ᠠᠷᠠᠳ᠎ᠤᠨ ᠤᠷᠠᠯᠢᠭ᠎ᠤᠨ ᠲᠦᠯᠦᠭᠡ ᠤᠢ᠍ᠢᠭ᠎ᠠ ᠦᠭᠡᠢ ᠲᠡᠮᠡᠦᠯᠵᠦ᠍ ᠶᠠᠪᠤᠨ᠎ᠠ
2020-12-09 11:26:43
ᠵᠣᠬᠢᠶᠠᠭ᠍ᠴᠢ᠄
ᠨᠠᠷᠠᠨᠴᠢᠮᠡᠭ
ᠣᠩᠱᠢᠭ᠍ᠰᠠᠨ ᠣᠳᠠᠭ᠎ᠠ᠄
★★★☆☆

ᠡᠷᠬᠡᠴᠢᠮᠡᠭ ᠡᠵᠢ ᠡᠩ᠎ᠤᠨ ᠮᠠᠯᠴᠢᠨ ᠬᠡᠦᠬᠡᠨ ᠪᠠᠢᠬ᠍ᠰᠠᠨ᠎ᠠᠴᠠ᠎ᠪᠠᠨ ᠤᠷᠠᠯᠢᠭ᠎ᠤᠨ ᠤᠷ᠎ᠠ ᠠᠪᠢᠶᠠᠰ᠎ᠢᠶᠠᠷ᠎ᠢᠶᠠᠨ ᠤᠯᠤᠰ᠎ᠤᠨ ᠠᠵᠢᠯᠲᠠᠨ ᠪᠤᠯᠵᠤ᠂ ᠨᠤᠲᠤᠭ᠎ᠤᠨ ᠠᠬᠠᠮᠠᠳ ᠲᠤᠮᠤᠭᠠᠲᠠᠳ᠎ᠠᠴᠠ᠎ᠪᠠᠨ ᠠᠷᠠᠳ᠎ᠤᠨ ᠳᠠᠭᠤᠤ ᠰᠤᠷᠴᠤ᠌᠂ ᠤᠳᠠᠭᠠᠨ ᠵᠢᠯ ᠨᠠᠢᠷ ᠬᠤᠷᠢᠮ᠂ ᠲᠤᠭ᠍ᠯᠠᠯᠲᠠ ᠤᠷᠤᠯᠳᠤᠭᠠᠨ ᠵᠡᠷᠭᠡ᠎ᠳᠤ ᠤᠷᠳᠤᠰ ᠠᠷᠠᠳ᠎ᠤᠨ ᠳᠠᠭᠤᠤ᠎ᠪᠠᠨ ᠳᠠᠭᠤᠯᠠᠵᠤ᠂ ᠤᠯᠠᠨ᠎ᠳᠤ ᠲᠠᠨᠢᠭᠤᠯᠵᠤ ᠤᠯᠠᠮᠵᠢᠯᠠᠨ᠂ ᠮᠦᠨ ᠡᠨᠡ ᠬᠦ᠌ ᠤᠷᠠᠯᠢᠭ᠎ᠤᠨ ᠦᠢᠯᠡᠰ᠎ᠲᠤ ᠤᠯᠠᠨ ᠲᠠᠯ᠎ᠠ᠎ᠪᠠᠷ ᠬᠦᠴᠦᠨ ᠵᠢᠳᠬᠦᠯ᠎ᠢᠶᠠᠨ ᠦᠵᠡᠭᠦᠯᠵᠦ᠍ ᠶᠠᠪᠤᠭ᠍ᠰᠠᠨ᠎ᠢᠶᠠᠷ᠎ᠢᠶᠠᠨ ᠤᠳᠤ ᠤᠷᠳᠤᠰ ᠠᠷᠠᠳ᠎ᠤᠨ ᠳᠠᠭᠤᠤ᠎ᠶ᠋ᠢᠨ 《ᠬᠤᠤᠰ ᠤᠯᠠᠮᠵᠢᠯᠠᠭ᠍ᠴᠢ》 ᠎ᠶ᠋ᠢᠨ ᠰᠠᠢᠬᠠᠨ ᠠᠯᠳᠠᠷ ᠵᠡᠭᠦᠵᠦ᠍ ᠶᠠᠪᠤᠨ᠎ᠠ᠃


007.jpg


ᠬᠠᠩᠭᠢᠨ ᠬᠤᠱᠢᠭᠤᠨ᠎ᠤ ᠤᠤᠯ᠎ᠤᠨ ᠬᠤᠷᠤᠭᠠᠨᠴᠠᠢᠳᠠᠮ ᠰᠤᠮᠤᠨ᠎ᠤ ᠤᠯᠠᠨᠪᠤᠯᠠᠭ ᠭᠠᠴᠠᠭ᠎ᠠ᠎ᠪᠠᠷ ᠨᠤᠲᠤᠭ᠎ᠲᠠᠢ ᠡᠷᠬᠡᠴᠢᠮᠡᠭ ᠪᠠᠷᠢᠭᠠᠳᠠ᠎ᠶ᠋ᠢᠨ ᠡᠮᠡᠭ᠌ᠲᠡᠢᠴᠦᠳ᠎ᠤᠨ ᠬᠤᠯᠪᠤᠭ᠎ᠠ᠎ᠶ᠋ᠢᠨ ᠡᠷᠬᠢᠯᠡᠭ᠌ᠴᠢ ᠵᠢᠴᠢ ᠬᠤᠱᠢᠭᠤᠨ᠎ᠤ ᠺᠢᠨᠣ᠋ ᠳᠠᠷᠬᠠᠭᠠᠬᠤ ᠺᠤᠮᠫᠠᠨᠢ᠂ ᠨᠤᠮ᠎ᠤᠨ ᠰᠠᠩ᠂ ᠤᠯᠠᠭᠠᠨᠮᠦᠴᠢᠷ ᠵᠡᠷᠭᠡ ᠪᠠᠢᠭᠤᠯᠭ᠎ᠠ᠎ᠳᠤ ᠠᠵᠢᠯᠯᠠᠵᠤ ᠶᠠᠪᠤᠭ᠍ᠰᠠᠨ ᠴᠤ᠌ ᠲᠡᠭᠦᠨ᠎ᠤ ᠭᠤᠤᠯ ᠠᠵᠢᠯ᠎ᠨᠢ ᠬᠠᠷᠢᠨ ᠠᠷᠠᠳ᠎ᠤᠨ ᠳᠠᠭᠤᠤ᠂ ᠤᠯᠠᠮᠵᠢᠯᠠᠯᠲᠤ ᠰᠤᠶᠤᠯ ᠤᠷᠠᠯᠢᠭ᠎ᠤᠨ ᠦᠢᠯᠡᠰ᠎ᠲᠤ ᠵᠢᠳᠭᠦᠭ᠌ᠰᠠᠨ ᠦᠩᠭᠡᠷᠡᠯᠲᠡ ᠪᠤᠯᠬᠤ ᠶᠤᠮ᠃ ᠴᠠᠭ ᠲᠦᠷᠦ᠎ᠶ᠋ᠢᠨ ᠤᠷᠪᠠᠭᠠᠨ ᠬᠦᠷᠪᠡᠭᠡᠨ᠎ᠢᠶᠠᠷ ᠲᠡᠷᠡ ᠲᠦᠩᠭᠡᠵᠢ ᠵᠢᠷᠭᠤᠳᠤᠭᠠᠷ ᠤᠨ᠎ᠢᠶᠠᠨ ᠲᠡᠭᠦᠰᠭᠡᠭᠡᠳ ᠳᠠᠬᠢᠨ ᠪᠢᠴᠢᠭ ᠰᠤᠶᠤᠯ᠎ᠤᠨ ᠮᠦᠷ ᠬᠦᠭᠡᠭᠡᠵᠦ᠍ ᠴᠢᠳᠠᠭ᠍ᠰᠠᠨ ᠦᠭᠡᠢ᠂ ᠭᠡᠷ᠎ᠲᠡᠭᠡᠨ ᠬᠠᠷᠢᠵᠤ ᠮᠠᠯ ᠬᠠᠷᠢᠭᠤᠯᠬᠤ᠂ ᠶᠡᠭᠡ ᠪᠠᠷᠢᠭᠠᠳᠠ᠎ᠳᠤ ᠬᠦᠳᠡᠯᠮᠦᠷᠢᠯᠡᠬᠦ᠌᠎ᠠᠴᠠ ᠦᠭᠡᠷ᠎ᠡ ᠵᠠᠮ ᠦᠭᠡᠢ ᠪᠤᠯᠤᠭ᠍ᠰᠠᠨ ᠪᠠᠢᠵᠠᠢ᠃ ᠲᠡᠭᠡᠭᠡᠳ ᠲᠡᠷᠡ ᠪᠠᠷᠢᠭᠠᠳᠠ᠎ᠶ᠋ᠢᠨ᠎ᠢᠶᠠᠨ 《ᠲᠡᠮᠦᠷ ᠬᠡᠦᠬᠡᠨᠴᠦᠳ᠎ᠤᠨ ᠳᠤᠭᠤᠢ᠍ᠢᠯᠠᠩ》 ᠎ᠳᠤ ᠤᠷᠤᠯᠴᠠᠨ᠂ ᠬᠠᠲᠠᠭᠤ ᠪᠠᠷᠬᠡ ᠠᠵᠢᠯ ᠬᠦᠳᠡᠯᠮᠦᠷᠢ᠎ᠳᠤ ᠤᠷᠤᠯᠴᠠᠨ ᠳᠠᠪᠲᠠᠭ᠍ᠳᠠᠵᠤ ᠶᠠᠪᠤᠭ᠍ᠰᠠᠨ ᠲᠡᠳᠦᠢ ᠦᠭᠡᠢ᠂ ᠪᠠᠭ᠎ᠠ᠎ᠠᠴᠠ᠎ᠪᠠᠨ ᠳᠠᠭᠤᠤ ᠪᠦᠵᠢᠭ᠎ᠲᠤ ᠠᠪᠢᠶᠠᠰ᠎ᠲᠠᠢ ᠪᠠᠢᠬ᠍ᠰᠠᠨ᠎ᠢᠶᠠᠷ᠎ᠢᠶᠠᠨ ᠶᠡᠭᠡ ᠪᠠᠷᠢᠭᠠᠳᠠ᠎ᠶ᠋ᠢᠨ᠎ᠢᠶᠠᠨ ᠲᠡᠮᠦᠷ ᠬᠡᠦᠬᠡᠨᠴᠦᠳ᠎ᠢ ᠵᠤᠬᠢᠶᠠᠨ ᠪᠠᠢᠭᠤᠯᠤᠨ ᠲᠤᠭ᠍ᠯᠠᠯᠲᠠ ᠭᠠᠷᠭᠠᠬᠤ ᠡᠭᠦᠷᠭᠡ᠎ᠶ᠋ᠢ ᠠᠮᠵᠢᠯᠲᠠ᠎ᠲᠠᠢ ᠪᠡᠶᠡᠯᠡᠭᠦᠯᠵᠦ᠍᠂ ᠮᠦᠨ ᠵᠡᠷᠭᠡᠯᠡᠳᠡᠭᠡ ᠪᠠᠷᠢᠭᠠᠳᠠ ᠨᠢᠭᠡᠳᠦᠯ᠎ᠢᠶᠠᠷ ᠲᠤᠭᠤᠷᠢᠨ ᠲᠤᠭ᠍ᠯᠠᠵᠤ᠂ ᠬᠠᠲᠠᠭᠤ ᠪᠠᠷᠬᠡᠱᠢᠶᠡᠯᠲᠡᠢ ᠤᠨ ᠵᠢᠯ᠎ᠳᠤ ᠮᠠᠯᠴᠢᠨ ᠲᠦᠮᠡᠨ᠎ᠳᠡᠭᠡᠨ ᠤᠷᠠᠯᠢᠭ᠎ᠤᠨ ᠬᠦᠷᠲᠡᠭᠡᠯ ᠡᠳ᠋ᠯᠡᠭᠦᠯᠵᠦ᠍ ᠶᠠᠪᠤᠭ᠍ᠰᠠᠨ ᠪᠠᠢᠪᠠ᠃ 《ᠲᠡᠷᠡ ᠦᠶ᠎ᠡ᠎ᠳᠤ ᠮᠤᠷᠢ ᠤᠨᠤᠭ᠎ᠠ ᠴᠤ᠌ ᠪᠠᠢᠬ᠍ᠰᠠᠨ ᠦᠭᠡᠢ᠂ ᠲᠤᠭ᠎ᠢᠶᠠᠨ ᠪᠠᠷᠢᠭᠠᠳ ᠶᠠᠪᠠᠭᠠᠨ᠎ᠢᠶᠠᠷ ᠠᠶᠠᠯᠠᠵᠤ ᠰᠤᠮᠤ ᠭᠠᠴᠠᠭ᠎ᠠ᠎ᠪᠠᠷ ᠲᠤᠭ᠍ᠯᠠᠯᠲᠠ ᠭᠠᠷᠭᠠᠵᠤ ᠶᠠᠪᠤᠳᠠᠭ ᠪᠠᠢᠬ᠍ᠰᠠᠨ ᠡ》 ᠭᠡᠵᠦ᠍ ᠨᠠᠰᠤᠲᠠᠨ ᠡᠷᠬᠢᠴᠡᠭᠦᠯᠵᠦ᠍ ᠪᠠᠢᠯ᠎ᠠ᠃ ᠠᠮᠢᠳᠤᠷᠠᠯ ᠰᠠᠢᠵᠢᠷᠠᠵᠤ ᠬᠦᠳᠡᠭᠡ ᠨᠤᠲᠤᠭ᠎ᠲᠤ ᠬᠤᠷᠢᠮ ᠨᠠᠢᠷ ᠬᠢᠬᠦ᠌᠎ᠨᠢ ᠤᠯᠠᠱᠢᠷᠠᠬᠤ᠎ᠳᠤ ᠲᠡᠷᠡ ᠬᠤᠷᠢᠮ ᠨᠠᠢᠷ᠎ᠲᠤ ᠤᠷᠢᠬ᠍ᠳᠠᠨ ᠠᠷᠠᠳ᠎ᠤᠨ ᠳᠠᠭᠤᠤ᠎ᠪᠠᠨ ᠳᠠᠭᠤᠯᠠᠵᠤ ᠶᠠᠪᠤᠪᠠ᠃

ᠤᠷᠠᠯᠢᠭ᠎ᠤᠨ ᠤᠷ᠎ᠠ ᠠᠪᠢᠶᠠᠰ᠎ᠢᠶᠠᠷ᠎ᠢᠶᠠᠨ ᠤᠯᠠᠨ᠎ᠠᠴᠠ ᠴᠤᠯᠭᠤᠷᠠᠵᠤ᠂ ᠲᠡᠷᠡ 1972 ᠤᠨ᠎ᠳᠤ ᠤᠯᠤᠰ᠎ᠤᠨ ᠺᠠᠳ᠋ᠷ᠎ᠢᠶᠠᠷ ᠡᠯᠰᠡᠭ᠌ᠳᠡᠵᠦ᠍᠂ ᠴᠣ ᠱᠢᠨ᠎ᠡ ᠠᠮᠢᠳᠤᠷᠠᠯ᠎ᠤᠨ ᠠᠶᠠᠨ᠎ᠢᠶᠠᠨ ᠡᠯᠭᠦᠵᠡᠢ᠃ 1982 ᠤᠨ᠎ᠳᠤ ᠬᠤᠱᠢᠭᠤᠨ᠎ᠤ ᠤᠯᠠᠭᠠᠨᠮᠦᠴᠢᠷ᠎ᠤᠨ ᠨᠢᠭ᠍ᠲᠠᠯᠠᠨ ᠪᠤᠳᠤᠭ᠍ᠴᠢ᠎ᠪᠠᠷ ᠠᠵᠢᠯᠯᠠᠵᠤ ᠪᠠᠢᠬᠤ᠎ᠳᠠᠭᠠᠨ 《ᠡᠵᠢ》 ᠭᠡᠬᠦ᠌ ᠵᠦᠴᠦᠭᠡ᠎ᠳᠤ ᠤᠷᠳᠤᠰ ᠠᠷᠠᠳ᠎ᠤᠨ ᠳᠠᠭᠤᠤ 《ᠬᠦᠬᠡ ᠮᠦᠩᠬᠡ ᠲᠡᠭ᠌ᠷᠢ》 ᠎ᠶ᠋ᠢ ᠳᠠᠭᠤᠯᠠᠪᠠ; ᠤᠷᠳᠤᠰ ᠬᠤᠲᠠ᠎ᠶ᠋ᠢᠨ ᠤᠯᠠᠭᠠᠨᠮᠦᠴᠢᠷ᠎ᠤᠨ ᠬᠠᠮ ᠲᠤᠭ᠍ᠯᠠᠯᠲᠠ᠎ᠳᠤ ᠭᠦᠷᠦᠪᠠᠨᠽᠠᠷ᠎ᠲᠠᠢ ᠬᠠᠮᠲᠤ 《ᠤᠷᠳᠤᠰ ᠬᠤᠷᠢᠮ》 ᠎ᠳᠤ ᠠᠪᠤ ᠡᠵᠢ᠎ᠶ᠋ᠢᠨ ᠳᠦᠷᠢ᠎ᠶ᠋ᠢ ᠲᠤᠭ᠍ᠯᠠᠵᠤ᠂ ᠤᠷᠳᠤᠰ ᠬᠤᠳᠠ᠎ᠳᠤ ᠲᠤᠭ᠍ᠯᠠᠯᠲᠠ ᠭᠠᠷᠭᠠᠪᠠ᠃ ᠡᠨᠡ ᠮᠡᠲᠦ᠎ᠪᠠᠷ ᠲᠡᠷᠡ ᠵᠢᠩᠬᠢᠨᠢ ᠲᠤᠭ᠍ᠯᠠᠭ᠍ᠴᠢ ᠪᠢᠰᠢ ᠴᠤ᠌ ᠤᠷᠠᠨ ᠰᠠᠢᠬᠠᠨ᠎ᠤ ᠲᠤᠭ᠍ᠯᠠᠯᠲᠠ᠎ᠳᠤ ᠤᠯᠠᠨᠲᠠ ᠤᠷᠤᠯᠴᠠᠵᠤ ᠪᠠᠢᠵᠠᠢ᠃ ᠱᠢᠨ᠎ᠡ ᠲᠦᠷᠦ᠎ᠶ᠋ᠢᠨ ᠪᠤᠳᠤᠯᠭ᠎ᠠ᠎ᠶ᠋ᠢᠨ ᠠᠱᠢᠭ᠎ᠢ ᠬᠦᠷᠲᠡᠵᠦ᠍᠂ ᠲᠡᠷᠡ 1998 ᠤᠨ᠎ᠳᠤ ᠠᠵᠢᠯ᠎ᠠᠴᠠ᠎ᠪᠠᠨ ᠠᠮᠠᠷᠠᠬ᠍ᠰᠠᠨ᠎ᠤ ᠳᠠᠷᠠᠭ᠎ᠠ᠂ ᠳᠤᠬᠠᠢ᠎ᠶ᠋ᠢᠨ ᠦᠶᠡᠰ ᠬᠠᠩᠭᠢᠨ ᠬᠤᠱᠢᠭᠤᠨ᠎ᠤ ᠦᠨᠳᠦᠰᠦᠲᠡᠨ ᠱᠠᠱᠢᠨ ᠰᠤᠷᠳᠠᠬᠤᠨ᠎ᠤ ᠳᠤᠪᠴᠢᠶ᠎ᠠ᠎ᠶ᠋ᠢᠨ ᠳᠠᠷᠤᠭ᠎ᠠ ᠪᠠᠢᠬ᠍ᠰᠠᠨ ᠮᠦᠩᠬᠡᠲᠤᠶᠠᠭ᠎ᠠ᠎ᠶ᠋ᠢᠨ ᠳᠠᠭᠠᠭᠤᠯᠭ᠎ᠠ᠎ᠪᠠᠷ ᠪᠠᠢᠭᠤᠯᠤᠭ᠍ᠳᠠᠭ᠍ᠰᠠᠨ 《ᠠᠨᠳᠠ》 ᠠᠷᠠᠳ᠎ᠤᠨ ᠤᠷᠠᠨ ᠰᠠᠢᠬᠠᠨ᠎ᠤ ᠪᠦᠯᠬᠦᠮ᠎ᠳᠤ ᠤᠷᠤᠯᠴᠠᠨ᠂ ᠤᠷᠳᠤᠰ᠎ᠤᠨ ᠡᠯ᠎ᠠ ᠬᠤᠱᠢᠭᠤ ᠪᠠ ᠰᠤᠮᠤ ᠪᠠᠯᠭᠠᠰᠤ᠎ᠪᠠᠷ ᠲᠤᠭ᠍ᠯᠠᠯᠲᠠ ᠭᠠᠷᠭᠠᠵᠤ᠂ ᠬᠤᠷᠢᠮ ᠨᠠᠢᠷ᠎ᠲᠤ ᠨᠠᠢᠷᠯᠠᠵᠤ᠂ ᠤᠷᠤᠯᠳᠤᠭᠠᠨ ᠲᠡᠮᠡᠴᠡᠭᠡᠨ᠎ᠳᠤ ᠴᠤ᠌ ᠤᠷᠤᠯᠴᠠᠵᠤ ᠶᠠᠪᠤᠵᠠᠢ᠃ 《1998 ᠤᠨ᠎ᠳᠤ ᠤᠲᠤᠭ ᠬᠤᠱᠢᠭᠤᠨ᠎ᠤ ᠦᠨᠳᠦᠷ ᠨᠠᠰᠤᠲᠠᠢ ᠷᠠᠰᠢ ᠪᠠᠭ᠍ᠰᠢ (ᠨᠠᠰᠤ ᠪᠠᠷᠠᠪᠠ) ᠪᠠ ᠬᠠᠩᠭᠢᠨ ᠬᠤᠱᠢᠭᠤᠨ᠎ᠤ ᠬᠠᠯᠵᠠᠨ ᠪᠠᠭ᠍ᠰᠢ ᠤᠷᠳᠤᠰ᠎ᠤᠨ ᠪᠤᠭᠤᠨᠢ ᠳᠠᠭᠤᠤ ᠪᠠ ᠭᠦᠷᠦ᠍ ᠳᠠᠭᠤᠤ᠎ᠶ᠋ᠢ ᠱᠢᠩᠭᠡᠭᠡᠬᠦ᠌᠎ᠶ᠋ᠢ ᠰᠠᠨᠠᠭᠠᠴᠢᠯᠠᠵᠤ᠂ 〈ᠤᠷᠳᠤᠰ ᠬᠤᠷᠢᠮ᠎ᠤᠨ ᠶᠡᠭᠡ ᠳᠠᠭᠤᠤ᠎ᠨᠤᠭᠤᠳ〉 ᠳᠡᠭᠡᠳᠦ ᠳᠤᠤᠷᠠᠳᠤ ᠬᠤᠶᠠᠷ ᠱᠢᠩᠭᠡᠭᠡᠯᠲᠡ᠎ᠶ᠋ᠢᠨ ᠪᠦᠰᠡ ᠭᠠᠷᠭᠠᠪᠠ᠃ ᠪᠢ ᠡᠳᠡᠭᠡᠷ ᠱᠢᠩᠭᠡᠭᠡᠯᠲᠡ᠎ᠳᠤ ᠪᠦᠷ ᠤᠷᠤᠯᠴᠠᠵᠤ᠂ ᠠᠷᠠᠳ᠎ᠤᠨ ᠳᠠᠭᠤᠤ᠎ᠪᠠᠨ ᠳᠠᠭᠤᠯᠠᠬ᠍ᠰᠠᠨ》 ᠭᠡᠵᠦ᠍ ᠡᠷᠬᠡᠴᠢᠮᠡᠭ ᠡᠵᠢ ᠲᠠᠨᠢᠯᠴᠠᠭᠤᠯᠤᠨ᠎ᠠ᠃ ᠬᠠᠩᠭᠢᠨ᠎ᠤ ᠭᠦᠷᠦ᠍ ᠳᠠᠭᠤᠤ᠎ᠶ᠋ᠢ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠯᠭᠠᠬᠤ ᠠᠶᠠᠨ᠎ᠳᠤ ᠭᠦᠷᠦ᠍ ᠳᠠᠭᠤᠤ᠎ᠶ᠋ᠢᠨ 4 ᠺᠠᠰᠧᠲ ᠳᠠᠷᠬᠠᠭᠠᠭ᠍ᠳᠠᠵᠤ᠂ ᠲᠡᠷᠡ ᠡᠳᠡᠭᠡᠷ ᠱᠢᠩᠭᠡᠭᠡᠯᠲᠡ᠎ᠳᠤ ᠴᠦᠮ ᠤᠷᠤᠯᠴᠠᠭ᠍ᠰᠠᠨ ᠪᠠᠢᠵᠠᠢ᠃ ᠢᠩᠬᠢᠭᠡᠳ 2009 ᠤᠨ᠎ᠤ 6 ᠰᠠᠷ᠎ᠠ᠎ᠳᠤ ᠤᠷᠳᠤᠰ ᠬᠤᠲᠠ᠎ᠶ᠋ᠢᠨ ᠤᠷᠳᠤᠰ᠎ᠤᠨ ᠪᠤᠭᠤᠨᠢ ᠳᠠᠭᠤᠤ᠂ ᠭᠦᠷᠦ᠍ ᠳᠠᠭᠤᠤ᠎ᠶ᠋ᠢᠨ ᠤᠯᠠᠮᠵᠢᠯᠠᠭ᠍ᠴᠢ᠎ᠶ᠋ᠢᠨ ᠦᠨᠡᠮᠯᠡᠯ᠎ᠢ ᠭᠠᠷᠳᠠᠬ᠍ᠰᠠᠨ ᠪᠠᠢᠵᠠᠢ᠃

ᠤᠯᠠᠮᠵᠢᠯᠠᠭ᠍ᠴᠢ ᠪᠤᠯᠤᠭᠠᠳ ᠲᠡᠷᠡ ᠢᠷᠠᠭᠤ ᠠᠯᠳᠠᠷ᠎ᠢᠶᠠᠨ ᠳᠦᠱᠢᠨ ᠵᠦᠭᠡᠷ ᠰᠠᠭᠤᠬ᠍ᠰᠠᠨ ᠦᠭᠡᠢ᠂ ᠬᠠᠷᠢᠨ ᠨᠤᠲᠤᠭ ᠤᠰᠤᠨ᠎ᠳᠠᠭᠠᠨ ᠡᠳᠦᠢ ᠲᠡᠳᠦᠢ ᠴᠤ᠌ ᠳᠤᠰᠠᠲᠠᠢ ᠠᠵᠢᠯ ᠬᠢᠶ᠎ᠡ ᠭᠡᠮᠡᠨ ᠵᠢᠳᠬᠦᠨ ᠲᠡᠮᠡᠦᠯᠵᠡᠢ᠃ 2009 ᠤᠨ᠎ᠳᠤ ᠲᠦᠷᠦᠭ᠌ᠰᠡᠨ ᠨᠤᠲᠤᠭ ᠤᠯᠠᠨᠪᠤᠯᠠᠭ ᠭᠠᠴᠠᠭᠠᠨ᠎ᠳᠤ᠎ᠨᠢ ᠠᠷᠠᠳ᠎ᠤᠨ ᠤᠷᠠᠯᠢᠭ᠎ᠤᠨ ᠪᠦᠯᠬᠦᠮ ᠪᠠᠢᠭᠤᠯᠤᠭ᠍ᠳᠠᠵᠤ᠂ ᠲᠡᠷᠡ ᠤᠷᠠᠯᠢᠭ᠎ᠤᠨ ᠵᠢᠯᠤᠭᠤᠳᠤᠭ᠍ᠴᠢ᠎ᠪᠠᠷ ᠤᠷᠢᠭ᠍ᠳᠠᠨ ᠤᠷᠤᠯᠴᠠᠪᠠ᠃ 《ᠡᠬᠢᠯᠡᠭᠡᠳ ᠪᠦᠷ ᠦᠪᠠᠷ ᠦᠪᠠᠷᠰᠡᠳ᠎ᠤᠨ ᠬᠤᠪᠴᠠᠰᠤ ᠵᠠᠰᠠᠯ᠂ ᠬᠦᠭ᠌ᠵᠢᠮ᠎ᠤᠨ ᠪᠠᠭᠠᠵᠢ᠎ᠪᠠᠨ ᠠᠪᠠᠴᠢᠭᠠᠳ ᠲᠤᠭ᠍ᠯᠠᠯᠲᠠ ᠭᠠᠷᠭᠠᠳᠠᠭ ᠪᠠᠢᠬ᠍ᠰᠠᠨ᠂ ᠭᠡᠪᠡᠴᠦ᠍ ᠬᠠᠮᠲᠤ᠎ᠶ᠋ᠢᠨ ᠪᠦᠵᠢᠭ᠎ᠲᠤ ᠵᠠᠪᠠᠯ ᠨᠢᠭᠡᠳᠦᠯᠲᠡᠢ ᠬᠤᠪᠴᠠᠰᠤ ᠬᠡᠷᠡᠭ᠎ᠲᠠᠢ ᠪᠤᠯᠬᠤᠷ᠂ ᠪᠢ 3000 ᠲᠦᠭᠦᠷᠢᠭ ᠬᠠᠨᠳᠢᠪᠯᠠᠵᠤ ᠤᠷᠠᠯᠢᠭ᠎ᠤᠨ ᠪᠦᠯᠬᠦᠮ᠎ᠳᠤ ᠨᠢᠭᠡᠳᠦᠯᠲᠡᠢ ᠪᠦᠵᠢᠭ᠎ᠤᠨ ᠬᠤᠪᠴᠠᠰᠤ᠎ᠲᠠᠢ ᠪᠤᠯᠭᠠᠪᠠ᠃ ᠰᠡᠭᠦᠯ᠎ᠳᠤ᠎ᠨᠢ ᠪᠢ ᠪᠠᠰᠠ ᠤᠷᠠᠯᠢᠭ᠎ᠤᠨ ᠪᠦᠯᠬᠦᠮ᠎ᠤᠨ ᠬᠡᠱᠢᠭᠦᠳ᠎ᠲᠡᠭᠡᠨ ᠰᠦᠯᠵᠢᠶᠡᠨ ᠳᠡᠭᠡᠷ᠎ᠡ᠎ᠠᠴᠠ 25 ᠵᠠᠬ᠎ᠠ ᠰᠠᠷᠠᠯ ᠦᠩᠭᠡᠲᠡᠢ ᠴᠡᠷᠢᠭ᠎ᠤᠨ ᠬᠤᠪᠴᠠᠰᠤ ᠠᠪᠴᠤ᠌ ᠦᠭ᠌ᠪᠡ᠂ ᠢᠩᠬᠢᠭᠡᠳ ᠪᠢᠳᠡ ᠬᠤᠪᠢᠰᠭᠠᠯᠲᠤ ᠳᠠᠭᠤᠤ ᠳᠠᠭᠤᠯᠠᠬᠤ᠎ᠳᠤ ᠨᠢᠭᠡᠳᠦᠯᠲᠡᠢ ᠬᠤᠪᠴᠠᠰᠤ᠎ᠲᠠᠢ ᠪᠤᠯᠪᠠ᠃ ᠮᠠᠨ᠎ᠤ ᠬᠤᠱᠢᠭᠤᠨ᠎ᠤ ᠠᠬᠠᠮᠠᠳ ᠤᠳᠤᠷᠢᠳᠤᠯᠭ᠎ᠠ ᠠᠳᠢᠶ᠎ᠠ ᠨᠦᠬᠦᠷ᠂ ᠳᠠᠮᠷᠢᠨ ᠱᠦᠵᠢ᠎ᠶ᠋ᠢᠨ ᠳᠡᠮᠵᠢᠯᠭᠡ᠎ᠪᠠᠷ ᠪᠢᠳᠡ ᠤᠷᠠᠯᠢᠭ᠎ᠤᠨ ᠪᠦᠯᠬᠦᠮ᠎ᠤᠨ ᠬᠤᠪᠴᠠᠰᠤ ᠵᠠᠰᠠᠯ᠂ ᠬᠦᠭ᠌ᠵᠢᠮ᠎ᠤᠨ ᠪᠠᠭᠠᠵᠢ ᠭᠡᠷᠡᠭ᠌ᠰᠡᠯ ᠵᠡᠷᠭᠡ᠎ᠪᠠᠨ ᠱᠢᠨᠡᠳᠭᠡᠵᠦ᠍ ᠰᠠᠢᠵᠢᠷᠠᠭᠤᠯᠪᠠ᠃ ᠤᠳᠤ ᠮᠠᠨ᠎ᠤ ᠪᠦᠯᠬᠦᠮ᠎ᠳᠤ ᠭᠤᠴᠢᠭᠠᠳ ᠬᠦᠮᠦᠨ᠎ᠲᠠᠢ᠂ ᠬᠦᠮᠦᠨ ᠨᠡᠮᠡᠭᠡᠳ ᠪᠠᠢᠬᠤ ᠠᠷᠭ᠎ᠠ ᠦᠭᠡᠢ᠂ ᠬᠤᠪᠴᠠᠰᠤ ᠵᠠᠰᠠᠯ᠎ᠢᠶᠠᠨ ᠨᠢᠭᠡᠳᠭᠡᠬᠦ᠌᠎ᠳᠤ ᠠᠮᠠᠷ ᠦᠭᠡᠢ᠂ ᠦᠭᠡᠷ᠎ᠡ ᠵᠠᠷᠤᠳᠠᠯ ᠴᠤ᠌ ᠭᠠᠷᠳᠠᠭ》 ᠭᠡᠵᠦ᠍ ᠡᠷᠭᠡᠴᠢᠮᠡᠭ ᠡᠵᠢ ᠲᠠᠨᠢᠯᠴᠠᠭᠤᠯᠵᠤ ᠪᠠᠢᠪᠠ᠃ 2018 ᠪᠠ 2019 ᠤᠨ᠎ᠳᠤ ᠲᠡᠷᠡ ᠳ᠋ᠦᠩᠱᠧᠩ ᠲᠤᠭᠤᠷᠢᠭ᠎ᠤᠨ ᠮᠤᠩᠭᠤᠯ ᠪᠠᠭ᠎ᠠ ᠰᠤᠷᠭᠠᠭᠤᠯᠢ᠎ᠳᠤ ᠭᠦᠷᠦ᠍ ᠳᠠᠭᠤᠤ᠂ ᠤᠷᠳᠤᠰ᠎ᠤᠨ ᠪᠤᠭᠤᠨᠢ ᠳᠠᠭᠤᠤ ᠵᠢᠭᠠᠬᠤ ᠠᠵᠢᠯᠯᠠᠭ᠎ᠠ᠎ᠳᠤ ᠤᠷᠤᠯᠴᠠᠪᠠ᠃ ᠡᠨᠡ ᠳᠤᠬᠠᠢ ᠲᠡᠷᠡ᠄ 《ᠰᠤᠷᠭᠠᠭᠤᠯᠢ᠎ᠳᠤ ᠤᠴᠢᠵᠤ ᠳᠠᠭᠤᠤ ᠵᠢᠭᠠᠬᠤ᠎ᠳᠠᠭᠠᠨ ᠪᠢ ᠶᠠᠮᠠᠷ ᠴᠤ᠌ ᠬᠠᠷᠠᠮᠵᠢ ᠠᠪᠤᠭ᠍ᠰᠠᠨ ᠦᠭᠡᠢ᠂ ᠦᠪᠠᠷ᠎ᠤᠨ ᠰᠠᠢᠨ ᠳᠤᠷ᠎ᠠ᠎ᠠᠴᠠ᠎ᠪᠠᠨ ᠤᠴᠢᠵᠤ ᠵᠢᠭᠠᠪᠠ᠃ ᠲᠡᠳᠡ ᠬᠠᠷᠠᠮᠵᠢ ᠦᠭ᠌ᠬᠦ ᠬᠡᠰᠡᠨ᠎ᠳᠤ ᠪᠢ ᠠᠪᠬᠤ ᠦᠭᠡᠢ ᠭᠡᠰᠡᠨ ᠡ᠂ ᠪᠢ ᠤᠷᠳᠤᠰ ᠠᠷᠠᠳ᠎ᠤᠨ ᠳᠠᠭᠤᠤ᠎ᠶ᠋ᠢᠨ ᠤᠯᠠᠮᠵᠢᠯᠠᠭ᠍ᠴᠢ ᠭᠡᠰᠡᠨ ᠨᠡᠷ᠎ᠡ᠎ᠪᠠᠨ ᠡᠷᠭᠦᠵᠦ᠍ ᠶᠠᠪᠤᠨ᠎ᠠ᠂ ᠮᠦᠨ ᠨᠢᠭᠡᠨ ᠤᠳᠠᠭᠠᠨ ᠵᠢᠯ᠎ᠤᠨ ᠠᠠᠬ᠍ᠮᠠᠳ ᠨᠠᠮ᠎ᠤᠨ ᠭᠡᠱᠢᠭᠦᠨ ᠪᠤᠯᠤᠭ᠍ᠰᠠᠨ᠎ᠤ ᠬᠢᠪᠡᠰᠦ ᠵᠤᠬᠢᠬᠤ ᠠᠵᠢᠯ ᠶᠤᠮ!》 ᠭᠡᠵᠦ᠍ ᠶᠠᠷᠢᠵᠤ ᠪᠠᠢᠯ᠎ᠠ᠃

ᠤᠷᠳᠤᠰ ᠠᠷᠠᠳ᠎ᠤᠨ ᠳᠠᠭᠤᠤ᠂ ᠭᠦᠷᠦ᠍ ᠳᠠᠭᠤᠤ᠎ᠪᠠᠨ ᠤᠯᠠᠨ ᠲᠦᠮᠡᠨ᠎ᠳᠤ ᠲᠠᠨᠢᠭᠤᠯᠵᠤ᠂ ᠤᠯᠠᠮᠵᠢᠯᠠᠨ ᠬᠦᠭ᠌ᠵᠢᠭᠦᠯᠬᠦ᠌ ᠲᠠᠯ᠎ᠠ᠎ᠪᠠᠷ ᠲᠡᠷᠡ ᠡᠳᠦᠢ ᠵᠢᠯ ᠤᠯᠠᠨ ᠲᠠᠯ᠎ᠠ᠎ᠶ᠋ᠢᠨ ᠠᠵᠢᠯᠯᠠᠭ᠎ᠠ᠎ᠳᠤ ᠤᠷᠤᠯᠴᠠᠵᠤ ᠢᠷᠡᠵᠡᠢ᠃ 2020 ᠤᠨ᠎ᠤ ᠬᠠᠪᠤᠷ ᠦᠪᠦᠷ ᠮᠤᠩᠭᠤᠯ᠎ᠤᠨ ᠮᠤᠩᠭᠤᠯ ᠤᠳᠤᠨ ᠲᠧᠯᠸᠢᠰ᠎ᠤᠨ 《ᠤᠳᠤᠳ ᠲᠦᠭᠡᠬᠦ᠌ ᠴᠠᠭ》 ᠨᠡᠪᠲᠡᠷᠡᠭᠦᠯᠭᠡ᠎ᠳᠤ ᠤᠷᠤᠯᠴᠠᠵᠦ᠍᠂ ᠤᠷᠳᠤᠰ ᠠᠷᠠᠳ᠎ᠤᠨ ᠳᠠᠭᠤᠤ᠂ ᠭᠦᠷᠦ᠍ ᠳᠠᠭᠤᠤ᠎ᠪᠠᠨ ᠳᠠᠭᠤᠯᠠᠪᠠ; 10 ᠰᠠᠷ᠎ᠠ᠎ᠳᠤ ᠦᠪᠦᠷ ᠮᠤᠩᠭᠤᠯ᠎ᠤᠨ ᠳᠠᠭᠤᠤ ᠳᠦᠷᠰᠦ ᠱᠢᠩᠭᠡᠭᠡᠯᠲᠡ᠎ᠶ᠋ᠢᠨ ᠬᠡᠪᠯᠡᠯ᠎ᠤᠨ ᠬᠤᠷᠢᠶᠠᠨ᠎ᠤ᠎ᠬᠢᠨ᠎ᠤ ᠠᠷᠠᠳ᠎ᠤᠨ ᠳᠠᠭᠤᠤ ᠴᠤᠭ᠍ᠯᠠᠭᠤᠯᠬᠤ ᠠᠵᠢᠯᠯᠠᠭ᠎ᠠ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠵᠦ᠍᠂ ᠬᠠᠩᠭᠢᠨ ᠬᠤᠱᠢᠭᠤᠨ᠎ᠤ ᠠᠬᠠᠮᠠᠳ ᠠᠷᠠᠳ᠎ᠤᠨ ᠳᠠᠭᠤᠴᠢᠨ ᠬᠠᠯᠵᠠᠨ᠂ ᠬᠤᠪᠢᠰᠭᠠᠯᠮ᠎ᠠ᠎ᠲᠠᠢ ᠬᠠᠮᠲᠤ ᠤᠷᠳᠤᠰ ᠠᠷᠠᠳ᠎ᠤᠨ ᠳᠠᠭᠤᠤ᠎ᠪᠠᠨ ᠳᠠᠭᠤᠯᠠᠵᠤ ᠱᠢᠩᠭᠡᠭᠡᠵᠡᠢ; ᠤᠷᠴᠢᠮᠬᠠᠨ ᠨᠠᠰᠤᠲᠠᠨ ᠮᠦᠨ ᠤᠷᠳᠤᠰ᠎ᠤᠨ ᠲᠧᠯᠧᠢᠰ ᠬᠤᠷᠢᠶᠠᠨ᠎ᠤ ᠮᠤᠩᠭᠤᠯ ᠬᠡᠯᠡᠨ᠎ᠤ ᠳᠤᠰᠭᠠᠢ ᠫᠷᠦᠭ᠌ᠷᠡᠮ ᠪᠤᠯᠬᠤ 《ᠲᠠᠨᠢᠯᠴᠠᠶ᠎ᠠ》 ᠭᠡᠬᠦ᠌ ᠨᠡᠪᠲᠡᠷᠡᠭᠦᠯᠭᠡ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠵᠦ᠍᠂ ᠰᠦᠮᠪᠦᠷᠦᠦ᠎ᠲᠠᠢ ᠬᠠᠮᠲᠤ᠎ᠪᠠᠷ ᠤᠯᠠᠨᠪᠤᠯᠠᠭ ᠭᠠᠴᠠᠭᠠᠨ᠎ᠤ᠎ᠪᠠᠨ ᠲᠠᠮᠦᠷ ᠬᠡᠦᠬᠡᠨᠴᠦᠳ᠎ᠤᠨ ᠠᠩᠭᠢ᠎ᠶ᠋ᠢᠨ ᠳᠤᠬᠠᠢ ᠦᠯᠢᠭᠡᠷ ᠦᠩᠭᠡᠷᠡᠯᠲᠡ᠎ᠪᠠᠨ ᠳᠡᠯᠭᠡᠵᠦ᠍᠂ ᠮᠦᠨ ᠤᠷᠳᠤᠰ ᠠᠷᠠᠳ᠎ᠤᠨ ᠳᠠᠭᠤᠤ᠎ᠪᠠᠨ ᠤᠯᠠᠮᠵᠢᠯᠠᠵᠤ ᠶᠠᠪᠤᠭ᠍ᠰᠠᠨ ᠳᠤᠬᠠᠢ᠎ᠪᠠᠨ ᠶᠠᠷᠢᠭ᠍ᠰᠠᠨ ᠪᠠᠢᠨ᠎ᠠ᠃ ᠡᠷᠭᠡᠴᠢᠮᠡᠭ ᠡᠵᠢ᠎ᠶ᠋ᠢᠨ ᠬᠡᠳᠦᠨ ᠬᠡᠦᠬᠡᠳ᠎ᠨᠢ ᠴᠤ᠌ ᠴᠦᠮ ᠡᠵᠢ ᠠᠪᠤ᠎ᠶ᠋ᠢᠨ᠎ᠢᠶᠠᠨ ᠨᠦᠯᠦᠭᠡ᠎ᠪᠠᠷ ᠤᠷᠠᠯᠢᠭ᠎ᠤᠨ ᠵᠠᠮ᠎ᠢᠶᠠᠷ ᠵᠠᠮᠨᠠᠬ᠍ᠰᠠᠨ ᠶᠤᠮ᠃ ᠡᠭᠦᠨ᠎ᠳᠤ ᠳᠤᠷᠠᠳᠤᠭᠤᠱᠢᠲᠠᠢ᠎ᠨᠢ᠂ ᠦᠪᠦᠷ ᠮᠤᠩᠭᠤᠯ᠎ᠤᠨ ᠦᠨᠳᠦᠰᠦᠲᠡᠨ᠎ᠤ ᠤᠷᠠᠯᠢᠭ ᠵᠦᠴᠦᠭᠡ᠎ᠶ᠋ᠢᠨ ᠬᠦᠷᠢᠶᠡᠯᠡᠩ᠎ᠤᠨ ᠱᠢᠭᠤᠳ ᠬᠠᠷᠢᠶ᠎ᠠ ᠤᠯᠠᠭᠠᠨᠮᠦᠴᠢᠷ᠎ᠲᠤ ᠠᠵᠢᠯᠯᠠᠳᠠᠭ ᠬᠦᠦ ᠪᠠᠭᠠᠨ᠎ᠠ᠎ᠶ᠋ᠢᠨ ᠬᠢᠨᠢ ᠲᠦᠷᠦᠭᠦᠦ ᠬᠤᠶᠠᠷ ᠵᠢᠯ᠎ᠳᠤ ᠨᠠᠢᠷᠠᠭᠤᠯᠤᠨ ᠤᠳᠤᠷᠢᠳᠤᠭᠠᠭ᠍ᠰᠠᠨ 《ᠨᠤᠲᠤᠭ᠎ᠲᠠᠭᠠᠨ ᠬᠤᠷᠭᠤᠳᠠᠭ᠍ᠰᠠᠨ ᠰᠡᠳᠭᠢᠯ》 ᠭᠡᠬᠦ᠌ ᠵᠡᠮᠳᠡᠭ ᠬᠦᠮᠦᠨ᠎ᠤ ᠦᠨᠡᠨ ᠦᠯᠢᠭᠡᠷ ᠤᠴᠠᠷᠠᠯ᠎ᠢᠶᠠᠷ ᠰᠡᠳᠦᠪᠯᠡᠭ᠌ᠰᠡᠨ ᠬᠤᠤᠰᠯᠠᠯ ᠪᠦᠵᠢᠭ᠎ᠨᠢ ᠠᠯᠲᠠᠨ ᠮᠧᠲᠠᠯ᠎ᠢᠶᠠᠷ ᠮᠢᠯᠢᠶᠠᠯᠭᠠᠵᠤ᠂ ᠡᠷᠬᠡᠴᠢᠮᠡᠭ ᠡᠵᠢ ᠡᠨᠡ ᠪᠦᠲᠦᠭᠡᠯ᠎ᠳᠤ ᠬᠦᠦ᠎ᠶ᠋ᠢᠨ᠎ᠢᠶᠠᠨ ᠨᠠᠢᠲᠠᠯᠭ᠎ᠠ᠎ᠪᠠᠷ 《ᠳᠡᠨᠵᠢᠲᠤ ᠳᠤᠬᠤᠢ》 ᠭᠡᠬᠦ᠌ ᠤᠷᠳᠤᠰ ᠠᠷᠠᠳ᠎ᠤᠨ ᠳᠠᠭᠤᠤ᠎ᠶ᠋ᠢ ᠳᠠᠭᠤᠯᠠᠵᠤ ᠤᠷᠤᠯᠴᠠᠭ᠍ᠰᠠᠨ ᠪᠠᠢᠪᠠ᠃

ᠤᠷᠳᠤᠰ ᠠᠷᠠᠳ᠎ᠤᠨ ᠳᠠᠭᠤᠤ ᠪᠠ ᠭᠦᠷᠦ᠍ ᠳᠠᠭᠤᠤ᠎ᠶ᠋ᠢ ᠤᠯᠠᠮᠵᠢᠯᠠᠨ ᠬᠦᠭ᠌ᠵᠢᠭᠦᠯᠵᠦ᠍᠂ ᠲᠤᠮᠳᠠᠳᠤ᠎ᠶ᠋ᠢᠨ ᠰᠤᠶᠤᠯ᠎ᠤᠨ ᠪᠠᠶᠠᠨ ᠰᠠᠩ᠎ᠳᠤ ᠦᠪ ᠨᠡᠮᠡᠷᠢᠯᠡᠬᠦ᠌᠎ᠳᠡᠭᠡᠨ ᠲᠡᠷᠡ᠎ᠪᠠᠷ ᠤᠯᠠᠨ ᠵᠦᠢᠯ᠎ᠤᠨ ᠱᠠᠩᠨᠠᠯ᠎ᠢᠶᠠᠷ ᠡᠩᠭᠡᠷ᠎ᠢᠶᠠᠨ ᠮᠢᠯᠢᠶᠠᠯᠭᠠᠵᠤ ᠶᠠᠪᠤᠯ᠎ᠠ᠄ 2016 ᠤᠨ᠎ᠤ 7 ᠰᠠᠷ᠎ᠠ᠎ᠳᠤ ᠬᠠᠩᠭᠢᠨ ᠬᠤᠱᠢᠭᠤᠨ᠎ᠤ 《ᠲᠡᠷᠡ ᠬᠤᠯᠠ᠎ᠶ᠋ᠢᠨ ᠳᠠᠷᠬᠠᠨ ᠠᠶᠠᠯᠭᠤ》 ᠤᠷᠠᠯᠢᠭ᠎ᠤᠨ ᠪᠦᠯᠬᠦᠮ᠎ᠢ ᠳᠠᠭᠠᠵᠤ ᠨᠠᠮ ᠪᠠᠢᠭᠤᠯᠤᠭ᠍ᠳᠠᠭ᠍ᠰᠠᠨ 95 ᠵᠢᠯ᠎ᠤᠨ ᠤᠢ᠎ᠶ᠋ᠢ ᠪᠡᠯᠭᠡᠯᠡᠬᠦ᠌ ᠨᠠᠰᠤᠲᠠᠢᠴᠤᠳ᠎ᠤᠨ ᠨᠠᠢᠷᠠᠯ ᠳᠠᠭᠤᠤ᠎ᠶ᠋ᠢᠨ ᠰᠤᠯᠢᠯᠴᠠᠭᠠᠨ᠎ᠤ ᠠᠵᠢᠯᠯᠠᠭ᠎ᠠ᠎ᠳᠤ ᠤᠯᠤᠰ᠎ᠤᠨ ᠴᠡᠬᠢᠷᠮ᠎ᠠ ᠴᠡᠴᠡᠭ᠎ᠤᠨ ᠱᠠᠩᠨᠠᠯ᠎ᠤᠨ ᠨᠢᠭᠡᠳᠦᠭᠡᠷ ᠳᠡᠰ᠎ᠤᠨ ᠱᠠᠩᠨᠠᠯ ᠬᠦᠷᠲᠡᠵᠦ᠍᠂ ᠮᠦᠨ ᠵᠢᠯ᠎ᠤᠨ 9 ᠰᠠᠷ᠎ᠠ᠎ᠳᠤ ᠤᠯᠤᠰ᠎ᠤᠨ ᠶᠡᠭᠡ ᠲᠢᠶᠠᠲᠷ᠎ᠲᠤ ᠤᠷᠳᠤ ᠵᠠᠮ᠎ᠤᠨ ᠠᠶᠠᠨ ᠳᠠᠢᠨ᠎ᠤ ᠢᠯᠠᠯᠲᠠ ᠤᠯᠤᠭ᠍ᠰᠠᠨ 80 ᠵᠢᠯ᠎ᠤᠨ ᠤᠢ᠎ᠶ᠋ᠢ ᠪᠡᠯᠭᠡᠯᠡᠬᠦ᠌ ᠤᠷᠤᠯᠳᠤᠭᠠᠨ᠎ᠳᠤ ᠬᠦᠷᠦ᠍ ᠳᠠᠭᠤᠤ᠎ᠪᠠᠨ ᠳᠠᠭᠤᠯᠠᠵᠤ ᠮᠦᠩᠭᠦᠨ ᠮᠧᠲᠠᠯ ᠤᠯᠵᠤ᠂ ᠮᠦᠨ ᠬᠤᠪᠢ ᠬᠦᠮᠦᠨ᠎ᠤ ᠬᠠᠮᠤᠭ᠎ᠤᠨ ᠱᠢᠯᠢᠳᠡᠭ ᠲᠤᠭ᠍ᠯᠠᠯᠲᠠ᠎ᠶ᠋ᠢᠨ ᠱᠠᠩᠨᠠᠯ ᠬᠦᠷᠲᠡᠵᠡᠢ; 2017 — 2018 ᠤᠨ᠎ᠤ ᠤᠯᠠᠨ ᠤᠯᠤᠰ᠎ᠤᠨ 《ᠨᠢᠭᠡ ᠪᠦᠰᠡ ᠨᠢᠭᠡ ᠵᠠᠮ》 ᠤᠷᠠᠯᠢᠭ᠎ᠤᠨ ᠨᠠᠢᠷ᠎ᠲᠤ ᠤᠷᠤᠯᠴᠠᠨ ᠠᠯᠲᠠᠨ ᠮᠧᠲᠠᠯ ᠬᠦᠷᠲᠡᠵᠡᠢ; 2019 ᠤᠨ᠎ᠳᠤ ᠮᠤᠩᠭᠤᠯ ᠤᠯᠤᠰ᠎ᠲᠤ ᠪᠤᠯᠤᠭ᠍ᠰᠠᠨ ᠠᠽᠢᠶ᠎ᠠ᠎ᠶ᠋ᠢᠨ ᠠᠷᠠᠳ᠎ᠤᠨ ᠨᠠᠢᠷ ᠳᠡᠭᠡᠷ᠎ᠡ ᠬᠤᠶᠠᠳᠤᠭᠠᠷ ᠲᠡᠰ᠎ᠤᠨ ᠱᠠᠩᠨᠠᠯ᠎ᠢ ᠬᠦᠷᠲᠡᠵᠡᠢ; 2019 ᠤᠨ᠎ᠤ 9 ᠰᠠᠷ᠎ᠠ᠎ᠳᠤ ᠬᠠᠩᠭᠢᠨ ᠬᠤᠱᠢᠭᠤᠨ᠎ᠤ ᠭᠦᠷᠦ᠍ ᠳᠠᠭᠤᠤ᠎ᠶ᠋ᠢᠨ ᠨᠠᠢᠷᠠᠯ ᠳᠠᠭᠤᠤ᠎ᠶ᠋ᠢᠨ ᠪᠦᠯᠬᠦᠮ᠎ᠲᠠᠢ ᠬᠠᠮᠲᠤ ᠪᠤᠯᠭᠠᠷᠢᠶ᠎ᠠ ᠤᠯᠤᠰ᠎ᠲᠤ ᠪᠤᠯᠤᠭ᠍ᠰᠠᠨ ᠳᠡᠯᠡᠬᠡᠢ᠎ᠶ᠋ᠢᠨ ᠠᠷᠠᠳ᠎ᠤᠨ ᠨᠠᠢᠷ᠎ᠤᠨ ᠴᠤᠷ᠎ᠤᠨ ᠭᠠᠭ᠍ᠴᠠ ᠠᠯᠲᠠᠨ ᠱᠠᠩᠨᠠᠯ᠎ᠢ ᠬᠦᠷᠲᠡᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号