ᠳᠦᠷᠪᠡᠳ ᠬᠤᠱᠢᠭᠤᠨ᠎ᠠᠴᠠ ᠮᠤᠩᠭᠤᠯ ᠦᠰᠦᠭ᠎ᠲᠠᠢ ᠬᠠᠳᠠᠨ ᠪᠢᠴᠢᠭᠡᠰᠦ᠎ᠶ᠋ᠢ ᠢᠯᠡᠷᠡᠭᠦᠯᠪᠡ
2020-11-09 10:26:05
ᠵᠣᠬᠢᠶᠠᠭ᠍ᠴᠢ᠄
ᠨᠠᠷᠠᠨᠴᠢᠮᠡᠭ
ᠣᠩᠱᠢᠭ᠍ᠰᠠᠨ ᠣᠳᠠᠭ᠎ᠠ᠄
★★★☆☆

11 ᠰᠠᠷ᠎ᠠ᠎ᠶ᠋ᠢᠨ 2 ᠎ᠤᠨ ᠡᠳᠦᠷ᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠡᠷᠲᠡᠨ᠎ᠤ ᠰᠤᠷᠪᠤᠯᠵᠢ ᠪᠢᠴᠢᠭ ᠰᠤᠳᠤᠯᠬᠤ ᠳᠠᠰᠤᠭ᠎ᠤᠨ ᠬᠠᠷᠢᠭᠤᠴᠠᠯᠭᠠᠲᠠᠨ᠂ ᠮᠤᠩᠭᠤᠯ ᠰᠤᠳᠤᠯᠤᠯ᠎ᠤᠨ ᠳᠡᠭᠡᠳᠦ ᠰᠤᠷᠭᠠᠭᠤᠯᠢ᠎ᠶ᠋ᠢᠨ ᠤᠶᠤᠨ ᠫᠷᠤᠹᠧᠰᠰᠤᠷ ᠨᠠᠷ ᠨᠤᠲᠤᠭ᠎ᠤᠨ ᠬᠦᠮᠦᠰ᠎ᠠᠴᠠ ᠰᠦᠪᠡᠭ᠌ᠴᠢ ᠤᠯᠵᠤ᠂ ᠤᠯᠠᠭᠠᠨᠴᠠᠪ ᠬᠤᠲᠠ᠎ᠶ᠋ᠢᠨ ᠳᠦᠷᠪᠡᠳ ᠬᠤᠱᠢᠭᠤᠨ᠎ᠤ ᠬᠢᠵᠠᠭᠠᠷ᠎ᠠᠴᠠ ᠤᠢ᠍ᠢᠭᠤᠷᠵᠢᠨ ᠮᠤᠩᠭᠤᠯ ᠦᠰᠦᠭ᠎ᠢᠶᠠᠷ ᠪᠢᠴᠢᠭ᠌ᠳᠡᠭ᠌ᠰᠡᠨ 40 ᠭᠠᠷᠤᠢ ᠬᠠᠳᠠᠨ ᠪᠢᠴᠢᠭᠡᠰᠦ᠎ᠶ᠋ᠢ ᠱᠢᠨ᠎ᠡ᠎ᠪᠠᠷ ᠢᠯᠡᠷᠡᠭᠦᠯᠦᠭ᠌ᠰᠡᠨ ᠪᠠᠢᠨ᠎ᠠ᠃

ᠤᠶᠤᠨ ᠫᠷᠤᠹᠧᠰᠰᠤᠷ᠎ᠤᠨ ᠲᠠᠨᠢᠯᠴᠠᠭᠤᠯᠤᠭ᠍ᠰᠠᠨ᠎ᠢᠶᠠᠷ᠂ ᠡᠳᠡᠭᠡᠷ ᠬᠠᠳᠠᠨ ᠪᠢᠴᠢᠭᠡᠰᠦ᠎ᠨᠢ ᠳᠦᠷᠪᠡᠳ ᠬᠤᠱᠢᠭᠤᠨ᠎ᠤ ᠲᠦᠪ ᠤᠯᠠᠭᠠᠨᠬᠤᠸᠠ ᠪᠠᠯᠭᠠᠰᠤᠨ᠎ᠠᠴᠠ ᠵᠡᠭᠦᠨᠰᠢ 100 ᠭᠠᠷᠤᠢ ᠺᠢᠯᠦᠮᠧᠲᠷ᠎ᠤᠨ ᠵᠠᠢᠲᠠᠢ ᠪᠠᠶᠠᠨᠴᠤᠭ᠍ᠲᠤ ᠪᠠᠯᠭᠠᠰᠤᠨ᠎ᠤ ᠤᠯᠠᠭᠠᠨᠬᠠᠳᠠ ᠭᠠᠴᠠᠭᠠᠨ᠎ᠤ ᠪᠢᠴᠢᠭ᠌ᠲᠦ᠎ᠶ᠋ᠢᠨ ᠬᠠᠳᠠ ᠭᠡᠬᠦ᠌ ᠭᠠᠵᠠᠷ᠎ᠲᠤ ᠪᠠᠢᠵᠤ᠂ ᠳᠤᠪᠤᠷᠬᠠᠭ ᠭᠠᠵᠠᠷ᠎ᠤᠨ ᠬᠠᠪᠴᠢᠯ᠎ᠳᠠᠬᠢ ᠭᠠᠵᠠᠷ᠎ᠤᠨ ᠳᠦᠪᠱᠢᠨ᠎ᠠᠴᠠ ᠳᠤᠷᠤᠭ᠍ᠰᠢ ᠬᠤᠷᠢᠭᠠᠳ ᠮᠧᠳ᠋ᠷ᠎ᠤᠨ ᠭᠤᠤ᠎ᠶ᠋ᠢᠨ ᠳᠤᠲᠤᠷᠠᠬᠢ ᠬᠤᠢᠳᠤ ᠡᠩᠭᠡᠷ᠎ᠢᠶᠠᠷ ᠳᠠᠷᠬᠠᠵᠤ ᠪᠤᠢ᠃ ᠳᠤᠬᠠᠢ᠎ᠶ᠋ᠢᠨ ᠭᠠᠵᠠᠷ᠎ᠲᠤ ᠬᠦᠷᠴᠦ᠍ ᠪᠠᠢᠴᠠᠭᠠᠯᠲᠠ ᠬᠢᠬᠦ᠌᠎ᠪᠠᠷ ᠳᠠᠮᠵᠢᠨ᠂ ᠡᠨᠡ ᠬᠦ᠌ ᠦᠷᠭᠡᠨ᠎ᠢᠶᠠᠷ᠎ᠢᠶᠠᠨ 50 ᠭᠠᠷᠤᠢ ᠮᠧ᠊ ᠲ᠊ᠷ᠂ ᠤᠷᠲᠤ᠎ᠪᠠᠷ᠎ᠢᠶᠠᠨ 200 ᠭᠠᠷᠤᠢ ᠮᠧ᠊ ᠲᠷ ᠦᠷᠭᠦᠯᠵᠢᠯᠡᠭ᠌ᠰᠡᠨ ᠬᠠᠪᠴᠢᠯ᠎ᠤᠨ ᠳᠡᠭᠡᠷ᠎ᠡ ᠡᠬᠢ᠎ᠶ᠋ᠢᠨ ᠬᠠᠳᠠᠨ ᠳᠡᠭᠡᠷ᠎ᠡ 13 ᠭᠡᠰᠡᠭ ᠪᠢᠴᠢᠭᠡᠰᠦ᠂ ᠬᠠᠪᠴᠢᠯ᠎ᠤᠨ ᠳᠤᠤᠷ᠎ᠠ ᠠᠮᠠ᠎ᠶ᠋ᠢᠨ ᠬᠤᠢᠳᠤ ᠲᠠᠯ᠎ᠠ᠎ᠶ᠋ᠢᠨ ᠬᠠᠳᠠᠨ ᠳᠡᠭᠡᠷ᠎ᠡ 29 ᠭᠡᠰᠡᠭ ᠪᠢᠴᠢᠭᠡᠰᠦ ᠪᠠᠢᠬᠤ᠎ᠶ᠋ᠢ ᠢᠯᠡᠷᠡᠭᠦᠯᠪᠡ᠃ 《ᠡᠳᠡᠭᠡᠷ ᠪᠢᠴᠢᠭᠡᠰᠦ᠎ᠶ᠋ᠢᠨ ᠠᠭᠤᠯᠭ᠎ᠠ᠎ᠨᠢ ᠪᠤᠷᠬᠠᠨ ᠱᠠᠱᠢᠨ᠎ᠳᠤ ᠬᠤᠯᠪᠤᠭ᠍ᠳᠠᠭ᠍ᠰᠠᠨ ᠮᠠᠨᠢ᠎ᠶ᠋ᠢᠨ ᠵᠢᠷᠭᠤᠭᠠᠨ ᠦᠰᠦᠭ᠎ᠤᠨ ᠪᠢᠴᠢᠭᠡᠰᠦ᠎ᠪᠠᠷ ᠭᠤᠤᠯᠳᠠᠬᠤ᠎ᠠᠴᠠ ᠭᠠᠳᠠᠨ᠎ᠠ ᠪᠠᠰᠠ ᠱᠠᠱᠢᠨ᠎ᠤ ᠰᠤᠷᠭᠠᠯ ᠱᠢᠯᠦᠭ᠂ ᠨᠡᠢᠬᠡᠮ᠎ᠤᠨ ᠳᠡᠭᠡᠳᠦ ᠳᠠᠪᠬᠤᠷᠭᠠᠲᠠᠨ᠎ᠳᠤ ᠬᠤᠯᠪᠤᠭ᠍ᠳᠠᠬᠤ ᠵᠦᠢᠯᠡᠰ ᠴᠤ᠌ ᠬᠠᠷᠠᠭ᠍ᠳᠠᠵᠤ ᠪᠤᠢ᠃ ᠵᠠᠷᠢᠮ ᠪᠢᠴᠢᠭᠡᠰᠦᠨ᠎ᠳᠠᠬᠢ ᠮᠤᠩᠭᠤᠯ ᠦᠰᠦᠭ᠎ᠤᠨ ᠪᠢᠴᠢᠯᠭᠡ ᠵᠢᠷᠤᠯᠭ᠎ᠠ᠎ᠨᠢ ᠤᠢ᠍ᠢᠭᠤᠷᠵᠢᠨ ᠲᠢᠭ᠎ᠤᠨ ᠮᠠᠨᠢ᠎ᠶ᠋ᠢᠨ ᠵᠢᠷᠭᠤᠭᠠᠨ ᠦᠰᠦᠭ ᠪᠠᠢᠵᠤ᠂ ᠤᠷᠦ᠋ᠢᠪᠲᠤᠷ ᠦᠶ᠎ᠡ᠎ᠶ᠋ᠢᠨ ᠠᠯᠢ ᠭᠠᠯᠢ ᠦᠰᠦᠭ᠎ᠤᠨ ᠪᠢᠴᠢᠯᠭᠡ᠎ᠲᠠᠢ ᠢᠯᠡᠳᠲᠡ ᠢᠯᠭᠠᠭ᠎ᠠ ᠵᠦᠷᠢᠶ᠎ᠡ᠎ᠲᠠᠢ ᠪᠠᠢᠵᠤ᠂ ᠵᠠᠷᠢᠮ ᠪᠢᠴᠢᠭᠡᠰᠦ᠎ᠨᠢ ᠨᠡᠩ ᠡᠷᠲᠡ ᠦᠶ᠎ᠡ᠎ᠶ᠋ᠢᠨ ᠶᠤᠸᠠᠨ ᠤᠯᠤᠰ᠎ᠤᠨ ᠦᠶ᠎ᠡ ᠪᠤᠶᠤ ᠲᠡᠭᠦᠨ᠎ᠠᠴᠠ ᠤᠷᠦ᠋ᠢᠪᠲᠤᠷ ᠦᠶ᠎ᠡ᠎ᠶ᠋ᠢᠨ᠎ᠬᠢ ᠪᠠᠢᠵᠤ ᠮᠡᠳᠡᠨ᠎ᠡ᠃ ᠪᠢᠴᠢᠭᠡᠰᠦ᠎ᠶ᠋ᠢᠨ ᠠᠭᠤᠯᠭ᠎ᠠ ᠬᠢᠭᠡᠳ ᠮᠤᠩᠭᠤᠯ ᠦᠰᠦᠭ᠎ᠤᠨ ᠪᠢᠴᠢᠯᠭᠡ᠎ᠶ᠋ᠢᠨ ᠲᠢᠭ ᠬᠡᠯᠪᠡᠷᠢ᠎ᠠᠴᠠ ᠦᠵᠡᠪᠡᠯ᠂ ᠮᠤᠩᠭᠤᠯ ᠤᠷᠤᠨ᠎ᠳᠤ ᠪᠤᠷᠬᠠᠨ ᠱᠠᠱᠢᠨ ᠦᠷᠭᠡᠨ᠎ᠢᠶᠠᠷ ᠳᠡᠯᠭᠡᠷᠡᠭ᠌ᠰᠡᠨ 16 — 17 ᠳ᠋ᠤᠭᠠᠷ ᠵᠠᠭᠤᠨ᠎ᠤ ᠦᠶ᠎ᠡ᠎ᠳᠤ ᠬᠤᠯᠪᠤᠭ᠍ᠳᠠᠵᠤ ᠪᠤᠢ ᠭᠡᠵᠦ᠍ ᠪᠢᠳᠡ ᠠᠩᠬ᠎ᠠ ᠠᠯᠬᠤᠮ ᠮᠠᠭᠠᠳᠯᠠᠵᠤ ᠪᠠᠢᠨ᠎ᠠ》 ᠭᠡᠵᠦ᠍ ᠤᠶᠤᠨ ᠫᠷᠤᠹᠧᠰᠰᠤᠷ ᠬᠡᠯᠡᠵᠦ᠍ ᠪᠠᠢᠯ᠎ᠠ᠃

ᠲᠤᠰ ᠤᠳᠠᠭᠠᠨ᠎ᠤ ᠪᠠᠢᠴᠠᠭᠠᠯᠲᠠ᠎ᠳᠤ ᠲᠤᠰ ᠰᠤᠷᠭᠠᠭᠤᠯᠢ᠎ᠶ᠋ᠢᠨ ᠮᠤᠩᠭᠤᠯ ᠰᠤᠳᠤᠯᠤᠯ᠎ᠤᠨ ᠳᠡᠭᠡᠳᠦ ᠰᠤᠷᠭᠠᠭᠤᠯᠢ᠎ᠶ᠋ᠢᠨ ᠳᠡᠳ᠋ ᠰᠤᠳᠤᠯᠤᠭᠠᠴᠢ᠂ ᠦᠪᠡᠷᠳᠡᠭᠡᠨ ᠵᠠᠰᠠᠬᠤ ᠤᠷᠤᠨ᠎ᠤ 《ᠦᠪᠦᠷ ᠮᠤᠩᠭᠤᠯ᠎ᠤᠨ ᠭᠠᠵᠠᠷ᠎ᠤᠨ ᠨᠡᠷ᠎ᠡ᠎ᠶ᠋ᠢᠨ ᠰᠤᠶᠤᠯ ᠰᠤᠳᠤᠯᠤᠯ》 ᠳᠦᠰᠦᠯ᠎ᠤᠨ ᠤᠯᠠᠭᠠᠨᠴᠠᠪ ᠬᠤᠲᠠ᠎ᠶ᠋ᠢᠨ ᠳᠤᠭᠤᠢ᠍ᠢᠯᠠᠩ᠎ᠤᠨ ᠭᠡᠱᠢᠭᠦᠨ ᠳᠤᠷᠠᠰᠭᠠᠯᠲᠤ ᠪᠠᠭ᠍ᠰᠢ ᠤᠷᠤᠯᠴᠠᠵᠤ᠂ ᠲᠡᠳᠡ ᠳᠡᠭᠡᠷ᠎ᠡ ᠳᠤᠷᠠᠳᠤᠭ᠍ᠰᠠᠨ ᠤᠢ᠍ᠢᠭᠤᠷᠵᠢᠨ ᠮᠤᠩᠭᠤᠯ ᠦᠰᠦᠭ᠎ᠤᠨ ᠬᠠᠳᠠᠨ ᠪᠢᠴᠢᠭᠡᠰᠦ᠎ᠠᠴᠠ ᠭᠠᠳᠠᠨ᠎ᠠ ᠪᠠᠰᠠ ᠲᠦᠪᠡᠳ ᠦᠰᠦᠭ᠎ᠤᠨ ᠬᠠᠳᠠᠨ ᠪᠢᠴᠢᠭᠡᠰᠦ ᠪᠠ ᠬᠠᠳᠠᠨ ᠵᠢᠷᠤᠭ᠂ ᠪᠤᠷᠬᠠᠨ ᠱᠠᠱᠢᠨ᠎ᠤ ᠲᠡᠮᠲᠡᠭ᠎ᠤᠳ᠎ᠢ ᠤᠯᠠᠨ ᠢᠯᠡᠷᠡᠭᠦᠯᠦᠭ᠌ᠰᠡᠨ ᠪᠠᠢᠨ᠎ᠠ᠃ ᠡᠳᠡᠭᠡᠷ ᠮᠤᠩᠭᠤᠯ᠂ ᠲᠦᠪᠡᠳ ᠦᠰᠦᠭ᠎ᠤᠨ ᠬᠠᠳᠠᠨ ᠪᠢᠴᠢᠭᠡᠰᠦ ᠬᠢᠭᠡᠳ ᠬᠠᠳᠠᠨ ᠵᠢᠷᠤᠭ᠎ᠤᠳ᠎ᠤᠨ ᠢᠯᠡᠷᠡᠭᠦᠯᠦᠯᠲᠡ᠎ᠨᠢ ᠤᠢ᠍ᠢᠷ᠎ᠠ᠎ᠶ᠋ᠢᠨ ᠵᠢᠯ᠎ᠳᠤ ᠮᠠᠨ᠎ᠤ ᠤᠷᠤᠨ᠎ᠠᠴᠠ ᠱᠢᠨ᠎ᠡ᠎ᠪᠠᠷ ᠤᠯᠳᠠᠭ᠍ᠰᠠᠨ ᠬᠠᠳᠠᠨ ᠪᠢᠴᠢᠭᠡᠰᠦ᠎ᠨᠦᠭᠦᠳ᠎ᠤᠨ ᠳᠤᠲᠤᠷᠠᠬᠢ ᠪᠠᠰᠠ ᠨᠢᠭᠡᠨ ᠱᠢᠨ᠎ᠡ ᠢᠯᠡᠷᠡᠭᠦᠯᠦᠯᠲᠡ ᠪᠤᠯᠬᠤ ᠪᠦᠭᠡᠳ ᠵᠠᠷᠢᠮ ᠦᠪᠠᠷᠮᠢᠴᠡ ᠤᠨᠴᠠᠯᠢᠭ᠎ᠢᠶᠠᠷ᠎ᠢᠶᠠᠨ ᠡᠷᠲᠡᠨ᠎ᠤ ᠮᠤᠩᠭᠤᠯ ᠦᠰᠦᠭ ᠪᠢᠴᠢᠭ ᠬᠢᠭᠡᠳ ᠮᠤᠩᠭᠤᠯ ᠰᠤᠷᠪᠤᠯᠵᠢ ᠪᠢᠴᠢᠭ᠎ᠤᠨ ᠰᠤᠳᠤᠯᠭᠠᠨ᠂ ᠮᠤᠩᠭᠤᠯ ᠲᠦᠪᠡᠳ᠎ᠤᠨ ᠰᠤᠶᠤᠯ ᠲᠡᠦᠬᠡ᠎ᠶ᠋ᠢᠨ ᠰᠤᠳᠤᠯᠭᠠᠨ ᠵᠡᠷᠭᠡ ᠬᠠᠮᠢᠶ᠎ᠠ ᠪᠦᠬᠦᠢ ᠰᠤᠳᠤᠯᠭᠠᠨ᠎ᠤ ᠬᠦᠷᠢᠶᠡᠨ᠎ᠳᠤ ᠴᠣ᠌ ᠱᠢᠨ᠎ᠡ ᠮᠠᠲ᠋ᠧᠷᠢᠶᠠᠯ ᠬᠠᠩᠭᠠᠵᠤ᠂ ᠲᠡᠳᠡ ᠤᠳᠤ ᠨᠡᠩ ᠬᠦᠨᠵᠡᠭᠡᠢ ᠡᠷᠳᠡᠮ ᠱᠢᠨᠵᠢᠯᠡᠭᠡᠨ᠎ᠤ ᠰᠤᠳᠤᠯᠭᠠᠨ᠎ᠢᠶᠠᠨ ᠶᠠᠭ ᠭᠠᠷᠳᠠᠨ ᠱᠠᠯᠠᠪᠳᠠᠭᠤᠯᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号