠ᠎ᠳᠤ ᠤᠷᠤᠯᠴᠠᠬᠤ᠎ᠪᠠᠷ ᠪᠦᠬᠦ᠌ ᠤᠷᠤᠨ᠎ᠤ ᠡᠯ᠎ᠡ ᠭᠠᠵᠠᠷ ᠤᠷᠤᠨ᠎ᠠᠴᠠ ᠬᠦᠷᠦᠯᠴᠡᠨ ᠢᠷᠡᠭ᠌ᠰᠡᠨ ᠰᠤᠳᠤᠨ ᠱᠢᠯᠢᠳᠡᠭ ᠪᠦᠬᠡᠴᠤᠤᠯ᠎ᠳᠡᠭᠡᠨ ᠬᠦᠨᠳᠦᠳᠭᠡᠯ ᠦᠵᠡᠭᠦᠯᠦᠨ ᠴᠡᠭᠡ ᠠᠮᠰᠠᠭᠤᠯᠵᠦ᠍ ᠤᠯᠠᠭᠠᠨ ᠬᠡᠪᠢᠰ᠎ᠢᠶᠠᠷ ᠠᠯᠬᠤᠬᠤ ᠶᠤᠰᠤᠯᠠᠯ ᠶᠠᠪᠤᠬ᠍ᠳᠠᠭᠤᠯᠵᠤ᠂ ᠲᠠᠶᠠᠩ ᠠᠪᠤᠷᠭᠤ ᠴᠠᠭᠠᠨᠵᠠᠭᠠᠨ᠂ ᠠᠪᠤᠷᠭᠤ ᠴᠢᠨᠳᠠᠮᠤᠨᠢ᠂ ᠠᠪᠤᠷᠭᠤ ᠠᠮᠤᠷᠴᠠᠨ᠎ᠠ᠂ ᠠᠷᠰᠯᠠᠨ ᠪᠠᠳᠤᠵᠢᠷᠭᠠᠯ᠂ ᠠᠷᠰᠯᠠᠨ ᠦᠯᠵᠡᠢᠪᠡᠭᠠᠲᠤᠷ᠂ ᠭᠠᠷᠤᠳᠢ ᠬᠡᠬᠡᠷᠡᠬᠦ᠂ ᠬᠠᠷᠴᠠᠭᠠᠢ ᠪᠠᠳᠤᠳᠤᠩᠬᠠᠯᠠᠬ᠂ ᠠᠷᠤ ᠬᠤᠷᠴᠢᠨ ᠨᠤᠲᠤᠬ᠎ᠤᠨ ᠤᠤᠭᠠᠯ᠂ ᠵᠢᠤᠳᠤᠤ ᠪᠦᠭᠡ᠎ᠶ᠋ᠢᠨ ᠤᠯᠤᠰ᠎ᠤᠨ ᠠᠪᠤᠷᠭᠤ ᠰᠧᠷᠵᠢᠭᠠᠸ᠎ᠠ᠂ ᠵᠠᠷᠤᠳ ᠨᠤᠲᠤᠬ᠎ᠤᠨ ᠵᠠᠯᠠᠭᠤ ᠪᠦᠭᠡ ᠮᠠᠩᠯᠠᠢ᠂ ᠠᠷᠤ ᠬᠤᠷᠴᠢᠨ ᠨᠤᠲᠤᠬ᠎ᠤᠨ ᠤᠤᠭᠠᠯ᠂ ᠵᠢᠤᠳᠤᠤ ᠪᠦᠭᠡ᠎ᠶ᠋ᠢᠨ ᠤᠯᠤᠰ᠎ᠤᠨ ᠠᠪᠤᠷᠭᠤ᠂ ᠰᠢ ᠠᠨ ᠬᠤᠳᠠ᠎ᠶ᠋ᠢᠨ ᠲᠤᠮᠳᠠᠳᠤ ᠮᠡᠶᠢᠬ᠎ᠤᠨ ᠪᠦᠭᠡ᠎ᠶ᠋ᠢᠨ ᠰᠤᠷᠭᠠᠬ᠍ᠴᠢ᠂ ᠲᠤᠰ ᠤᠳᠠᠭ᠎ᠠ᠎ᠶ᠋ᠢᠨ ᠠᠵᠢᠯᠯᠠᠭ᠎ᠠ᠎ᠶ᠋ᠢ ᠵᠤᠬᠢᠶᠠᠨ ᠪᠠᠢᠭᠤᠯᠤᠬ᠍ᠴᠢ ᠵᠠᠯᠠᠭᠤ ᠰᠤᠳᠤᠨ ᠪᠦᠭᠡ ᠮᠦᠩᠬᠡᠳᠦ᠋ᠭᠦᠷᠡᠩ᠎ᠤᠨ ᠪᠠᠭ᠍ᠰᠢ ᠵᠢᠭ᠌ᠮᠢᠳᠰᠡᠷᠡᠩ ᠨᠠᠷ ᠤᠯᠠᠭᠠᠨ ᠬᠡᠪᠢᠰ᠎ᠢᠶᠠᠷ ᠠᠯᠬᠤᠨ᠂ ᠭᠠᠷ᠎ᠤᠨ ᠦᠰᠦᠭ ᠵᠢᠷᠤᠵᠤ ᠡᠨᠡ ᠭᠦ᠌ ᠠᠵᠢᠯᠯᠠᠭ᠎ᠠ᠎ᠶ᠋ᠢᠨ ᠦᠪᠡᠳᠡᠭ᠌ᠰᠢ ᠰᠠᠢᠬᠠᠨ ᠶᠠᠪᠤᠭ᠍ᠳᠠᠬᠤ᠎ᠶ᠋ᠢ ᠲᠤᠷᠠᠰᠭᠠᠨ ᠲᠡᠮᠳᠡᠭ᠌ᠯᠡᠭ᠌ᠰᠡᠨ ᠪᠠᠢᠯ᠎ᠠ᠃
      ᠠᠷᠤ ᠬᠤᠷᠴᠢᠨ ᠨᠤᠳᠤᠭ᠎ᠤᠨ ᠤᠤᠭᠠᠯ᠂ ᠠᠷᠠᠳ ᠲᠦᠮᠡᠨ᠎ᠳᠡᠭᠡᠨ ᠲᠠᠨᠢᠬ᠍ᠳᠠᠵᠤ᠂ ᠠᠢᠯ ᠠᠢᠮᠠᠭ᠎ᠢᠶᠠᠨ ᠪᠠᠶᠠᠰᠭᠠᠵᠤ ᠪᠦᠭᠡ᠎ᠶ᠋ᠢᠨ ᠭᠦᠷᠦᠩᠭᠡ ᠰᠠᠢᠳᠠᠢ᠂ ᠪᠦᠭᠦᠳᠡ ᠤᠯᠡᠨ᠎ᠳᠠᠭᠠᠨ ᠰᠠᠢᠨ ᠪᠦᠭᠡ᠂ ᠰᠤᠳᠤᠨ ᠪᠦᠭᠡ ᠪᠤᠯᠤᠨ᠎ᠠ ᠭᠡᠮᠡᠨ ᠲᠠᠭᠠᠱᠢᠶᠠᠭ᠍ᠳᠠᠵᠤ ᠶᠠᠪᠤᠭ᠎ᠠ ᠵᠠᠯᠠᠭᠤ ᠰᠤᠳᠤᠨ ᠪᠦᠭᠡ ᠮᠦᠩᠭᠡᠳᠦ᠋ᠭᠦᠷᠡᠩ ᠤᠬ᠍ᠳᠤᠯᠭ᠎ᠠ᠎ᠶ᠋ᠢᠨ ᠦᠭᠡ ᠬᠡᠯᠡᠵᠤ᠂ ᠮᠤᠷᠢᠯᠠᠨ ᠰᠠᠭᠠᠳᠠᠬ᠍ᠰᠠᠨ ᠠᠪᠤᠷᠭᠤ᠂ ᠠᠷᠰᠯᠠᠨ᠂ ᠭᠠᠷᠤᠳᠢ᠂ ᠬᠠᠷᠴᠠᠭᠠᠢ ᠲᠦᠷᠦᠭᠦᠲᠡᠢ ᠪᠦᠬᠦ᠌ ᠪᠦᠬᠡᠴᠤᠤᠯ ᠵᠢᠴᠢ ᠠᠯᠳᠠᠷᠲᠤ ᠤᠷᠠᠯᠢᠬ᠍ᠴᠢᠳ᠂ ᠠᠵᠤ ᠠᠬᠤᠢ᠍ᠢᠯᠠᠯᠲᠠᠳ᠎ᠲᠤ ᠬᠦᠨᠳᠦᠳᠭᠡᠯ ᠲᠡᠪᠱᠢᠭᠦᠯᠦᠨ ᠪᠠᠶᠠᠷ ᠲᠠᠯᠠᠷᠬᠠᠯ᠎ᠢᠶᠠᠨ ᠢᠯᠡᠳᠭᠡᠭ᠌ᠰᠡᠨ ᠪᠠᠢᠨ᠎ᠠ᠃
      ᠵᠠᠯᠠᠭᠤ ᠪᠦᠭᠡ ᠮᠦᠩᠭᠡᠳᠦ᠋ᠭᠦᠷᠡᠩ ᠪᠡᠶ᠎ᠡ ᠪᠦᠭᠡ᠂ ᠰᠡᠳᠭᠢᠯ ᠪᠦᠭᠡ᠂ ᠤᠬᠠᠭᠠᠨ ᠪᠦᠭᠡ ᠭᠡᠳᠡᠭ ᠪᠦᠭᠡ ᠭᠦᠮᠦᠨ᠎ᠤ 《ᠭᠤᠷᠪᠡᠨ ᠡᠷᠬᠢᠮ》 ᠎ᠢ ᠪᠦᠷᠢᠯᠳᠦᠭᠦᠯᠵᠤ᠂ ᠨᠠᠢᠷ᠎ᠤᠨ ᠲᠠᠯᠠᠪᠠᠢ᠎ᠳᠤ ᠤᠯᠡᠨ᠎ᠢᠶᠠᠨ ᠪᠠᠶᠠᠰᠭᠠᠬ᠍ᠰᠠᠨ᠎ᠢᠶᠠᠷ ᠪᠠᠷᠠᠬᠤ ᠦᠬᠡᠢ᠂ ᠨᠡᠩ ᠴᠢᠬᠤᠯᠡ᠎ᠨᠢ ᠤᠯᠤᠬ᠍ᠰᠠᠨ ᠱᠠᠩ ᠭᠡᠱᠢᠭ᠎ᠠᠴᠠ᠎ᠪᠠᠨ ᠦᠪᠡᠷ᠎ᠲᠡᠭᠡᠨ ᠡᠵᠡᠨ ᠮᠡᠳᠡᠨ ᠭᠠᠷᠭᠠᠵᠤ᠂ ᠦᠳᠡᠯᠦᠭᠡ ᠪᠠᠭᠤᠷᠠᠢ᠂ ᠦᠨᠦᠴᠢᠨ ᠵᠡᠮᠳᠡᠭ ᠪᠦᠭᠦᠨ᠎ᠢ ᠲᠤᠰᠠᠯᠠᠵᠤ ᠢᠷᠡᠭ᠌ᠰᠡᠨ ᠦᠷᠦᠪᠴᠢ ᠰᠡᠳᠭᠢᠯ᠎ᠲᠠᠢ ᠵᠠᠯᠠᠭᠤ ᠶᠤᠮ᠃ ᠲᠡᠷᠡ 2016 ᠤᠨ᠎ᠳᠤ 《ᠭᠤᠪᠢ᠎ᠶ᠋ᠢᠨ ᠨᠠᠷᠠᠨ》 ᠬᠠᠢᠷ᠎ᠠ ᠬᠠᠯᠠᠮᠵᠢ᠎ᠶ᠋ᠢᠨ ᠦᠷᠭᠦᠭᠡ᠎ᠪᠠᠨ ᠡᠭᠦᠰᠭᠡᠨ ᠪᠠᠢᠭᠤᠯᠵᠤ᠂ ᠬᠡᠳᠦᠨ ᠵᠢᠯ᠎ᠤᠨ ᠲᠤᠷᠰᠢ᠂ ᠪᠠᠶ᠎ᠠ ᠵᠡᠮᠳᠡᠭ᠂ ᠠᠮᠢᠳᠤᠷᠠᠯ ᠬᠦᠴᠢᠷᠳᠡᠯᠲᠡᠢ ᠬᠡᠤᠬᠡᠳ᠎ᠲᠤ ᠬᠠᠯᠠᠭᠤᠨ ᠲᠠᠮᠵᠢᠯᠭᠡ ᠦᠵᠡᠭᠦᠯᠦᠭ᠌ᠰᠡᠭᠡᠷ ᠢᠷᠡᠭ᠌ᠰᠡᠨ ᠶᠤᠮ᠃ ᠲᠡᠭᠡᠬᠦ᠌᠎ᠪᠠᠷ᠂ ᠡᠨᠡ ᠬᠦ᠌ ᠪᠤᠶᠠᠨᠰᠠᠬ ᠦᠢᠯᠡ ᠠᠵᠢᠯᠯᠠᠭ᠎ᠠ᠎ᠪᠠᠨ ᠤᠯᠠᠮ ᠴᠢᠨᠠᠬ᠍ᠰᠢᠲᠠ ᠦᠷᠭᠦᠯᠵᠢᠯᠡᠭᠦᠯᠵᠦ᠍᠂ ᠨᠡᠢᠭᠡᠮ ᠲᠠᠶᠠᠭᠠᠷ᠎ᠤᠨ ᠬᠠᠯᠠᠭᠤᠨ ᠰᠡᠳᠭᠢᠯᠲᠤ ᠬᠦᠮᠦᠰ᠎ᠢ ᠲᠠᠢᠴᠢᠯᠠᠬᠤ᠎ᠶ᠋ᠢ ᠵᠤᠷᠢᠵᠤ᠂ ᠲᠤᠰ ᠤᠳᠠᠭ᠎ᠠ᠎ᠶ᠋ᠢᠨ ᠠᠵᠢᠯᠯᠠᠭ᠎ᠠ᠎ᠶ᠋ᠢ ᠵᠤᠬᠢᠶᠠᠨ ᠪᠠᠢᠭᠤᠯᠤᠬ᠍ᠰᠠᠨ ᠪᠠᠢᠭ᠎ᠠ ᠶᠤᠮ᠃ ᠲᠡᠷᠡ ᠭᠡᠯᠡᠭᠦ᠎ᠳᠡᠭᠡᠨ᠄ 《10 ᠭᠠᠷᠤᠢ ᠵᠢᠯ᠎ᠤᠨ ᠬᠤᠪᠢ᠎ᠪᠠᠷ᠎ᠢᠶᠠᠨ ᠲᠠᠮᠵᠢᠨ ᠲᠤᠰᠠᠯᠠᠬ᠍ᠰᠠᠨ ᠭᠦᠮᠦᠨ ᠠᠷᠠᠳ ᠡᠳᠤᠢ ᠲᠡᠳᠦᠢ ᠪᠤᠯᠪᠠᠴᠤ᠌ 〈ᠭᠠᠭ᠍ᠴᠠ ᠮᠤᠳᠤ ᠭᠠᠯ ᠪᠤᠯᠬᠤ ᠦᠬᠡᠢ᠂ ᠭᠠᠭ᠍ᠴᠠ ᠭᠦᠮᠦᠨ ᠠᠢᠯ ᠪᠤᠯᠬᠤ ᠦᠬᠡᠢ〉 ᠭᠡᠳᠡᠭ᠌ᠴᠢᠯᠡᠨ ᠬᠤᠪᠢ ᠭᠦᠮᠦᠨ᠎ᠤ ᠭᠦᠴᠦ᠍ ᠬᠢᠵᠠᠭᠠᠷ᠎ᠲᠠᠢ ᠤᠴᠢᠷ᠎ᠠᠴᠠ ᠮᠠᠰᠢ ᠰᠤᠯᠡ ᠪᠠᠭᠤᠷᠠᠢ ᠮᠡᠳᠤ ᠲᠦᠷᠦᠭ᠌ᠳᠡᠯ ᠤᠯᠭᠤᠳᠠᠭ᠃ ᠡᠢᠮᠤ ᠪᠠᠢᠳᠠᠯ ᠲᠤᠤᠷ᠎ᠡ ᠪᠢ ᠪᠤᠱᠢᠭᠤ ᠭᠠᠷ ᠱᠢᠭᠤᠤᠨ ᠨᠡᠪᠳᠡᠷᠡᠭᠦᠯᠭᠡ᠎ᠪᠠᠷ ᠲᠠᠮᠵᠢᠨ ᠨᠠᠳᠡ᠎ᠶ᠋ᠢ ᠢᠮᠠᠬ᠍ᠳᠡ ᠲᠡᠮᠵᠢᠨ ᠬᠠᠯᠠᠮᠵᠢᠯᠠᠳᠠᠭ ᠪᠦᠭᠡ᠎ᠶ᠋ᠢᠨ ᠪᠠᠭ᠍ᠠᠳᠠᠳ᠎ᠢᠶᠠᠨ ᠲᠠᠢᠴᠢᠯᠡᠨ ᠭᠦᠴᠢᠷᠳᠡᠯᠳᠠᠢ ᠭᠦᠮᠦᠰ᠎ᠢᠶᠠᠨ ᠲᠤᠰᠠᠯᠠᠨ ᠲᠡᠮᠵᠢᠭᠦ᠌ ᠬᠠᠨᠳᠢᠪ᠎ᠤᠨ ᠠᠵᠢᠯᠯᠠᠭ᠎ᠠ ᠦᠷᠨᠢᠭᠦᠯᠦᠭᠡᠳ ᠮᠠᠰᠢ ᠶᠡᠭᠡ ᠨᠠᠢᠭᠡᠮ᠎ᠤᠨ ᠦᠷ᠎ᠡ ᠠᠱᠢᠭ ᠤᠯᠤᠬ᠍ᠰᠠᠨ ᠶᠤᠮ᠃ ᠠᠷᠤ ᠬᠤᠷᠴᠢᠨ ᠬᠤᠱᠢᠭᠤᠨ᠎ᠤ ᠵᠠᠯᠠᠭᠤ ᠪᠦᠭᠡ ᠠᠮᠢᠪᠦ᠋ᠭᠡ ᠭᠦ᠍ᠯ᠎ᠤᠨ ᠪᠡᠷᠳᠡᠯ ᠠᠪᠴᠤ᠌ ᠪᠡᠭᠡᠵᠢᠩ᠎ᠳᠤ ᠮᠠᠰᠠ ᠵᠠᠰᠠᠯ ᠬᠢᠭᠦ᠎ᠳᠤ ᠪᠢ ᠪᠤᠱᠢᠭᠤ ᠭᠠᠷ᠎ᠢᠶᠠᠷ ᠱᠢᠭᠤᠳ ᠨᠡᠪᠲᠡᠷᠡᠭᠦᠯᠭᠡ ᠬᠢᠵᠦ᠍ 2.8 ᠲᠦᠮᠡᠨ ᠲᠦᠭᠦᠷᠢᠭ ᠵᠤᠭᠤᠰ ᠮᠦᠩᠭᠦ᠌ ᠴᠤᠬ᠍ᠯᠠᠭᠤᠯᠵᠤ ᠲᠡᠮᠵᠢᠨ ᠲᠤᠰᠠᠯᠠᠬ᠍ᠰᠠᠨ ᠶᠤᠮ᠃ ᠡᠨᠡ᠎ᠨᠢ ᠨᠠᠳᠠ᠎ᠳᠤ ᠬᠠᠮᠳᠤ᠎ᠪᠠᠷ ᠬᠤᠯᠪᠤᠭᠠᠯᠠᠨ ᠬᠠᠨᠳᠢᠪ᠎ᠤᠨ ᠠᠵᠢᠯᠯᠠᠭ᠎ᠠ ᠦᠷᠨᠢᠭᠦᠯᠬᠦ᠌ ᠠᠩᠬᠠᠨ᠎ᠤ ᠪᠤᠳᠤᠯ᠎ᠢ ᠤᠷᠭᠤᠭᠤᠯᠵᠤ᠂ ᠤᠳᠤ᠎ᠶ᠋ᠢᠨ ᠡᠨᠡ ᠬᠦ᠌ ᠠᠵᠢᠯᠯᠠᠭ᠎ᠠ᠎ᠶ᠋ᠢ ᠶᠠᠪᠤᠬ᠍ᠳᠠᠭᠤᠯᠬᠤ᠎ᠳᠤ ᠲᠦᠯᠬᠢᠴᠡ ᠦᠢᠯᠡᠳᠦᠯ ᠦᠵᠡᠭᠦᠯᠦᠭ᠌ᠰᠠᠨ ᠪᠠᠢᠨ᠎ᠠ》 ᠬᠡᠵᠦ᠍ ᠰᠤᠷᠪᠤᠯᠵᠢᠯᠠᠭ᠎ᠠ ᠬᠦᠯᠢᠶᠡᠬᠦ᠌᠎ᠳᠡᠭᠡᠨ ᠶᠠᠷᠢᠵᠤ ᠪᠢᠯᠡ᠃
      ᠲᠤᠰ ᠠᠵᠢᠯᠯᠠᠭ᠎ᠠ᠎ᠳᠤ ᠬᠠᠨᠳᠢᠪ ᠡᠷᠬᠦᠨ᠎ᠡ ᠬᠡᠬᠦᠯᠡᠷ᠎ᠨᠢ ᠦᠪᠡᠷ᠎ᠤᠨ ᠬᠦᠴᠦ᠍ ᠬᠦᠯᠦᠰᠦ᠎ᠪᠠᠷ᠎ᠢᠶᠠᠨ ᠰᠤᠯᠢᠬ᠍ᠰᠠᠨ ᠵᠤᠭᠤᠰ ᠮᠦᠩᠬᠦ᠌᠎ᠪᠠᠨ ᠬᠠᠷᠠᠮ ᠦᠭᠡᠢ ᠡᠷᠭᠦᠭᠦ᠎ᠪᠠᠷ ᠭᠦᠯᠦᠨ ᠪᠦᠢᠷ᠂ ᠱᠢᠯᠢ᠎ᠶ᠋ᠢᠨ ᠭᠤᠤᠯ᠂ ᠤᠯᠠᠭᠠᠠᠬᠠᠳᠡ ᠬᠤᠳᠡ ᠵᠡᠷᠭᠡ 3 ᠠᠢᠮᠠᠭ ᠬᠤᠳᠡ᠎ᠶ᠋ᠢᠨ ᠠᠪᠤᠷᠭᠤ ᠠᠷᠰᠯᠠᠨ ᠭᠠᠷᠤᠳᠢ ᠲᠡᠷᠢᠭᠦᠳᠡᠢ ᠪᠦᠬᠡᠴᠤᠤᠯ ᠭᠦ᠍ᠷᠦᠯᠴᠡᠨ ᠢᠷᠡᠵᠤ ᠭᠦᠴᠦ᠍ ᠨᠡᠮᠡᠵᠤ ᠭᠦᠭ᠌ᠵᠢᠶᠡᠨ ᠨᠡᠮᠡᠷᠢᠯᠡᠭ᠌ᠰᠡᠨ᠎ᠨᠢ ᠶᠠᠭᠤᠳᠠᠢ ᠬᠦᠨᠳᠦᠳᠭᠡᠯᠲᠡᠢ ᠠᠵᠢ᠃
      ᠠᠷᠦ᠍ ᠬᠤᠷᠴᠢᠨ ᠬᠤᠱᠢᠭᠤᠨ᠎ᠤ ᠰᠤᠶᠤᠯ ᠵᠢᠭᠤᠯᠴᠢᠯᠠᠯ ᠪᠠ ᠪᠡᠶ᠎ᠡ᠎ᠶ᠋ᠢᠨ ᠲᠠᠮᠢᠷ᠎ᠤᠨ ᠲᠤᠪᠴᠢᠶ᠎ᠠ᠂ ᠠᠷᠤ ᠬᠤᠷᠴᠢᠨ ᠬᠤᠱᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ᠌ ᠵᠦᠪᠯᠡᠯ᠂ ᠠᠷᠤ ᠬᠤᠷᠴᠢᠨ ᠬᠤᠱᠢᠭᠤᠨ᠎ᠤ ᠤᠯᠠᠭᠠᠨ ᠵᠠᠭᠠᠯᠮᠠᠢᠲᠠᠨ᠎ᠤ ᠨᠡᠢᠭᠡᠮᠯᠢᠭ᠂ ᠭᠤᠪᠢ᠎ᠶ᠋ᠢᠨ ᠨᠠᠷᠠᠨ ᠬᠠᠢᠷ᠎ᠠ ᠬᠠᠯᠠᠮᠵᠢ᠎ᠶ᠋ᠢᠨ ᠦᠷᠭᠦᠭᠡ᠎ᠠᠴᠠ ᠭᠤᠤᠯᠯᠠᠨ ᠡᠷᠬᠢᠯᠡᠵᠦ᠍᠂ ᠦᠪᠦᠷ ᠮᠤᠩᠭᠤᠯ᠎ᠤᠨ ᠨᠤᠲᠤᠬ ᠰᠤᠶᠤᠯ ᠵᠠᠭᠤᠴᠢ᠎ᠶ᠋ᠢᠨ ᠬᠢᠵᠠᠭᠠᠷᠲᠤ ᠺᠤᠮᠫᠠᠨᠢ᠂ ᠲᠠᠶᠠᠭᠠᠷ ᠲᠠᠭᠤᠷᠢᠰᠭᠤ ᠱᠢᠭᠤᠳ ᠨᠡᠪᠳᠡᠷᠡᠭᠦᠯᠭᠡ ᠲᠠᠭᠠᠭᠠᠴᠢᠯᠠᠨ ᠡᠷᠬᠢᠯᠡᠭ᠌ᠰᠡᠨ ᠲᠤᠰ ᠤᠳᠠᠭ᠎ᠠ᠎ᠶ᠋ᠢᠨ ᠠᠵᠢᠯᠯᠠᠭ᠎ᠠ᠎ᠨᠢ 19 ᠴᠠᠬ᠎ᠲᠤ᠌᠂ ᠴᠢᠪᠠᠭ᠎ᠠ ᠪᠠᠯᠭᠠᠰᠤ᠎ᠶ᠋ᠢᠨ ᠬᠤᠷᠠᠯ ᠦᠵᠡᠰᠭᠦᠯᠡᠩ᠎ᠤᠨ ᠤᠷᠳᠤᠨ᠎ᠳᠤ᠂ 《ᠬᠦᠴᠦ᠍ ᠪᠠ ᠬᠠᠢᠷ᠎ᠠ — ᠮᠠᠨ᠎ᠤ ᠤᠷᠤᠨ᠎ᠤ ᠪᠦᠭᠡᠴᠤᠤᠯ᠎ᠤᠨ ᠰᠤᠷᠭᠠᠨ ᠬᠦᠮᠦᠵᠢᠯ᠎ᠳᠤ ᠬᠠᠨᠳᠢᠪ ᠡᠷᠭᠦᠭᠦ᠌ ᠦᠢᠯᠡ ᠠᠵᠢᠯᠯᠠᠭ᠎ᠠ》 ᠎ᠶ᠋ᠢᠨ ᠦᠳᠡᠱᠢᠯᠡᠭᠡ ᠶᠠᠪᠤᠬ᠍ᠳᠠᠵᠤ᠂ ᠮᠠᠨ᠎ᠤ ᠤᠷᠤᠨ᠎ᠤ ᠬᠦᠯᠦᠨ ᠪᠤᠢᠷ ᠬᠤᠳᠠ᠂ ᠲᠦᠩᠯᠢᠶᠤᠤ ᠬᠤᠳᠠ᠂ ᠤᠯᠠᠭᠠᠨᠬᠠᠳᠠ ᠬᠤᠳᠠ᠂ ᠱᠢᠯᠢ᠎ᠶ᠋ᠢᠨ ᠭᠤᠤᠯ ᠠᠢᠮᠠᠬ᠂ ᠤᠷᠳᠤᠰ ᠬᠤᠳᠠ᠎ᠶ᠋ᠢᠨ 10 ᠰᠤᠷᠤᠭ᠍ᠴᠢ ᠪᠠ ᠤᠯᠠᠭᠠᠨᠬᠠᠳᠠ ᠬᠤᠳᠠ᠎ᠶ᠋ᠢᠨ ᠠᠷᠤ ᠬᠤᠷᠴᠢᠨ ᠬᠤᠱᠢᠭᠤ᠂ ᠪᠠᠭᠠᠷᠢᠨ ᠵᠡᠭᠦᠨ ᠬᠤᠱᠢᠭᠤ᠂ ᠪᠠᠭᠠᠷᠢᠨ ᠪᠠᠷᠠᠭᠤᠨ ᠬᠤᠱᠢᠭᠤ᠂ ᠬᠡᠱᠢᠭ᠌ᠲᠡᠨ ᠬᠤᠱᠢᠭᠤ᠂ ᠤᠩᠨᠢᠭᠤᠳ ᠬᠤᠱᠢᠭᠤᠨ᠎ᠤ 5 ᠪᠠᠭ᠍ᠰᠢ᠎ᠶ᠋ᠢ ᠲᠡᠮᠵᠢᠨ ᠲᠤᠰᠠᠯᠠᠪᠠ᠃
      ᠤᠷᠤᠢ᠎ᠶ᠋ᠢᠨ 18 ᠴᠠᠬ᠎ᠲᠤ᠌᠂ ᠠᠷᠤ ᠬᠤᠷᠴᠢᠨ ᠬᠤᠱᠢᠭᠤᠨ᠎ᠤ ᠬᠤᠷᠠᠯ ᠦᠵᠡᠰᠭᠦᠯᠡᠩ᠎ᠤᠨ ᠲᠦᠪ᠎ᠤᠨ ᠡᠭᠦᠳᠡᠨ᠎ᠳᠤ ᠨᠢᠭᠡᠨᠲᠡ ᠤᠯᠠᠨ ᠬᠦᠮᠦᠰ ᠴᠤᠬ᠍ᠯᠠᠷᠠᠵᠤ ᠪᠢᠯᠧᠲ ᠱᠢᠯᠭᠠᠨ ᠡᠬᠢᠯᠡᠵᠦ᠍᠂ ᠤᠷᠤᠭᠠᠳ ᠤᠴᠢᠬᠤ᠎ᠳᠤ᠂ ᠰᠠᠭᠤᠳᠠᠯ ᠲᠦᠭᠦᠷᠡᠩ ᠬᠦᠮᠦᠰ ᠰᠠᠭᠤᠯᠴᠠᠬ᠍ᠰᠠᠨ ᠪᠠᠢᠯ᠎ᠠ᠃ ᠦᠳᠡᠱᠢᠯᠡᠭᠡ ᠡᠬᠢᠯᠡᠬᠦ᠌᠎ᠠᠴᠠ ᠡᠮᠦᠨ᠎ᠡ ᠬᠡᠳᠦᠨ ᠮᠢᠨᠦ᠋ᠲ᠎ᠲᠤ ᠮᠦᠩᠬᠡᠳᠦ᠋ᠭᠦᠷᠡᠩ᠎ᠤᠨ 《ᠤᠬᠢᠯᠠᠵᠤ ᠪᠠᠢᠭ᠎ᠠ᠎ᠶ᠋ᠢ᠎ᠨᠢ ᠤᠷᠢᠳ᠎ᠢᠶᠠᠷ ᠤᠷᠤᠭᠤᠯᠴᠢᠬ᠎ᠠ》 ᠬᠡᠵᠦ᠍ ᠶᠠᠷᠢᠯᠴᠠᠭᠤᠷ᠎ᠢᠶᠠᠷ ᠬᠡᠯᠡᠬᠦ᠌᠎ᠶ᠋ᠢ ᠰᠤᠨᠤᠰᠤᠯ᠎ᠠ᠃ 《ᠦᠵᠡᠰᠭᠦᠯᠡᠩ᠎ᠤᠨ ᠤᠷᠲᠤᠨ᠎ᠤ ᠪᠠᠭ᠍ᠳᠠᠭᠠᠮᠵᠢ ᠬᠡᠮᠵᠢᠶ᠎ᠡ᠎ᠲᠠᠢ ᠪᠤᠯᠬᠤᠷ ᠦᠨ᠎ᠡ ᠲᠦᠯᠦᠪᠦᠷᠢ ᠦᠭᠡᠢ ᠡᠭᠦᠳᠡᠨ ᠪᠢᠯᠧᠲ ᠲᠠᠷᠬᠠᠭᠠᠵᠤ ᠰᠠᠭᠤᠳᠠᠯ ᠲᠤᠬᠢᠷᠠᠭᠤᠯᠤᠬ᠍ᠰᠠᠨ ᠱᠢᠦ᠃ ᠭᠡᠳᠡᠯ᠎ᠡ ᠪᠠᠰᠠ 60 ᠭᠠᠷᠤᠢ ᠭᠦᠮᠦᠰ ᠪᠢᠯᠧᠲ ᠦᠬᠡᠢ᠎ᠪᠠᠷ ᠤᠷᠤᠨ᠎ᠡ ᠭᠡᠭᠦ᠎ᠳᠤ ᠠᠷᠭ᠎ᠠ ᠦᠬᠡᠢ ᠪᠦᠭᠦᠨ᠎ᠢ ᠤᠷᠤᠭᠤᠯᠴᠢᠬᠠᠯ᠎ᠠ》 ᠬᠡᠮᠡᠨ ᠮᠦᠩᠬᠡᠳᠦ᠋ᠭᠦᠷᠡᠩ ᠲᠠᠢᠯᠪᠤᠷᠢᠯᠠᠨ᠎ᠠ᠃
      ᠦᠳᠡᠱᠢᠯᠡᠭᠡ᠎ᠨᠢ᠂ ᠪᠢᠴᠢᠬᠠᠨ ᠠᠷᠢᠭᠤᠨᠬᠤᠷ᠎ᠠ᠎ᠶ᠋ᠢᠨ 《ᠴᠠᠭᠠᠨ ᠰᠠᠷ᠎ᠠ》 ᠬᠡᠳᠡᠭ ᠠᠶ᠎ᠠ ᠲᠠᠭᠤᠤ᠎ᠪᠠᠷ ᠬᠦᠱᠢᠭᠡ᠎ᠪᠠᠨ ᠢᠷᠡᠵᠤ᠂ ᠵᠠᠯᠠᠭᠤ ᠲᠠᠭᠤᠴᠢᠨ ᠤᠷᠭᠤᠭ᠎ᠠ᠎ᠶ᠋ᠢᠨ 《ᠵᠠᠩᠬᠢᠶᠠᠲᠤ ᠪᠦᠬᠡ᠎ᠶ᠋ᠢᠨ ᠲᠠᠭᠤᠯᠠᠯ》 ᠬᠡᠬᠦ᠌ ᠲᠠᠭᠤᠤ᠎ᠶ᠋ᠢᠨ ᠠᠶᠠᠯᠭᠤ᠎ᠪᠠᠷ ᠠᠷᠠᠳ ᠲᠦᠮᠡᠨ᠎ᠢᠶᠠᠨ ᠪᠠᠶᠠᠰᠭᠠᠬ᠍ᠰᠠᠨ ᠠᠷᠪᠠᠨ ᠱᠢᠯᠢᠳᠡᠭ ᠪᠦᠬᠡᠴᠤᠤᠯ ᠲᠡᠳᠬᠦᠨ ᠲᠡᠮᠵᠢᠭᠦ᠎ᠪᠠᠷ ᠪᠤᠯᠤᠬ᠍ᠰᠠᠨ 10 ᠬᠡᠤᠬᠡᠳ᠎ᠢᠶᠠᠨ ᠲᠠᠭᠠᠭᠤᠯᠤᠨ ᠲᠠᠢᠰᠠᠨ᠎ᠳᠤ ᠭᠠᠷᠴᠤ᠌ ᠢᠷᠡᠯ᠎ᠠ᠃ ᠠᠬᠤᠢ ᠲᠠᠯᠠᠪᠠᠢ᠎ᠳᠤ ᠤᠤᠬᠠᠢ ᠬᠠᠰᠭᠢᠷᠤᠯ᠂ ᠨᠢᠵᠢᠬᠢᠨᠡᠭ᠌ᠰᠡᠨ ᠠᠯᠠᠭ᠎ᠠ ᠲᠠᠱᠢᠯᠲᠠ᠎ᠶ᠋ᠢᠨ ᠲᠠᠭᠤᠨ ᠤᠳᠠᠳᠠᠯ᠎ᠠ ᠦᠷᠭᠦᠯᠵᠢᠯᠡᠨ᠎ᠡ᠃ ᠲᠤᠰ ᠠᠵᠢᠯᠯᠠᠭᠠᠨ᠎ᠳᠤ ᠤᠷᠤᠯᠴᠠᠬ᠍ᠰᠠᠨ ᠪᠦᠬᠡ᠎ᠶ᠋ᠢᠨ ᠲᠦᠯᠦᠭᠡᠯᠡᠭ᠌ᠴᠢ ᠬᠡᠬᠡᠷᠡᠬᠦ᠌᠎ᠠᠴᠠ᠄ 《ᠡᠨᠡ ᠤᠳᠠᠭ᠎ᠠ᠎ᠶ᠋ᠢᠨ ᠰᠤᠷᠭᠠᠨ ᠬᠦᠮᠦᠵᠢᠯ᠎ᠳᠤ ᠦᠵᠡᠭᠦᠯᠭᠦ᠌ ᠬᠠᠨᠳᠢᠪ᠎ᠤᠨ ᠠᠵᠢᠯᠯᠠᠭ᠎ᠠ᠎ᠶ᠋ᠢ ᠵᠤᠬᠢᠶᠠᠨ ᠪᠠᠢᠭᠤᠯᠤᠬ᠍ᠰᠠᠨ᠎ᠨᠢ ᠮᠠᠨ᠎ᠤ ᠬᠢᠬᠦ᠌ ᠬᠡᠵᠦ᠍ ᠪᠤᠳᠤᠭᠠᠳ ᠬᠢᠵᠦ᠍ ᠲᠡᠢᠯᠬᠦ᠌ ᠦᠭᠡᠢ ᠪᠠᠢᠬ᠍ᠰᠠᠨ ᠠᠵᠢᠯ᠎ᠢ ᠲᠠᠭᠠᠭᠤᠯᠵᠤ ᠬᠢᠭ᠌ᠰᠡᠨ ᠮᠦᠩᠭᠡᠳᠦ᠋ᠭᠦᠷᠡᠩ᠎ᠳᠡᠭᠡᠨ ᠲᠠᠯᠠᠷᠬᠠᠵᠤ ᠪᠠᠢᠨ᠎ᠠ᠃ 10 ᠪᠦᠬᠡᠴᠤᠤᠯ᠎ᠤᠨ ᠲᠠᠭᠠᠭᠤᠯᠵᠤ ᠢᠷᠡᠭ᠌ᠰᠡᠨ 10 ᠬᠡᠤᠬᠡᠳ ᠪᠤᠯ ᠬᠤᠱᠢᠭᠤ ᠪᠤᠯᠭᠠᠨ᠎ᠤ ᠰᠤᠷᠭᠠᠨ ᠬᠦᠮᠦᠵᠢᠯ᠎ᠤᠨ ᠲᠤᠪᠴᠢᠶ᠎ᠠ᠎ᠶ᠋ᠢᠨ ᠶᠠᠳᠠᠭᠤ᠎ᠶ᠋ᠢ ᠲᠡᠳᠭᠦᠭᠦ᠌ ᠠᠯᠪᠠᠨ ᠬᠡᠷ᠎ᠢᠶᠠᠷ ᠲᠠᠮᠵᠢᠨ᠂ ᠰᠤᠷᠤᠯᠭ᠎ᠠ᠎ᠳᠠᠭᠠᠨ ᠰᠠᠢᠨ᠂ ᠠᠮᠢᠳᠤᠷᠠᠯ ᠬᠦᠴᠢᠷ᠎ᠲᠠᠢ ᠬᠡᠤᠬᠡᠳ᠎ᠢ ᠰᠤᠩᠭᠤᠵᠤ᠂ ᠪᠠᠭ᠎ᠠ ᠴᠤ᠌ ᠬᠡᠰᠡᠨ ᠰᠡᠳᠭᠢᠯ᠎ᠤᠨ ᠲᠡᠮ ᠪᠤᠯᠤᠶ᠎ᠠ᠂ ᠡᠷᠴᠢ ᠬᠦᠴᠦᠨ ᠬᠠᠢᠷᠠᠯᠠᠶ᠎ᠠ᠂ ᠤᠷᠮ᠎ᠠ ᠵᠤᠷᠢᠬ ᠬᠠᠢᠷᠠᠯᠠᠶ᠎ᠠ ᠬᠡᠵᠦ᠍ ᠪᠤᠳᠤᠬ᠍ᠰᠠᠨ ᠶᠤᠮ》 ᠬᠡᠵᠦ᠍ ᠲᠠᠢᠯᠪᠤᠷᠢᠯᠠᠵᠤ ᠶᠠᠷᠢᠯ᠎ᠠ᠃
      ᠪᠦᠬᠦ᠋ᠢᠯᠡ ᠦᠳᠡᠱᠢᠯᠡᠭᠡ᠎ᠨᠢ ᠲᠤᠬ᠍ᠯᠠᠯᠲᠠ — ᠮᠦᠩᠬᠡᠳᠦ᠋ᠭᠦᠷᠡᠩ᠎ᠤᠨ ᠲᠡᠳᠬᠦᠨ ᠲᠡᠮᠵᠢᠭ᠌ᠰᠡᠨ ᠤᠬᠤᠷ ᠹᠢᠯᠢᠮ — ᠲᠡᠳᠬᠦᠨ ᠲᠡᠮᠵᠢᠭ᠌ᠳᠡᠭ᠌ᠰᠡᠨ 5 ᠪᠠᠭ᠍ᠰᠢ ᠲᠠᠢᠰᠠᠨ᠎ᠳᠤ ᠭᠠᠷᠴᠤ᠌ ᠰᠡᠳᠭᠢᠭ᠌ᠳᠡᠯ᠎ᠢᠶᠠᠨ ᠬᠤᠪᠢᠶᠠᠯᠴᠠᠬᠤ ᠲᠡᠰ ᠲᠠᠷᠠᠭᠠᠯᠠᠯ᠎ᠢᠶᠠᠷ ᠰᠤᠯᠢᠪᠴᠠᠨ ᠶᠠᠪᠤᠬ᠍ᠳᠠᠵᠤ᠂ ᠦᠷᠦᠭᠡᠯ᠎ᠤᠨ ᠬᠡᠤᠬᠡᠳ᠎ᠢ ᠦᠪᠡᠷ᠎ᠤᠨ ᠬᠡᠤᠬᠡᠳ᠎ᠲᠠᠢ᠎ᠪᠠᠨ ᠠᠳᠠᠯᠢ ᠬᠠᠷᠠᠭᠠᠯᠵᠠᠨ ᠬᠠᠪᠰᠤᠷᠴᠤ᠌᠂ ᠨᠠᠰᠤᠨ ᠲᠤᠷᠱᠢᠲᠠ ᠰᠤᠷᠭᠠᠨ ᠬᠦᠮᠦᠵᠢᠯ᠎ᠤᠨ ᠹᠷᠤᠨᠲ᠎ᠲᠤ ᠵᠢᠷᠦᠭᠡᠨ ᠲᠠᠮᠢᠷ᠎ᠢᠶᠠᠨ ᠱᠢᠪᠬᠠᠠᠵᠤ ᠶᠠᠪᠤᠬ᠍ᠰᠠᠨ ᠡᠨᠡ ᠲᠠᠪᠤᠨ ᠪᠠᠭ᠍ᠰᠢ᠎ᠶ᠋ᠢᠨ ᠦᠯᠢᠭᠡᠷ ᠤᠴᠠᠷᠠᠯ᠎ᠨᠢ ᠦᠵᠡᠭ᠌ᠴᠢ ᠲᠦᠮᠡᠨ᠎ᠢᠶᠠᠨ ᠤᠶᠠᠷᠠᠭᠤᠯᠵᠤ ᠪᠠᠢᠬ᠍ᠰᠠᠨ ᠪᠤᠯ᠂ ᠲᠠᠭᠤᠴᠢᠨ ᠮᠦᠩᠭᠦᠨᠴᠡᠴᠡᠭ 《ᠮᠢᠨᠤ ᠰᠠᠢᠬᠠᠨ ᠨᠠᠢᠵᠠ》 ᠬᠡᠬᠦ᠌ ᠲᠠᠭᠤᠤ᠎ᠪᠠᠷ᠎ᠢᠶᠠᠨ ᠤᠯᠠᠨ᠎ᠤ ᠰᠡᠳᠭᠢᠯ᠎ᠢ ᠪᠠᠶᠠᠰᠭᠠᠵᠤ᠂ ᠵᠡᠯᠮ᠎ᠡ ᠬᠠᠷ᠎ᠠ ᠬᠠᠮᠲᠤᠯᠢᠬ᠎ᠤᠨ ᠤᠷᠤᠬ᠍ᠰᠢᠯᠠᠯᠳᠦ᠎ᠶ᠋ᠢᠨ 《ᠦᠨᠳᠦᠰᠦ ᠮᠢᠨᠢ ᠮᠤᠩᠭᠤᠯ》 ᠬᠡᠬᠦ᠌ ᠲᠠᠭᠤᠤ᠎ᠶ᠋ᠢ ᠦᠵᠡᠭ᠌ᠴᠢᠳ ᠬᠠᠮᠲᠤ᠎ᠪᠠᠷ᠎ᠢᠶᠠᠨ ᠲᠠᠭᠤᠯᠠᠵᠤ ᠦᠳᠡᠱᠢᠯᠡᠭᠡ ᠤᠷᠬᠢᠯ᠎ᠳᠠᠭᠠᠨ ᠬᠦᠷᠴᠡᠢ᠃ ᠡᠭᠦᠨ᠎ᠠᠴᠠ ᠭᠠᠳᠠᠨ᠎ᠠ᠂ ᠤᠯᠤᠰ᠎ᠤᠨ ᠨᠢᠭᠡᠳᠦᠭᠡᠷ ᠲᠡᠰ᠎ᠤᠨ ᠲᠠᠭᠤᠴᠢᠨ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠮᠤᠩᠭᠤᠯ ᠤᠷᠲᠤ᠎ᠶ᠋ᠢᠨ ᠲᠠᠭᠤᠤ᠎ᠶ᠋ᠢᠨ ᠤᠯᠤᠰ᠎ᠤᠨ ᠲᠡᠰ᠎ᠤᠨ ᠤᠯᠠᠮᠵᠢᠯᠠᠬ᠍ᠴᠢ ᠵᠠᠬ᠍ᠳᠠᠰᠦ᠋ᠷᠦᠩ᠂ ᠤᠯᠤᠰ᠎ᠤᠨ ᠨᠢᠭᠡᠳᠦᠭᠡᠷ ᠲᠡᠰ᠎ᠤᠨ ᠲᠠᠭᠤᠴᠢᠨ ᠲᠤᠭᠤᠭᠠᠲᠠᠢ ᠵᠡᠷᠭᠡ ᠠᠬᠠᠮᠠᠳ ᠤᠷᠠᠯᠢᠬ᠍ᠴᠢᠳ ᠪᠠ ᠬᠡᠷᠡᠯᠪᠠᠲᠤ᠌᠂ ᠪᠦᠷᠢᠨᠵᠢᠷᠭᠠᠯ᠂ ᠵᠢᠷᠦᠮᠲᠤ ᠵᠡᠷᠭᠡ᠎ᠶ᠋ᠢᠨ ᠵᠠᠯᠠᠭᠤ ᠲᠠᠭᠤᠴᠢᠳ ᠲᠤᠰ ᠤᠳᠠᠭ᠎ᠠ᠎ᠶ᠋ᠢᠨ ᠦᠳᠡᠱᠢᠯᠡᠭᠡ᠎ᠳᠤ ᠠᠶ᠎ᠠ ᠲᠠᠭᠤᠤ᠎ᠪᠠᠨ ᠡᠷᠭᠦᠭ᠌ᠰᠡᠨ ᠪᠠᠢᠨ᠎ᠠ᠃ ᠠᠪᠤᠷᠭᠤ ᠰᠠᠢᠬᠠᠨ ᠪᠦᠬᠡᠴᠤᠤᠯ᠂ ᠠᠬᠠᠮᠠᠳ ᠤᠷᠠᠯᠢᠬ᠍ᠴᠢᠳ ᠨᠠᠷ ᠦᠳᠡᠱᠢᠯᠡᠭᠡ᠎ᠶ᠋ᠢᠨ ᠠᠯᠳᠠᠨ ᠬᠤᠢᠮᠤᠷ᠎ᠲᠤ ᠬᠡᠷᠡᠯᠳᠦᠭᠦᠯᠦᠨ ᠰᠠᠭᠠᠳᠠᠵᠤ᠂ ᠬᠦᠴᠦ᠍ ᠬᠠᠢᠷ᠎ᠠ᠎ᠪᠠᠨ ᠬᠠᠷᠠᠮ ᠦᠭᠡᠢ ᠡᠷᠭᠦᠭ᠌ᠰᠡᠨ ᠪᠤᠯᠬᠤᠷ ᠦᠳᠡᠱᠢᠯᠡᠭᠡ ᠮᠠᠨᠢ ᠲᠠᠶᠠᠭᠠᠷ ᠲᠠᠭᠤᠷᠢᠰᠭᠤ ᠱᠢᠭᠤᠤᠨ ᠨᠡᠪᠳᠡᠷᠡᠭᠦᠯᠭᠡ᠎ᠪᠠᠷ ᠲᠠᠮᠵᠢᠨ ᠲᠠᠷᠤᠮ᠎ᠤᠨ ᠲᠤᠭ᠎ᠠ 40 ᠲᠦᠮᠡᠨ ᠭᠦᠮᠦᠨ ᠤᠳᠠᠭ᠎ᠠ᠎ᠳᠤ ᠭᠦᠷᠴᠤ᠌᠂ ᠪᠦᠭᠦ᠌ ᠲᠡᠯᠡᠬᠡᠢ᠎ᠶ᠋ᠢᠨ ᠮᠤᠩᠭᠤᠯᠴᠤᠤᠨ᠎ᠤᠨ ᠠᠩᠬᠠᠷᠤᠯ᠎ᠳᠤ ᠭᠦᠷᠦᠭ᠌ᠰᠡᠨ ᠪᠠᠢᠯ᠎ᠠ᠃
      ᠦᠳᠡᠱᠢᠯᠡᠭᠡ᠎ᠳᠤ ᠪᠠᠰᠠ᠂ ᠪᠦᠬᠡᠴᠤᠤᠯ ᠪᠠ ᠪᠤᠰᠤᠳ ᠨᠡᠢᠭᠡᠮ᠎ᠤᠨ ᠬᠦᠮᠦᠰ ᠲᠤᠬᠠᠢ᠎ᠶ᠋ᠢᠨ ᠲᠠᠯᠠᠪᠡᠢ᠎ᠳᠤ ᠬᠠᠨᠳᠢᠪ ᠡᠷᠭᠦᠬᠦ᠌᠎ᠶ᠋ᠢᠨ ᠬᠠᠮᠲᠤ ᠲᠡᠳᠬᠦᠨ ᠲᠡᠮᠵᠢᠭ᠌ᠳᠡᠭ᠌ᠰᠡᠨ ᠬᠡᠤᠬᠡᠳ᠎ᠤᠨ ᠬᠡᠷ᠎ᠤᠨ ᠠᠬᠠᠮᠠᠳ᠎ᠤᠨ ᠲᠦᠯᠦᠭᠡᠯᠡᠭ᠌ᠴᠢ᠎ᠠᠴᠠ ᠪᠠᠶᠠᠷ ᠲᠠᠯᠠᠷᠬᠠᠯ᠎ᠤᠨ ᠰᠡᠳᠭᠢᠯᠭᠡ᠎ᠪᠠᠨ ᠢᠯᠡᠳᠭᠡᠨ᠂ ᠮᠦᠩᠬᠡᠳᠦ᠋ᠭᠦᠷᠡᠩ᠎ᠳᠤ ᠬᠡᠮᠡᠷᠯᠢᠭ ᠲᠤᠬ ᠬᠦᠷᠭᠡᠭ᠌ᠰᠡᠨ ᠪᠠᠢᠨ᠎ᠠ᠃
      ᠶᠡᠷᠦ᠎ᠨᠢ ᠰᠤᠶᠤᠯ ᠰᠤᠷᠭᠠᠨ ᠬᠦᠮᠦᠵᠢᠯ᠎ᠢ ᠬᠦᠭ᠌ᠵᠢᠭᠦᠯᠬᠦ᠌ ᠪᠤᠯ ᠨᠢᠭᠡ ᠦᠨᠳᠦᠰᠦᠲᠡᠨ᠎ᠤ ᠠᠯᠤᠰ ᠢᠷᠡᠭᠡᠳᠦᠢ᠎ᠲᠠᠢ ᠬᠤᠯᠪᠤᠬ᠍ᠳᠠᠬᠤ ᠴᠢᠬᠤᠯᠠ ᠶᠡᠭᠡ ᠶᠠᠪᠤᠳᠠᠯ ᠪᠤᠯᠤᠨ᠎ᠠ᠃ ᠲᠤᠰ ᠤᠳᠠᠭ᠎ᠠ᠎ᠶ᠋ᠢᠨ ᠠᠵᠢᠯᠯᠠᠭ᠎ᠠ᠎ᠪᠠᠷ ᠲᠠᠮᠵᠢᠨ᠂ ᠨᠡᠢᠭᠡᠮ᠎ᠤᠨ ᠪᠦᠬᠦ᠌ ᠬᠦᠮᠦᠰ᠎ᠢ ᠪᠦᠲᠦᠮᠵᠢᠲᠡᠢ ᠲᠠᠢᠴᠢᠯᠠᠨ᠂ ᠰᠤᠶᠤᠯ ᠰᠤᠷᠭᠠᠨ ᠬᠦᠮᠦᠵᠢᠯ᠎ᠢ ᠲᠡᠭᠡᠳᠦᠯᠡᠨ᠂ ᠪᠠᠭᠤᠷᠠᠢᠴᠤᠤᠯ᠎ᠢ ᠲᠡᠳᠭᠦᠨ ᠲᠡᠮᠵᠢᠬᠦ᠌ ᠬᠠᠯᠠᠭᠤᠷᠠᠯ᠎ᠢ ᠪᠤᠢ ᠪᠤᠯᠭᠠᠵᠤ᠂ ᠬᠤᠷᠢᠶᠠᠨ ᠤᠯᠤᠬ᠍ᠰᠠᠨ ᠬᠠᠨᠳᠢᠪ᠎ᠤᠨ ᠮᠦᠩᠬᠦ᠌ ᠬᠤᠷᠢᠭᠠᠳ ᠲᠦᠮᠡᠡ ᠲᠦᠭᠦᠷᠢᠭ᠎ᠲᠤ ᠬᠦᠷᠦᠭ᠌ᠰᠡᠨ ᠪᠠᠢᠨ᠎ᠠ᠃
      ᠦᠳᠡᠱᠢᠯᠡᠭᠡ ᠲᠠᠭᠤᠰᠭᠤ᠎ᠶ᠋ᠢᠨ ᠦᠶ᠎ᠡ᠎ᠪᠠᠷ᠂ ᠠᠷᠤ ᠬᠤᠷᠴᠢᠨ ᠬᠤᠱᠢᠭᠤᠨ᠎ᠤ ᠬᠡᠤᠬᠡᠳ᠎ᠤᠨ ᠴᠡᠴᠡᠷᠯᠢᠭ᠎ᠤᠨ ᠪᠠᠭ᠍ᠰᠢ ᠠᠯᠢᠶ᠎ᠠ᠎ᠶ᠋ᠢᠨ᠄ 《ᠡᠢᠮᠦᠷᠭᠦᠦ ᠰᠠᠢᠬᠠᠨ ᠤᠳᠭ᠎ᠠ ᠠᠭᠤᠯᠭ᠎ᠠ᠎ᠲᠠᠢ ᠠᠵᠢᠯᠯᠠᠭ᠎ᠠ᠎ᠶ᠋ᠢ ᠦᠷᠨᠢᠭᠦᠯᠬᠦ᠌᠎ᠨᠢ ᠵᠠᠯᠠᠭᠤᠴᠤᠳ ᠪᠢᠳᠡᠨ᠎ᠤ᠎ᠲᠠᠭᠠᠨ ᠰᠤᠷᠤᠯᠴᠠᠭᠤᠱᠢᠲᠠᠢ ᠶᠠᠪᠤᠳᠠᠯ ᠪᠤᠯᠤᠨ᠎ᠠ᠂ ᠮᠦᠩᠭᠡᠳᠦ᠋ᠭᠦᠷᠡᠩ᠎ᠠᠴᠠ᠎ᠲᠠᠭᠠᠨ ᠰᠤᠷᠤᠯᠴᠠᠶ᠎ᠠ》 ᠬᠡᠵᠦ᠍ ᠰᠡᠳᠭᠢᠯ ᠲᠤᠬ᠍ᠳᠤᠯᠤᠩᠬᠠᠨ ᠶᠠᠷᠢᠬ᠍ᠰᠠᠨ᠎ᠨᠢ ᠪᠦᠭᠦ᠌ ᠦᠵᠡᠭ᠌ᠴᠢ ᠲᠦᠮᠡᠨ᠎ᠤ ᠬᠠᠮᠳᠤ᠎ᠶ᠋ᠢᠨ ᠦᠵᠡᠯᠳᠡ ᠪᠤᠯᠤᠬ᠍ᠰᠠᠨ ᠪᠠᠢᠨ᠎ᠠ᠃
      ᠭᠦᠴᠦ᠍ ᠪᠡ ᠬᠠᠢᠷ᠎ᠡ — ᠮᠤᠩᠭᠤᠯ ᠪᠦᠭᠡ᠎ᠶ᠋ᠢᠨ ᠭᠦᠭ᠌ᠵᠢᠯ ᠲᠠᠪᠱᠢᠯᠳᠡ᠎ᠶ᠋ᠢᠨ ᠲᠤᠭ ᠲᠡᠮᠳᠡᠭ;
      ᠭᠦᠴᠦ᠍ ᠪᠡ ᠬᠠᠢᠷ᠎ᠡ — ᠮᠤᠩᠭᠤᠯ ᠪᠦᠭᠡᠴᠤᠤᠯ᠎ᠤᠨ ᠊ᠦᠵᠡᠯ ᠤᠬᠠᠮᠰᠠᠷ᠎ᠤᠨ ᠨᠢᠭᠡᠳᠦᠯ᠎ᠤᠨ ᠠᠩᠬᠠᠨ᠎ᠤ ᠲᠦᠯᠦᠪᠱᠢᠷᠡᠯ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号