ᠪᠠᠭᠰᠢ ᠮᠢᠨᠢ
2021-10-27 09:38:54
ᠵᠣᠬᠢᠶᠠᠭ᠍ᠴᠢ᠄
ᠨ·ᠷᠢᠨᠴᠢᠨ
ᠣᠩᠱᠢᠭ᠍ᠰᠠᠨ ᠣᠳᠠᠭ᠎ᠠ᠄
★★★☆☆

ᠠᠯᠲᠠᠨ ᠳᠡᠯᠡᠬᠡᠢ᠎ᠶᠢ ᠲᠠᠨᠢᠭᠣᠯᠬᠣ

ᠠ ᠡᠭᠡᠰᠢᠭ᠎ᠢ ᠵᠢᠭᠠᠬᠰᠠᠨ

ᠠᠴᠢᠲᠤ ᠪᠠᠬᠰᠢ ᠮᠢᠨᠢ ᠨᠠᠷᠠ ᠪᠢᠯᠡ

ᠡᠬᠡ ᠪᠠᠢᠭᠠᠯᠢ᠎ᠶᠢ ᠣᠢᠯᠠᠭᠠᠭᠤᠯᠬᠤ

ᠡ ᠡᠭᠡᠰᠢᠭ᠎ᠢ ᠰᠣᠷᠭᠠᠬᠰᠠᠨ

ᠡᠨᠡᠷᠢᠯᠲᠦ ᠪᠠᠬᠰᠢ ᠮᠢᠨᠢ ᠰᠠᠷᠠ ᠪᠢᠯᠡ

ᠢᠷᠡᠭᠡᠲᠦᠢ ᠵᠦᠭ ᠠᠶᠠᠯᠠᠬᠤ

ᠢ ᠡᠭᠡᠰᠢᠭ᠎ᠢ ᠲᠠᠨᠢᠭᠤᠯᠤᠭᠰᠠᠨ

ᠢᠯᠭᠤᠮ ᠠᠶᠠᠯᠭᠤᠲᠤ ᠪᠠᠬᠰᠢ ᠮᠢᠨᠢ

ᠣᠷᠴᠢᠯᠠᠩ ᠰᠠᠨᠰᠠᠷ᠎ᠶ᠋ᠢᠡᠷ ᠲᠡᠬᠦᠯᠢᠬᠦ

ᠣ ᠡᠭᠡᠰᠢᠭ ᠲᠠᠢ ᠨᠦᠬᠦᠷᠯᠡᠬᠦᠯᠵᠦ

ᠣᠬᠠᠭᠠᠨ ᠪᠢᠯᠢᠭ ᠪᠠᠲᠠᠷᠠᠭᠠᠬᠤ

ᠣ ᠡᠭᠡᠰᠢᠭ ᠲᠠᠢ ᠢᠵᠢᠯᠢᠰᠢᠬᠦᠯᠦᠭᠰᠡᠨ

ᠦᠷᠭᠡᠨ ᠮᠡᠲᠡᠯᠭᠡ ᠡᠵᠡᠮᠰᠢᠬᠦᠯᠬᠦ

ᠦ ᠡᠭᠡᠰᠢᠭ ᠲᠠᠢ ᠤᠢᠷᠠᠳᠤᠭᠤᠯᠤᠭᠰᠠᠨ

ᠦᠷᠬᠦᠯᠵᠢᠲᠡ ᠮᠦᠩᠬᠡᠷᠡᠬᠦ ᠪᠡᠯᠭᠡᠳᠡᠯ ᠲᠠᠢ

ᠦ ᠡᠭᠡᠰᠢᠭ ᠲᠠᠢ ᠬᠠᠨᠢᠯᠠᠭᠣᠯᠣᠬᠰᠠᠨ

ᠣᠶᠣᠨ ᠪᠢᠯᠢᠭᠲᠦ ᠪᠠᠬᠰᠢ ᠮᠢᠨᠢ

ᠦᠨᠡᠨ᠎ᠢ ᠡᠷᠢᠬᠦ ᠲᠤᠷᠭᠠᠨ ᠵᠢᠯᠤᠭᠤ

ᠦᠪᠡᠷ᠎ᠶ᠋ᠢᠡᠨ ᠲᠡᠭᠦᠯᠳᠡᠷᠵᠢᠬᠦ ᠦᠨᠡᠳᠤ ᠰᠣᠷᠭᠠᠯ

ᠠᠯᠤᠰ᠎ᠤᠨ ᠬᠢᠯᠠᠯᠵᠠᠬᠤ ᠴᠠᠮᠬᠠᠬ ᠣᠲᠣᠨ

ᠠᠮᠢᠲᠣᠷᠠᠯ ᠦᠢᠯᠡᠰ ᠤ᠋ᠨ ᠲᠠᠷᠬᠠᠨ ᠲᠤᠯᠭᠤᠷ

ᠲᠡᠭᠷᠢ᠎ᠶᠢᠨ ᠲᠣᠯᠣᠭᠠᠨ ᠪᠣᠷᠬᠠᠳ᠎ᠢ

ᠳᠡᠯᠡᠬᠡᠢ ᠳ᠋ᠦ ᠵᠢᠬᠰᠠᠭᠠᠭᠰᠠᠨ ᠴᠢᠲᠠᠪᠣᠷᠢᠲᠠᠳ

ᠲᠦᠪ ᠭᠣᠣᠯᠴᠢ᠎ᠶᠢᠨ ᠠᠯᠲᠠᠨ ᠲᠦᠯᠬᠢᠬᠦᠷ ᠢ᠋

ᠲᠢᠪ ᠲᠦ᠍  ᠭᠠᠷᠳᠠᠭᠤᠯᠤᠭᠰᠠᠨ ᠤᠷᠠᠴᠤᠳ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号