ᠬᠢᠵᠢᠭ᠎ᠤᠨ ᠨᠦᠯᠦᠭᠡᠯᠡᠯ᠎ᠠᠴᠠ ᠪᠤᠯᠤᠬ᠍ᠰᠠᠨ ᠱᠢᠨ᠎ᠠ ᠪᠠᠢᠳᠠᠯ ᠲᠤᠤᠷ᠎ᠠ᠂ ᠮᠠᠨ᠎ᠤ ᠤᠷᠤᠨ ᠰᠡᠳᠭᠢᠴᠡ᠎ᠪᠠᠨ ᠠᠮᠵᠢᠨ ᠬᠤᠪᠢᠷᠠᠭᠤᠯᠵᠦ᠍᠂ ᠠᠷᠠᠯᠵᠢᠶᠠᠴᠢᠨ ᠤᠷᠢᠬᠤ ᠵᠠᠬ᠍ᠪᠤᠷ᠎ᠤᠨ ᠱᠢᠨ᠎ᠠ᠎ᠶ᠋ᠢ ᠡᠬᠦᠳᠤᠨ ᠪᠡᠯᠡ ᠮᠦᠩᠬᠦ᠌ ᠤᠷᠤᠭᠤᠯᠬᠤ ᠬᠠᠮᠳᠤᠷᠠᠯᠴᠠᠭ᠎ᠠ᠎ᠶ᠋ᠢ ᠪᠦᠲᠦᠮᠵᠢᠳᠡᠢ ᠠᠬᠢᠭᠤᠯᠵᠦ᠍᠂ ᠤᠤᠯ᠎ᠤᠨ 《ᠨᠢᠭᠤᠷᠳᠠᠨ ᠠᠭᠤᠯᠵᠠᠵᠦ᠍》᠂ 《ᠴᠠᠭᠠᠰᠤᠨ ᠲᠡᠭᠡᠷ᠎ᠠ ᠭᠠᠷᠤᠨ ᠦᠰᠦᠭ ᠵᠢᠷᠤᠵᠤ》 ᠭᠡᠷ᠎ᠠ ᠲᠤᠬ᠍ᠳᠠᠬᠤ ᠠᠷᠭ᠎ᠠ ᠬᠡᠯᠪᠡᠷᠢ᠎ᠶ᠋ᠢ 《ᠰᠦᠯᠵᠢᠶᠡᠨ ᠲᠡᠬᠡᠷ᠎ᠠ ᠵᠤᠯᠭᠠᠵᠦ᠍》᠂ 《ᠡᠬᠦᠯᠡᠨ ᠲᠡᠭᠡᠷ᠎ᠠ ᠬᠡᠷ᠎ᠠ ᠲᠤᠬ᠍ᠳᠠᠬᠤ》 ᠪᠤᠯᠭᠠᠨ ᠬᠤᠪᠢᠷᠠᠭᠤᠯᠬᠤ᠎ᠪᠠᠷ ᠲᠠᠮᠵᠢᠨ 3221 ᠳ᠋ᠦᠩᠱᠢᠭᠤᠷ ᠭᠠᠷᠤᠢ ᠲᠦᠬᠦᠷᠢᠭ᠎ᠤᠨ ᠪᠡᠯᠡ ᠤᠷᠤᠭᠤᠯᠤᠯᠳᠠ ᠪᠦᠬᠦᠢ ᠲᠦᠷᠦᠯ ᠵᠦᠢᠯ᠎ᠤᠨ ᠬᠡᠷ᠎ᠠ ᠲᠤᠬ᠍ᠳᠠᠵᠤ᠂ ᠬᠢᠵᠢᠭ᠎ᠤᠨ ᠪᠠᠢᠳᠠᠯ᠎ᠤᠨ ᠤᠨᠴᠠᠭᠠᠢ ᠴᠠᠬ ᠬᠤᠭᠤᠴᠠᠭᠠᠨ ᠳ᠋ᠤ ᠠᠷᠠᠯᠵᠢᠶᠠᠴᠢᠨ ᠤᠷᠢᠵᠦ᠍ ᠪᠡᠯᠡ ᠮᠦᠩᠬᠦ᠌ ᠤᠷᠤᠭᠤᠯᠬᠤ ᠠᠵᠢᠯ᠎ᠢ ᠲᠠᠰᠤᠯᠳᠠᠭᠤᠯᠬᠤ ᠦᠬᠡᠢ ᠪᠠᠢᠬᠤ᠎ᠶ᠋ᠢ ᠪᠠᠳᠤᠯᠠᠨ᠂ ᠪᠡᠯᠡ ᠤᠷᠤᠭᠤᠯᠤᠯᠳᠠ ᠪᠠ ᠭᠠᠳᠠᠭᠠᠳᠤ ᠪᠡᠯᠡ᠎ᠶ᠋ᠢ ᠲᠤᠬ᠍ᠳᠠᠪᠤᠷᠢᠵᠢᠭᠤᠯᠬᠤ᠎ᠳᠤ ᠤᠷᠤᠯᠠᠭᠤᠯᠵᠤ ᠪᠤᠯᠤᠰᠢ ᠦᠬᠡᠢ ᠴᠢᠬᠤᠯᠠ ᠦᠢᠯᠡᠳᠤᠯ᠎ᠢ ᠪᠠᠳᠠᠷᠠᠭᠤᠯᠪᠠ᠃
4 ᠰᠠᠷ᠎ᠠ᠎ᠶ᠋ᠢᠨ 2 ᠤᠨ ᠡᠳᠦᠷ ᠶᠠᠪᠤᠬ᠍ᠳᠠᠬ᠍ᠰᠠᠨ ᠬᠦᠬᠡᠬᠤᠳᠠ᠎ᠶ᠋ᠢᠨ ᠠᠷᠠᠯᠵᠢᠶᠠᠴᠢᠨ ᠤᠷᠢᠵᠦ᠍ ᠪᠡᠯᠡ ᠮᠦᠩᠬᠦ᠌ ᠤᠷᠤᠭᠤᠯᠬᠤ ᠰᠦᠯᠵᠢᠶᠡᠨ᠎ᠤ ᠱᠢᠭᠤᠳ ᠨᠡᠪᠲᠡᠷᠡᠬᠦᠯᠬᠡ᠎ᠶ᠋ᠢᠨ ᠲᠠᠨᠢᠯᠴᠠᠭᠤᠯᠭ᠎ᠠ᠎ᠶ᠋ᠢᠨ ᠬᠤᠷᠠᠯ᠎ᠤᠨ ᠠᠬᠤᠢ ᠲᠠᠯᠠᠪᠠᠢ᠎ᠳᠤ᠂ ᠭᠠᠨᠰᠤ᠎ᠶ᠋ᠢᠨ ᠰᠠᠠᠰᠠᠷ᠎ᠤᠨ ᠠᠶᠠᠯᠠᠯ᠎ᠤᠨ ᠱᠢᠨ᠎ᠠ ᠡᠨᠧᠷᠬᠢ᠎ᠶ᠋ᠢᠨ ᠪᠡᠯᠡ ᠤᠷᠤᠭᠤᠯᠤᠯᠳᠠ᠎ᠶ᠋ᠢᠨ ᠪᠦᠯᠦᠭ᠌ᠯᠡᠯ᠎ᠨᠢ ᠬᠦᠬᠡᠬᠤᠳᠠ᠎ᠲᠠᠢ ᠵᠦᠪᠯᠡᠯᠴᠡᠬᠡᠷ ᠲᠤᠬᠢᠷᠠᠵᠤ᠂ ᠬᠦᠬᠡᠬᠤᠳᠠ᠎ᠳᠤ 1 ᠳ᠋ᠦᠩᠱᠢᠭᠤᠷ ᠲᠦᠬᠦᠷᠢᠭ᠎ᠤᠨ ᠪᠡᠯᠡ ᠤᠷᠤᠭᠤᠯᠤᠨ ᠮᠠᠱᠢᠨ ᠬᠦᠮᠦᠨ ᠰᠤᠳᠤᠯᠵᠤ ᠬᠦᠭ᠌ᠵᠢᠬᠦᠯᠬᠦ᠌ ᠲᠦᠪ᠎ᠢ ᠪᠦᠲᠦᠬᠡᠨ ᠪᠠᠢᠭᠤᠯᠬᠤ᠎ᠪᠠᠷ ᠲᠤᠬ᠍ᠳᠠᠵᠠᠢ᠃ ᠲᠤᠰ ᠤᠳᠠᠭ᠎ᠠ᠎ᠶ᠋ᠢᠨ ᠲᠠᠨᠢᠯᠴᠠᠭᠤᠯᠭ᠎ᠠ᠎ᠶ᠋ᠢᠨ ᠬᠤᠷᠠᠯ ᠲᠡᠭᠡᠷ᠎ᠠ᠂ ᠬᠦᠬᠡᠬᠤᠳᠠ ᠡᠬᠦᠯᠡᠨ ᠱᠢᠭᠤᠳ ᠨᠡᠪᠲᠡᠷᠡᠬᠦᠯᠬᠡ᠎ᠶ᠋ᠢᠨ ᠠᠷᠭ᠎ᠠ ᠬᠡᠯᠪᠡᠷᠢ᠎ᠪᠠᠷ ᠵᠠᠭᠤᠴᠢᠯᠠᠭᠤᠷ᠎ᠤᠨ ᠲᠠᠪᠴᠠᠩ᠎ᠢ ᠠᠱᠢᠬ᠍ᠯᠠᠨ ᠪᠡᠯᠡ ᠤᠷᠤᠭᠤᠯᠤᠯᠳᠠ᠎ᠶ᠋ᠢᠨ ᠲᠠᠪᠠᠭᠤᠯᠢᠬ ᠪᠠ ᠤᠷᠴᠢᠨ ᠨᠦᠬᠦᠴᠡᠯ᠎ᠢᠶᠠᠨ ᠪᠦᠬᠦ᠌ ᠤᠯᠤᠰ᠎ᠲᠤ ᠲᠠᠨᠢᠯᠴᠠᠭᠤᠯᠬᠤ᠎ᠶ᠋ᠢᠨ ᠬᠠᠮᠳᠤ᠎ᠳᠤᠨᠢ ᠪᠡᠬᠡᠵᠢᠩ᠂ ᠱᠠᠩᠬᠠᠢ᠂ ᠭᠠᠨᠰᠤ ᠵᠡᠷᠬᠡ ᠭᠠᠵᠠᠷ ᠤᠷᠤᠨ᠎ᠤ ᠪᠡᠯᠡ ᠤᠷᠤᠭᠤᠯᠤᠬ᠍ᠴᠢᠳ ᠵᠢᠴᠢ ᠲᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠺᠤᠮᠫᠢᠦ᠋ᠲ᠋ᠧᠷ ᠰᠦᠯᠵᠢᠶ᠎ᠠ ᠮᠡᠳᠡᠭᠡ ᠵᠠᠩᠬᠢ᠎ᠶ᠋ᠢᠨ ᠲᠦᠪ᠂ ᠵᠦᠩ ᠲᠦᠩ ᠲᠦᠷᠬᠡᠨ ᠲᠠᠮᠵᠢᠭᠤᠯᠭ᠎ᠠ᠎ᠶ᠋ᠢᠨ ᠪᠦᠯᠦᠭ᠌ᠯᠡᠯ᠂ ᠱᠠᠩᠬᠠᠢ᠎ᠶ᠋ᠢᠨ ᠶᠦᠨ ᠳ᠋ᠠ ᠪᠠᠷᠠᠭᠠᠨ᠎ᠤ ᠲᠡᠬᠡᠬᠡᠪᠦᠷᠢ᠎ᠶ᠋ᠢᠨ ᠬᠢᠵᠠᠭᠠᠷᠳᠤ ᠺᠤᠮᠫᠠᠨᠢ ᠵᠡᠷᠬᠡ ᠪᠡᠯᠡ ᠤᠷᠤᠭᠤᠯᠤᠬ᠍ᠴᠢᠶ᠋ᠢᠨᠬᠢᠨᠲᠠᠢ ᠰᠦᠯᠵᠢᠶᠡᠨ ᠲᠡᠬᠡᠷ᠎ᠠ ᠬᠡᠷ᠎ᠠ ᠲᠤᠬ᠍ᠳᠠᠬ᠍ᠰᠠᠨ ᠪᠠᠢᠨ᠎ᠠ᠃ 《ᠡᠬᠦᠯᠡᠨ ᠱᠢᠭᠤᠳ ᠨᠡᠪᠲᠡᠷᠡᠬᠦᠯᠬᠡ᠎ᠪᠠᠷ ᠠᠷᠠᠯᠵᠢᠶᠠᠴᠢᠨ ᠤᠷᠢᠬᠤ᠎ᠨᠢ ᠬᠦᠮᠦᠨ ᠬᠠᠷ᠎ᠠ᠎ᠶ᠋ᠢᠨ ᠨᠠᠭᠠᠰᠢ ᠴᠠᠭᠠᠰᠢ ᠶᠠᠪᠤᠬᠤ ᠪᠠ ᠤᠯᠠᠨ ᠬᠦᠮᠦᠨ ᠴᠤᠭ᠍ᠯᠠᠷᠠᠬᠤ᠎ᠠᠴᠠ ᠵᠠᠢᠯᠠᠰᠭᠢᠵᠤ᠂ ᠬᠢᠵᠢᠭ᠎ᠤᠨ ᠪᠠᠢᠳᠠᠯ᠎ᠢ ᠪᠦᠲᠦᠮᠵᠢᠳᠡᠢ᠎ᠪᠠᠷ ᠰᠡᠷᠬᠡᠢᠯᠡᠨ ᠡᠵᠡᠮᠳᠡᠬᠦ᠌᠎ᠶ᠋ᠢᠨ ᠬᠠᠮᠳᠤ ᠪᠡᠯᠡ ᠤᠷᠤᠭᠤᠯᠤᠯᠳᠠ᠎ᠶ᠋ᠢᠨ ᠬᠠᠮᠳᠤᠷᠠᠯᠴᠠᠭᠠᠨ᠎ᠤ ᠠᠬᠢᠴᠠ᠎ᠶ᠋ᠢ ᠴᠦ᠍ ᠪᠠᠳᠤᠯᠠᠵᠤ ᠴᠢᠳᠠᠭ᠍ᠰᠠᠨ》 ᠬᠡᠵᠦ᠍ ᠬᠦᠬᠡᠬᠤᠳᠠ᠎ᠶ᠋ᠢᠨ ᠴᠢᠬᠤᠯᠠ ᠶᠡᠭᠡ ᠲᠦᠷᠦᠯ ᠵᠦᠢᠯ᠎ᠤᠨ ᠠᠯᠪᠠᠨ ᠬᠡᠷ᠎ᠤᠨ ᠬᠠᠷᠢᠭᠤᠴᠠᠯᠭᠠᠳᠠᠨ ᠤᠯᠵᠠᠭᠤᠷᠬᠠᠨ ᠶᠡᠷᠢᠨ᠎ᠠ᠃
ᠮᠠᠨ᠎ᠤ ᠤᠷᠤᠨ ᠡᠨᠡ ᠵᠢᠯ᠎ᠤᠨ 4 ᠰᠠᠷ᠎ᠠ᠎ᠠᠴᠠ ᠡᠬᠢᠯᠡᠨ ᠪᠦᠬᠦ᠌ ᠤᠷᠤᠨ᠎ᠤ ᠬᠡᠪᠴᠢᠶᠡᠨ᠎ᠳᠤ ᠰᠦᠯᠵᠢᠶᠡᠨ ᠲᠡᠬᠡᠷ᠎ᠠ ᠠᠷᠠᠯᠵᠢᠶᠠᠴᠢᠨ ᠤᠷᠢᠬᠤ ᠰᠠᠷ᠎ᠠ᠎ᠶ᠋ᠢᠨ ᠠᠵᠢᠯᠯᠠᠭ᠎ᠠ ᠦᠷᠨᠢᠬᠦᠯᠦᠭ᠌ᠰᠡᠨ᠎ᠠᠴᠠ ᠨᠠᠭᠠᠰᠢ᠂ ᠦᠪᠡᠷᠳᠡᠭᠡᠨ ᠵᠠᠰᠠᠬᠤ ᠤᠷᠤᠨ᠎ᠤ ᠬᠦᠭ᠌ᠵᠢᠬᠦᠯᠦᠯᠳᠡ ᠪᠡ ᠦᠬᠡᠷᠡᠴᠢᠯᠡᠯᠳᠡ᠎ᠶ᠋ᠢᠨ ᠵᠦᠪᠯᠡᠯ᠎ᠨᠢ ᠰᠦᠯᠵᠢᠶᠡᠨ ᠲᠠᠪᠴᠠᠩ ᠬᠢᠬᠡᠳ ᠰᠦᠯᠵᠢᠶᠡᠨ ᠲᠡᠬᠡᠷᠡᠬᠢ ᠡᠬᠢ ᠪᠠᠶᠠᠯᠢᠬ᠎ᠢ ᠬᠦᠢᠴᠡᠳ ᠠᠱᠢᠬ᠍ᠯᠠᠵᠦ᠍᠂ 《ᠨᠢᠭᠤᠷᠳᠠᠨ ᠠᠭᠤᠯᠵᠠᠬᠤ ᠦᠬᠡᠢ᠎ᠪᠠᠷ ᠰᠦᠯᠵᠢᠶᠡᠨ ᠲᠡᠬᠡᠷ᠎ᠠ ᠠᠷᠠᠯᠵᠢᠶᠠᠴᠢᠨ ᠤᠷᠢᠬᠤ》 ᠠᠷᠭ᠎ᠠ ᠬᠡᠯᠪᠡᠷᠢ᠎ᠪᠠᠷ ᠠᠷᠠᠯᠵᠢᠶᠠᠴᠢᠨ ᠤᠷᠢᠵᠦ᠍ ᠪᠡᠯᠡ ᠮᠦᠩᠬᠦ᠌ ᠤᠷᠤᠭᠤᠯᠬᠤ ᠠᠵᠢᠯ᠎ᠢ ᠢᠳᠡᠪᠬᠢᠳᠡᠢ ᠦᠷᠨᠢᠬᠦᠯᠵᠦ᠍᠂ ᠪᠦᠬᠦ᠌ ᠤᠷᠤᠨ᠎ᠤ ᠲᠡᠭᠡᠳᠤ ᠲᠤᠤᠷᠠᠳᠤ ᠱᠠᠳᠤ᠎ᠶ᠋ᠢᠨ ᠬᠠᠮᠢᠶ᠎ᠠ ᠪᠦᠬᠦᠢ ᠰᠠᠯᠠᠭ᠎ᠠ ᠮᠦᠴᠢᠷ ᠬᠤᠷᠱᠢᠯᠴᠠᠨ ᠠᠷᠠᠯᠵᠢᠶᠠᠴᠢᠨ ᠤᠷᠢᠬᠤ᠂ ᠤᠯᠠᠨ ᠲᠠᠪᠴᠠᠩ᠎ᠤᠨ ᠮᠡᠳᠡᠭᠡ ᠵᠠᠩᠬᠢᠵᠢᠯᠳᠠ᠎ᠪᠠᠷ ᠠᠷᠠᠯᠵᠢᠶᠠᠴᠢᠨ ᠤᠷᠢᠬᠤ ᠠᠭᠤᠷ ᠠᠮᠢᠰᠭᠤᠯ᠎ᠢ ᠪᠤᠢ ᠪᠤᠯᠭᠠᠯ᠎ᠠ᠃ ᠲᠤᠰ ᠤᠳᠠᠭ᠎ᠠ᠎ᠶ᠋ᠢᠨ ᠰᠦᠯᠵᠢᠶᠡᠨ ᠲᠡᠬᠡᠷ᠎ᠠ ᠠᠷᠠᠯᠵᠢᠶᠠᠴᠢᠨ ᠤᠷᠢᠬᠤ ᠰᠠᠷ᠎ᠠ᠎ᠶ᠋ᠢᠨ ᠠᠵᠢᠯᠯᠠᠭ᠎ᠠ᠎ᠨᠢ ᠭᠤᠤᠯᠳᠠᠭᠤ ᠮᠠᠨ᠎ᠤ ᠤᠷᠤᠨ᠎ᠳᠤ ᠪᠡᠯᠡ ᠤᠷᠤᠭᠤᠯᠬᠤ ᠰᠠᠨᠠᠮᠵᠢ ᠪᠠ ᠬᠡᠷᠡᠭ᠌ᠴᠡᠭᠡ ᠱᠠᠭᠠᠷᠳᠠᠯᠭ᠎ᠠ᠎ᠲᠠᠢ ᠠᠷᠠᠯᠵᠢᠶᠠᠴᠢᠨ ᠬᠢᠬᠡᠳ ᠠᠵᠦ᠍ ᠠᠬᠤᠢ᠍ᠢᠯᠠᠯᠳᠠᠨ᠂ ᠡᠯ᠎ᠠ ᠭᠠᠵᠠᠷ᠎ᠤᠨ ᠠᠷᠠᠯᠵᠢᠶᠠᠴᠢᠨ ᠪᠠ ᠠᠵᠦ᠍ ᠠᠬᠤᠢ᠍ᠢᠯᠠᠯᠳᠠᠨᠤ ᠨᠡᠢᠬᠡᠮᠯᠢᠭ ᠵᠢᠴᠢ ᠭᠤᠤᠯᠳᠠᠯᠭ᠎ᠠ᠎ᠲᠠᠢ ᠠᠵᠦ᠍ ᠠᠬᠤᠢ᠍ᠢᠯᠠᠯ᠎ᠳᠤ ᠮᠠᠨ᠎ᠤ ᠤᠷᠤᠨ᠎ᠤ ᠪᠡᠯᠡ ᠤᠷᠤᠭᠤᠯᠤᠯᠳᠠ᠎ᠶ᠋ᠢᠨ ᠤᠷᠴᠢᠨ ᠲᠤᠭᠤᠷᠢᠨ᠎ᠢ ᠤᠬᠠᠭᠤᠯᠤᠨ᠂ ᠭᠤᠤᠯᠳᠠᠯᠭ᠎ᠠ᠎ᠲᠠᠢ ᠪᠡᠯᠡ ᠤᠷᠤᠭᠤᠯᠤᠯᠳᠠ᠎ᠶ᠋ᠢᠨ ᠲᠦᠷᠦᠯ ᠵᠦᠢᠯ᠎ᠢ ᠲᠠᠨᠢᠯᠴᠠᠭᠤᠯᠵᠤ᠂ ᠮᠠᠨ᠎ᠤ ᠤᠷᠤᠨ᠎ᠳᠤ ᠢᠷᠡᠵᠦ᠍ ᠪᠡᠯᠡ ᠤᠷᠤᠭᠤᠯᠤᠨ ᠦᠢᠯᠡᠰ ᠪᠤᠰᠭᠠᠬᠤ᠎ᠶ᠋ᠢ ᠲᠠᠳᠠᠬ᠍ᠰᠠᠨ ᠪᠠᠢᠨ᠎ᠠ᠃ ᠬᠠᠮᠳᠤ᠎ᠳᠤᠨᠢ ᠪᠠᠰᠠ ᠤᠯᠤᠰ᠎ᠤᠨ ᠠᠵᠦ᠍ ᠦᠢᠯᠡᠰ᠎ᠤᠨ ᠲᠦᠷᠦ᠎ᠶ᠋ᠢᠨ ᠪᠤᠳᠤᠯᠭ᠎ᠠ ᠪᠠ ᠮᠠᠨ᠎ᠤ ᠤᠷᠤᠨ᠎ᠤ ᠬᠡᠯᠪᠡᠷᠢ᠎ᠪᠠᠨ ᠬᠤᠪᠢᠷᠠᠭᠤᠯᠤᠨ ᠬᠦᠭ᠌ᠵᠢᠬᠦ᠌ ᠴᠢᠭ᠌ᠯᠡᠯ᠎ᠳᠤ ᠨᠡᠢᠴᠡᠭ᠌ᠰᠡᠨ ᠮᠠᠱᠢᠨ ᠲᠤᠨᠤᠬ᠍ᠯᠠᠯ ᠦᠢᠯᠡᠳᠬᠦ᠂ ᠪᠠᠢᠯᠳᠤᠬᠤ ᠪᠤᠳᠤᠯᠭ᠎ᠠ᠎ᠶ᠋ᠢᠨ ᠴᠢᠨᠠᠷᠳᠠᠢ ᠱᠢᠨ᠎ᠠ᠎ᠪᠠᠷ ᠮᠠᠨᠳᠤᠬ᠍ᠰᠠᠨ ᠠᠵᠦ᠍ ᠦᠢᠯᠡᠰ᠂ ᠪᠤᠬᠢᠷᠳᠤᠯ ᠦᠬᠡᠢ ᠮᠠᠯ᠎ᠤᠨ ᠠᠱᠢᠬ ᠱᠢᠮ᠎ᠠ ᠲᠠᠷᠢᠶᠠᠯᠠᠩ᠎ᠤᠨ ᠪᠦᠲᠦᠭᠡᠭ᠌ᠳᠡᠬᠦᠨ᠎ᠢ ᠦᠢᠯᠡᠳᠪᠦᠷᠢᠯᠡᠵᠦ᠍ ᠡᠳ᠋ᠱᠢᠬᠦᠯᠤᠨ ᠪᠤᠯᠪᠠᠰᠤᠷᠠᠭᠤᠯᠬᠤ᠂ ᠰᠤᠶᠤᠯ ᠵᠢᠭᠤᠯᠴᠢᠯᠠᠯ᠂ ᠬᠢᠮᠢ᠎ᠶ᠋ᠢᠨ ᠠᠵᠦ᠍ ᠦᠢᠯᠡᠳᠪᠦᠷᠢ᠂ ᠲᠡᠮᠦᠷᠯᠢᠭ ᠬᠠᠢᠯᠤᠭᠤᠯᠬᠤ᠂ ᠪᠠᠷᠢᠯᠭ᠎ᠠ᠎ᠶ᠋ᠢᠨ ᠮᠠᠲ᠋ᠧᠷᠢᠶᠠᠯ᠂ ᠪᠤᠳᠠᠰ᠎ᠤᠨ ᠬᠦᠢᠯᠬᠡᠬᠡ᠂ ᠤᠳᠤ ᠦᠶ᠎ᠠ᠎ᠶ᠋ᠢᠨ ᠦᠢᠯᠡᠴᠢᠯᠡᠬᠡᠨ᠎ᠤ ᠦᠢᠯᠡᠰ ᠵᠡᠷᠬᠡ ᠬᠦᠷᠢᠶ᠎ᠠ ᠴᠠᠷᠠᠭᠠᠨ᠎ᠳᠤ ᠬᠤᠯᠪᠤᠬ᠍ᠳᠠᠬ᠍ᠰᠠᠨ 2020 ᠤᠨ᠎ᠤ ᠦᠪᠡᠷᠳᠡᠭᠡᠨ ᠵᠠᠰᠠᠬᠤ ᠤᠷᠤᠨ᠎ᠤ ᠲᠦᠷᠦᠬᠦᠦ ᠪᠦᠯᠦᠭ᠎ᠤᠨ ᠠᠵᠦ᠍ ᠠᠬᠤᠢ᠎ᠶ᠋ᠢᠨ ᠬᠠᠮᠳᠤᠷᠠᠯᠴᠠᠭᠠᠨ᠎ᠤ 193 ᠭᠤᠤᠯᠳᠠᠯᠭ᠎ᠠ᠎ᠲᠠᠢ ᠲᠦᠷᠦᠯ ᠵᠦᠢᠯ᠎ᠢ ᠲᠠᠨᠢᠯᠴᠠᠭᠤᠯᠵᠠᠢ᠃
ᠦᠪᠡᠷᠳᠡᠭᠡᠨ ᠵᠠᠰᠠᠬᠤ ᠤᠷᠤᠨ᠎ᠤ ᠬᠦᠭ᠌ᠵᠢᠬᠦᠯᠦᠯᠳᠡ ᠪᠠ ᠦᠬᠡᠷᠡᠴᠢᠯᠡᠯᠳᠡ᠎ᠶ᠋ᠢᠨ ᠵᠦᠪᠯᠡᠯ᠎ᠤᠨ ᠬᠠᠮᠤᠭ᠎ᠤᠨ ᠱᠢᠨ᠎ᠠ ᠪᠦᠷᠢᠳᠭᠡᠯ᠎ᠢᠶᠠᠷ᠂ 6 ᠰᠠᠷ᠎ᠠ᠎ᠶ᠋ᠢᠨ 6 ᠤ ᠡᠳᠦᠷ ᠪᠤᠯᠳᠠᠯ᠎ᠠ᠂ ᠮᠠᠨ᠎ᠤ ᠤᠷᠤᠨ ᠰᠦᠯᠵᠢᠶᠡᠨ ᠲᠡᠬᠡᠷᠡᠬᠢ ᠲᠠᠨᠢᠯᠴᠠᠭᠤᠯᠭ᠎ᠠ᠎ᠶ᠋ᠢᠨ ᠠᠵᠢᠯᠯᠠᠭ᠎ᠠ ᠪᠠ ᠰᠤᠨᠢᠨ ᠮᠡᠳᠡᠭᠡ ᠨᠡᠢᠳᠡᠯᠡᠬᠦ᠌ ᠬᠤᠷᠠᠯ᠎ᠢ ᠨᠡᠢᠳᠡ 355 ᠤᠳᠠᠭ᠎ᠠ ᠵᠤᠬᠢᠶᠠᠨ ᠪᠠᠢᠭᠤᠯᠤᠨ ᠶᠠᠪᠤᠬ᠍ᠳᠠᠭᠤᠯᠵᠦ᠍᠂ ᠨᠡᠢᠳᠡ 2333 ᠠᠵᠦ᠍ ᠠᠬᠤᠢ᠍ᠢᠯᠠᠯ᠎ᠲᠠᠢ ᠵᠤᠯᠭᠠᠯᠴᠠᠨ 227 ᠲᠦᠷᠦᠯ ᠵᠦᠢᠯ᠎ᠤᠨ ᠬᠡᠷ᠎ᠠ ᠲᠤᠬ᠍ᠳᠠᠵᠦ᠍᠂ ᠬᠡᠷ᠎ᠠ ᠲᠤᠬ᠍ᠳᠠᠬ᠍ᠰᠠᠨ ᠲᠦᠷᠦᠯ ᠵᠦᠢᠯ᠎ᠤᠨ ᠶᠡᠷᠦᠩᠬᠡᠢ ᠪᠡᠯᠡ ᠤᠷᠤᠭᠤᠯᠤᠯᠳᠠ᠎ᠨᠢ 3221.64 ᠳ᠋ᠦᠩᠱᠢᠭᠤᠷ ᠲᠦᠬᠦᠷᠢᠭ᠎ᠲᠤ ᠬᠦᠷᠴᠡᠢ᠃ ᠤᠢ᠍ᠢᠯᠠᠭᠠᠭ᠍ᠰᠠᠨ᠎ᠢᠶᠠᠷ᠂ ᠮᠠᠨ᠎ᠤ ᠤᠷᠤᠨ ᠡᠳᠡᠬᠡᠷ ᠬᠡᠷ᠎ᠠ ᠲᠤᠬ᠍ᠳᠠᠬ᠍ᠰᠠᠨ ᠲᠦᠷᠦᠯ ᠵᠦᠢᠯᠤᠨᠬᠢᠨᠳᠤ ᠬᠠᠮᠤᠬ᠎ᠤᠨ ᠱᠢᠯᠢᠳᠡᠭ ᠦᠢᠯᠡᠴᠢᠯᠡᠭᠡ ᠬᠠᠩᠭᠠᠵᠦ᠍᠂ ᠦᠳᠳᠡᠷ ᠲᠦᠷᠬᠡᠨ᠎ᠢᠶᠠᠷ ᠡᠮᠦᠨᠡᠬᠢ ᠬᠤᠭᠤᠴᠠᠭᠠᠨ᠎ᠤ ᠭᠠᠷᠳᠠᠮ᠎ᠢ ᠬᠦᠢᠴᠡᠳᠭᠡᠬᠦ᠌ ᠪᠠ ᠨᠤᠳᠤᠬ᠍ᠰᠢᠭᠤᠯᠬᠤ ᠪᠡᠯᠡᠳᠭᠡᠯ ᠠᠵᠢᠯ᠎ᠢ ᠰᠠᠢᠳᠤᠷ ᠬᠢᠵᠦ᠍᠂ ᠲᠦᠷᠦᠯ ᠵᠦᠢᠯ᠎ᠤᠳ᠎ᠤᠨ ᠤᠷᠤᠬ᠍ᠰᠢᠳᠠᠢ᠎ᠪᠠᠷ ᠪᠠᠷᠢᠯᠭ᠎ᠠ᠎ᠪᠠᠨ ᠡᠬᠢᠯᠡᠬᠦᠯᠬᠦ᠌᠎ᠶ᠋ᠢ ᠪᠦᠬᠦ᠌ ᠬᠦᠴᠦᠨ᠎ᠢᠶᠠᠷ ᠪᠠᠳᠤᠯᠠᠵᠦ᠍ ᠪᠠᠢᠨ᠎ᠠ᠃