4 ᠵᠢᠯ᠎ᠤᠨ ᠠᠪᠤᠷᠠᠵᠤ ᠡᠮᠬᠢᠳᠭᠡᠬᠦ᠌ ᠶᠠᠪᠤᠴᠠ᠎ᠶ᠋ᠢ ᠦᠩᠭᠡᠷᠡᠭᠡᠨ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠤᠨ ᠲᠣᠪᠴᠢᠶ᠎ᠠ ᠣᠢᠷ᠎ᠠ᠎ᠳᠤ ᠳᠠᠩᠰᠠ ᠡᠪᠬᠡᠮᠡᠯ᠎ᠤᠨ ᠤᠷᠳᠤᠨ᠎ᠳᠤ ᠬᠠᠳᠠᠭᠠᠯᠠᠵᠤ ᠪᠠᠢᠭ᠎ᠠ ᠶᠠᠫᠣᠨ᠎ᠤ ᠳᠤᠮᠳᠠᠳᠤ ᠤᠯᠤᠰ᠎ᠢ ᠲᠦᠷᠢᠮᠡᠬᠡᠢᠯᠡᠭ᠌ᠰᠡᠨ ᠦᠶ᠎ᠡ᠎ᠶ᠋ᠢᠨ ᠲᠡᠤᠬᠡ᠎ᠶ᠋ᠢᠨ ᠲᠠᠩᠰᠠ ᠡᠪᠬᠡᠮᠡᠯ᠎ᠢ ᠨᠠᠢᠷᠠᠭᠤᠯᠤᠨ ᠣᠷᠴᠢᠭᠤᠯᠬᠤ ᠠᠵᠢᠯ᠎ᠢᠶᠠᠨ ᠲᠠᠭᠤᠰᠭᠠᠵᠤ᠂ ᠭᠠᠷᠴᠠᠭ᠎ᠤᠨ ᠳ᠋ᠠᠢᠲ᠋ᠠ ᠬᠥᠮᠥᠷᠭᠡ ᠪᠠᠢᠭᠤᠯᠪᠠ᠃
ᠣᠢᠯᠠᠭᠠᠭ᠍ᠰᠠᠨ᠎ᠢᠶᠠᠷ᠂ ᠡᠳᠡᠭᠡᠷ ᠲᠡᠦᠬᠡ᠎ᠶ᠋ᠢᠨ ᠳᠠᠩᠰᠠ ᠡᠪᠬᠡᠮᠡᠯ᠎ᠤᠨ ᠣᠯᠠᠩᠬᠢ᠎ᠨᠢ ᠶᠠᠫᠣᠨ᠎ᠤ ᠡᠵᠡᠷᠬᠡᠭ ᠲᠦᠷᠢᠮᠡᠬᠡᠢᠳᠡᠨ ᠤᠬᠤᠷᠢᠵᠤ ᠭᠠᠷᠬᠤ᠎ᠳᠠᠭᠠᠨ ᠤᠰᠠᠳᠭᠠᠨ ᠱᠢᠢᠳᠪᠦᠷᠢᠯᠡᠵᠦ᠍ ᠴᠢᠳᠠᠭ᠍ᠰᠠᠨ ᠦᠭᠡᠢ ᠳᠠᠩᠰᠠ ᠡᠪᠬᠡᠮᠡᠯ ᠪᠣᠯᠤᠨ᠎ᠠ᠂ ᠴᠠᠭ᠎ᠤᠨ ᠬᠤᠪᠢ᠎ᠳᠤ 1932 ᠣᠨ᠎ᠠᠴᠠ 1945 ᠣᠨ ᠪᠤᠯᠳᠠᠯᠡᠬᠢ᠂ ᠭᠤᠣᠯᠳᠠᠭᠤ ᠬᠠᠭᠤᠷᠮᠠᠭ ᠮᠠᠨᠵᠤ ᠤᠯᠤᠰ᠎ᠤᠨ ᠬᠢᠩᠭᠠᠨ ᠮᠤᠵᠢ᠎ᠶ᠋ᠢᠨ ᠵᠠᠰᠠᠭ᠎ᠤᠨ ᠡᠷᠬᠡ ᠪᠠ ᠮᠣᠩᠭᠤᠯ ᠬᠢᠵᠠᠭᠠᠷ᠎ᠤᠨ ᠬᠤᠯᠪᠣᠭᠠᠲᠤ ᠥᠪᠡᠷᠲᠡᠭᠡᠨ ᠵᠠᠰᠠᠬᠤ ᠵᠠᠰᠠᠭ᠎ᠤᠨ ᠣᠷᠳᠣᠨ᠎ᠤ ᠳᠠᠩᠰᠠ ᠡᠪᠬᠡᠮᠡᠯ ᠪᠣᠯᠤᠨ᠎ᠠ᠃ ᠠᠭᠤᠯᠭ᠎ᠠ᠎ᠨᠢ ᠨᠢᠭᠤᠴᠠ ᠮᠡᠳᠡᠭᠡ᠂ ᠳᠣᠲᠣᠭᠠᠳᠤ᠎ᠶ᠋ᠢᠨ ᠬᠠᠮᠢᠶᠠᠷᠤᠯᠲᠠ᠎ᠶ᠋ᠢᠨ ᠪᠢᠴᠢᠭ ᠮᠠᠲ᠋ᠧᠷᠢᠶᠠᠯ ᠵᠡᠷᠭᠡ 6 ᠶᠡᠭᠡ ᠲᠥᠷᠥᠯ᠎ᠳᠤ ᠬᠤᠯᠪᠣᠭ᠍ᠳᠠᠨ᠎ᠠ᠃ ᠣᠨ ᠤᠳᠠᠬ᠍ᠰᠠᠨᠠᠴᠠ ᠪᠣᠯᠵᠤ ᠡᠳᠡᠭᠡᠷ ᠳᠠᠩᠰᠠ ᠡᠪᠬᠡᠮᠡᠯ᠎ᠤᠨ ᠣᠯᠠᠩᠬᠢ᠎ᠨᠢ ᠡᠪᠳᠡᠷᠡᠵᠦ᠍ ᠡᠯᠡᠭ᠌ᠳᠡᠵᠡᠢ᠃ ᠡᠭᠦᠨ᠎ᠤ ᠳᠤᠳᠤᠷ᠎ᠠ᠂ ᠬᠡᠰᠡᠭ ᠳᠠᠩᠰᠠ ᠡᠪᠬᠡᠮᠡᠯ᠎ᠨᠢ ᠲᠤᠬᠠᠶ᠎ᠶ᠋ᠢᠨ ᠵᠢᠯ᠎ᠤᠨ ᠶᠠᠫᠣᠨ ᠴᠡᠷᠢᠭ᠎ᠤᠨ ᠪᠠᠬᠢᠯᠡᠯᠲᠡ᠎ᠶ᠋ᠢᠨ ᠳᠤᠮᠳᠠ ᠢᠯᠡᠷᠡᠭᠦᠯᠦᠭ᠌ᠰᠡᠨ ᠦᠯᠡᠳᠡᠭ᠌ᠳᠡᠯ ᠹᠢᠯᠢᠮ ᠪᠣᠯᠤᠨ᠎ᠠ᠃ ᠬᠡᠰᠡᠭ ᠳᠠᠩᠰᠠ ᠡᠪᠬᠡᠮᠡᠯ᠎ᠤᠨ ᠭᠠᠷ ᠪᠢᠴᠢᠮᠡᠯ ᠠᠭᠤᠯᠭ᠎ᠠ᠎ᠨᠢ ᠬᠡᠳᠦᠷᠬᠡᠢ ᠳᠠᠳᠠᠯᠠᠭ᠍ᠰᠠᠨᠠᠴᠠ ᠢᠯᠭᠠᠨ ᠳᠠᠨᠢᠬᠤ᠎ᠳᠤ ᠪᠡᠷᠬᠡ ᠪᠠᠢᠨ᠎ᠠ᠃
ᠠᠵᠢᠯᠲᠠᠳ᠎ᠠᠴᠠ ᠶᠠᠫᠣᠨ᠎ᠤ ᠬᠠᠭᠤᠷᠮᠠᠭ ᠵᠠᠰᠠᠭ᠎ᠤᠨ ᠦᠶ᠎ᠡ᠎ᠶ᠋ᠢᠨ ᠲᠡᠤᠬᠡ᠎ᠶ᠋ᠢᠨ ᠳᠠᠩᠰᠠ ᠡᠪᠬᠡᠮᠡᠯ᠂ ᠲᠡᠤᠬᠡ᠎ᠶ᠋ᠢᠨ ᠮᠠᠲ᠋ᠧᠷᠢᠶᠠᠯ᠂ ᠲᠠᠮᠠᠭ᠎ᠠ᠎ᠶ᠋ᠢ ᠲᠣᠪᠴᠢᠯᠠᠨ ᠨᠠᠢᠷᠠᠭᠤᠯᠤᠭ᠍ᠰᠠᠨᠢ ᠪᠠᠭ᠍ᠳᠠᠭᠠᠭ᠍ᠰᠠᠨ ᠳᠣᠲᠣᠭᠠᠳᠤ᠎ᠳᠠᠭᠠᠨ ᠡᠮᠬᠢᠳᠭᠡᠨ ᠨᠠᠢᠷᠠᠭᠤᠯᠤᠭ᠍ᠰᠠᠨ ᠮᠠᠲ᠋ᠧᠷᠢᠶᠠᠯ᠎ᠢ 16 ᠳᠡᠪᠲᠡᠷ ᠡᠮᠬᠢᠳᠭᠡᠨ ᠭᠠᠷᠭᠠᠵᠤ᠂ ᠪᠠᠰᠠ 8.2 ᠲᠦᠮᠡᠨ ᠵᠤᠷᠪᠤᠰ ᠭᠠᠷᠴᠠᠭ᠎ᠢ ᠲᠡᠮᠳᠡᠭ᠌ᠯᠡᠵᠦ᠍ ᠴᠤᠭ᠍ᠯᠠᠭᠤᠯᠪᠠ᠃
ᠥᠪᠡᠷᠲᠡᠭᠡᠨ ᠵᠠᠰᠠᠬᠤ ᠣᠷᠣᠨ᠎ᠤ ᠳᠠᠩᠰᠠ ᠡᠪᠬᠡᠮᠡᠯ᠎ᠤᠨ ᠲᠣᠪᠴᠢᠶ᠎ᠠ᠎ᠶ᠋ᠢᠨ ᠳᠡᠳ᠋ ᠳᠠᠷᠤᠭ᠎ᠠ ᠵᠠᠩ ᠱᠤᠸᠠᠢ᠄ 《ᠡᠳᠡᠭᠡᠷ ᠲᠡᠤᠬᠡᠨ ᠳᠠᠩᠰᠠ ᠡᠪᠬᠡᠮᠡᠯ᠎ᠨᠢ ᠶᠠᠫᠣᠨ᠎ᠤ ᠳᠤᠮᠳᠠᠳᠤ ᠤᠯᠤᠰ᠎ᠢ ᠲᠦᠷᠢᠮᠡᠬᠡᠢᠯᠡᠭ᠌ᠰᠡᠨ ᠴᠠᠭ ᠦᠶ᠎ᠡ᠎ᠶ᠋ᠢᠨ ᠤᠯᠤᠰ ᠲᠥᠷᠥ᠍᠂ ᠠᠵᠤ ᠠᠬᠤᠢ᠂ ᠨᠡᠢᠭᠡᠮ᠎ᠢ ᠰᠤᠳᠤᠯᠬᠤ᠎ᠶ᠋ᠢᠨ ᠲᠡᠷᠢᠭᠦᠨ ᠴᠢᠬᠤᠯᠠ ᠦᠨᠳᠦᠰᠦᠯᠡᠯ ᠪᠣᠯᠵᠤ᠂ ᠶᠠᠫᠣᠨ ᠡᠵᠡᠷᠬᠡᠭ ᠲᠦᠷᠢᠮᠡᠬᠡᠢᠳᠡᠨᠤ ᠵᠡᠷᠯᠢᠭ ᠪᠠᠯᠠᠮᠠᠳ ᠠᠵᠢᠯᠯᠠᠭ᠎ᠠ᠎ᠶ᠋ᠢ ᠢᠯᠡᠴᠢᠯᠡᠬᠦ᠌᠎ᠳᠤ ᠮᠠᠷᠭᠤᠰᠢ ᠦᠭᠡᠢ ᠲᠡᠤᠬᠡ᠎ᠶ᠋ᠢᠨ ᠮᠠᠲ᠋ᠧᠷᠢᠶᠠᠯ᠎ᠤᠨ ᠦᠨ᠎ᠡ ᠴᠠᠨ᠎ᠠ᠎ᠲᠠᠢ ᠶᠤᠮ》 ᠬᠡᠪᠡ᠃