ᠪᠠᠭᠠᠷᠢᠨ ᠪᠠᠷᠠᠭᠤᠨ ᠬᠤᠱᠢᠭᠤ ᠄ ᠡᠪᠦᠯ᠎ᠤᠨ ᠭᠠᠯ ᠲᠦᠢᠮᠡᠷ᠎ᠢ ᠰᠡᠷᠭᠡᠢᠯᠡᠨ ᠤᠨᠳᠠᠷᠠᠭᠠᠬᠤ ᠠᠵᠢᠯ᠎ᠢ ᠴᠢᠩᠭ᠎ᠠ ᠠᠳᠭᠤᠵᠦ᠍ ᠪᠠᠢᠨ᠎ᠠ
2020-11-16 10:25:04
ᠵᠣᠬᠢᠶᠠᠭ᠍ᠴᠢ᠄
ᠨᠣᠷᠪᠤᠪᠠᠽᠠᠷ
ᠣᠩᠱᠢᠭ᠍ᠰᠠᠨ ᠣᠳᠠᠭ᠎ᠠ᠄
★★★☆☆

ᠪᠠᠭᠠᠷᠢᠨ ᠪᠠᠷᠠᠭᠤᠨ ᠬᠤᠱᠢᠭᠤ ᠡᠪᠦᠯ᠎ᠤᠨ ᠤᠯᠠᠷᠢᠯ᠎ᠤᠨ ᠤᠢ ᠱᠢᠭᠤᠢ ᠨᠤᠳᠤᠭ ᠪᠡᠯᠴᠢᠭᠡᠷ᠎ᠤᠨ ᠭᠠᠯ ᠲᠦᠢᠮᠡᠷ᠎ᠢ ᠰᠡᠷᠭᠡᠢᠯᠡᠬᠦ᠌ ᠪᠡᠯᠡᠳᠭᠡᠯ᠎ᠢ ᠪᠦᠬᠦ᠌ ᠲᠠᠯ᠎ᠠ᠎ᠪᠠᠷ ᠬᠢᠵᠦ᠍᠂ ᠭᠡᠭᠡᠷ᠎ᠡ ᠭᠠᠳᠠᠨᠠᠬᠢ ᠭᠠᠯ ᠲᠦᠢᠮᠡᠷ᠎ᠤᠨ ᠰᠣᠷᠪᠣᠯᠵᠢ᠎ᠶ᠋ᠢ ᠬᠠᠮᠢᠶᠠᠷᠤᠨ ᠡᠵᠡᠮᠳᠡᠬᠦ᠌ ᠡᠷᠴᠢᠮ᠎ᠢᠶᠠᠨ ᠴᠢᠩᠭᠠᠷᠠᠭᠤᠯᠤᠠ᠂ ᠭᠠᠯ ᠲᠦᠢᠮᠡᠷ ᠭᠠᠷᠴᠦ᠍ ᠮᠡᠳᠡᠬᠦ᠌ ᠡᠯ᠎ᠡ ᠵᠦᠢᠯ᠎ᠤᠨ ᠲᠠᠯᠳᠠ ᠭᠡᠮ᠎ᠢ ᠪᠦᠬᠦ᠌ ᠲᠠᠯ᠎ᠠ᠎ᠪᠠᠷ᠂ ᠨᠠᠷᠢᠨ ᠬᠢᠨᠠᠮᠠᠭᠠᠢ ᠪᠠᠢᠴᠠᠭᠠᠵᠦ᠍᠂ ᠡᠨᠡ ᠵᠢᠯ᠎ᠤᠨ ᠡᠪᠦᠯ᠎ᠤᠨ ᠤᠯᠠᠷᠢᠯ᠎ᠤᠨ ᠤᠢ ᠱᠢᠭᠤᠢ ᠨᠤᠳᠤᠭ ᠪᠡᠯᠴᠢᠭᠡᠷ᠎ᠤᠨ ᠭᠠᠯ ᠲᠦᠢᠮᠡᠷ᠎ᠢ ᠰᠡᠷᠭᠡᠢᠯᠡᠨ ᠤᠨᠳᠠᠷᠠᠭᠠᠬᠤ ᠠᠵᠢᠯ᠎ᠢ ᠣᠰᠣᠯᠳᠠᠯ ᠦᠭᠡᠢ ᠪᠡᠶᠡᠯᠡᠭᠦᠯᠬᠦ᠌᠎ᠶ᠋ᠢ ᠦᠨᠡᠨ ᠬᠦ᠌ ᠪᠠᠳᠤᠯᠠᠵᠦ᠍ ᠪᠠᠢᠨ᠎ᠠ᠃

ᠡᠯ᠎ᠡ ᠰᠣᠮᠣ ᠪᠠᠯᠭᠠᠰᠦ ᠵᠡᠭᠡᠯᠢ ᠭᠤᠳᠤᠮᠵᠢ᠂ ᠤᠢ ᠱᠢᠭᠤᠢ᠎ᠶ᠋ᠢᠨ ᠲᠠᠯᠠᠪᠠᠢ᠂ ᠡᠯ᠎ᠡ ᠨᠢᠭᠡᠴᠢ ᠬᠠᠷᠢᠭᠤᠴᠠᠯᠭ᠎ᠠ᠎ᠶ᠋ᠢ ᠱᠠᠳᠦ ᠱᠠᠳᠦ᠎ᠪᠠᠷ ᠪᠠᠳᠤᠳᠠᠢ ᠨᠠᠢᠳᠠᠪᠤᠷᠢᠵᠢᠭᠤᠯᠤᠨ᠂ ᠬᠠᠷᠠᠯᠳᠠ᠎ᠪᠠᠨ ᠲᠣᠳᠣᠷᠬᠠᠢᠯᠠᠵᠦ᠍᠂ ᠲᠤᠰ ᠭᠠᠵᠠᠷ ᠣᠷᠣᠨ᠎ᠤ ᠭᠠᠯ ᠲᠦᠢᠮᠡᠷ᠎ᠢ ᠰᠡᠷᠭᠡᠢᠯᠡᠨ ᠤᠨᠳᠠᠷᠠᠭᠠᠬᠤ ᠲᠦᠰᠦᠯ᠎ᠢ ᠲᠤᠭ᠍ᠳᠠᠭᠠᠵᠦ᠍ ᠲᠡᠭᠦᠯᠳᠡᠷᠵᠢᠭᠦᠯᠦᠨ᠂ ᠭᠠᠯ ᠲᠦᠢᠮᠡᠷ᠎ᠢ ᠤᠷᠢᠳᠴᠢᠯᠠᠨ ᠰᠡᠷᠡᠮᠵᠢᠯᠡᠭᠦᠯᠬᠦ᠌ ᠲᠣᠭ᠍ᠳᠠᠴᠠ᠎ᠶ᠋ᠢ ᠪᠠᠢᠭᠤᠯᠤᠭᠠᠳ ᠤᠢ ᠱᠢᠭᠤᠢ ᠨᠤᠳᠤᠭ ᠪᠡᠯᠴᠢᠭᠡᠷ᠎ᠤᠨ ᠭᠠᠯ ᠲᠦᠢᠮᠡᠷ᠎ᠢ ᠰᠡᠷᠭᠡᠢᠯᠡᠨ ᠤᠨᠳᠠᠷᠠᠭᠠᠬᠤ ᠠᠵᠢᠯ᠎ᠢ ᠪᠠᠳᠤᠳᠠᠢ ᠨᠠᠢᠳᠠᠪᠤᠷᠢᠵᠢᠭᠤᠯᠪᠠ᠃ 

ᠤᠬᠠᠭᠤᠯᠭ᠎ᠠ ᠬᠦᠮᠦᠵᠢᠯ᠎ᠤᠨ ᠡᠷᠴᠢᠮ᠎ᠢᠶᠠᠨ ᠴᠢᠩᠭᠠᠷᠠᠭᠤᠯᠵᠤ᠂ ᠭᠠᠯ᠎ᠤᠨ ᠰᠣᠷᠪᠣᠯᠵᠢ᠎ᠶ᠋ᠢᠨ ᠬᠠᠮᠢᠶᠠᠷᠤᠯᠳᠠ᠎ᠶ᠋ᠢᠨ ᠲᠣᠭ᠍ᠳᠠᠭᠠᠯ᠂ ᠠᠮᠤᠷ ᠲᠦᠪᠱᠢᠨ᠎ᠢᠶᠠᠷ ᠠᠶᠤᠯ᠎ᠠᠴᠠ ᠵᠠᠢᠯᠠᠬᠤ ᠮᠡᠳᠡᠯᠭᠡ᠎ᠶ᠋ᠢ ᠲᠦᠭᠡᠮᠡᠯᠵᠢᠭᠦᠯᠦᠨ᠂ ᠤᠢ ᠱᠢᠭᠤᠢ ᠨᠤᠳᠤᠭ ᠪᠡᠯᠴᠢᠭᠡᠷ᠎ᠤᠨ ᠭᠠᠯ ᠲᠦᠢᠮᠡᠷ᠎ᠢ ᠰᠡᠷᠭᠡᠢᠯᠡᠬᠦ᠌ ᠤᠬᠠᠭᠤᠯᠭ᠎ᠠ᠎ᠶ᠋ᠢ ᠰᠤᠷᠭᠠᠭᠤᠯᠢ᠂ ᠨᠡᠢᠭᠡᠮ ᠲᠣᠭᠤᠷᠢᠭ᠂ ᠭᠠᠴᠠᠭ᠎ᠠ ᠲᠤᠰᠭᠤᠨ᠂ ᠠᠢᠯ ᠡᠷᠦᠭᠡ᠂ ᠤᠢᠯᠡᠳᠪᠤᠷᠢᠯᠡᠯ᠎ᠤᠨ ᠠᠵᠦ᠍ ᠠᠬᠤᠢᠯᠠᠯ᠎ᠳᠤ ᠬᠦᠷᠭᠡᠵᠤ᠂ ᠪᠦᠬᠦ᠌ ᠨᠡᠢᠭᠡᠮ᠎ᠤᠨ ᠭᠠᠯ ᠲᠦᠢᠮᠡᠷ᠎ᠢ ᠰᠡᠷᠭᠡᠢᠯᠡᠬᠦ᠌ ᠤᠬᠠᠮᠰᠠᠷ ᠪᠠ ᠦᠪᠡᠷ᠎ᠢ᠎ᠪᠠᠨ ᠠᠪᠤᠷᠠᠬᠤ ᠴᠢᠳᠠᠯ᠎ᠢ ᠲᠡᠭᠡᠭ᠌ᠰᠢᠯᠡᠭᠦᠯᠪᠡ᠃

ᠭᠠᠯ ᠲᠦᠢᠮᠡᠷ᠎ᠢ ᠤᠨᠳᠠᠷᠠᠭᠠᠬᠤ ᠲᠤᠬᠠᠢᠯᠠᠭ᠍ᠰᠠᠨ ᠠᠵᠢᠯ᠎ᠤᠨ ᠴᠢᠳᠠᠪᠤᠷᠢ᠎ᠶ᠋ᠢ ᠴᠢᠩᠭᠠᠷᠠᠭᠤᠯᠵᠤ᠂ ᠬᠤᠱᠢᠭᠤᠨ᠎ᠤ ᠤᠢ ᠱᠢᠭᠤᠢ ᠨᠤᠳᠤᠭ ᠪᠡᠯᠴᠢᠭᠡᠷ᠎ᠤᠨ ᠭᠠᠯ ᠲᠦᠢᠮᠡᠷ᠎ᠢ ᠰᠡᠷᠭᠡᠢᠯᠡᠨ ᠤᠨᠳᠠᠷᠠᠭᠠᠬᠤ ᠵᠢᠯᠣᠭᠤᠳᠭᠤ ᠭᠠᠵᠠᠷ᠎ᠤᠨ ᠪᠦᠷᠢᠯᠳᠦᠭᠦᠨ ᠨᠢᠭᠡᠴᠢ᠂ ᠭᠠᠯ ᠲᠦᠢᠮᠡᠷ᠎ᠢ ᠤᠨᠳᠠᠷᠠᠭᠠᠬᠤ ᠠᠩᠬᠢ ᠪᠠᠴᠢᠮ ᠪᠠᠢᠳᠠᠯ᠎ᠢ ᠠᠷᠭᠠᠴᠠᠭᠠᠬᠤ᠎ᠪᠠᠷ ᠴᠠᠭ ᠢᠮᠠᠭ᠍ᠳᠠ ᠪᠠᠯᠡᠭᠡᠨ ᠪᠠᠢᠵᠤ᠂ ᠭᠠᠯ ᠲᠦᠢᠮᠡᠷ ᠤᠨᠳᠠᠷᠠᠭᠠᠬᠤ ᠪᠠᠭᠠᠵᠢ ᠵᠡᠪᠰᠡᠭ᠂ ᠵᠠᠮ ᠬᠠᠷᠢᠯᠴᠠᠭᠠᠨ᠎ᠤ ᠲᠦᠭᠦᠭᠡᠷᠤᠮᠵᠢ᠂ ᠲᠤᠰᠤᠨ᠎ᠤ ᠵᠠᠷᠤᠳᠠᠯ᠂ ᠠᠷᠦ᠍ ᠲᠠᠯ᠎ᠠ᠎ᠶ᠋ᠢᠨ ᠬᠠᠩᠭᠠᠯᠭ᠎ᠠ ᠵᠡᠷᠭᠡ᠎ᠶ᠋ᠢ ᠪᠣᠳᠠᠳᠠᠢ ᠨᠠᠢᠳᠠᠪᠤᠷᠢᠵᠢᠭᠤᠯᠪᠠ᠃




ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号