ᠠᠭᠤᠯᠠ ᠊᠊᠊᠊᠊᠊᠊
ᠰᠡᠭᠦᠢᠵᠦ᠍ ᠪᠠᠢᠭᠠ ᠪᠠᠷᠠ ᠨᠢ
ᠰᠦᠷᠦᠭ᠌ᠯᠡᠵᠦ᠍ ᠲᠠᠷᠬᠠᠭ᠍ᠰᠠᠨ ᠪᠡᠯᠴᠢᠭᠡᠷ ᠦᠨ
ᠰᠦᠰᠦᠭ᠌ᠯᠡᠵᠦ᠍ ᠵᠠᠯᠪᠠᠷᠢᠭ᠍ᠰᠠᠨ ᠰᠡᠳᠭᠢᠯ ᠦᠨ
ᠰᠦᠮᠪᠦᠷᠯᠡᠵᠦ᠍ ᠪᠠᠢᠭᠠ ᠢᠲᠡᠭᠡᠯ ᠦᠨ
ᠠᠭᠤᠤ ᠶᠡᠬᠡ ᠶ᠋ᠢᠨ ᠴᠠᠯᠭᠢᠶᠡ
ᠠᠰᠠᠷᠠᠯ ᠬᠠᠢᠷᠠ ᠶ᠋ᠢᠨ ᠤᠨᠳᠤᠷᠤᠭᠠ
ᠠᠭᠤᠯᠠ ᠊᠊᠊᠊᠊᠊᠊
ᠬᠠᠨᠠᠷᠠᠵᠦ᠍ ᠪᠠᠢᠭᠠ ᠱᠢᠯᠢ ᠶ᠋ᠢᠨ
ᠬᠠᠲᠠᠷᠢᠵᠦ᠍ ᠪᠠᠢᠭᠠ ᠬᠦᠯᠦᠭ ᠦᠨ
ᠬᠤᠯᠪᠤᠵᠦ᠍ ᠪᠠᠢᠭᠠ ᠱᠢᠯᠦᠭ ᠦᠨ
ᠬᠤᠭᠤᠷᠳᠠᠵᠦ᠍ ᠴᠢᠪᠬᠠᠳᠠᠭᠠ ᠤᠷᠠᠯᠢᠭ᠍ᠴᠢᠳ ᠤᠨ
ᠡᠶᠡ ᠶ᠋ᠢᠨ ᠰᠠᠬᠢᠶᠠ
ᠡᠪ ᠦᠨ ᠵᠠᠬᠢᠶᠠ
ᠠᠭᠤᠯᠠ ᠊᠊᠊᠊᠊᠊᠊
ᠤᠷᠭᠤᠵᠦ᠍ ᠪᠠᠢᠭᠠ ᠳᠤᠮᠤᠭ ᠤᠨ
ᠰᠤᠭᠤᠷᠠᠵᠦ᠍ ᠪᠠᠢᠭᠠ ᠤᠮᠤᠭ ᠤᠨ
ᠤᠯᠠᠷᠢᠵᠦ᠍ ᠪᠠᠢᠭᠠ ᠲᠡᠤᠬᠡ ᠶ᠋ᠢᠨ
ᠤᠩᠱᠢᠵᠦ᠍ ᠪᠠᠢᠭᠠ ᠴᠠᠳᠢᠭ ᠤᠨ
ᠨᠠᠷᠠ ᠵᠠᠮᠨᠠᠭ᠍ᠰᠠᠨ ᠴᠤᠪᠤᠭᠠ
ᠨᠣᠮ ᠳᠠᠯᠠᠯᠤᠭ᠍ᠰᠠᠨ ᠣᠪᠣᠭᠠ
ᠠᠭᠤᠯᠠ ᠊᠊᠊᠊᠊᠊᠊
ᠢᠰᠭᠡᠷᠴᠦ ᠪᠠᠢᠭᠠ ᠠᠲᠣᠭᠣᠴᠢᠨ ᠤ᠋
ᠡᠰᠡᠨᠢᠵᠦ ᠪᠠᠢᠭᠠ ᠣᠲᠣᠮ ᠤ᠋ᠨ
ᠡᠨᠡᠷᠢᠵᠦ ᠪᠠᠢᠭᠠ ᠲᠦᠷᠦ ᠶ᠋ᠢᠨ
ᠡᠭᠡᠰᠢᠭᠯᠡᠵᠦ ᠪᠠᠢᠭᠠ ᠲᠠᠭᠤᠯᠠᠯ ᠤ᠋ᠨ
ᠦᠵᠦᠭ ᠰᠢᠯᠤᠭᠤᠲᠤᠭᠰᠠᠨ ᠣᠷᠠ
ᠦᠰᠦᠭ ᠰᠢᠷᠤᠩᠬᠠᠢᠯᠠᠭᠰᠠᠨ ᠲᠤᠷᠠ
ᠠᠭᠤᠯᠠ ᠊᠊᠊᠊᠊᠊᠊
ᠴᠡᠩᠭᠡᠷᠯᠡᠵᠦ ᠪᠠᠢᠭᠠ ᠠᠯᠤᠰ ᠤ᠋ᠨ
ᠴᠡᠴᠡᠭᠯᠡᠵᠦ ᠪᠠᠢᠭᠠ ᠠᠮᠢᠯᠠᠯ ᠤ᠋ᠨ
ᠲᠡᠳᠬᠦᠵᠦ ᠪᠠᠢᠭᠠ ᠠᠮᠵᠢᠯᠲᠠ ᠶ᠋ᠢᠨ
ᠲᠡᠮᠡᠦᠯᠵᠦ ᠶᠠᠪᠤᠭᠠ ᠦᠢᠯᠡᠰ ᠤ᠋ᠨ
ᠬᠦᠯᠦᠭ ᠲᠠᠪᠬᠢᠭᠰᠠᠨ ᠬᠠᠷᠭᠣᠢ
ᠰᠢᠯᠦᠭ ᠤᠶᠠᠩᠭᠠᠯᠠᠭᠰᠠᠨ ᠢᠷᠭᠣᠢ