ᠨᠠᠪᠴᠢ ᠪᠣᠯᠭᠠᠨ ᠎ᠳᠤ ᠥᠪᠡᠷ ᠥᠪᠡᠷ ᠎ᠤᠨ ᠎ᠢᠶᠡᠨ ᠲᠡᠭ᠌ᠷᠢ ᠎ᠲᠠᠢ ​
2021-10-20 09:34:10
ᠵᠣᠬᠢᠶᠠᠭ᠍ᠴᠢ᠄
ᠪᠣᠯᠣᠷᠡᠷᠳᠡᠨᠢ
ᠣᠩᠱᠢᠭ᠍ᠰᠠᠨ ᠣᠳᠠᠭ᠎ᠠ᠄
★★★☆☆

ᠶᠢᠷᠲᠢᠨᠴᠦ᠍᠎ᠶ᠋ᠢᠨ ᠲᠥᠮᠡᠨ ᠪᠤᠳᠠᠰ ᠴᠠᠭ ᠢᠮᠠᠭ᠍ᠲᠠ ᠬᠤᠪᠢᠷᠠᠨ ᠤᠯᠠᠷᠢᠵᠤ ᠪᠦᠬᠦᠢ ᠥᠩᠭᠡ ᠳᠥᠷᠬᠦ᠌᠎ᠪᠠᠷ᠎ᠢᠶᠠᠨ ᠥᠪᠡᠷ᠎ᠤᠨ ᠲᠣᠲᠤᠭᠠᠳᠤ ᠮᠦᠨ ᠴᠢᠨᠠᠷ᠂ ᠦᠨᠡᠨ ᠳᠦᠷᠢ᠎ᠪᠠᠨ ᠳᠠᠯᠳᠠᠯᠠᠬᠤ᠎ᠪᠠᠷ ᠳᠠᠮᠵᠢᠨ ᠬᠥᠮᠥᠨ ᠲᠥᠷᠥᠯᠬᠢᠲᠡᠨ᠎ᠳᠤ ᠲᠥᠰᠥᠭᠡᠯᠡᠯ᠎ᠤᠨ ᠠᠭᠤᠳᠠᠮ ᠣᠷᠣᠨ ᠵᠠᠢ᠂ ᠲᠡᠮᠡᠦᠯᠦᠯ᠎ᠤᠨ ᠥᠷᠭᠡᠨ ᠪᠣᠯᠣᠮᠵᠢ᠎ᠶ᠋ᠢ ᠬᠠᠩᠭᠠᠵᠤ ᠪᠠᠢᠳᠠᠭ ᠪᠢᠯᠡ᠃ ᠦᠵᠡᠭ᠌ᠳᠡᠯ᠎ᠤᠨ ᠴᠠᠭᠠᠨᠠᠬᠢ ᠦᠨᠡᠨ᠎ᠳᠤ ᠬᠦᠷᠬᠦ᠌᠎ᠳᠤ ᠯᠣᠭᠢᠭ ᠠᠪᠴᠠᠯᠳᠤᠩᠭᠤᠢ ᠱᠢᠨᠵᠢᠯᠡᠬᠦ᠌ ᠤᠬᠠᠭᠠᠨ᠎ᠤ ᠠᠷᠭ᠎ᠠ᠎ᠶ᠋ᠢ ᠲᠥᠱᠢᠭ᠌ᠯᠡᠵᠦ᠍ ᠪᠣᠯᠬᠤ᠎ᠪᠠᠷ ᠪᠠᠷᠠᠬᠤ ᠦᠭᠡᠢ ᠭᠢᠯᠠᠰ ᠮᠡᠳᠡᠷᠡᠮᠵᠢ᠂ ᠭᠠᠢᠬᠠᠯᠲᠠᠢ ᠲᠠᠭᠠᠮᠠᠭ᠍ᠯᠠᠯ᠎ᠢ ᠴᠤ᠌ ᠬᠡᠷᠡᠭ᠌ᠯᠡᠵᠦ᠍ ᠪᠣᠯᠳᠠᠭ ᠭᠡᠳᠡᠭ᠎ᠢ ᠤᠷᠠᠨ ᠵᠣᠬᠢᠶᠠᠯᠴᠢᠳ᠂ ᠢᠯᠠᠩᠭᠤᠶ᠎ᠠ ᠢᠷᠠᠭᠤ ᠨᠠᠢᠷᠠᠭ᠍ᠴᠢᠳ ᠵᠦᠩᠳᠡᠭᠡᠨ ᠭᠡᠷᠡᠴᠢᠯᠡᠨ᠎ᠡ᠃


QQ图片20211020085344.png


 

ᠲᠡᠳᠡ ᠥᠪᠡᠷ᠎ᠤᠨ ᠰᠤᠤ ᠪᠢᠯᠢᠭ᠂ ᠣᠶᠤᠨ ᠤᠬᠠᠭᠠᠨ᠎ᠳᠠᠭᠠᠨ ᠲᠥᠱᠢᠭ᠌ᠯᠡᠨ ᠡᠷᠭᠢᠨ ᠲᠣᠭᠤᠷᠢᠨ᠎ᠤ ᠡᠭᠡᠯ ᠵᠦᠢᠯ᠂ ᠶᠡᠷᠦᠮᠳᠡᠭ ᠦᠵᠡᠭ᠌ᠳᠡᠯ᠎ᠤᠨ ᠴᠠᠭᠠᠨᠠᠬᠢ ᠡᠭᠡᠳᠡᠷᠡᠭᠡᠨ ᠪᠣᠳᠤᠯᠢᠶᠠᠨᠲᠠᠢ ᠳᠠᠯᠳᠠ᠎ᠶ᠋ᠢᠨ ᠦᠨᠡᠨ᠂ ᠳᠠᠪᠬᠤᠷ ᠨᠢᠭᠤᠴᠠ᠎ᠶ᠋ᠢ ᠴᠠᠭ ᠢᠮᠠᠭ᠍ᠲᠠ ᠬᠠᠢᠵᠤ ᠪᠠᠢᠳᠠᠭ ᠪᠢᠯᠡ᠃ ᠲᠡᠷᠡ ᠬᠠᠢᠯᠲᠠ᠎ᠶ᠋ᠢᠨ ᠶᠠᠪᠤᠴᠠ᠎ᠳᠤ ᠲᠠᠭᠠᠷᠠᠯᠳᠤᠭ᠍ᠰᠠᠨ ᠵᠦᠢᠯ ᠪᠦᠷᠢ᠎ᠶ᠋ᠢᠨ ᠦᠵᠡᠮᠵᠢ ᠪᠠᠢᠳᠠᠯ᠂ ᠬᠡᠷᠡᠭ ᠪᠤᠳᠠᠰ᠎ᠤᠨ ᠡᠮᠬᠢ ᠵᠠᠮᠪᠠᠷᠠᠭ᠎ᠠ ᠦᠭᠡᠢ ᠬᠠᠷᠢᠴᠠᠭᠠᠨ᠎ᠤ ᠳᠤᠮᠳᠠ᠎ᠠᠴᠠ ᠭᠤᠸ᠎ᠠ ᠰᠠᠢᠬᠠᠨ᠎ᠢ ᠢᠯᠡᠷᠡᠭᠦᠯᠵᠦ᠍᠂ ᠲᠡᠬᠦᠨ᠎ᠢ ᠤᠷᠠᠯᠢᠭ᠍ᠵᠢᠭᠤᠯᠤᠨ ᠤᠩᠱᠢᠭ᠍ᠴᠢ ᠲᠦᠮᠡᠨ᠎ᠤ ᠰᠡᠳᠭᠢᠯ᠎ᠢ ᠪᠠᠶᠠᠰᠭᠠᠳᠠᠭ᠎ᠨᠢ ᠨᠠᠢᠷᠠᠭ᠍ᠴᠢᠳ᠎ᠤᠨ ᠡᠷᠳᠡᠮ ᠠᠪᠢᠶᠠᠰ ᠪᠠᠢᠯᠲᠠᠢ᠃

ᠱᠢᠯᠤᠭᠤᠨ ᠬᠦᠪᠡᠭᠡᠲᠦ ᠴᠠᠭᠠᠨ ᠬᠤᠱᠢᠭᠤᠨ᠎ᠳᠤ ᠨᠤᠲᠤᠭ᠎ᠲᠠᠢ ᠵᠠᠯᠠᠭᠤ ᠢᠷᠠᠭᠤ ᠨᠠᠢᠷᠠᠭ᠍ᠴᠢ ᠴᠣ · ᠭᠢᠯᠪᠠᠭ᠎ᠠ᠎ᠶ᠋ᠢᠨ ᠤᠢ᠍ᠢᠷ᠎ᠠ᠎ᠶ᠋ᠢᠨ ᠬᠤᠶᠠᠷ ᠵᠢᠯ᠎ᠳᠤ ᠪᠢᠴᠢᠭ᠌ᠰᠡᠨ ᠬᠠᠢᠺᠤ ᠮᠠᠶᠢᠭ᠎ᠤᠨ ᠣᠬᠤᠷ ᠱᠢᠯᠦᠭ᠎ᠤᠳ᠎ᠠᠴᠠ ᠱᠢᠯᠦᠭ᠌ᠴᠢ ᠬᠦᠮᠦᠨ᠎ᠤ ᠬᠠᠴᠢᠨ ᠰᠣᠨᠢᠨ ᠰᠡᠳᠭᠢᠮᠵᠢ ᠪᠦᠷᠢᠨ ᠬᠠᠷᠠᠭ᠍ᠳᠠᠨ᠎ᠠ᠃

《ᠲᠡᠭ᠌ᠷᠢ᠎ᠳᠤ᠎ᠪᠠᠨ ᠲᠥᠭᠡᠷᠢᠭ᠌ᠰᠡᠨ / ᠭᠠᠭ᠍ᠴᠠ ᠲᠠᠭ᠍ᠲᠠᠭ᠎ᠠ / ᠮᠢᠨᠦ᠍ ᠵᠠᠬᠢᠳᠠᠯ᠎ᠤᠨ ᠬᠠᠷᠢᠭᠤ》 ᠭᠡᠳᠡᠭ ᠭᠤᠷᠪᠠᠨ ᠮᠥᠷᠲᠦ ᠪᠤᠢ᠃ ᠭᠦᠨ ᠴᠡᠩᠬᠡᠷ ᠣᠭ᠍ᠲᠠᠷᠭᠤᠢ᠎ᠳᠤ ᠭᠠᠭ᠍ᠴᠠ ᠲᠠᠭ᠍ᠲᠠᠭ᠎ᠠ ᠲᠦᠭᠡᠷᠢᠴᠢᠬᠡᠭ᠌ᠰᠡᠨ ᠬᠠᠷᠠᠭ᠍ᠳᠠᠪᠠᠯ 《ᠬᠥᠭᠡᠷᠦᠬᠦᠢ ᠲᠠᠭ᠍ᠲᠠᠭ᠎ᠠ ᠶᠠᠭᠠᠬᠢᠵᠤ ᠪᠠᠢᠭ᠍ᠰᠠᠭᠠᠷ ᠢᠵᠢᠯᠢ ᠰᠦᠷᠦᠭ᠎ᠠᠴᠠ᠎ᠪᠠᠨ ᠰᠠᠯᠴᠢᠬᠠᠪᠠ ᠳ᠋ᠠ》 ᠭᠡᠵᠦ᠍ ᠥᠷᠦᠪᠳᠡᠬᠦ᠌᠎ᠨᠢ ᠣᠯᠠᠨ ᠪᠤᠢ᠃ ᠡᠰᠡᠬᠦᠯ᠎ᠡ 《ᠬᠦᠶᠢ! ᠲᠠᠭ᠍ᠲᠠᠭ᠎ᠠ!》 ᠭᠡᠳ ᠬᠠᠴᠢᠷᠬᠠᠨ᠎ᠠ᠃ ᠪᠠᠰᠠ ᠵᠠᠷᠢᠮ᠎ᠨᠢ ᠤᠯᠵᠤ ᠦᠵᠡᠭ᠌ᠰᠡᠨ ᠦᠬᠡᠢ ᠱᠢᠭ ᠦᠩᠭᠡᠷᠡᠬᠦ᠌ ᠪᠠᠢᠬ᠎ᠠ᠃ ᠭᠡᠲᠡᠯ᠎ᠡ ᠱᠢᠯᠦᠭ᠌ᠴᠢ᠎ᠶ᠋ᠢᠨ ᠨᠢᠳᠦᠨ᠎ᠳᠤ ᠲᠡᠷᠡ ᠲᠠᠭ᠍ᠲᠠᠭ᠎ᠠ ᠵᠦᠭᠡᠷ ᠯᠠ ᠨᠢᠭᠡ ᠥᠨᠦᠴᠢᠨ ᠱᠢᠪᠠᠭᠤ ᠪᠢᠰᠢ ᠬᠠᠷᠢᠨ ᠵᠠᠬᠢᠳᠠᠯ᠎ᠤᠨ ᠬᠢᠨᠢ ᠬᠠᠷᠢᠭᠤ ᠪᠤᠯᠵᠤ ᠨᠢᠰᠦᠨ ᠢᠷᠡᠭ᠌ᠰᠡᠨ ᠪᠠᠢᠨ᠎ᠠ᠃ ᠡᠨᠡ ᠵᠠᠬᠢᠳᠠᠯ᠎ᠤᠨ ᠬᠠᠷᠢᠭᠤ᠎ᠨᠢ ᠠᠮᠠᠷᠠᠭ ᠬᠤᠩᠭᠤᠷ᠎ᠠᠴᠠ᠎ᠨᠢ᠂ ᠠᠪᠤ ᠡᠵᠢ᠎ᠠᠴᠠ᠎ᠨᠢ᠂ ᠠᠯᠤᠰ ᠢᠷᠡᠭᠡᠳᠦᠢ᠎ᠠᠴᠠ ᠡᠰᠡᠭᠦᠯ᠎ᠡ ᠠᠯᠬᠤᠵᠤ ᠥᠩᠭᠡᠷᠡᠭᠡᠭ᠌ᠰᠡᠨ ᠥᠴᠦᠭᠡᠳᠦᠷ᠎ᠠᠴᠠ᠎ᠨᠢ ᠢᠷᠡᠭ᠌ᠰᠡᠨ ᠪᠠᠢᠵᠤ ᠪᠦᠷ ᠪᠣᠯᠤᠨ᠎ᠠ᠂ ᠶᠠᠮᠠᠷᠴᠤ᠌ ᠵᠠᠬᠢᠳᠠᠯ ᠪᠢᠴᠢᠭᠡ ᠦᠭᠡᠢ ᠪᠠᠢᠬᠤ᠎ᠳᠤ ᠥᠪᠡᠷ᠎ᠢᠶᠠᠨ ᠢᠷᠡᠭ᠌ᠰᠡᠨ ᠲᠥᠰᠥᠭᠡᠯᠡᠯ᠎ᠤᠨ ᠵᠠᠬᠢᠶ᠎ᠠ ᠴᠤ᠌ ᠪᠠᠢᠵᠤ ᠮᠡᠳᠡᠨ᠎ᠡ᠃ ᠱᠢᠯᠦᠭ᠌ᠴᠢ᠎ᠠᠴᠠ ᠥᠨᠦᠴᠢᠨ ᠲᠠᠭ᠍ᠲᠠᠭ᠎ᠠ᠎ᠶ᠋ᠢ ᠣᠯᠵᠤ ᠬᠠᠷᠠᠭ᠍ᠰᠠᠨ ᠲᠣᠷᠭᠠᠨ ᠭᠱᠠᠨ᠎ᠳᠤ ᠣᠩᠭᠤᠳ ᠮᠡᠳᠡᠷᠡᠮᠵᠢ᠎ᠨᠢ ᠬᠥᠭ᠌ᠯᠡᠭ᠌ᠳᠡᠵᠦ᠍᠂ ᠲᠥᠭᠡᠷᠢᠭ᠌ᠰᠡᠨ ᠥᠷᠦᠪᠲᠡᠯᠲᠦ ᠲᠠᠭ᠍ᠲᠠᠭ᠎ᠠ᠎ᠶ᠋ᠢ ᠵᠠᠬᠢᠳᠠᠯ᠎ᠤᠨ᠎ᠢᠶᠠᠨ ᠬᠠᠷᠢᠭᠤ ᠪᠣᠯᠭᠠᠵᠤ ᠢᠷᠠᠭᠤ ᠨᠠᠢᠷᠠᠭ᠎ᠲᠠᠭᠠᠨ ᠬᠤᠷᠢᠶᠠᠨ ᠠᠪᠤᠭ᠍ᠰᠠᠨ ᠪᠠᠢᠨ᠎ᠠ᠃

ᠨᠠᠷᠢᠪᠴᠢᠯᠠᠨ ᠰᠡᠳᠭᠢᠪᠡᠯ᠂ ᠡᠭᠦᠨ᠎ᠤ ᠴᠠᠭᠠᠨ᠎ᠠ᠎ᠠᠴᠠ ᠱᠢᠯᠦᠭ᠌ᠴᠢ᠎ᠶ᠋ᠢᠨ ᠶᠠᠭᠤ ᠨᠢᠭᠡ᠎ᠶ᠋ᠢ ᠬᠦᠰᠡᠨ ᠬᠦᠯᠢᠶᠡᠭ᠌ᠰᠡᠨ᠂ ᠡᠷᠡᠮᠡᠯᠵᠡᠨ ᠭᠤᠷᠢᠳᠠᠭ᠍ᠰᠠᠨ ᠭᠠᠭ᠍ᠴᠠᠭᠠᠷᠳᠠᠯ ᠬᠤᠭᠤᠰᠤᠷᠠᠯ ᠥᠯᠦ᠍ ᠮᠡᠳᠡᠭ ᠴᠣᠬᠤᠯᠵᠠᠬᠤ ᠱᠢᠭ᠍᠃ ᠡᠨᠡ ᠬᠦ᠌ ᠭᠠᠭ᠍ᠴᠠᠭᠠᠷᠳᠠᠯ᠎ᠢᠶᠠᠨ ᠱᠢᠯᠦᠭ᠎ᠢᠶᠠᠷ᠎ᠢᠶᠠᠨ ᠠᠷᠭᠠᠳᠠᠵᠤ ᠬᠤᠷᠤᠮ᠎ᠤᠨ ᠲᠠᠢᠳᠭᠤᠷᠠᠯ᠎ᠢ ᠣᠯᠵᠤ ᠪᠠᠢᠭ᠎ᠠ᠎ᠨᠢ ᠡᠨᠡ ᠶᠤᠮ ᠭᠡᠯᠲᠡᠢ᠃ ᠡᠨᠡ ᠣᠬᠤᠷᠬᠠᠨ ᠭᠤᠷᠪᠠᠨ ᠮᠥᠷᠲᠦ ᠤᠩᠱᠢᠭ᠍ᠴᠢᠳ᠎ᠲᠤ ᠡᠴᠢᠨᠡᠨ ᠣᠯᠠᠨ ᠵᠦᠢᠯ᠎ᠢ ᠪᠣᠳᠣᠭ᠍ᠳᠠᠭᠤᠯᠵᠤ᠂ ᠤᠷᠠᠨ ᠲᠠᠭᠠᠮᠠᠭ᠍ᠯᠠᠯ᠎ᠤᠨ ᠠᠰᠠᠷ ᠶᠡᠭᠡ ᠣᠷᠣᠨ ᠵᠠᠢ᠎ᠶ᠋ᠢ ᠬᠠᠩᠭᠠᠵᠤ ᠴᠢᠳᠠᠭ᠍ᠰᠠᠨ᠎ᠤ ᠦᠨᠳᠦᠰᠦᠨ ᠱᠢᠯᠲᠠᠭᠠᠨ᠎ᠨᠢ ᠵᠣᠬᠢᠶᠠᠭ᠍ᠴᠢ᠎ᠶ᠋ᠢᠨ ᠤᠷ᠎ᠠ ᠳᠡᠮ᠂ ᠲᠦᠷᠦᠯᠬᠢ ᠵᠠᠶᠠᠭᠠᠭ᠍ᠰᠠᠨ ᠠᠪᠢᠶᠠᠰ ᠪᠢᠯᠢᠭ᠎ᠨᠢ ᠪᠢᠯᠡ᠃ ᠡᠨᠡ ᠬᠦ᠌ ᠤᠷ᠎ᠠ ᠠᠪᠢᠶᠠᠰ᠎ᠨᠢ ᠳᠠᠷᠤᠢ ᠳᠠᠯᠳᠠ ᠵᠦᠢᠷᠯᠡᠯ᠎ᠢ ᠮᠠᠰᠢ ᠵᠣᠬᠢᠰᠲᠠᠢ ᠬᠡᠷᠡᠭ᠌ᠯᠡᠭ᠌ᠰᠡᠨ᠎ᠳᠤ ᠣᠷᠣᠱᠢᠨ᠎ᠠ᠃ ᠠᠳᠡ ᠬᠡᠯᠡᠵᠦ᠍ ᠪᠠᠢᠭ᠎ᠠ ᠳᠠᠯᠳᠠ ᠵᠦᠢᠷᠯᠡᠯ᠎ᠨᠢ ᠶᠠᠷᠢᠶᠠᠨ ᠦᠭᠡᠢ ᠨᠠᠢᠷᠠᠭᠤᠯᠭ᠎ᠠ ᠵᠦᠢ᠎ᠳᠠᠬᠢ ᠳᠠᠯᠳᠠ ᠵᠦᠢᠷᠯᠡᠯ ᠪᠢᠰᠢ ᠬᠠᠷᠢᠨ ᠱᠢᠯᠦᠭ ᠵᠦᠢ᠎ᠳᠠᠬᠢ ᠳᠠᠯᠳᠠ ᠵᠦᠢᠷᠯᠡᠯ᠃ ᠮᠡᠳᠡᠭᠡᠵᠢ ᠱᠢᠤᠳᠠᠨ᠎ᠢᠶᠠᠷ ᠵᠣᠷᠴᠢᠳᠠᠭ ᠴᠠᠭᠠᠰᠤᠨ ᠵᠠᠬᠢᠳᠠᠯ ᠪᠠ ᠠᠭᠠᠷ᠎ᠲᠤ ᠬᠠᠯᠢᠨ ᠨᠢᠰᠳᠡᠭ ᠲᠠᠭ᠍ᠲᠠᠭ᠎ᠠ ᠬᠤᠶᠠᠷ᠎ᠤᠨ ᠠᠳᠠᠯᠢ ᠲᠥᠰᠦᠭᠡᠲᠠᠢ ᠲᠠᠯ᠎ᠠ ᠦᠬᠡᠢ᠃ ᠶᠠᠭ ᠡᠢᠮᠦ᠍ ᠡᠷᠡᠰ ᠣᠨᠳᠣᠣ᠂ ᠬᠤᠯᠠ ᠵᠠᠢᠲᠠᠢ ᠬᠤᠶᠠᠷ ᠵᠦᠢᠯ᠎ᠤᠨ ᠶᠠᠭᠤᠮ᠎ᠠ᠎ᠶ᠋ᠢ ᠬᠠᠷᠢᠴᠠᠭᠤᠯᠤᠨ ᠲᠠᠯᠪᠢᠭ᠍ᠰᠠᠨ ᠪᠣᠯᠬᠤᠷ ᠬᠤᠭᠤᠷᠤᠨᠳᠡᠬᠢ ᠬᠤᠭᠤᠰᠤᠨ ᠵᠠᠢ᠎ᠶ᠋ᠢ᠎ᠨᠢ ᠤᠩᠱᠢᠭ᠍ᠴᠢᠳ ᠡᠷᠬᠡᠪᠰᠢ ᠥᠪᠡᠷ᠎ᠤᠨ ᠲᠠᠭᠠᠮᠠᠭ᠍ᠯᠠᠨ ᠪᠣᠳᠣᠯᠲᠠ᠎ᠪᠠᠷ᠎ᠢᠶᠠᠨ ᠨᠦᠬᠦᠨ ᠪᠠᠢᠵᠤ ᠬᠦᠯᠢᠶᠡᠨ ᠠᠪᠬᠤ ᠪᠦᠬᠡᠳ ᠵᠣᠬᠢᠶᠠᠭ᠍ᠴᠢ᠎ᠲᠠᠢ ᠠᠳᠠᠯᠢᠬᠠᠨ ᠵᠢᠭᠦᠷ᠎ᠲᠠᠢ ᠵᠠᠬᠢᠶ᠎ᠠ᠎ᠶ᠋ᠢ ᠣᠯᠵᠤ ᠬᠠᠷᠠᠳᠠᠭ ᠪᠢᠯᠢᠦ᠃

《ᠤᠭᠢᠯᠠᠵᠤ ᠰᠤᠷᠤᠭ᠎ᠠ ᠦᠭᠡᠢ / ᠬᠥᠭ᠌ᠰᠢᠨ ᠨᠠᠷᠠᠰᠤᠨ᠎ᠤ / ᠪᠣᠷᠭᠤᠴᠠᠢ᠎ᠨᠢ ᠥᠪᠡᠷ᠎ᠢᠶᠠᠨ ᠢᠨᠢᠶᠡᠳᠤ》 ᠭᠡᠳᠡᠭ ᠪᠠᠰᠠ ᠨᠢᠭᠡᠨ ᠱᠢᠯᠦᠭ ᠪᠤᠢ᠃ ᠮᠦᠩᠬᠡ ᠨᠣᠭᠤᠭᠠᠨ ᠨᠠᠷᠠᠰᠤᠨ ᠮᠤᠳᠣ ᠬᠥᠭ᠌ᠰᠢᠷᠡᠲᠡᠯ᠎ᠡ᠎ᠪᠠᠨ ᠤᠭᠢᠯᠠᠵᠤ ᠰᠤᠷᠤᠭ᠎ᠠ ᠦᠭᠡᠢ ᠪᠠᠢᠳᠠᠭ᠎ᠤᠨ ᠱᠢᠯᠲᠠᠭᠠᠨ᠎ᠨᠢ ᠪᠣᠷᠭᠤᠴᠠᠢ᠎ᠨᠢ ᠢᠨᠢᠶᠡᠳᠦ᠍᠎ᠨᠢ ᠪᠠᠢᠭ᠍ᠰᠠᠨ᠎ᠠᠴᠠ ᠪᠣᠯᠤᠭ᠍ᠰᠠᠨ ᠠᠵᠤᠭᠤ᠃ ᠶᠡᠷᠦ᠍᠎ᠠᠴᠠ ᠤᠬᠢᠯᠠᠨ ᠬᠠᠢᠯᠠᠵᠤ᠂ ᠭᠤᠨᠢᠵᠤ ᠭᠤᠲᠤᠷᠠᠵᠤ ᠪᠠᠢᠭ᠎ᠠ ᠦᠭᠡᠢ᠂ ᠴᠠᠭ ᠦᠷᠭᠦᠯᠵᠢ ᠢᠨᠢᠶᠡᠵᠦ᠍ ᠪᠠᠢᠳᠠᠭ᠎ᠠᠴᠠ ᠪᠣᠯᠵᠤ ᠨᠠᠷᠠᠰᠤᠨ ᠮᠣᠳᠤ ᠵᠢᠯ᠎ᠤᠨ ᠳᠥᠷᠪᠡᠨ ᠤᠯᠠᠷᠢᠯ᠎ᠳᠤ ᠣᠭ᠌ᠶᠤ ᠨᠣᠭᠤᠭᠠᠨ᠎ᠢᠶᠠᠷ᠎ᠢᠶᠠᠨ ᠪᠠᠢᠳᠠᠭ ᠴᠤ᠌ ᠮᠠᠭᠠᠳ᠃ ᠲᠤᠰ ᠱᠢᠯᠦᠭ᠎ᠤᠨ ᠭᠠᠢᠬᠠᠯᠳᠠᠢ᠎ᠨᠢ ᠮᠦᠨ ᠴᠤ᠌ ᠳᠠᠯᠳᠠ ᠵᠦᠢᠷᠯᠡᠯ᠎ᠢ ᠡᠪᠯᠢᠭ ᠬᠡᠷᠡᠭ᠌ᠯᠡᠭ᠌ᠰᠡᠨ᠎ᠳᠤ ᠪᠤᠢ᠃ ᠳᠠᠷᠤᠢ ᠨᠠᠷᠠᠰᠤᠨ ᠮᠣᠳᠣᠨ᠎ᠤ ᠪᠣᠷᠭᠤᠴᠠᠢ᠎ᠶ᠋ᠢ ᠬᠥᠮᠥᠨ᠎ᠤ ᠢᠨᠢᠶᠡᠳᠦ᠍᠎ᠪᠠᠷ ᠵᠦᠢᠷᠯᠡᠭ᠌ᠰᠡᠨ ᠪᠣᠯᠬᠤᠷ ᠰᠠᠨᠠᠭᠠᠨ᠎ᠠᠴᠠ ᠭᠠᠳᠠᠭᠤᠷ ᠭᠤᠸ᠎ᠠ ᠰᠠᠢᠬᠠᠨ᠎ᠢ ᠡᠬᠦᠰᠭᠡᠵᠤ᠂ ᠪᠣᠷᠭᠤᠴᠠᠢ᠎ᠶ᠋ᠢ ᠬᠠᠷᠠᠵᠤ ᠢᠨᠢᠶᠡᠳᠦ᠍᠎ᠶ᠋ᠢ᠎ᠨᠢ ᠰᠣᠨᠤᠰᠭᠤ ᠰᠣᠨᠢᠷᠬᠠᠯᠲᠠᠢ ᠦᠷ᠎ᠡ ᠳ᠋ᠦᠩ᠎ᠳᠤ ᠬᠦᠷᠭᠡᠭ᠌ᠰᠡᠨ ᠪᠠᠢᠨ᠎ᠠ᠃ ᠠᠯᠢ ᠨᠢᠭᠡᠨ ᠡᠳᠦᠷ ᠶᠠᠮᠠᠷ ᠨᠢᠭᠡᠨ ᠬᠥᠮᠥᠨ ᠡᠨᠡ ᠱᠢᠯᠦᠭ᠎ᠢ ᠤᠩᠱᠢᠭ᠍ᠰᠠᠨ᠎ᠤ ᠬᠤᠢᠨ᠎ᠠ ᠨᠠᠷᠠᠰᠤᠨ ᠮᠣᠳᠣᠨ᠎ᠤ ᠳᠡᠷᠭᠡᠲᠡᠭᠦᠷ ᠦᠩᠭᠡᠷᠡᠪᠡᠯ ᠪᠣᠷᠭᠤᠴᠠᠢ᠎ᠶ᠋ᠢ᠎ᠨᠢ ᠬᠠᠷᠠᠭᠠᠳ ᠥᠭᠡᠳᠡ᠎ᠠᠴᠠ᠎ᠨᠢ ᠬᠠᠷᠢᠭᠤ ᠢᠨᠢᠶᠡᠬᠦ᠌ ᠲᠣᠬᠢᠶᠠᠯᠳᠤᠯ ᠴᠤ᠌ ᠪᠠᠢᠵᠤ ᠪᠣᠯᠤᠨ᠎ᠠ᠃ ᠤᠷᠠᠯᠢᠭ᠎ᠤᠨ ᠨᠥᠯᠦᠭᠡᠯᠡᠬᠦ᠌ ᠬᠦᠴᠦᠨ ᠴᠤ᠌ ᠡᠭᠦᠨ᠎ᠳᠤ ᠣᠷᠣᠱᠢᠳᠠᠭ ᠤᠴᠢᠷ᠎ᠲᠠᠢ᠃

《ᠨᠠᠮᠤᠷ᠎ᠤᠨ ᠨᠠᠪᠴᠢ / ᠡᠷᠭᠦᠵᠦ᠍ ᠪᠣᠢ ᠬᠡᠰᠡᠭ᠌ᠬᠡᠨ ᠲᠡᠭ᠌ᠷᠢ᠎ᠪᠠᠨ / ᠲᠡᠭᠡᠭᠡᠭ᠌ᠰᠡᠭᠡᠷ ᠁ ᠤᠨᠠᠳᠠᠭ》 ᠬᠡᠬᠦ᠌ ᠱᠢᠯᠦᠭ᠎ᠲᠤ᠌᠂ ᠨᠠᠮᠤᠷ ᠪᠣᠯᠵᠤ ᠨᠠᠪᠴᠢᠰ ᠱᠢᠷᠭᠠᠯᠲᠤᠨ ᠤᠨᠠᠬᠤ᠎ᠨᠢ ᠶᠡᠷᠦᠮᠳᠡᠭ᠎ᠤᠨ ᠶᠡᠷᠦᠮᠳᠡᠭ ᠦᠵᠡᠭ᠌ᠳᠡᠯ᠃ ᠭᠠᠵᠠᠷ ᠪᠦᠷᠬᠦᠨ ᠴᠡᠴᠡᠷᠬᠢᠯᠡᠬᠦ᠌ ᠬᠠᠲᠠᠭ᠍ᠰᠠᠨ ᠨᠠᠪᠴᠢᠰ᠎ᠤᠨ ᠳᠡᠭᠡᠭᠦᠷ ᠱᠠᠷᠴᠢᠭᠢᠨᠡᠲᠡᠯ᠎ᠡ ᠭᠢᠰᠭᠢᠭ᠌ᠰᠡᠭᠡᠷ ᠬᠡᠨᠡᠭ ᠴᠤ᠌ ᠦᠭᠡᠢ ᠦᠩᠭᠡᠷᠡᠳᠡᠭ ᠬᠥᠮᠥᠰ ᠨᠠᠪᠴᠢᠰ᠎ᠤᠨ ᠭᠤᠨᠢᠭ᠎ᠢ ᠬᠡᠷᠬᠢᠨ ᠮᠡᠳᠡᠷᠡᠬᠦ᠌ ᠠᠵᠢ᠃ ᠭᠡᠲᠡᠯ᠎ᠡ ᠭᠠᠳᠠᠭᠠᠳᠤ ᠶᠢᠷᠲᠢᠨᠴᠦ᠍᠎ᠶ᠋ᠢᠨ ᠪᠦᠬᠦ᠌ ᠵᠦᠢᠯ᠎ᠢ ᠭᠠᠷ᠎ᠢᠶᠠᠷ᠎ᠢᠶᠠᠨ ᠲᠡᠮᠲᠡᠷᠢᠬᠦ᠌ ᠦᠭᠡᠢ ᠴᠤ᠌ ᠭᠡᠰᠡᠨ ᠵᠢᠷᠦᠬᠡ᠎ᠪᠠᠷ᠎ᠢᠶᠠᠨ ᠮᠡᠳᠡᠷᠡᠬᠦ᠌᠎ᠶ᠋ᠢ ᠬᠦᠰᠡᠳᠡᠭ ᠢᠷᠠᠭᠤ ᠨᠠᠢᠷᠠᠭ᠍ᠴᠢᠳ ᠥᠩᠭᠡ ᠰᠡᠳᠭᠢᠯᠭᠡ ᠠᠭᠤᠰᠤᠯᠳᠤᠭ᠍ᠰᠠᠨ ᠨᠠᠮᠤᠷ ᠴᠠᠭ ᠪᠣᠯᠬᠤ᠎ᠳᠤ ᠠᠯᠢ ᠥᠶ᠎ᠡ᠎ᠠᠴᠠ ᠴᠤ᠌ ᠢᠯᠡᠭᠦᠦ ᠭᠡᠭᠡᠯᠵᠡᠨ ᠳᠣᠭ᠍ᠳᠤᠯᠳᠠᠭ᠎ᠢ᠎ᠨᠢ ᠡᠩ᠎ᠤᠨ ᠬᠦᠮᠦᠨ ᠤᠢ᠍ᠢᠯᠠᠭᠠᠰᠢ ᠦᠬᠡᠢ᠃ ᠵᠣᠬᠢᠶᠠᠭ᠍ᠴᠢ ᠬᠠᠷᠢᠨ ᠬᠡᠢᠰᠦᠨ ᠤᠨᠠᠵᠤ ᠪᠣᠢ ᠲᠤᠭ᠎ᠠ ᠲᠣᠮᠰᠢ ᠦᠭᠡᠢ ᠣᠯᠠᠨ ᠱᠢᠷᠭᠠᠯ ᠨᠠᠪᠴᠢᠰ᠎ᠢ ᠬᠠᠷᠠᠭᠠᠳ ᠬᠡᠨ᠎ᠤ ᠴᠤ᠌ ᠰᠠᠨᠠᠭᠠᠨ᠎ᠳᠤ ᠪᠠᠭᠤᠮ᠎ᠠ ᠦᠭᠡᠢ ᠭᠤᠷᠪᠠᠨ ᠮᠥᠷᠲᠦ᠍᠎ᠪᠠᠨ ᠲᠠᠲᠠᠯᠠᠭ᠍ᠰᠠᠨ ᠪᠠᠢᠨ᠎ᠠ᠃ ᠵᠦᠬᠡᠯᠡᠨ ᠴᠠᠰᠤᠨ ᠮᠡᠲᠦ ᠬᠠᠶᠠᠯᠠᠵᠤ ᠪᠣᠢ ᠨᠠᠪᠴᠢᠰ ᠵᠦᠭᠡᠷ ᠯᠠ ᠭᠠᠵᠠᠷ ᠤᠷᠤᠭᠤ ᠲᠡᠮᠡᠦᠯᠵᠦ᠍ ᠪᠠᠢᠭ᠎ᠠ ᠪᠢᠰᠢ᠂ ᠬᠠᠷᠢᠨ ᠬᠠᠲᠠᠭ᠍ᠰᠠᠨ ᠪᠡᠶ᠎ᠡ᠎ᠪᠠᠷ᠎ᠢᠶᠠᠨ ᠬᠤᠪᠢ ᠬᠤᠪᠢᠨ᠎ᠤ ᠬᠡᠰᠡᠭ᠌ᠬᠡᠨ ᠲᠡᠭ᠌ᠷᠢ᠎ᠪᠠᠨ ᠡᠷᠭᠦᠨ ᠲᠡᠭᠡᠭᠡᠭ᠌ᠰᠡᠭᠡᠷ ᠁ ᠤᠨᠠᠵᠤ ᠪᠠᠢᠨ᠎ᠠ᠃ ᠶᠠᠮᠠᠷ ᠶᠡᠭᠡ ᠥᠷᠥᠪᠳᠡᠯᠲᠡᠢ ᠠᠲᠠᠯ᠎ᠠ᠎ᠪᠠᠨ ᠦᠬᠡᠷ᠎ᠡ ᠤᠨᠳᠤᠤ ᠨᠠᠪᠴᠢᠰ ᠶᠤᠮ ᠪᠣᠢ! ᠡᠷᠭᠦᠵᠦ᠍ ᠪᠤᠢ ᠬᠡᠰᠡᠭ᠌ᠬᠡᠨ ᠲᠡᠭ᠌ᠷᠢ᠎ᠪᠠᠨ ᠠᠯᠳᠠᠴᠢᠬᠠᠬᠤ᠎ᠠᠴᠠ ᠡᠮᠢᠶᠡᠭᠡ ᠦᠭᠡᠢ ᠶᠤᠮ ᠪᠣᠯ ᠲᠡᠳᠡᠭᠡᠷ ᠨᠠᠪᠴᠢᠰ ᠳᠤᠷ᠎ᠠ ᠪᠠᠬ᠎ᠠ᠎ᠪᠠᠷ᠎ᠢᠶᠠᠨ ᠡᠷᠬᠡ ᠴᠢᠯᠦᠭᠡᠲᠡᠢ ᠪᠦᠵᠢᠨ ᠳᠡᠭᠦᠯᠢᠭ᠌ᠰᠡᠭᠡᠷ ᠤᠨᠠᠬᠤ ᠪᠠᠢᠬ᠎ᠠ᠃ ᠨᠠᠪᠴᠢ ᠬᠦᠷᠲᠡᠯ᠎ᠡ ᠥᠪᠡᠷ ᠥᠪᠡᠷ᠎ᠤᠨ ᠲᠡᠭ᠌ᠷᠢ᠎ᠲᠠᠢ ᠪᠠᠢᠵᠤ᠂ ᠡᠮᠵᠡᠭ ᠡᠩᠬᠦᠷᠡᠢ ᠲᠡᠭ᠌ᠷᠢ᠎ᠪᠠᠨ ᠠᠯᠳᠠᠭᠠᠳ ᠬᠠᠭᠠᠯᠴᠢᠬᠠᠬᠤ ᠪᠠᠢᠯᠬᠦᠢ ᠭᠡᠵᠦ᠍ ᠠᠯᠭᠤᠷᠬᠠᠨ ᠭᠠᠵᠠᠷᠳᠠᠳᠠᠭ᠎ᠨᠢ ᠲᠥᠮᠡᠨ ᠠᠮᠢᠲᠠᠨ᠎ᠤ ᠲᠦᠷᠦᠭᠦᠦ ᠭᠡᠵᠦ᠍ ᠥᠪᠡᠷ᠎ᠢ᠎ᠪᠠᠨ ᠡᠷᠭᠦᠳᠡᠭ ᠬᠥᠮᠥᠨ ᠪᠢᠳᠡᠨ᠎ᠳᠤ ᠶᠠᠭᠤ ᠨᠢᠬᠡ᠎ᠶ᠋ᠢ ᠪᠤᠳᠤᠬ᠍ᠳᠠᠭᠤᠯᠬᠤ ᠦᠬᠡᠢ ᠬᠡᠵᠤ ᠤᠤ⁉

ᠴᠣ · ᠭᠢᠯᠪᠠᠭ᠎ᠠ᠎ᠶ᠋ᠢᠨ ᠣᠬᠤᠷ ᠱᠢᠯᠦᠭ᠎ᠤᠳ᠎ᠨᠢ ᠲᠠᠭ᠍ᠲᠠᠭ᠎ᠠ᠂ ᠨᠠᠷᠠᠰᠤᠨ ᠮᠣᠳᠤ᠂ ᠨᠠᠮᠤᠷ᠎ᠤᠨ ᠨᠠᠪᠴᠢ ᠵᠡᠷᠭᠡ ᠡᠳᠦᠷ ᠲᠣᠲᠤᠮ᠎ᠤᠨ ᠠᠮᠢᠳᠤᠷᠠᠯ ᠳᠤᠮᠳᠠᠬᠢ ᠡᠭᠡᠯ᠎ᠤᠨ ᠡᠭᠡᠯ ᠵᠦᠢᠯ᠎ᠤᠳ᠎ᠤᠨ ᠴᠠᠭᠠᠨ᠎ᠠ ᠳᠠᠯᠳᠠᠯᠠᠭ᠍ᠳᠠᠵᠤ ᠪᠠᠢᠳᠠᠭ ᠡᠴᠢᠨ᠎ᠡ ᠭᠦᠨ᠎ᠳᠠᠬᠢ ᠦᠨᠡᠨ ᠪᠠᠢᠳᠠᠯ᠎ᠢ ᠬᠥᠨᠳᠡᠵᠦ᠍᠂ ᠡᠵᠡᠭᠦᠢ ᠨᠢᠭᠤᠭ᠍ᠳᠠᠮᠠᠯ ᠭᠤᠸ᠎ᠠ ᠰᠠᠢᠬᠠᠨ᠎ᠢ ᠢᠯᠡᠷᠡᠭᠦᠯᠵᠦ᠍ ᠪᠠᠢᠭ᠎ᠠ᠎ᠨᠢ ᠮᠠᠨᠠᠨ ᠳᠤᠮᠳᠠ ᠤᠷᠤᠮᠳᠠᠬᠤ ᠮᠠᠷᠠᠯ ᠪᠤᠭᠤ᠎ᠶ᠋ᠢᠨ ᠮᠠᠨᠤ ᠮᠡᠲᠦ ᠡᠷᠳᠡᠨᠢ᠎ᠶ᠋ᠢᠨ ᠡᠪᠡᠷ᠎ᠠᠴᠠ ᠠᠳᠭᠤᠨ ᠠᠪᠬᠤ᠎ᠯᠤᠭ᠎ᠠ ᠠᠭᠠᠷ ᠨᠢᠭᠡᠨ ᠠᠵᠢ᠃ 《ᠵᠠᠬᠢᠳᠠᠯ ᠱᠢᠭ᠋ ᠲᠠᠭ᠍ᠲᠠᠭ᠎ᠠ》᠂ 《ᠢᠨᠢᠶᠡᠳᠦ ᠱᠢᠭ ᠪᠣᠷᠭᠤᠴᠠᠢ》᠂ 《ᠲᠡᠭ᠌ᠷᠢ ᠡᠷᠭᠦᠭ᠌ᠰᠡᠨ ᠨᠠᠪᠴᠢ》 ᠎ᠶ᠋ᠢ ᠣᠯᠵᠤ ᠬᠠᠷᠠᠭ᠍ᠰᠠᠨ ᠤᠩᠱᠢᠭ᠍ᠴᠢᠳ ᠴᠤ᠌ ᠡᠬᠡ ᠪᠠᠢᠭᠠᠯᠢ᠎ᠶ᠋ᠢᠨ ᠲᠥᠮᠡᠨ ᠪᠤᠳᠠᠰ᠎ᠤᠨ ᠲᠤᠭ᠎ᠠ ᠲᠣᠮᠰᠢ ᠦᠭᠡᠢ ᠤᠯᠠᠷᠢᠯ ᠬᠤᠪᠢᠷᠠᠯ᠂ ᠣᠷᠴᠢᠯ ᠬᠤᠪᠢᠰᠤᠯ᠎ᠳᠤ ᠥᠪᠡᠷ᠎ᠤᠨ ᠡᠷᠬᠡ ᠦᠭᠡᠢ ᠳᠠᠭᠤ ᠠᠯᠳᠠᠭ᠍ᠰᠠᠭᠠᠷ ᠪᠠᠢᠬᠤ᠎ᠨᠢ ᠳᠠᠮᠵᠢᠭ ᠦᠭᠡᠢ᠃


QQ图片20211020085337.png 

 

      ᠨᠠᠮᠤᠷ 

           ᠰᠤᠷᠪᠤᠯᠵᠢᠯᠠᠭᠴᠢ  ᠪᠢᠯᠢᠭᠲᠦ ᠰᠡᠭᠦᠳᠡᠷᠯᠡᠪᠡ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号