ᠦᠪᠦᠷ ᠮᠤᠩᠭᠤᠯ᠎ᠤᠨ ᠨᠤᠮ᠎ᠤᠨ ᠰᠠᠩ᠎ᠤᠨ ᠠᠩᠬᠠᠳᠠᠭ᠍ᠴᠢ ᠭᠠᠴᠠᠭ᠎ᠠ ᠳᠤᠰᠭᠤᠨ᠎ᠳᠠᠬᠢ ᠬᠤᠪᠢᠶᠠᠷᠢ ᠨᠤᠮ᠎ᠤᠨ ᠰᠠᠩ ᠮᠠᠯᠴᠢᠨ ᠠᠢᠯ᠎ᠳᠤ ᠪᠠᠢᠭᠤᠯᠤᠭ᠍ᠳᠠᠯ᠎ᠠ
2020-10-29 10:33:49
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠶ᠋ᠢᠨ ᠡᠳᠦᠷ᠂ ᠠᠯᠠᠱᠠ ᠵᠡᠬᠦᠨ ᠬᠤᠱᠢᠭᠤᠨ᠎ᠤ ᠤᠯᠠᠨᠪᠤᠯᠠᠭ ᠪᠠᠯᠭᠠᠰᠤᠨ᠎ᠤ ᠲᠦᠬᠦᠮ ᠭᠠᠴᠠᠭ᠎ᠠ᠎ᠶ᠋ᠢᠨ ᠮᠠᠯᠴᠢᠨ ᠪᠦᠷᠢᠨᠳᠡᠬᠦᠰ᠎ᠤᠨ 《ᠪᠦᠷᠢᠨ ᠬᠡᠷᠡᠯᠳᠤ ᠨᠤᠮ᠎ᠤᠨ ᠰᠠᠩ》 ᠎ᠤᠨ ᠡᠷᠦᠬᠡ ᠰᠡᠬᠦᠬᠦ᠌ ᠶᠤᠰᠤᠯᠠᠯ ᠶᠠᠪᠤᠭ᠍ᠳᠠᠬᠤ᠎ᠶ᠋ᠢᠨ ᠳᠠᠱᠢᠷᠠᠮ᠎ᠢᠶᠠᠷ᠂ ᠦᠪᠦᠷ ᠮᠤᠩᠭᠤᠯ᠎ᠤᠨ ᠨᠤᠮ᠎ᠤᠨ ᠰᠠᠩ᠎ᠤᠨ ᠠᠩᠬᠠᠳᠠᠭ᠍ᠴᠢ ᠭᠠᠴᠠᠭ᠎ᠠ ᠳᠤᠰᠭᠤᠨ᠎ᠳᠠᠬᠢ ᠬᠤᠪᠢᠶᠠᠷᠢ ᠨᠤᠮ᠎ᠤᠨ ᠰᠠᠩ ᠴᠤ᠌ ᠡᠳᠡᠨ᠎ᠤ᠎ᠬᠢᠨ᠎ᠳᠤ ᠪᠠᠢᠭᠤᠯᠤᠭ᠍ᠳᠠᠯ᠎ᠠ᠃ 

ᠡᠨᠡ ᠵᠢᠯ 72 ᠨᠠᠰᠤᠳᠠᠢ ᠮᠠᠯᠴᠢᠨ ᠪᠦᠷᠢᠨᠳᠡᠬᠦᠰ ᠮᠠᠯᠴᠢᠨ ᠲᠦᠮᠡᠨ᠎ᠳᠡᠭᠡᠨ ᠦᠨ᠎ᠡ ᠲᠦᠯᠦᠪᠦᠷᠢ ᠦᠬᠡᠢ᠎ᠪᠠᠷ ᠨᠤᠮ ᠵᠢᠬᠡᠯᠡᠬᠦᠯᠵᠦ᠍ ᠤᠩᠱᠢᠭᠤᠯᠤᠨ᠂ ᠨᠤᠮ ᠡᠷᠳᠡᠮ᠎ᠤᠨ ᠦᠪ ᠬᠦᠷᠦᠩᠬᠡ᠎ᠶ᠋ᠢ ᠬᠠᠮᠳᠤ᠎ᠳᠠᠭᠠᠨ ᠬᠤᠪᠢᠶᠠᠯᠴᠠᠨ᠂ ᠨᠤᠮ ᠪᠢᠴᠢᠭ᠎ᠢᠶᠠᠷ ᠰᠤᠶᠤᠨ ᠭᠡᠭᠡᠷᠡᠵᠦ᠍᠂ ᠨᠡᠩ ᠤᠯᠠᠨ ᠮᠠᠯᠴᠢᠳ ᠨᠤᠮ᠎ᠤᠨ ᠬᠡᠱᠢᠭ ᠬᠦᠷᠳᠡᠵᠦ᠍᠂ ᠦᠷ᠎ᠠ ᠬᠤᠢᠴᠢᠰ᠎ᠢᠶᠠᠨ ᠰᠤᠶᠤᠯ ᠮᠡᠳᠡᠯᠬᠡ᠎ᠲᠠᠢ ᠬᠦᠮᠦᠨ ᠪᠤᠯᠭᠠᠨ ᠬᠦᠮᠦᠵᠢᠬᠦᠯᠬᠦ᠌᠎ᠶ᠋ᠢ ᠤᠬᠠᠭᠠᠷᠠᠵᠤ᠂ ᠴᠤᠭ᠍ᠭᠠᠷ ᠬᠦᠭ᠌ᠵᠢᠨ ᠲᠠᠪᠱᠢᠬᠤ᠎ᠶ᠋ᠢᠨ ᠲᠦᠯᠦᠬᠡ᠂ ᠬᠠᠮᠤᠭ ᠠᠩᠬ᠎ᠠ 2016 ᠤᠨ᠎ᠳᠤ ᠬᠤᠪᠢ᠎ᠶ᠋ᠢᠨ ᠨᠤᠮ᠎ᠤᠨ ᠰᠠᠩ᠎ᠢᠶᠠᠨ ᠨᠡᠬᠡᠬᠡᠭ᠌ᠰᠡᠨ᠎ᠢᠶᠠᠨ ᠨᠠᠮ ᠵᠠᠰᠠᠭ᠎ᠤᠨ ᠳᠡᠮᠵᠢᠯᠬᠡ᠎ᠪᠠᠷ᠂ ᠨᠢᠳᠤᠨᠤᠨ ᠨᠤᠮ᠎ᠤᠨ ᠰᠠᠩ᠎ᠤᠨ ᠱᠢᠨ᠎ᠡ ᠦᠷᠦᠬᠡ ᠪᠠᠢᠭᠤᠯᠵᠤ ᠡᠷᠦᠬᠡ᠎ᠪᠠᠨ ᠰᠡᠬᠦᠵᠦ᠍ ᠪᠠᠢᠭ᠎ᠠ᠎ᠨᠢ ᠡᠨᠡ ᠪᠢᠯᠡ᠃ ᠦᠪᠦᠷ ᠮᠤᠩᠭᠤᠯ᠎ᠤᠨ ᠨᠤᠮ᠎ᠤᠨ ᠰᠠᠩ᠎ᠨᠢ ᠦᠨᠳᠦᠰᠦᠨ ᠱᠠᠳᠤᠨ᠎ᠤ ᠮᠠᠯᠴᠢᠨ ᠲᠦᠮᠡᠨ᠎ᠳᠤ ᠦᠢᠯᠡᠳᠪᠦᠷᠢᠯᠡᠯ ᠠᠮᠢᠳᠤᠷᠠᠯ᠎ᠳᠤ ᠱᠠᠭᠠᠷᠳᠠᠳᠠᠭ ᠬᠠᠤᠯᠢ ᠴᠠᠭᠠᠵᠠ᠂ ᠠᠵᠤ ᠠᠬᠤᠢ᠂ ᠰᠤᠶᠤᠯ ᠳᠡᠦᠬᠡ᠂ ᠤᠳᠭ᠎ᠠ ᠵᠤᠬᠢᠶᠠᠯ᠂ ᠤᠷᠠᠯᠢᠭ ᠵᠡᠷᠬᠡ ᠠᠭᠤᠯᠭ᠎ᠠ ᠪᠦᠬᠦᠢ 5 ᠲᠦᠮᠡ ᠭᠠᠷᠤᠢ ᠲᠦᠬᠦᠷᠢᠭ᠎ᠤᠨ 770 ᠭᠠᠷᠤᠢ ᠨᠤᠮ ᠪᠡᠯᠡᠳᠭᠡᠨ ᠦᠭ᠌ᠴᠡᠢ᠃ 《ᠬᠤᠪᠢᠶᠠᠷᠢ ᠨᠤᠮ᠎ᠤᠨ ᠰᠠᠩ ᠭᠠᠷᠭᠠᠬᠤ᠎ᠳᠠᠭᠠᠨ ᠬᠤᠪᠢ᠎ᠶ᠋ᠢᠨ ᠨᠤᠮ᠎ᠤᠨ ᠰᠠᠩ᠎ᠲᠠᠢ ᠮᠠᠯᠴᠢᠨ ᠠᠢᠯ᠎ᠢ ᠰᠤᠩᠭᠤᠭ᠍ᠰᠠᠨ᠎ᠨᠢ ᠰᠠᠩ᠎ᠤᠨ ᠨᠤᠮ᠎ᠤᠨ ᠬᠠᠳᠠᠭᠠᠯᠠᠮᠵᠢ᠎ᠶ᠋ᠢ᠎ᠨᠢ ᠪᠠᠶᠠᠯᠢᠭ᠍ᠵᠢᠭᠤᠯᠵᠤ᠂ ᠱᠢᠨ᠎ᠡ᠎ᠪᠠᠷ ᠬᠡᠪᠯᠡᠭ᠌ᠳᠡᠵᠦ᠍ ᠪᠠᠢᠭ᠎ᠠ ᠨᠤᠮ ᠪᠢᠴᠢᠭ ᠬᠠᠩᠭᠠᠵᠠᠢ》 ᠬᠡᠵᠦ᠍ ᠦᠪᠦᠷ ᠮᠤᠩᠭᠤᠯ᠎ᠤᠨ ᠨᠤᠮ᠎ᠤᠨ ᠰᠠᠩ᠎ᠤᠨ ᠮᠤᠩᠭᠤᠯ ᠨᠤᠮ᠎ᠤᠨ ᠰᠠᠩ᠎ᠤᠨ ᠡᠷᠬᠢᠯᠡᠭ᠌ᠴᠢ ᠪᠤᠤ᠎ᠶ᠋ᠢᠨ ᠱᠢᠶᠠᠩ ᠳᠠᠨᠢᠯᠴᠠᠭᠤᠯᠤᠨ᠎ᠠ᠃ 

ᠦᠪᠦᠷ ᠮᠤᠩᠭᠤᠯ᠎ᠤᠨ ᠨᠤᠮ᠎ᠤᠨ ᠰᠠᠩ᠎ᠨᠢ ᠦᠢᠯᠡᠴᠢᠯᠡᠭᠡ᠎ᠶ᠋ᠢᠨ ᠬᠡᠪᠴᠢᠶ᠎ᠡ᠎ᠪᠠᠨ ᠦᠷᠬᠡᠳᠭᠡᠵᠦ᠍ ᠤᠷᠳᠤᠳᠭᠠᠨ᠂ ᠨᠤᠮ᠎ᠤᠨ ᠰᠠᠩ᠎ᠤᠨ ᠦᠢᠯᠡᠴᠢᠯᠡᠭᠡ᠎ᠶ᠋ᠢ ᠰᠤᠷᠭᠠᠭᠤᠯᠢ᠎ᠶ᠋ᠢᠨ ᠬᠦᠷᠢᠶᠡᠨ᠎ᠳᠤ ᠤᠷᠤᠭᠤᠯᠬᠤ᠂ ᠨᠡᠢᠬᠡᠮ ᠳᠤᠭᠤᠷᠢᠭ᠎ᠲᠤ ᠤᠷᠤᠭᠤᠯᠬᠤ᠎ᠪᠠᠷ ᠳᠠᠮᠵᠢᠨ᠂ ᠤᠯᠠᠨ ᠨᠡᠢᠳᠡ᠎ᠶ᠋ᠢᠨ ᠰᠤᠶᠤᠯ᠎ᠤᠨ ᠦᠢᠯᠡᠴᠢᠯᠡᠭᠡ᠎ᠶ᠋ᠢ ᠬᠦᠳᠡᠭᠡ ᠳᠤᠰᠭᠤᠨ᠎ᠤ ᠮᠠᠯᠴᠢᠨ ᠳᠠᠷᠢᠶᠠᠴᠢᠨ᠂ ᠰᠤᠷᠭᠠᠭᠤᠯᠢ᠎ᠶ᠋ᠢᠨ ᠪᠠᠭ᠍ᠰᠢ ᠰᠤᠷᠤᠭ᠍ᠴᠢ᠂ ᠨᠡᠢᠬᠡᠮ ᠳᠤᠭᠤᠷᠢᠭ᠎ᠤᠨ ᠰᠠᠭᠤᠭᠠᠯᠢ ᠠᠷᠠᠳ᠎ᠲᠤ ᠠᠳᠠᠯᠢ ᠳᠡᠭ᠌ᠰᠢ᠎ᠪᠠᠷ ᠡᠳ᠋ᠯᠡᠬᠦᠯᠬᠦ᠌᠎ᠶ᠋ᠢᠨ ᠲᠦᠯᠦᠬᠡ 2012 ᠤᠨ᠎ᠠᠴᠠ ᠦᠨᠳᠦᠰᠦᠨ ᠱᠠᠳᠤᠨ᠎ᠳᠤ ᠨᠡᠢᠳᠡ 20 ᠭᠠᠷᠤᠢ ᠬᠤᠪᠢᠶᠠᠷᠢ ᠨᠤᠮ᠎ᠤᠨ ᠰᠠᠩ ᠪᠠᠢᠭᠤᠯᠵᠤ᠂ ᠪᠢᠴᠢᠭ᠎ᠤᠨ ᠰᠤᠷᠪᠤᠯᠵᠢᠳᠤ ᠳᠠᠯ᠎ᠠ ᠨᠤᠳᠤᠭ᠂ ᠪᠢᠴᠢᠭ᠎ᠤᠨ ᠰᠤᠷᠪᠤᠯᠵᠢᠳᠤ ᠰᠤᠷᠭᠠᠭᠤᠯᠢ᠎ᠶ᠋ᠢᠨ ᠬᠦᠷᠢᠶ᠎ᠠ᠂ ᠪᠢᠴᠢᠭ᠎ᠤᠨ ᠰᠤᠷᠪᠤᠯᠵᠢᠳᠤ ᠦᠪᠦᠷ ᠮᠤᠩᠭᠤᠯ᠎ᠢ ᠪᠠᠢᠭᠤᠯᠬᠤ᠎ᠳᠤ ᠬᠦᠴᠦᠨ ᠨᠡᠮᠡᠷᠢ᠎ᠪᠠᠨ ᠦᠵᠡᠬᠦᠯᠦᠨ᠎ᠡ᠃ 《ᠶᠠᠳᠠᠭᠤ ᠬᠦᠴᠢᠷᠳᠡᠯᠳᠡᠢ ᠭᠠᠵᠠᠷ ᠤᠷᠤᠨ᠎ᠳᠠᠬᠢ ᠰᠤᠶᠤᠯ᠎ᠢᠶᠠᠷ ᠶᠠᠳᠠᠭᠤ᠎ᠶ᠋ᠢ ᠳᠡᠳᠬᠦᠬᠦ᠌ ᠡᠷᠴᠢᠮ᠎ᠢᠶᠠᠨ ᠴᠢᠩᠭᠠᠷᠠᠭᠤᠯᠵᠤ᠂ ᠨᠤᠮ᠎ᠤᠨ ᠰᠠᠩ᠎ᠤᠨ ᠡᠬᠢ ᠪᠠᠶᠠᠯᠢᠭ᠎ᠤᠨ ᠳᠠᠪᠠᠭᠤᠯᠢᠭ᠎ᠢᠶᠠᠨ ᠪᠠᠳᠠᠷᠠᠭᠤᠯᠵᠤ᠂ ᠶᠠᠳᠠᠭᠤ᠎ᠶ᠋ᠢ ᠳᠡᠳᠬᠦᠬᠦ᠌ ᠪᠤᠭᠤᠮᠳᠠ ᠱᠢᠪᠳᠤᠯᠬᠤ ᠳᠠᠢᠯᠠᠯᠳᠤᠭᠠᠨ᠎ᠤ ᠳᠤᠮᠳᠠ ᠰᠤᠶᠤᠯ᠎ᠢᠶᠠᠷ 〈ᠤᠶᠤᠨ ᠤᠬᠠᠭᠠᠨ〉 ᠎ᠢ ᠳᠡᠳᠬᠦᠵᠦ᠍᠂ ᠬᠢᠯᠢ ᠬᠢᠵᠠᠭᠠᠷ᠂ ᠶᠠᠳᠠᠭᠤ ᠬᠦᠴᠢᠷᠳᠡᠯᠳᠡᠢ ᠭᠠᠵᠠᠷ ᠤᠷᠤᠨ᠎ᠤ ᠮᠠᠯᠴᠢᠨ ᠳᠠᠷᠢᠶᠠᠴᠢᠨ᠂ ᠢᠯᠠᠩᠭᠤᠶ᠎ᠠ ᠦᠷᠬᠡᠨ ᠤᠯᠠᠨ ᠪᠠᠭᠠᠴᠤᠳ ᠬᠡᠦᠬᠡᠳ᠎ᠲᠤ ᠤᠯᠠᠨ ᠨᠡᠢᠳᠡ᠎ᠶ᠋ᠢᠨ ᠰᠤᠶᠤᠯ᠎ᠤᠨ ᠦᠢᠯᠡᠴᠢᠯᠡᠭᠡ᠎ᠶ᠋ᠢ ᠡᠳ᠋ᠯᠡᠬᠦᠯᠬᠦ᠌᠎ᠪᠠᠷ᠂ ᠮᠠᠯᠴᠢᠳ᠎ᠢ ᠨᠡᠬᠦᠯᠬᠡᠨ ᠱᠢᠯᠵᠢᠬᠦᠯᠦᠭ᠌ᠰᠡᠨ ᠱᠢᠨ᠎ᠠ ᠪᠠᠷᠭᠤ ᠵᠡᠬᠦᠨ ᠬᠤᠱᠢᠭᠤᠨ᠎ᠤ ᠠᠮᠤᠭᠤᠯᠠᠩ ᠪᠠᠯᠭᠠᠰᠤ᠎ᠶ᠋ᠢᠨ ᠢᠪᠡᠬᠡᠯ ᠨᠡᠢᠬᠡᠮ ᠳᠤᠭᠤᠷᠢᠭ ᠵᠢᠴᠢ ᠴᠠᠬᠠᠷ ᠪᠠᠷᠠᠭᠤᠨ ᠭᠠᠷᠤᠨ ᠬᠤᠢᠳᠤ ᠬᠤᠱᠢᠭᠤᠨ᠎ᠤ ᠮᠤᠩᠭᠤᠯ ᠰᠤᠷᠭᠠᠭᠤᠯᠢ ᠵᠡᠷᠬᠡ᠎ᠳᠤ ᠬᠤᠪᠢᠶᠠᠷᠢ ᠨᠤᠮ᠎ᠤᠨ ᠰᠠᠩ ᠪᠠᠢᠭᠤᠯᠵᠠᠢ》 ᠬᠡᠵᠦ᠍ ᠪᠤᠤ᠎ᠶ᠋ᠢᠨ ᠱᠢᠶᠠᠩ ᠳᠠᠨᠢᠯᠴᠠᠭᠤᠯᠤᠨ᠎ᠠ᠃ 





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号