ᠤᠢᠷ᠎ᠠ ᠶ᠋ᠢᠨ ᠡᠲᠦᠷ᠂ ᠤᠷᠲᠤᠰ ᠬᠤᠲᠠ᠎ᠶ᠋ᠢᠨ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠲᠡᠰ᠎ᠠᠴᠠ ᠳ᠋ᠦᠩᠱᠧᠩ ᠲᠤᠭᠤᠷᠢᠭ᠂ ᠲᠠᠯᠠᠳ ᠬᠤᠱᠢᠭᠤ᠂ ᠤᠳᠤᠭ᠎ᠤᠨ ᠡᠮᠦᠨᠡᠲᠦ ᠬᠤᠱᠢᠭᠤ᠂ ᠦᠤᠱᠢᠨ ᠬᠤᠱᠢᠭᠤ ᠵᠡᠷᠭᠡ 4 ᠲᠤᠷᠱᠢᠯᠲᠠ᠎ᠶ᠋ᠢᠨ ᠴᠢᠭ᠋᠎ᠤᠨ 303 ᠲᠠᠯ᠎ᠠ ᠨᠤᠲᠤᠭ᠎ᠤᠨ ᠨᠤᠮ᠎ᠤᠨ ᠦᠷᠦᠭᠡ᠎ᠳᠤ 60.2 ᠲᠦᠮᠡᠨ ᠲᠦᠬᠦᠷᠢᠭ᠎ᠤᠨ ᠦᠷᠲᠡᠭ ᠪᠦᠬᠦᠢ ᠨᠡᠢᠲᠡ 15878 ᠲᠡᠪᠲᠡᠷ ᠨᠤᠮ ᠲᠦᠭᠡᠭᠡᠨ ᠦᠭ᠌ᠪᠡ᠃ ᠡᠨᠡ ᠪᠤᠯ ᠤᠷᠲᠤᠰ ᠬᠤᠲᠠ ᠬᠢᠨ᠎ᠤ ᠲᠠᠯ᠎ᠠ ᠨᠤᠲᠤᠭ᠎ᠤᠨ ᠨᠤᠮ᠎ᠤᠨ ᠦᠷᠦᠭᠡ ᠳᠤ ᠦᠭᠡᠷᠡᠴᠢᠯᠡᠯᠲᠡ ᠬᠢᠬᠦ᠌ ᠲᠤᠷᠱᠢᠯᠲᠠ᠎ᠶ᠋ᠢᠨ ᠴᠢᠭ᠋᠎ᠤᠨ ᠠᠵᠢᠯ ᠳᠠᠬᠢ ᠤᠯᠠᠨ ᠨᠡᠢᠲᠡ᠎ᠶ᠋ᠢᠨ ᠰᠤᠶᠤᠯ᠎ᠢᠶᠠᠷ ᠠᠷᠠᠳ ᠲᠦᠮᠡᠨ᠎ᠳᠤ ᠲᠤᠰᠠ ᠬᠦᠷᠭᠡᠬᠦ᠌ ᠪᠠᠰᠠ ᠨᠢᠭᠡ ᠵᠦᠢᠯ᠎ᠤᠨ ᠠᠷᠭ᠎ᠠ ᠬᠡᠮᠵᠢᠶ᠎ᠡ ᠪᠤᠯᠬᠤ ᠶᠤᠮ᠂ ᠲᠠᠷᠭᠤᠨ ᠨᠠᠮᠤᠷ᠎ᠤᠨ ᠲᠠᠩᠰᠤᠭ ᠬᠤᠷᠢᠶᠠᠯᠲᠠ᠎ᠶ᠋ᠢᠨ ᠦᠶᠡᠰ᠎ᠲᠤ ᠦᠷᠭᠡᠨ ᠤᠯᠠᠨ ᠮᠠᠯᠴᠢᠨ ᠲᠠᠷᠢᠶᠠᠴᠢᠳ᠎ᠲᠤ ᠬᠦᠷᠭᠡᠵᠦ᠍ ᠢᠷᠡᠭ᠌ᠰᠡᠨ 《ᠤᠶᠤᠨ᠎ᠤ ᠬᠦᠨᠡᠰᠦ》 ᠪᠤᠯᠤᠯ᠎ᠠ᠃
ᠤᠢᠠᠯᠠᠭᠠᠬ᠍ᠰᠠᠨᠢᠶᠠᠷ᠂ 《ᠲᠠᠯ᠎ᠠ ᠨᠤᠲᠤᠭ᠎ᠤᠨ ᠨᠤᠮ᠎ᠤᠨ ᠦᠷᠦᠭᠡ》 ᠢᠨᠵᠧᠨᠧᠷᠢᠩ 2008 ᠤᠨ᠎ᠳᠤ ᠡᠬᠢᠯᠡᠭ᠌ᠰᠡᠨ᠎ᠠᠴᠠ ᠨᠠᠭᠠᠰᠢ᠂ ᠤᠷᠲᠤᠰ ᠬᠤᠳᠠ᠎ᠶ᠋ᠢᠨ᠎ᠬᠢᠨ 《ᠲᠠᠯ᠎ᠠ ᠨᠤᠲᠤᠭ᠎ᠤᠨ ᠨᠤᠮ᠎ᠤᠨ ᠦᠷᠦᠭᠡ》 ᠶ᠋ᠢᠨ ᠪᠦᠲᠦᠭᠡᠨ ᠪᠠᠢᠭᠤᠯᠤᠯᠲᠠ᠎ᠶ᠋ᠢ ᠰᠤᠶᠤᠯ᠎ᠢᠶᠠᠷ ᠠᠷᠠᠳ᠎ᠲᠤ ᠲᠤᠰᠠ ᠬᠦᠷᠭᠡᠬᠦ᠌ ᠲᠤᠮᠤ ᠴᠢᠬᠤᠯᠠ ᠵᠦᠢᠯ ᠪᠤᠯᠭᠠᠨ ᠲᠦᠰᠦᠪᠯᠡᠨ ᠲᠦᠯᠦᠪᠯᠡᠭ᠌ᠰᠡᠨ ᠪᠠ ᠲᠦᠯᠬᠢᠨ ᠠᠬᠢᠭᠤᠯᠵᠤ᠂ ᠠᠷᠠᠳ᠎ᠲᠤ ᠲᠤᠰᠠᠳᠠᠢ ᠤᠯᠠᠨ ᠵᠦ᠍ᠢᠯ᠎ᠤᠨ ᠦᠭᠡᠷᠡᠴᠢᠯᠡᠯᠲᠠ᠎ᠶ᠋ᠢᠨ ᠠᠷᠭ᠎ᠠ ᠬᠡᠮᠵᠢᠶ᠎ᠡ ᠤᠷᠢᠳ ᠬᠤᠵᠢᠳ ᠬᠡᠷᠡᠭ᠌ᠵᠢᠬᠦᠯᠦᠨ᠂ 《ᠲᠠᠯ᠎ᠠ ᠨᠤᠲᠤᠭ᠎ᠤᠨ ᠨᠤᠮ᠎ᠤᠨ ᠦᠷᠦᠭᠡ》 ᠶ᠋ᠢ ᠪᠦᠬᠦ᠌ ᠬᠤᠲᠠ᠎ᠶ᠋ᠢᠨ ᠣᠯᠠᠨ ᠨᠡᠢᠲᠡ᠎ᠶ᠋ᠢᠨ ᠨᠤᠮ᠎ᠤᠨ ᠰᠠᠩ᠎ᠤᠨ ᠪᠠᠢᠭᠤᠯᠤᠯᠲᠠ ᠪᠠ ᠴᠤᠭ᠍ᠴᠠᠵᠢᠭᠤᠯᠤᠬ᠍ᠰᠠᠨ ᠦᠭᠡᠷᠡᠴᠢᠯᠡᠯᠲᠡ᠎ᠳᠤ ᠪᠠᠭ᠍ᠲᠠᠭᠠᠨ ᠤᠷᠤᠭᠤᠯᠵᠤ᠂ ᠲᠠᠯ᠎ᠠ ᠨᠤᠲᠤᠭ᠎ᠤᠨ ᠨᠤᠮ᠎ᠤᠨ ᠦᠷᠦᠭᠡ ᠶ᠋ᠢᠨ ᠲᠦᠬᠦᠭᠡᠷᠵᠢᠬᠦᠯᠦᠯᠲᠡ᠂ ᠨᠡᠬᠦᠲᠡᠯ᠂ ᠬᠦᠷᠭᠡᠯᠲᠡ᠂ ᠵᠠᠷᠤᠲᠠᠠᠯ ᠲᠦᠷᠪᠡ᠎ᠶ᠋ᠢ ᠪᠠᠷᠢᠮᠵᠢᠠᠵᠢᠭᠤᠯᠵᠠᠢ᠃ ᠡᠨᠡ ᠵᠢᠯ᠂ ᠱᠢᠨ᠎ᠡ ᠴᠠᠭ ᠡᠷᠢᠨ᠎ᠤ ᠪᠤᠯᠪᠠᠰᠤᠨ᠎ᠤ ᠦᠢᠯᠡᠲᠦᠯᠭᠡ᠎ᠶ᠋ᠢᠨ ᠲᠦᠪ᠎ᠤᠨ ᠲᠤᠷᠱᠢᠯᠲᠡᠯᠤᠭᠠ ᠤᠶᠠᠯᠳᠤᠭᠤᠯᠤᠨ᠂ ᠳ᠋ᠦᠩᠱᠧᠩ ᠲᠤᠭᠤᠷᠢᠭ᠂ ᠲᠠᠯᠠᠳ ᠬᠤᠱᠢᠭᠤ᠂ ᠤᠳᠤᠭ᠎ᠤᠨ ᠡᠮᠦᠨᠡᠲᠦ ᠬᠤᠱᠢᠭᠤ᠂ ᠦᠤᠱᠢᠨ ᠬᠤᠱᠢᠭᠤ ᠶ᠋ᠢ ᠪᠦᠬᠦ᠌ ᠤᠷᠤᠨ᠎ᠤ ᠠᠩᠬᠠᠳᠤᠭ᠍ᠴᠢ ᠪᠦᠯᠣᠭ᠌᠎ᠤᠨ ᠱᠢᠨ᠎ᠡ ᠴᠠᠭ ᠡᠷᠢᠨ ᠤ ᠲᠠᠯ᠎ᠠ ᠨᠤᠲᠤᠭ᠎ᠤᠨ ᠨᠤᠮ᠎ᠤᠨ ᠦᠷᠦᠭᠡ ᠶ᠋ᠢᠨ ᠦᠭᠡᠷᠡᠴᠢᠯᠡᠯᠲᠡ᠎ᠶ᠋ᠢ ᠬᠦᠨᠵᠡᠭᠡᠢᠷᠡᠬᠦᠯᠬᠦ᠌ ᠲᠤᠷᠱᠢᠯᠲᠡᠶ᠋ᠢᠨ ᠴᠢᠭ᠋ ᠪᠤᠯᠭᠠᠪᠠ᠃ ᠤᠲᠤᠬᠠᠨ᠎ᠳᠤ᠂ ᠪᠦᠬᠦ᠌ ᠬᠤᠲᠠ᠎ᠳᠤ ᠨᠤᠮ᠎ᠤᠨ ᠦᠷᠦᠭᠡ 736 ᠪᠠᠢᠭᠤᠯᠵᠤ᠂ ᠡᠬᠦᠨ᠎ᠤ ᠲᠤᠲᠤᠷ᠎ᠠ ᠦᠤᠱᠢᠨ ᠬᠤᠱᠢᠭᠤ 57 ᠲᠠᠯ᠎ᠠ ᠨᠤᠲᠤᠭ᠎ᠤᠨ ᠨᠤᠮ᠎ᠤᠨ ᠦᠷᠦᠭᠡ ᠪᠠᠢᠭᠤᠯᠤᠬ᠍ᠰᠠᠨ ᠪᠦᠭᠡᠳ ᠪᠦᠬᠦ᠌ ᠬᠤᠲᠠ᠎ᠳᠤ ᠲᠦᠷᠦᠬᠦᠯᠡᠨ ᠬᠤᠶᠠᠳᠤᠭᠠᠷ ᠱᠠᠳᠤᠨ᠎ᠤ ᠰᠠᠯᠪᠤᠷᠢ ᠨᠤᠮ᠎ᠤᠨ ᠰᠠᠩ᠎ᠤᠨ ᠲᠦᠷᠦᠯ ᠵᠦᠢᠯ᠎ᠤᠨ ᠪᠦᠲᠦᠭᠡᠨ ᠪᠠᠢᠭᠤᠯᠤᠯᠲᠠ᠎ᠶ᠋ᠢ ᠪᠡᠶᠡᠯᠡᠬᠦᠯᠵᠦ᠍᠂ ᠬᠤᠱᠢᠭᠤ ᠲᠠᠶᠠᠭᠠᠷ᠎ᠲᠤ ᠨᠢᠭᠡᠲᠦᠯᠲᠡᠢ ᠵᠢᠭᠡᠯᠡᠬᠦ᠌ ᠨᠢᠭᠡᠲᠦᠯᠲᠡᠢ ᠪᠤᠴᠠᠭᠠᠬᠤ᠂ ᠬᠤᠲᠠ ᠪᠠᠯᠭᠠᠰᠤᠨ᠎ᠤ ᠰᠤᠷᠪᠤᠯᠵᠢ ᠪᠢᠴᠢᠭ᠎ᠤᠨ ᠰᠤᠷᠠᠭ ᠴᠢᠮᠡᠭᠡᠨ᠎ᠤᠨ ᠦᠢᠯᠡᠴᠢᠯᠡᠭᠡ ᠶ᠋ᠢ ᠬᠤᠱᠢᠭᠤ ᠲᠠᠶᠠᠭᠠᠷ᠎ᠲᠤ ᠦᠨᠴᠦᠭ ᠪᠤᠯᠤᠩ ᠦᠭᠡᠢ ᠪᠦᠷᠬᠦᠬᠦᠯᠪᠡ᠃
ᠤᠷᠲᠤᠰ ᠬᠤᠲᠠ᠎ᠶ᠋ᠢᠨ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠲᠡᠰ᠎ᠤᠨ ᠲᠠᠷᠤᠭ᠎ᠠ ᠾᠧ ᠬᠠᠢ ᠶᠦᠨ ᠰᠤᠷᠪᠤᠯᠵᠢᠯᠠᠬ᠍ᠴᠢ᠎ᠳᠤ ᠬᠡᠯᠡᠬᠦ᠌᠎ᠳᠡᠭᠡᠨ᠄ 《ᠪᠦᠬᠦ᠌ ᠬᠤᠲᠠ᠎ᠪᠠᠷ᠎ᠢᠶᠠᠨ 〈ᠲᠠᠯ᠎ᠠ ᠨᠤᠲᠤᠭ᠎ᠤᠨ ᠨᠤᠮ᠎ᠤᠨ ᠦᠷᠦᠭᠡ〉 ᠶ᠋ᠢᠨ ᠨᠤᠮ ᠲᠡᠪᠲᠡᠷ ᠲᠦᠭᠡᠭᠡᠨ ᠦᠭ᠌ᠬᠦ ᠠᠵᠢᠯ᠎ᠢ ᠬᠦᠨᠵᠡᠭᠡᠢᠷᠡᠬᠦᠯᠵᠦ᠍᠂ ᠰᠤᠶᠤᠯ᠎ᠤᠨ ᠪᠠᠢᠭᠤᠯᠤᠮᠵᠢ᠎ᠶ᠋ᠢᠨ ᠦᠭᠡᠷᠡᠴᠢᠯᠡᠯᠲᠡ᠎ᠪᠠᠷ ᠲᠠᠮᠵᠢᠭᠤᠯᠤᠨ ᠮᠠᠯᠴᠢᠨ ᠲᠠᠷᠢᠶᠠᠴᠢᠳ᠎ᠤᠨ ᠴᠢᠨᠡᠭᠡᠯᠢᠭ ᠨᠡᠢᠭᠡᠮ ᠪᠠᠢᠭᠤᠯᠬᠤ᠎ᠳᠤ ᠦᠨᠡᠨ ᠬᠦ᠌ ᠦᠢᠯᠡᠴᠢᠯᠡᠬᠦᠯᠦᠨ᠎ᠡ᠃ ᠤᠳᠤ ᠨᠤᠮ᠎ᠤᠨ ᠦᠷᠦᠭᠡᠨᠦᠭᠦᠳ ᠨᠢ ᠦᠷᠭᠡᠨ ᠤᠯᠠᠨ ᠮᠠᠯᠴᠢᠨ ᠲᠠᠷᠢᠶᠠᠴᠢᠳ᠎ᠤᠨ 〈ᠤᠶᠤᠨ᠎ᠤ ᠬᠦᠷᠲᠡᠭᠡᠯ〉᠂ 〈ᠱᠢᠨᠵᠢᠯᠡᠬᠦ᠌ ᠤᠬᠠᠭᠠᠨ ᠤ ᠣᠷᠳᠣᠨ〉᠂ 〈ᠮᠡᠲᠡᠯᠭᠡ ᠮᠡᠲᠡᠴᠡ ᠰᠡᠯᠪᠢᠬᠦ᠌ ᠭᠠᠵᠠᠷ〉 ᠪᠤᠯᠵᠤ᠂ ᠮᠠᠯᠴᠢᠨ ᠲᠠᠷᠢᠶᠠᠴᠢᠳ᠎ᠤᠨ ᠰᠤᠶᠤᠯ᠎ᠤᠨ ᠡᠷᠬᠡ ᠠᠱᠢᠭ ᠢ ᠪᠠᠳᠤᠯᠠᠬᠤ᠂ ᠰᠤᠶᠤᠯ᠎ᠤᠨ ᠰᠤᠷᠠᠭ ᠴᠢᠮᠡᠭᠡ᠎ᠶ᠋ᠢ ᠬᠠᠮᠳᠤ᠎ᠪᠠᠷ ᠡᠳ᠋ᠯᠡᠬᠦ᠌᠎ᠳᠤ ᠴᠢᠬᠤᠯᠠ ᠦᠢᠯᠡᠲᠦᠯ ᠦᠵᠡᠬᠦᠯᠵᠦ᠍ ᠪᠠᠢᠨ᠎ᠠ》 ᠭᠡᠯᠡ᠃
http://mongol.people.com.cn/15827964.html