《ᠵᠠᠷᠤᠳ ᠨᠣᠳᠤᠭ᠎ᠤᠨ ᠠᠭᠤᠯᠠ ᠣᠰᠣ》 ᠭᠡᠬᠦ᠌ ᠱᠢᠷᠢᠰ ᠴᠤᠪᠤᠷᠠᠯ ᠪᠢᠴᠢᠭ᠎ᠤᠨ ᠬᠤᠶᠠᠳᠤᠭᠠᠷ ᠪᠦᠯᠦᠭ ᠬᠡᠪᠯᠡᠭ᠌ᠳᠡᠯ᠎ᠡ
2020-11-16 10:25:20
ᠵᠣᠬᠢᠶᠠᠭ᠍ᠴᠢ᠄
ᠬᠠᠠ ᠤᠷᠠᠯᠢᠭ
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ᠂ ᠵᠠᠷᠣᠳ ᠬᠤᠱᠢᠭᠤᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠡᠯ᠎ᠤᠨ ᠪᠠᠢᠩᠭᠤ᠎ᠶ᠋ᠢᠨ ᠬᠤᠷᠢᠶᠡᠨ᠎ᠳᠤ ᠠᠵᠢᠯ ᠠᠯᠪᠡ᠎ᠲᠠᠢ ᠪᠣᠶᠠᠨᠮᠦᠩᠭᠡ᠎ᠶ᠋ᠢᠨ ᠣᠷᠣᠨ ᠨᠤᠲᠤᠭ᠎ᠤᠨ ᠰᠣᠶᠣᠯ᠎ᠤᠨ ᠲᠥᠯᠥᠭᠡᠯᠡᠭ᠌ᠴᠢ ᠪᠦᠲᠦᠭᠡᠯ 《ᠵᠠᠷᠤᠳ ᠨᠣᠳᠤᠭ᠎ᠤᠨ ᠠᠭᠤᠯᠠ ᠣᠰᠣ》 ᠭᠡᠬᠦ᠌ ᠱᠢᠷᠢᠰ ᠴᠤᠪᠤᠷᠠᠯ ᠪᠢᠴᠢᠭ᠎ᠤᠨ ᠬᠤᠶᠠᠳᠤᠭᠠᠷ ᠪᠦᠯᠦᠭ ᠬᠡᠪᠯᠡᠭ᠌ᠳᠡᠪᠡ᠃ 

ᠲᠤᠰ ᠪᠦᠯᠦᠭ᠎ᠲᠤ ᠭᠤᠣᠯᠳᠠᠭᠤ ᠠᠭᠤᠯᠠ ᠬᠠᠢᠷᠬᠠᠨ᠂ ᠲᠠᠪᠠᠭ᠎ᠠ ᠬᠦᠳᠣᠯ᠎ᠠᠴᠠ ᠭᠠᠷᠳᠡᠵᠦ᠍᠂ ᠵᠠᠷᠤᠳ ᠬᠤᠱᠢᠭᠤᠨ᠎ᠤ ᠥᠪᠡᠷᠮᠢᠴᠡ ᠣᠨᠴᠠᠯᠢᠭ ᠪᠦᠬᠦᠢ ᠬᠠᠩᠭᠠᠢ ᠨᠣᠳᠤᠭ᠎ᠤᠨ ᠰᠣᠶᠣᠯ᠎ᠤᠨ ᠣᠨᠴᠠᠯᠢᠭ᠎ᠢ ᠭᠦᠨᠵᠡᠭᠡᠶ ᠠᠭᠤᠳᠠᠯᠤᠨ ᠳᠡᠯᠭᠡᠨ ᠦᠵᠡᠬᠦᠯᠦᠭ᠌ᠰᠡᠨ ᠪᠠᠢᠨ᠎ᠠ᠃ ᠪᠣᠶᠠᠨᠮᠦᠩᠬᠡ 《ᠵᠠᠷᠤᠳ ᠨᠣᠳᠤᠭ᠎ᠤᠨ ᠠᠭᠤᠯᠠ ᠣᠰᠣ》 ᠬᠡᠬᠦ᠌ ᠭᠠᠵᠡᠷ ᠣᠰᠣᠨ᠎ᠤ ᠨᠡᠷᠡᠢᠳᠣᠯ᠎ᠤᠨ ᠨᠣᠮ᠎ᠤᠨ ᠭᠤᠣᠯ ᠮᠦᠷᠡᠨ᠂ ᠨᠠᠭᠤᠷ ᠱᠠᠩᠳᠠ᠎ᠶ᠋ᠢᠨ ᠬᠡᠪᠯᠡᠯ᠎ᠢᠶᠠᠨ 2018 ᠣᠨ᠎ᠳᠤ ᠪᠢᠴᠢᠵᠥ᠍ ᠨᠠᠢᠳᠠᠯᠡᠬᠦᠯᠦᠭ᠌ᠰᠡᠡ᠎ᠠᠴᠠ ᠨᠠᠭᠠᠰᠢ᠂ 70 ᠲᠦᠮᠡ ᠭᠠᠷᠤᠢ ᠥᠰᠥᠭ᠎ᠲᠠᠢ᠂ ᠬᠤᠱᠢᠭᠤᠨ᠎ᠤ᠎ᠪᠠᠨ 100 ᠭᠠᠷᠣᠢ ᠭᠤᠣᠯ ᠭᠤᠷᠤᠬ᠎ᠠ᠂ 300 ᠭᠠᠷᠤᠢ ᠪᠤᠯᠠᠭ ᠱᠠᠩᠳᠠ᠂ 5000 ᠭᠠᠷᠤᠢ ᠠᠭᠤᠯᠠ ᠬᠠᠢᠷᠬᠠᠨ᠂ 400 ᠭᠠᠷᠤᠢ ᠲᠠᠪᠠᠭ᠎ᠠ ᠬᠦᠳᠣᠯ᠂ 70 ᠭᠠᠷᠤᠢ ᠨᠠᠭᠤᠷ ᠴᠦᠬᠦᠷᠣᠮ᠎ᠢ ᠪᠦᠷᠢᠳᠭᠡᠨ ᠲᠡᠮᠳᠡᠭ᠌ᠯᠡᠵᠥ᠍᠂ ᠵᠠᠷᠤᠳ᠎ᠤᠨ ᠠᠭᠤᠯᠠ ᠤᠰᠤᠨ᠎ᠤ ᠭᠠᠵᠠᠷ᠎ᠤᠨ ᠨᠠᠷᠡᠢᠳᠣᠯ᠎ᠤᠨ ᠰᠣᠶᠣᠯ᠎ᠤᠨ ᠬᠦᠨ ᠰᠠᠨᠠᠭ᠎ᠠ᠎ᠶ᠋ᠢ ᠦᠷᠬᠡᠨ ᠣᠯᠠᠨ ᠲᠦᠮᠡᠨ᠎ᠳᠤ ᠨᠠᠷᠢᠯᠢᠭ ᠪᠣᠳᠠᠳᠠᠢ ᠲᠠᠨᠢᠯᠴᠠᠭᠤᠯᠣᠭ᠍ᠰᠡᠨ ᠪᠠᠢᠨ᠎ᠠ᠃ 


untitled.png


《ᠵᠠᠷᠤᠳ ᠨᠣᠳᠤᠭ᠎ᠤᠨ ᠠᠭᠤᠯᠠ ᠣᠰᠣ》 ᠬᠡᠬᠦ᠌ ᠭᠠᠵᠠᠷ ᠣᠰᠣᠨ᠎ᠤ ᠨᠡᠷᠡᠢᠳᠣᠯ᠎ᠤᠨ ᠱᠢᠷᠢᠰ ᠴᠤᠪᠤᠷᠠᠯ ᠪᠢᠴᠢᠭ ᠵᠠᠷᠤᠳ᠎ᠤᠨ ᠲᠡᠣᠬᠡ ᠰᠣᠶᠣᠯ᠎ᠢ ᠰᠤᠳᠤᠯᠬᠤ᠎ᠳᠤ ᠠᠩᠬᠠᠨ᠎ᠤ ᠮᠠᠲ᠋ᠧᠷᠢᠶᠠᠯ ᠬᠠᠩᠭᠠᠬ᠍ᠰᠡᠨ᠎ᠢᠶᠠᠷ ᠪᠠᠷᠠᠬᠤ ᠦᠭᠡᠶ ᠣᠷᠣᠨ ᠨᠤᠲᠤᠭ᠎ᠤᠨ ᠣᠨᠴᠠᠯᠢᠭ ᠪᠦᠬᠦᠢ ᠲᠡᠣᠬᠡ ᠰᠣᠶᠣᠯ᠎ᠢ ᠡᠮᠬᠢᠳᠭᠡᠨ ᠠᠭᠤᠳᠠᠯᠬᠤ᠎ᠳᠤ ᠲᠥᠯᠥᠭᠡᠯᠡᠬᠦ᠌ ᠪᠦᠲᠦᠭᠡᠯ ᠪᠣᠯᠤᠭ᠍ᠰᠠᠨ ᠪᠠᠢᠨ᠎ᠠ᠃ ᠦᠢᠯᠠᠭᠠᠭ᠍ᠰᠡᠨ᠎ᠢᠶᠠᠷ᠂ ᠪᠣᠶᠠᠨᠮᠦᠩᠭᠡ 《ᠵᠠᠷᠤᠳ ᠨᠣᠳᠤᠭ᠎ᠤᠨ ᠠᠭᠤᠯᠠ ᠣᠰᠣ》 ᠎ᠶ᠋ᠢᠨ᠎ᠢᠶᠠᠨ ᠭᠤᠷᠪᠠᠳᠤᠭᠠᠷ ᠪᠦᠯᠦᠭ ᠪᠣᠯᠬᠤ ᠲᠡᠯ᠎ᠡ ᠵᠢᠯᠠᠭ᠎ᠠ᠂ ᠮᠠᠩᠬ᠎ᠠ ᠵᠣ᠎ᠶ᠋ᠢᠨ ᠬᠡᠪᠯᠡᠯ᠎ᠢᠶᠠᠨ ᠪᠢᠴᠢᠬᠦ᠌ ᠠᠵᠢᠯ᠎ᠢᠶᠠᠨ ᠡᠬᠢᠯᠡᠬᠦᠯᠵᠥ᠍᠂ ᠨᠢᠭᠡᠨᠲᠡ 20 ᠲᠦᠮᠡ ᠭᠠᠷᠤᠢ ᠦᠰᠦᠭ ᠱᠢᠪᠡᠵᠤ ᠬᠡᠪᠯᠡᠯ᠎ᠳᠤ ᠦᠭ᠌ᠬᠦ᠎ᠪᠠᠷ ᠱᠢᠮᠳᠡᠵᠦ᠍ ᠪᠣᠢ᠃





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号