ᠨᠤᠶᠠᠨ ᠰᠠᠷᠢᠳᠠᠭ ᠊᠊᠊᠊᠊᠊᠊᠊ ᠠᠯᠳᠠᠷᠳᠤ ᠵᠤᠬᠢᠶᠠᠯᠴᠢ ᠠᠶᠤᠩᠭ᠎ᠠ ᠪᠠᠭ᠍ᠰᠢ᠎ᠶ᠋ᠢᠨ ᠳᠤᠷᠠᠳᠭᠠᠯ᠎ᠳᠤ
2021-10-27 09:37:13
ᠵᠣᠬᠢᠶᠠᠭ᠍ᠴᠢ᠄
ᠮᠠ᠊·ᠡᠷᠳᠡᠨᠢᠪᠠᠳᠤ
ᠣᠩᠱᠢᠭ᠍ᠰᠠᠨ ᠣᠳᠠᠭ᠎ᠠ᠄
★★★☆☆

ᠤᠷᠳᠤᠰ ᠨᠤᠲᠤᠭ᠎ᠲᠠᠢ

ᠤᠷᠴᠢᠯᠠᠩ᠎ᠳᠤ ᠬᠤᠪᠤᠷᠬᠠᠨ ᠡᠷ᠎ᠡ

ᠤᠷᠤᠨ ᠎ᠳ᠋ᠤ ᠠᠯᠳᠠᠷᠳᠡᠢ

ᠤᠳᠤᠨ ᠰᠤᠳᠤᠨ ᠵᠤᠬᠢᠶᠠᠯᠴᠢ

ᠨᠠᠮᠪᠠᠭ᠎ᠠ  ᠰᠦᠷᠯᠢᠭ ᠵᠢᠪᠬᠤᠭ᠎ᠠ᠎ᠠᠴᠠ᠎ᠨᠢ

ᠨᠠᠷᠠᠨ ᠰᠠᠷᠠᠨ᠎ᠤ ᠭᠡᠷᠡᠯ ᠰᠠᠴᠤᠷᠠᠮᠠᠷ

ᠨᠠᠮᠳᠠᠷ ᠴᠠᠳᠢᠭ᠎ᠤᠨ ᠬᠠᠭᠤᠳᠠᠰᠤᠨ᠎ᠠᠴᠠ᠎ᠨᠢ

ᠨᠤᠮ᠎ᠤᠨ ᠴᠠᠭᠠᠨ ᠪᠤᠶᠠᠨ ᠭᠡᠢᠮᠡᠷ

ᠲᠦᠷᠦ᠍᠎ᠶ᠋ᠢᠨ ᠱᠢᠷᠡᠭᠡ ᠳᠠᠷᠤᠵᠤ ᠰᠠᠭᠤᠭ᠍ᠰᠠᠨ

《ᠲᠡᠷᠢᠭᠦᠯᠡᠭ᠌ᠴᠢ》 ᠠᠭ᠍ᠰᠠᠨ᠎ᠤ ᠲᠤᠷᠠᠨ ᠬᠠᠷᠠᠭ᠎ᠠ

ᠳᠡᠦᠭᠡ᠎ᠶ᠋ᠢᠨ ᠦᠨᠡᠨ᠎ᠢ ᠡᠷᠢᠵᠤ ᠬᠠᠢᠭ᠍ᠰᠠᠨ

ᠳᠤᠭ᠍ᠴᠢ ᠵᠤᠬᠢᠶᠠᠯᠴᠢ᠎ᠶ᠋ᠢᠨ ᠢᠳᠡᠷᠡᠭᠦᠨ ᠠᠯᠬᠤᠭ᠎ᠠ

《ᠮᠠᠨᠪᠠ ᠷᠠᠰᠠᠩ》 ᠎ᠤ᠋ᠨ ᠬᠢᠨᠢ ᠱᠢᠳᠢᠳᠤ ᠤᠪᠠᠳᠢᠰ

ᠮᠤᠩᠭᠤᠯ ᠭᠠᠵᠠᠷ᠎ᠤᠨ ᠠᠯᠳᠠᠨ ᠭᠠᠨᠵᠢᠷ᠎ᠠ᠎ᠳᠤ ᠱᠢᠩᠭᠡᠨ᠎ᠡ

ᠮᠦᠩᠭᠦᠨ ᠦᠵᠦᠭ᠎ᠤᠨ᠎ᠬᠢᠨᠢ ᠪᠢᠯᠢᠭ᠌ᠳᠦ ᠰᠤᠪᠤᠳᠠᠰᠤ

ᠮᠦᠩᠭᠡ᠎ᠶ᠋ᠢᠨ ᠦᠪ ᠨᠢᠭᠤᠴᠠ ᠳᠤᠪᠴᠢᠶᠠᠨ᠎ᠳᠤ ᠠᠭᠤᠰᠤᠨ᠎ᠠ

ᠤᠳᠭ᠎ᠠ ᠵᠤᠬᠢᠶᠠᠯ᠎ᠤᠨ ᠨᠤᠶᠠᠨ ᠰᠠᠷᠢᠳᠠᠭ᠎ᠤᠨ

ᠤᠨᠠᠰᠢ ᠦᠭᠡᠢ ᠴᠠᠭᠠᠨ ᠰᠦᠯᠳᠡ ᠪᠠᠢᠪᠠ ᠤᠤ

ᠦᠪᠦᠷ ᠮᠤᠩᠭᠤᠯ᠎ᠤᠨ ᠤᠷᠠᠯᠢᠭ᠎ᠤᠨ ᠰᠠᠩ᠎ᠤᠨ

ᠤᠨᠳᠠᠷᠠᠰᠢ ᠦᠭᠡᠢ ᠭᠡᠷᠡᠯᠳᠦ ᠵᠤᠯᠠ ᠪᠤᠯᠪᠠ ᠤᠤ⁈

ᠠᠯᠳᠠᠨ ᠭᠠᠨᠳᠠᠷᠢ᠎ᠶ᠋ᠢᠨ ᠭᠠᠢᠬᠠᠮᠱᠢᠭ᠍ᠳᠤ ᠬᠦᠷᠦᠰᠦ ᠭᠡᠳᠡᠭ

ᠠᠶᠤᠩᠭ᠎ᠠ ᠬᠢᠯᠪᠡᠭᠡᠨ ᠲᠡᠢ ᠨᠤᠳᠤᠭ ᠯᠠ ᠶᠤᠮᠰᠠᠨ

ᠠᠷᠠᠳ ᠵᠤᠨ᠎ᠤ᠎ᠪᠠᠨ ᠰᠡᠳᠭᠢᠯ ᠵᠢᠷᠦᠬᠡᠨ᠎ᠳᠤ ᠲᠠ

ᠠᠯᠳᠠᠷ ᠭᠠᠪᠢᠶ᠎ᠠ᠎ᠲᠠᠢ᠎ᠪᠠᠨ ᠮᠦᠩᠭᠡᠷᠡᠬᠦ᠌ ᠯᠠ ᠶᠤᠮᠰᠠᠨ! 

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号