ᠴᠡᠴᠡᠭ ᠡᠭᠡᠴᠢ ᠬᠤᠳᠠᠤᠷᠤᠭᠠᠳ ᠪᠢ ᠭᠠᠭ᠍ᠴᠠᠭᠠᠷ ᠵᠢᠨᠨ ᠤᠷᠮᠠ ᠮᠠᠭᠤᠳᠠᠢ᠌ᠬᠠᠨ
ᠬᠤᠴᠤᠷᠤᠯᠠ᠃ ᠡᠨᠡ ᠬᠡᠳᠤᠨ ᠬᠤᠨᠤᠭ ᠨᠡᠭᠡᠷᠡᠨ ᠤᠳᠠᠭᠠᠨ ᠦᠩᠭᠡᠷᠡᠭ᠌ᠰᠡᠨ ᠳ᠋ᠠ᠂ ᠨᠠᠷᠠ ᠱᠢᠩᠭᠡᠴᠢᠬᠡᠪᠡᠯ ᠤᠷᠭᠤᠵᠦ᠍
ᠦᠭ᠌ᠳᠡᠭ ᠦᠭᠡᠢ᠂ ᠮᠡᠳᠡᠭᠡᠵᠢ᠂ ᠤᠷᠭᠤᠴᠢᠬᠠᠪᠠᠯ ᠱᠢᠩᠭᠡᠵᠦ᠍ ᠦᠭ᠌ᠭᠦ ᠦᠭᠡᠢ᠃ ᠬᠠᠪᠤᠷᠤᠨ ᠤᠷᠲᠦ ᠡᠲᠦᠷ ᠬᠡᠴᠢᠨᠡᠬᠡᠨ
ᠤᠳᠠᠵᠦ᠍ ᠦᠩᠭᠡᠷᠡᠳᠡᠭᠢ ᠲᠠ ᠨᠠᠷ ᠮᠡᠳᠡᠨᠡ ᠦᠦ? ᠦᠷᠯᠦᠬᠡ ᠨᠤᠵᠤᠭᠤᠷᠠᠭ᠍ᠰᠠᠨ
ᠨᠤᠢ᠌ᠷᠠᠴᠠᠪᠠᠨ ᠠᠷᠠᠢ ᠭᠡᠵᠦ᠍ ᠰᠡᠷᠡᠭᠡᠳ ᠠᠷᠭᠠᠳᠠᠭᠤᠯᠵᠦ᠍ ᠵᠠᠩᠨᠠᠭᠤᠯᠵᠦ᠍ ᠪᠠᠢ᠌ᠮᠠᠨ ᠪᠤᠰᠤᠭ᠍ᠰᠠᠨᠠᠴᠠ
ᠬᠤᠢ᠌ᠰᠢ ᠢᠱᠢᠭᠡ ᠬᠠᠷᠢᠭᠤᠯᠬᠤ᠂ ᠠᠷᠭᠠᠯ ᠤᠢ᠍ᠢᠷᠠᠳᠤᠭᠤᠯᠬᠤ᠂ ᠤᠰᠣ ᠳᠠᠮᠨᠠᠬᠤ᠂ ᠬᠠᠱᠢᠶᠠ ᠰᠡᠯᠪᠢᠬᠦ᠌ ᠭᠡᠬᠦᠴᠢᠯᠡᠨ
《ᠦᠰᠦᠨᠠᠴᠠ ᠤᠯᠠᠨ》 ᠠᠵᠢᠯᠢ
ᠠᠮᠵᠢᠭᠤᠯᠵᠦ᠍ ᠵᠠᠪᠳᠤᠳᠠᠭ ᠱᠢᠦ᠃ ᠤᠤᠯᠨᠢ ᠴᠡᠴᠡᠭ ᠡᠭᠡᠴᠢᠲᠠᠢ ᠡᠳᠡᠭᠡᠷ ᠠᠵᠢᠯᠢ ᠬᠢᠯᠠᠯᠵᠠᠳᠠᠯᠠ ᠬᠢᠴᠢᠭᠡᠳᠡᠭ
ᠪᠠᠢᠬᠰᠠᠨ᠂ ᠬᠠᠷᠢᠨ ᠭᠠᠭ᠍ᠴᠠᠬᠠᠨ ᠨᠠᠳᠠ ᠪᠤᠯ ᠪᠠᠷᠠᠭ᠍ᠳᠠᠬᠤ ᠶᠠᠭᠤᠮᠠ ᠪᠢᠰᠢ ᠡ᠃

ᠢᠱᠢᠭᠡ ᠬᠠᠷᠢᠭᠤᠯᠬᠤ ᠠᠶᠠᠳᠠᠢ᠌ᠬᠠᠨ ᠴᠦ᠍ ᠬᠤᠶᠠᠷᠬᠠᠨ ᠡᠲᠦᠷ ᠪᠤᠯᠤᠭᠠᠳ ᠤᠢ᠍ᠢᠰᠪᠠ᠂
ᠳᠡᠳᠡ ᠨᠠᠮᠠᠶ᠋ᠢ ᠳᠡᠭᠡᠵᠦ᠍ ᠶᠡᠭᠡ ᠱᠤᠬᠤᠭᠤᠷᠬᠠᠳᠠᠭ ᠦᠭᠡᠢ ᠭᠡᠭ᠌ᠴᠢᠶ᠋ᠢ ᠦᠴᠦᠭᠡᠳᠤᠷ ᠯᠡ ᠮᠡᠳᠡᠭ᠌ᠰᠡᠨ᠃
ᠢᠬᠡᠷᠡ ᠬᠦᠬᠡ ᠨᠠᠳᠠᠲᠠᠢ ᠡᠨᠡᠭ᠌ᠰᠢᠬᠦ᠌ᠪᠠᠨ ᠪᠤᠯᠢᠭᠠᠳ ᠱᠢᠨᠡ ᠨᠤᠭᠤᠭᠠ ᠬᠦᠭᠡᠭᠡᠭᠡᠳ ᠬᠦᠢᠴᠡᠭ᠌ᠳᠡᠬᠦ᠌
ᠦᠭᠡᠢ᠂ ᠬᠠᠶᠠ ᠡᠷᠬᠢᠵᠦ᠍ ᠬᠠᠷᠠᠭᠠᠳ ᠴᠤᠯᠬᠢᠨ ᠳᠠᠭᠤᠪᠠᠷ ᠮᠠᠢ᠌ᠯᠠᠪᠠᠴᠦ᠍ ᠰᠡᠳᠭᠢᠯᠨᠢ ᠤᠨᠳᠤᠤ ᠵᠦᠢᠯᠳᠤ ᠡᠵᠡᠯᠡᠭ᠌ᠳᠡᠭ᠌ᠰᠡᠨᠨᠢ
ᠢᠯᠡᠳᠳᠡ᠃ ᠦᠭᠡᠢ ᠴᠦ᠍ ᠪᠤᠯ ᠳᠡᠭᠡᠳᠡᠭ ᠠᠮᠢᠳᠠᠨ ᠪᠢᠰᠢ ᠪᠠᠢ᠌ᠭ᠍ᠰᠠᠨ ᠱᠢᠦ᠃
ᠠᠷᠭᠠᠯ ᠤᠢ᠍ᠢᠷᠠᠳᠤᠭᠤᠯᠬᠤ ᠵᠠᠯᠬᠠᠭᠤᠳᠠᠢ᠂ ᠤᠷᠵᠢᠳᠤᠷ ᠠᠷᠭᠠᠯ ᠠᠪᠴᠢᠷᠠᠵᠦ᠍
ᠦᠭ᠌ᠭᠦ ᠭᠡᠵᠤ ᠪᠦᠲᠦᠨ ᠦᠳᠡᠶ᠋ᠢ ᠪᠠᠷᠠᠭ᠍ᠰᠠᠨ᠃ ᠶᠠᠭᠠᠬᠢᠵᠦ᠍ ᠬᠢᠬᠡᠳ ᠴᠦ᠍ ᠠᠷᠤᠭ ᠲᠦᠬᠦᠷᠡᠬᠦ᠌ ᠦᠭᠡᠢ᠂ ᠴᠡᠴᠡᠭ
ᠡᠭᠡᠴᠢ ᠪᠤᠯ ᠬᠤᠷᠤᠮᠬᠠᠨ ᠵᠠᠭᠤᠷᠠᠳᠤ ᠰᠠᠪᠠᠯᠠᠵᠦ᠍ ᠲᠦᠬᠦᠷᠡᠭᠡᠭᠡᠳ ᠪᠠᠰᠠ ᠳᠠᠭᠤᠤ ᠱᠤᠤᠲᠠᠢ ᠡᠷᠬᠢᠨᠡ᠃
《ᠠᠷᠭᠠᠯᠢᠶᠠᠨ ᠳᠤᠭᠠᠯᠠᠵᠦ᠍ ᠰᠠᠪᠠᠯᠠᠪᠠ ᠦᠦ?》 ᠭᠡᠵᠤ ᠡᠵᠢᠶ᠋ᠢᠨ ᠵᠠᠩᠨᠠᠭ᠍ᠰᠠᠨᠢ ᠨᠠᠩ ᠶᠠᠭᠠᠬᠢᠯᠳᠠᠢ ᠪᠤᠢ᠃
ᠤᠰᠣ ᠳᠠᠮᠨᠠᠬᠤ ᠴᠦ᠍ ᠠᠳᠠᠯᠢᠬᠠᠨ᠂ ᠭᠠᠭ᠍ᠴᠠᠭᠠᠷ ᠳᠠᠮᠨᠠᠬᠤ ᠪᠤᠯᠤᠯᠠ ᠭᠡᠳ
ᠵᠢᠵᠢᠭ ᠰᠠᠭᠤᠯᠠᠭᠠ ᠰᠤᠯᠢᠭ᠍ᠰᠠᠨ ᠴᠦ᠍ ᠬᠦᠩᠭᠡᠷᠡᠭ᠌ᠰᠡᠨ ᠶᠠᠭᠤᠮᠠ ᠠᠯᠠᠭᠠ᠂ ᠪᠤᠷ ᠪᠤᠷ ᠪᠤᠷᠬᠢᠯᠬᠤ ᠪᠤᠯᠠᠭᠤᠨ
ᠤᠰᠣᠶ᠋ᠢ ᠬᠠᠷᠠᠬᠤ ᠰᠠᠢ᠌ᠬᠠᠨ ᠪᠠᠢ᠌ᠳᠠᠭ᠂ ᠬᠠᠷᠢᠨ ᠤᠳᠠᠭᠠᠨ ᠬᠠᠷᠠᠬᠤᠪᠠᠷ ᠤᠢ᠍ᠢᠳᠭᠠᠷᠳᠠᠢ ᠴᠦ᠍ ᠶᠤᠮ᠃ ᠨᠠᠷᠠ
ᠬᠢᠯᠠᠯᠵᠠᠨ ᠰᠡᠯᠢᠬᠡᠳ ᠴᠤ᠋ ᠱᠢᠨᠡᠪᠠᠷ ᠭᠡᠷᠡᠯᠲᠦᠨ ᠪᠠᠢ᠌ᠳᠠᠭ ᠤᠰᠣ ᠳᠡᠭᠡᠰᠭᠢᠬᠡᠳ ᠯᠡ ᠤᠢ᠍ᠢᠳᠠᠢ ᠬᠠᠭᠤᠴᠢᠨ
ᠪᠤᠯᠤᠭ᠍ᠰᠠᠨ᠃
ᠬᠠᠱᠢᠶᠠ ᠰᠡᠯᠪᠢᠬᠦ᠌ᠪᠠᠷ ᠨᠤᠢ᠌ᠷ ᠬᠦᠷᠳᠡᠭ ᠭᠡᠭ᠌ᠴᠢᠶ᠋ᠢ ᠡᠨᠡ ᠦᠳᠠᠳᠤ
ᠮᠡᠳᠡᠯᠡ᠂ 《ᠤᠷᠤᠢ ᠢᠮᠠᠭᠠ ᠬᠠᠱᠢᠬᠤᠠᠴᠠ
ᠡᠮᠦᠨᠡ ᠬᠠᠱᠢᠶᠠᠨᠤ ᠵᠡᠬᠦᠨ ᠳᠠᠯᠠᠶ᠋ᠢᠨ ᠤᠩᠭᠤᠷᠬᠠᠢᠶ᠋ᠢ ᠰᠠᠢ᠌ᠬᠠᠨ ᠰᠡᠯᠪᠢᠴᠢᠬᠡᠬᠦ᠌ ᠶᠤᠮ ᠱᠢᠦ᠂ ᠢᠱᠢᠭᠡ
ᠱᠢᠷᠭᠤᠭᠠᠳ ᠳᠤᠭ᠍ᠳᠠᠬᠤᠪᠠᠨ ᠪᠤᠯᠢᠯᠠ》ᠭᠡᠵᠤ ᠠᠪᠤ ᠵᠠᠬᠢᠭ᠍ᠰᠠᠨ᠃ ᠨᠢᠳᠤᠨᠤᠨ᠂
ᠠᠪᠤᠶ᠋ᠢᠨ ᠠᠷᠤᠭ ᠬᠦᠷᠦᠭᠡᠳ ᠦᠯᠡᠳᠡᠭ᠌ᠰᠡᠨ ᠱᠢᠷᠡ ᠪᠤᠷᠭᠠᠰᠣᠶ᠋ᠢ ᠠᠪᠴᠢᠷᠠᠭᠠᠳ ᠤᠩᠭᠤᠷᠬᠠᠢᠶ᠋ᠢ ᠰᠦᠯᠵᠢᠵᠦ᠍
ᠦᠵᠡᠯᠡ᠃ ᠳᠠᠪᠤ ᠳᠤᠯᠤᠭᠠᠬᠠᠨ ᠪᠤᠷᠭᠠᠰᠣ ᠰᠦᠯᠵᠢᠪᠡᠯ ᠰᠡᠯᠪᠢᠴᠢᠭᠡᠵᠦ᠍ ᠪᠤᠯᠳᠠᠭ ᠴᠦ᠍ ᠤᠷᠤᠯᠳᠤᠭᠠᠳ ᠤᠷᠤᠯᠳᠤᠭᠠᠳ
ᠨᠠᠭᠠᠰᠢ ᠦᠭᠡᠢ᠂ ᠪᠦᠷ ᠰᠡᠬᠦᠯᠳᠤᠨᠢ ᠨᠤᠢ᠌ᠷ ᠬᠦᠷᠴᠦ᠍ ᠭᠠᠩᠬᠤᠭᠠᠳ ᠠᠷᠠᠢ᠌ᠬᠠᠨ ᠭᠡᠷᠲᠡᠭᠡᠨ ᠤᠷᠤᠭ᠍ᠰᠠᠨ᠃
ᠴᠡᠴᠡᠭ ᠡᠭᠡᠴᠢ ᠪᠠᠰᠠ ᠡᠭ᠌ᠳᠡᠬᠦᠦ᠍ᠲᠠᠢ᠂ ᠨᠠᠮᠠᠶ᠋ᠢ ᠢᠩᠭᠢᠵᠦ᠍ ᠭᠠᠭ᠍ᠴᠠᠭᠠᠷ
ᠤᠷᠬᠢᠴᠢᠬᠠᠭᠠᠳ ᠬᠤᠳᠠᠳᠤ ᠰᠠᠭᠤᠭᠠᠳ ᠪᠠᠢ᠌ᠨᠠ ᠭᠡᠭ᠌ᠴᠢ᠃ ᠳᠡᠨᠳᠡ ᠴᠤᠬᠤᠮ ᠶᠠᠭᠤᠨᠢ ᠰᠠᠢ᠌ᠬᠠᠨ ᠶᠤᠮ ᠪᠤᠢ᠂
ᠨᠠᠳᠠᠠᠴᠠ ᠬᠦᠬᠡᠷᠦᠬᠦᠨ ᠵᠢᠭᠠᠯᠤᠳ ᠵᠦᠩᠳᠡᠭᠡᠨ ᠪᠠᠢ᠌ᠳᠠᠭ ᠭᠡᠵᠢ ᠦᠦ᠃ ᠬᠤᠶᠠᠷ ᠬᠤᠨᠤᠪᠡᠯ ᠪᠤᠯᠤᠭᠠ ᠪᠢᠵᠠ᠂
ᠬᠠᠷᠢᠵᠦ᠍ ᠢᠷᠡᠬᠦ᠌ᠪᠠᠨ ᠮᠠᠷᠳᠠᠴᠢᠬᠠᠭᠠᠳ ᠴᠢᠮᠡᠭᠡ ᠦᠭᠡᠢ ᠪᠤᠯᠴᠢᠬᠠᠨᠠ ᠭᠡᠭ᠌ᠴᠢ ᠳᠡᠩᠳᠡᠬᠦᠦ᠃ ᠠᠭᠤᠷ ᠴᠦ᠍
ᠬᠦᠷᠦᠮᠡᠷ᠃
ᠦᠳᠡᠶ᠋ᠢᠨ ᠬᠤᠢ᠌ᠨᠠ ᠡᠷᠬᠢᠬᠡᠳ ᠯᠡ ᠳᠤᠳᠠᠭᠤ ᠰᠡᠯᠪᠢᠭ᠌ᠰᠡᠨ ᠤᠩᠭᠤᠷᠬᠠᠢᠲᠠᠢᠪᠠᠨ
ᠨᠤᠴᠤᠯᠳᠤᠯᠠ᠃ ᠪᠦᠲᠦᠯ ᠦᠭᠡᠢ ᠢᠱᠢᠭᠡ ᠨᠤᠬᠦᠤᠨ ᠢ ᠶᠠᠭᠠᠬᠢᠭ᠍ᠰᠠᠨ
ᠴᠦ᠍ ᠳᠤᠷᠡᠪᠠᠷᠨᠢ ᠳᠤᠷᠬᠢᠭᠤᠯᠵᠦ᠍ ᠪᠤᠯᠬᠤ ᠦᠭᠡᠢ᠂ ᠬᠡᠷᠪᠡ ᠤᠯᠢᠭ᠍ᠳᠠᠢ᠌ᠬᠠᠨ ᠰᠡᠯᠪᠢᠬᠦ᠌ ᠦᠭᠡᠢ ᠪᠤᠯ ᠦᠷᠯᠦᠬᠡ
ᠪᠤᠰᠭᠤᠳᠤ ᠬᠡᠲᠦᠢ᠌ᠨᠤ ᠱᠢᠷᠭᠤᠨ ᠭᠠᠷᠴᠦ᠍ ᠢᠷᠡᠴᠢᠬᠡᠬᠡᠳ᠄ 《ᠬᠠᠱᠢᠶᠠᠶ᠋ᠢ ᠢᠩᠭᠢᠵᠦ᠍ ᠰᠡᠯᠪᠢᠳᠡᠭ
ᠶᠤᠮ ᠦᠦ?》 ᠭᠡᠳ ᠬᠤᠭᠤᠷᠤᠨᠳᠤᠪᠠᠨ 《ᠢᠨᠢᠶᠡᠯᠴᠡᠵᠦ᠍》 ᠪᠠᠢ᠌ᠵᠦ᠍ ᠴᠦ᠍ ᠮᠠᠭᠠᠳ ᠦᠭᠡᠢ᠃
ᠬᠦᠯᠦᠰᠦᠪᠠᠨ ᠱᠤᠳᠤᠷᠴᠦ᠍ ᠪᠤᠷᠭᠠᠰᠣ ᠠᠪᠬᠤ ᠭᠡᠳ ᠡᠷᠬᠢᠳᠡᠯᠡ ᠬᠠᠱᠢᠶᠠᠨᠤ
ᠤᠭᠲᠤ ᠳᠠᠯᠪᠢᠭ᠍ᠰᠠᠨ ᠳ᠋ᠦᠨᠵᠡᠨ ᠳᠡᠭᠡᠷᠡ ᠴᠠᠭᠠᠨ ᠡᠷᠪᠡᠬᠡᠢ ᠳᠠᠯᠠᠪᠴᠢᠪᠠᠨ ᠰᠤᠯᠪᠢᠴᠠᠭᠤᠯᠤᠨ ᠰᠠᠭᠤᠬᠤ ᠬᠠᠷᠠᠭ᠍ᠳᠠᠯᠠ᠃
ᠴᠡᠴᠡᠭ ᠡᠭᠡᠴᠢ ᠶᠠᠭ ᠯᠡ ᠳᠡᠭᠡᠵᠦ᠍ ᠬᠦᠮᠦᠰᠭᠡᠪᠠᠨ ᠬᠦᠳᠡᠯᠭᠡᠰᠭᠢᠬᠡᠳ ᠶᠠᠭᠤᠮᠠ ᠪᠤᠳᠤᠳᠠᠭ ᠶᠤᠮ᠃ ᠡᠨᠡ ᠡᠷᠪᠡᠬᠡᠢ
ᠴᠦ᠍ ᠶᠠᠭᠤ ᠨᠢᠭᠡᠶ᠋ᠢ ᠪᠤᠳᠤᠵᠦ᠍ ᠰᠠᠭᠤᠭᠠ ᠪᠢᠵᠠ᠂ ᠳᠡᠢ᠌ᠮᠦ᠍ ᠡ᠂ ᠡᠨᠡ ᠬᠠᠪᠤᠷᠤᠨ ᠠᠩᠬᠠᠨᠤ ᠡᠷᠪᠡᠬᠡᠢ
ᠢᠩᠭᠢᠵᠦ᠍ ᠬᠠᠷᠠᠭ᠍ᠳᠠᠳᠠᠭ ᠪᠠᠢ᠌ᠵᠠᠢ᠃ ᠨᠤᠢ᠌ᠷ ᠴᠦ᠍ ᠰᠡᠷᠬᠦᠬᠦ᠌ ᠱᠢᠭ ᠪᠤᠯᠤᠭ᠍ᠰᠠᠨᠢ ᠶᠠᠭᠠᠬᠢᠨᠠ᠂ ᠪᠠᠷᠢᠵᠦ᠍
ᠠᠪᠤᠭᠠᠳ ᠳᠤᠭ᠍ᠯᠠᠬᠤ ᠰᠠᠨ ᠭᠡᠵᠤ ᠪᠤᠳᠤᠭ᠍ᠰᠠᠨ ᠴᠦ᠍ ᠴᠡᠴᠡᠭ ᠡᠭᠡᠴᠢ ᠰᠠᠨᠠᠭ᠍ᠳᠠᠭᠠᠳ ᠪᠤᠯᠳᠠᠭ ᠦᠭᠡᠢ᠃ ᠢᠩᠭᠢᠰᠭᠢᠬᠡᠳ
ᠬᠠᠷᠢᠭᠠᠳ ᠢᠷᠡᠴᠢᠬᠡᠭ᠌ᠰᠡᠨ ᠭᠡᠵᠢ ᠦᠦ᠂ ᠦᠭᠡᠢ ᠪᠠᠢ᠌ᠬᠠ ᠡ᠃
ᠰᠡᠬᠦᠯᠴᠢᠶ᠋ᠢᠨ ᠬᠤᠶᠠᠷ ᠪᠤᠷᠭᠠᠰᠣᠪᠠᠨ ᠰᠦᠯᠵᠢᠵᠦ᠍ ᠪᠠᠷᠠᠭᠠᠳ ᠬᠠᠷᠠᠪᠠᠯ
ᠨᠦᠬᠦᠬᠡ ᠡᠷᠪᠡᠬᠡᠢ ᠠᠯᠠᠭᠠ᠂ ᠨᠤᠢ᠌ᠷ ᠰᠡᠷᠬᠦᠵᠦ᠍ ᠳᠠᠷᠢᠬᠢ ᠬᠦᠩᠭᠡᠷᠡᠭ᠌ᠰᠡᠨ ᠴᠦ᠍ ᠮᠠᠷᠳᠠᠭ᠍ᠰᠠᠨ ᠵᠤᠢ᠌ᠯ ᠳᠠᠬᠢᠭᠠᠳ
ᠰᠠᠨᠠᠭᠠᠨᠳᠤ ᠤᠷᠤᠳᠠᠭ ᠦᠭᠡᠢ ᠱᠢᠭ ᠯᠡ ᠠᠯᠠᠭᠠ ᠪᠤᠯᠴᠢᠬᠠᠭ᠍ᠰᠠᠨ᠃ ᠬᠠᠷᠢᠨ ᠴᠠᠭᠠᠨ ᠳᠠᠯᠠᠪᠴᠢ ᠳᠡᠭᠡᠷᠡᠬᠢ
ᠬᠠᠷᠠ ᠵᠢᠷᠤᠭᠠᠰᠣ᠂ ᠬᠦᠷᠡᠩ ᠤᠳᠠᠰᠣ ᠱᠢᠭ᠋ ᠬᠤᠶᠠᠷ ᠳᠡᠮᠳᠡᠷᠢᠬᠦᠯ᠂ ᠪᠠᠰᠠ ᠴᠡᠴᠡᠭᠤᠨ ᠭᠤᠤᠯ ᠰᠢᠬ᠂ ᠴᠢᠬᠢᠨᠤ
ᠬᠡᠩᠭᠡᠷᠭᠡ ᠱᠢᠭ ᠡᠮᠵᠡᠭ᠌ᠬᠡᠨ ᠨᠢᠲᠦ᠍ᠨᠢ ᠰᠡᠳᠭᠢᠯᠳᠤ ᠳᠡᠷᠡ ᠴᠢᠭᠢᠶᠠᠷᠢᠶᠠᠨ ᠦᠯᠡᠳᠡᠭ᠌ᠰᠡᠨᠨᠢ ᠰᠤᠨᠢᠨ᠃
ᠴᠡᠴᠡᠭ ᠡᠭᠡᠴᠢ ᠬᠤᠳᠠᠳᠤ ᠶᠠᠪᠤᠭᠠᠳ ᠠᠷᠪᠠ ᠬᠤᠨᠤᠯᠠ᠂ ᠬᠤᠪᠢᠳᠠᠭ᠍ᠰᠠᠨ ᠠᠵᠢᠯᠢᠶᠠᠨ
ᠪᠢ ᠭᠠᠭ᠍ᠴᠠᠭᠠᠷ ᠲᠦᠩᠭᠡᠴᠢᠬᠡᠳᠡᠭ ᠪᠤᠯᠤᠭ᠍ᠰᠠᠨ ᠴᠦ᠍ ᠤᠷᠮᠠ ᠦᠭᠡᠢ ᠬᠡᠪᠢᠶᠠᠷ᠃ ᠢᠱᠢᠭᠡ ᠨᠤᠬᠦᠤᠨ ᠰᠦᠷᠦᠭ
ᠳᠠᠭᠠᠭᠠᠳ ᠢᠬᠡᠷᠡ ᠬᠦᠬᠡ ᠨᠠᠮᠠᠶ᠋ᠢ ᠪᠦᠷ ᠳᠠᠨᠢᠬᠤᠪᠠᠨ ᠪᠤᠯᠢᠴᠢᠬᠠᠭ᠍ᠰᠠᠨ ᠰᠡᠭᠡᠳᠡᠭᠡᠷ ᠠᠮᠢᠳᠠᠨ 《ᠰᠡᠷᠴᠢᠬᠢᠨᠡᠨᠡ》᠂ ᠢᠩᠭᠢᠨᠡ ᠭᠡᠵᠤ ᠪᠤᠳᠤᠭᠠ
ᠴᠦ᠍ ᠦᠭᠡᠢ ᠱᠢᠦ᠃ ᠪᠠᠷᠠᠭᠤᠨ ᠤᠰᠣᠨ ᠳᠡᠭᠡᠷᠡ ᠱᠢᠪᠠᠭᠤᠳ ᠡᠲᠦᠷᠵᠢᠨ ᠰᠦᠨᠢᠵᠢᠨ ᠱᠤᠤᠭᠢᠯᠳᠤᠨᠠ᠂ ᠨᠢᠳᠤᠨᠤᠨ
ᠮᠢᠨᠤ ᠨᠢᠲᠦᠯᠡᠭ᠌ᠰᠡᠨ ᠬᠡᠲᠦᠨ ᠳᠡᠭ᠌ᠳᠡᠭᠡᠭᠡᠢ ᠢᠷᠡᠭ᠌ᠰᠡᠨ ᠪᠤᠯ ᠦᠦ? ᠠᠷᠭᠠᠯ ᠤᠢ᠍ᠢᠷᠠᠳᠤᠭᠤᠯᠬᠤᠳᠠᠭᠠᠨ ᠠᠷᠠᠢ ᠬᠤᠷᠳᠤᠨ ᠪᠤᠯᠵᠦ᠍ ᠠᠷᠤᠭ ᠴᠦ᠍ ᠲᠦᠬᠦᠷᠡᠬᠦ᠌
ᠱᠢᠨᠵᠢᠳᠡᠢᠨᠢ ᠬᠠᠷᠢᠨ ᠠᠱᠢᠬᠦᠢ᠃ ᠤᠰᠣ ᠳᠠᠮᠨᠠᠬᠤᠳᠤ ᠰᠠᠭᠤᠯᠠᠭᠠ ᠤᠷᠤᠭᠤ ᠦᠩᠭᠡᠢ᠌ᠪᠡᠯ ᠦᠷᠪᠦᠢ᠌ᠭ᠌ᠰᠡᠨ ᠱᠢᠷᠡ
ᠵᠢᠭᠠᠯ ᠤᠷᠤᠭᠤᠯᠢᠶᠠᠨ ᠴᠤᠷᠪᠤᠢ᠌ᠯᠭᠠᠴᠢᠬᠠᠭ᠍ᠰᠠᠨ ᠬᠠᠷᠠᠭ᠍ᠳᠠᠨᠠ᠃ ᠡᠲᠦᠷ ᠬᠤᠨᠤᠭ ᠢᠩᠭᠢᠵᠦ᠍ ᠯᠡ ᠦᠩᠭᠡᠷᠡᠬᠦ᠌
ᠶᠤᠰᠤᠳᠠᠢ ᠪᠢᠵᠠ᠃
ᠦᠨᠦ᠍ ᠮᠠᠷᠳᠠᠭ᠍ᠳᠠᠭ᠍ᠰᠠᠨ ᠱᠢᠭ᠋ ᠠᠯᠠᠭᠠ ᠪᠤᠯᠴᠢᠬᠠᠭ᠍ᠰᠠᠨ ᠴᠠᠭᠠᠨ ᠡᠷᠪᠡᠬᠡᠢ
ᠡᠨᠡ ᠡᠳᠦᠷ ᠠᠬᠢᠭᠠᠳ ᠬᠠᠷᠠᠭ᠍ᠳᠠᠭ᠍ᠰᠠᠨ ᠶᠤᠮ᠂ ᠠᠶᠠᠰᠤᠨ ᠵᠢᠪᠡᠷᠲᠤ ᠳᠡᠢ᠌ᠯᠳᠡᠨ ᠠᠶᠠᠷᠬᠠᠨ ᠬᠠᠢᠪᠢᠯᠵᠠᠵᠦ᠍
ᠢᠷᠡᠭᠡᠳ ᠡᠬᠦᠳᠡᠨᠤ ᠬᠠᠵᠠᠭᠤᠳᠤ ᠳᠠᠯᠪᠢᠭ᠍ᠰᠠᠨ ᠤᠰᠣᠨ ᠰᠠᠭᠤᠯᠠᠭᠠᠨᠤ ᠢᠷᠮᠡᠭ ᠳᠡᠭᠡᠷᠡ ᠳᠠᠯᠠᠪᠴᠢᠪᠠᠨ
ᠪᠢᠯᠡᠬᠦᠳᠡᠨ ᠰᠠᠭᠤᠭ᠍ᠰᠠᠨᠨᠢ ᠶᠠᠭ ᠯᠡ ᠨᠢᠲᠦ᠍ᠪᠠᠨ ᠨᠤᠬᠤᠯᠠᠬᠤ ᠱᠢᠭ᠋ ᠰᠠᠨᠠᠭ᠍ᠳᠠᠭ᠍ᠰᠠᠨ᠃ ᠰᠠᠭᠤᠯᠠᠭᠠᠨᠤ
ᠨᠢᠮᠬᠡᠨ ᠢᠷᠮᠡᠭ ᠳᠡᠭᠡᠷᠡ ᠬᠦᠯ ᠠᠯᠳᠠᠯ ᠦᠭᠡᠢ ᠳᠤᠭ᠍ᠳᠠᠬᠤᠶ᠋ᠢᠨᠢ ᠬᠠᠷᠠᠭᠠᠳ ᠪᠢ ᠴᠡᠴᠡᠭ ᠡᠬᠡᠴᠢᠶ᠋ᠢᠨ
ᠳᠡᠮᠳᠡᠢᠨᠢ ᠠᠷᠭᠠ ᠦᠭᠡᠢ ᠪᠠᠩᠰᠢ ᠴᠢᠮᠬᠢᠳᠡᠭᠢ ᠪᠤᠳᠤᠵᠦ᠍ ᠤᠯᠤᠭ᠍ᠰᠠᠨ ᠶᠤᠮ᠃ ᠳᠡᠳᠡ ᠨᠡᠭᠡᠷᠡᠨ ᠤᠷᠠᠨ ᠠᠮᠢᠳᠠᠨ
ᠠᠵᠢ᠃
ᠳᠤᠭ᠍ᠳᠠᠭᠤᠨ ᠬᠠᠪᠤᠷᠤᠨ ᠡᠲᠦᠷᠤᠳ ᠳᠤᠯᠤᠭᠠᠳᠲᠤ ᠱᠢᠩᠭᠡᠵᠦ᠍ ᠨᠢᠭᠡ ᠯᠡ ᠦᠷᠯᠦᠬᠡ
ᠵᠤᠨᠤ ᠪᠤᠷᠤᠭᠠ ᠱᠠᠭᠢᠪᠠ᠃ ᠳᠡᠭᠡᠪᠤᠷᠲᠤ ᠲᠦᠰᠦᠷᠬᠦ᠌ ᠪᠤᠷᠤᠭᠠᠨᠤ ᠴᠢᠮᠡᠭᠡᠪᠠᠷ ᠰᠡᠷᠡᠵᠦ᠍ ᠳᠡᠷᠡ ᠳᠡᠭᠡᠷᠡ
ᠡᠷᠡᠦ᠍ᠪᠠᠨ ᠳᠤᠯᠤᠭᠠᠳ ᠡᠬᠦᠳᠡᠪᠠᠷ ᠭᠠᠳᠠᠭ᠍ᠰᠢ ᠬᠠᠷᠠᠪᠠᠯ ᠤᠷᠲᠦ ᠤᠷᠤᠢ ᠤᠰᠣᠨ ᠬᠦᠱᠢᠭᠡᠨᠳᠤ ᠠᠭᠤᠰᠴᠦ᠍᠂
ᠤᠶᠠᠭᠠᠨ ᠳᠡᠭᠡᠷᠡ ᠨᠤᠮᠤᠬᠠᠨ ᠭᠡᠭᠡᠷ ᠳᠤᠯᠤᠭᠠᠢᠪᠠᠨ ᠳᠠᠷᠤᠨ ᠪᠤᠳᠤᠯᠭᠠᠱᠢᠷᠠᠨᠠ᠃ ᠡᠲᠦᠷ ᠰᠠᠷᠠ ᠡᠢᠨ ᠬᠦ᠌
ᠤᠯᠠᠷᠢᠵᠦ᠍ ᠦᠷᠯᠦᠬᠡ ᠰᠡᠷᠡᠬᠦ᠌ᠳᠤ ᠯᠡ ᠤᠯᠠᠷᠢᠯ ᠰᠡᠯᠬᠦᠴᠢᠬᠡᠭ᠌ᠰᠡᠨ ᠪᠠᠢ᠌ᠳᠠᠭᠨᠢ ᠰᠤᠨᠢᠨ᠂ ᠤᠷᠲᠦ ᠵᠤᠨ ᠢᠩᠭᠢᠵᠦ᠍
ᠬᠠᠶᠠᠭᠠᠨᠳᠤ ᠢᠷᠡᠭ᠌ᠰᠡᠨ ᠶᠤᠮ᠃
ᠭᠤᠷᠤᠬᠠᠯᠠᠨ ᠵᠢᠷᠢᠯᠵᠡᠬᠦ᠌ ᠪᠤᠷᠤᠭᠠᠨᠤ ᠤᠰᠣ ᠨᠠᠮ ᠳᠤᠤᠷᠡ ᠭᠠᠵᠠᠷ ᠤᠷᠤᠭᠤ
ᠬᠤᠷᠳᠤᠯᠠᠨᠠ᠃ ᠡᠪᠦᠷᠠᠴᠠᠪᠠᠨ ᠰᠤᠭᠤᠷᠠᠵᠦ᠍ ᠬᠦᠷᠮᠡ ᠴᠦ᠍ ᠡᠮᠦᠰᠤᠯ ᠦᠭᠡᠢ ᠬᠦᠶᠦᠨ ᠭᠠᠷᠪᠠᠯ ᠪᠤᠷᠤᠭᠠᠨᠤ
ᠳᠤᠮᠤ ᠳᠤᠮᠤ ᠳᠤᠰᠤᠯ ᠮᠦᠷᠦ᠍᠂ ᠨᠢᠷᠤᠭᠤ᠂ ᠭᠤᠶᠠ ᠤᠷᠤᠭᠤ ᠭᠡᠳᠡᠭᠡᠯᠡᠨ ᠤᠷᠤᠰᠤᠭᠠᠳ ᠪᠢ ᠡᠷᠬᠡ ᠦᠭᠡᠢ ᠢᠨᠢᠶᠡᠲᠦ
ᠠᠯᠳᠠᠯᠠ᠃ ᠬᠠᠮ ᠳᠡᠷᠭᠡᠨ ᠳᠤᠤᠷᠡ ᠱᠠᠯᠪᠠ ᠨᠤᠷᠴᠢᠬᠠᠭ᠍ᠰᠠᠨ ᠴᠠᠪᠢᠨᠳᠠᠭᠠᠨ ᠬᠤᠱᠢᠭᠤ ᠱᠢᠷᠭᠤᠭᠤᠯᠵᠦ᠍ ᠬᠡᠪᠳᠡᠭ᠌ᠰᠡᠨ
ᠲᠦᠷᠪᠡᠨ ᠨᠢᠳᠤᠳᠤ ᠰᠡᠭ᠌ᠰᠡᠭᠡᠷ ᠬᠠᠯᠳᠠᠷ ᠨᠠᠮᠠᠶ᠋ᠢ ᠬᠠᠷᠠᠭᠠᠳ ᠬᠠᠴᠢᠷᠬᠠᠭ᠍ᠰᠠᠨ ᠪᠤᠯᠤᠯᠳᠠᠢ ᠪᠤᠰᠴᠦ᠍ ᠢᠷᠡᠪᠡ᠂
ᠳᠡᠭᠡᠭᠡᠳ ᠰᠡᠬᠦᠯ ᠬᠦᠳᠡᠯᠬᠡᠰᠭᠢᠨ ᠬᠦᠷᠡᠩ ᠨᠢᠲᠦ᠍ᠪᠠᠷᠢᠶᠠᠨ ᠵᠦᠬᠡᠯᠡᠬᠡᠨ ᠱᠢᠷᠳᠡᠵᠦ᠍ ᠵᠤᠭ᠍ᠰᠤᠭ᠍ᠰᠠᠨᠢᠶᠠᠨ
ᠭᠤᠶᠠᠨ ᠳᠡᠭᠡᠷᠡ ᠳᠤᠯᠢᠶᠠᠭᠠᠳ ᠠᠪᠤᠭ᠍ᠰᠠᠨ ᠰᠠᠨ᠃ ᠪᠤᠷᠤᠭᠠᠨᠤ ᠳᠤᠰᠤᠯ ᠳᠤᠰᠭᠤᠳᠤ ᠴᠦ᠍ ᠢᠨᠢᠶᠡᠲᠦ ᠬᠦᠷᠴᠦ᠍
ᠪᠠᠢ᠌ᠭ᠍ᠰᠠᠨ ᠪᠢ ᠰᠡᠭ᠌ᠰᠡᠭᠡᠷ ᠬᠠᠯᠳᠠᠷᠤᠨ ᠳᠤᠯᠢᠶᠠᠬᠤᠶ᠋ᠢ ᠬᠡᠷᠬᠢᠨ ᠳᠡᠰᠴᠦ᠍ ᠴᠢᠳᠠᠬᠤ ᠪᠢᠯᠡ᠂ ᠭᠡᠷᠲᠤ
ᠪᠠᠢ᠌ᠭ᠍ᠰᠠᠨ ᠪᠤᠯ ᠠᠶᠠᠭᠠ ᠰᠠᠪᠠ ᠬᠠᠩᠭᠢᠨᠠᠳᠠᠯᠠ ᠴᠤᠤᠷᠢᠶᠠᠯᠠᠬᠤᠪᠠᠷ ᠵᠢᠩᠭᠢᠨᠡᠬᠦᠯᠦᠨ ᠢᠨᠢᠶᠡᠯᠡ᠃ ᠡᠬᠦᠯᠡᠲᠠᠢ
ᠳᠡᠭ᠌ᠷᠢᠠᠴᠠ ᠭᠡᠭᠡ ᠳᠠᠳᠠᠬᠤ ᠱᠢᠭ᠋ ᠪᠤᠯᠤᠭᠠᠳ ᠦᠷᠦᠴᠠ ᠴᠡᠭᠡᠵᠢ ᠠᠭᠤᠵᠢᠷᠠᠭ᠍ᠰᠠᠨᠢ ᠬᠡᠯᠡᠬᠦ᠌ ᠦᠦ᠂ ᠢᠨᠢᠶᠡᠭᠡ
ᠦᠭᠡᠢ ᠶᠡᠭᠡ ᠤᠳᠠᠭ᠍ᠰᠠᠨ ᠪᠠᠢ᠌ᠵᠠᠢ ᠱᠢᠦ᠃
ᠨᠡᠭᠡᠷᠡᠨ ᠴᠡᠴᠡᠭ ᠡᠬᠡᠴᠢᠶ᠋ᠢᠨ ᠢᠨᠢᠶᠡᠲᠦ ᠭᠡᠷᠡᠯ ᠳᠠᠳᠠᠳᠠᠭ ᠰᠠᠨ᠂ ᠬᠦᠨᠳᠡᠢᠶ᠋ᠢᠨ
ᠪᠤᠯᠤᠩᠠᠴᠠ ᠮᠦᠬᠦ᠌ ᠳᠡᠬᠦᠬᠦ᠌ᠪᠠᠷ ᠶᠠᠪᠤᠭᠠᠳ ᠴᠡᠴᠡᠭ ᠡᠬᠡᠴᠢ ᠪᠢᠳᠡ ᠬᠤᠶᠠᠷ ᠡᠲᠦᠷᠵᠢᠨ ᠢᠨᠢᠶᠡᠯᠲᠦᠭ᠌ᠰᠡᠨ
ᠪᠢᠯᠡ᠃ ᠴᠡᠴᠡᠭ ᠡᠭᠡᠴᠢ ᠶᠠᠯᠢᠮ ᠦᠭᠡᠢ ᠶᠠᠭᠤᠮᠠᠨ ᠳᠡᠭᠡᠷᠡ ᠴᠦ᠍ ᠨᠢᠯᠪᠤᠰᠣ ᠭᠠᠷᠳᠠᠯᠠ ᠢᠨᠢᠶᠡᠳᠡᠭ ᠠᠮᠢᠳᠠᠨ᠂《ᠴᠤᠭ ᠡ᠂ ᠪᠢ ᠤᠷᠲᠦ ᠭᠤᠤᠯᠤᠨ ᠨᠢᠰᠤᠬᠠᠢ ᠱᠢᠷᠡᠳᠤ ᠮᠤᠷᠳᠠᠴᠢᠬᠠᠪᠠᠯ ᠴᠢ ᠤᠬᠢᠯᠠᠬᠤ
ᠦᠦ?》 ᠭᠡᠳ ᠯᠡ ᠢᠨᠢᠶᠡᠵᠦ᠍ ᠡᠬᠢᠯᠡᠭ᠌ᠰᠡᠨ᠃《ᠳᠡᠬᠦᠨᠳᠤ ᠮᠤᠷᠳᠠᠬᠤ ᠴᠢ ᠳᠡᠨᠡᠭ ᠪᠢᠵᠠ?》 ᠭᠡᠵᠤ ᠪᠢ ᠱᠢᠲᠦ ᠵᠠᠭᠤᠨ ᠬᠡᠯᠡᠪᠡᠯ
ᠴᠡᠴᠡᠭ ᠡᠬᠡᠴᠢ ᠰᠠᠭ᠍ᠰᠦᠲᠠᠢ ᠮᠦᠬᠦ᠌ᠪᠠᠨ ᠭᠠᠵᠠᠷ ᠠᠯᠳᠠᠵᠦ᠍ ᠡᠪᠦᠲᠦᠭ ᠨᠤᠭᠤᠷᠠᠨ ᠤᠢ᠍ᠢᠴᠢᠭᠠᠳ ᠬᠦᠬᠦᠷᠡᠵᠦ᠍
ᠭᠠᠷᠪᠠ᠃ ᠨᠢᠰᠤᠬᠠᠢ ᠱᠢᠷᠡ ᠡᠵᠢᠲᠠᠢᠪᠠᠨ ᠮᠠᠨᠤᠳᠤ ᠢᠷᠡᠵᠦ᠍ ᠪᠠᠢ᠌ᠭ᠍ᠰᠠᠨ᠂ ᠬᠤᠷᠤᠭᠤᠪᠠᠨ ᠡᠮᠬᠦᠵᠦ᠍ ᠨᠢᠰᠦᠪᠠᠨ
ᠫᠤᠷ ᠫᠤᠷ ᠦᠯᠢᠶᠡᠭ᠌ᠰᠡᠨ ᠠᠷᠴᠠᠭᠠ ᠦᠭᠡᠢ ᠬᠦᠦ᠍ᠳᠤ ᠮᠤᠷᠳᠠᠬᠤ ᠭᠡᠭ᠌ᠴᠢ ᠶᠤᠰᠤᠳᠠᠢ ᠰᠠᠨᠠᠭᠠᠨᠳᠤ ᠪᠠᠭ᠍ᠳᠠᠬᠤ
ᠶᠠᠭᠤᠮᠠ ᠪᠢᠰᠢ ᠡ᠃《ᠢᠯᠢ᠂ ᠴᠢ ᠨᠠᠮᠠᠶ᠋ᠢ ᠬᠠᠷᠠᠮᠨᠠᠳᠠᠭ ᠶᠤᠮ ᠦᠦ?》 ᠭᠡᠳ ᠴᠡᠴᠡᠭ ᠡᠭᠡᠴᠢ ᠭᠡᠷᠡᠯ ᠳᠠᠳᠠᠳᠠᠯᠠ ᠢᠨᠢᠶᠡᠵᠦ᠍ ᠭᠠᠷᠬᠤᠪᠠᠷ ᠪᠢ ᠡᠷᠭᠡ ᠦᠭᠡᠢ
ᠢᠴᠢᠭ᠌ᠰᠡᠨ ᠴᠦ᠍ ᠳᠠᠭᠠᠭᠠᠳ ᠢᠨᠢᠶᠡᠭ᠌ᠰᠡᠨ ᠰᠠᠨ᠃
ᠵᠤᠨᠤ ᠡᠲᠦᠷᠤᠨ ᠤᠷᠲᠦ᠍ᠶ᠋ᠢ ᠲᠠ ᠨᠠᠷ ᠲᠦᠰᠦᠭᠡᠯᠡᠳᠡᠭ ᠦᠦ? ᠨᠠᠷᠠ ᠦᠳᠡᠶ᠋ᠢᠨ ᠳᠡᠭ᠌ᠷᠢᠳᠤ ᠪᠠᠷᠤᠭ ᠯᠡ ᠦᠨᠵᠢᠬᠦ᠌ ᠱᠢᠭ ᠤᠳᠠᠨᠠ᠂ ᠭᠠᠭ᠍ᠴᠠᠭᠠᠷ ᠭᠤᠤᠯᠤᠨ
ᠤᠰᠣᠨᠳᠤ ᠴᠢᠯᠠᠭᠤ ᠬᠠᠯᠢᠭᠤᠯᠵᠦ᠍ ᠵᠢᠷᠠᠭᠠᠬᠠᠢ ᠱᠢᠭ᠋ ᠰᠡᠯᠢᠵᠦ᠍ ᠱᠤᠮᠪᠠᠭᠠᠳ ᠴᠦ᠍ ᠡᠲᠦᠷ ᠦᠩᠭᠡᠷᠡᠬᠦ᠌ ᠭᠡᠵᠤ
ᠪᠠᠢ᠌ᠳᠠᠭ ᠦᠭᠡᠢ᠂ ᠰᠡᠬᠦᠯᠳᠡᠭᠡᠨ ᠪᠦᠷ ᠦᠯᠦᠰᠴᠦ᠍ ᠶᠠᠳᠠᠷᠠᠭᠠᠳ ᠤᠷᠤᠭᠤ ᠴᠢᠷᠠᠢ᠌ᠯᠠᠭ᠍ᠰᠠᠨ ᠠᠮᠢᠳᠠᠨ ᠲᠦᠩᠭᠡᠵᠦ᠍
ᠬᠠᠷᠢᠨᠠ᠃ ᠴᠠᠢᠪᠠᠨ ᠤᠤᠭᠤᠮᠠᠭ᠍ᠴᠠ ᠤᠷᠤᠨ ᠳᠡᠭᠡᠷᠡᠪᠠᠨ ᠤᠩᠬᠤᠯᠢᠵᠦ᠍᠂ ᠤᠨᠳᠠᠵᠦ᠍ ᠤᠨᠳᠠᠭᠠᠳ ᠰᠡᠷᠡᠬᠦ᠌ᠳᠤ
ᠨᠠᠷᠠ ᠵᠢᠭᠠᠬᠠᠨ ᠯᠡ ᠪᠠᠷᠠᠭᠤᠨᠰᠢ ᠬᠡᠯᠪᠡᠢ᠌ᠭ᠌ᠰᠡᠨ ᠱᠢᠨᠵᠢᠳᠡᠢ ᠠᠰᠠᠵᠦ᠍ ᠪᠠᠢ᠌ᠳᠠᠭ᠃ ᠨᠤᠢ᠌ᠷᠮᠤᠭ ᠨᠢᠲᠦ᠍ᠪᠠᠨ
ᠨᠤᠬᠤᠯᠠᠨ ᠵᠠᠯᠬᠠᠭᠤᠳᠠᠢ᠌ᠬᠠᠨ ᠦᠨᠳᠡᠢ᠌ᠪᠡᠯ ᠡᠬᠦᠳᠡᠪᠠᠷ ᠦᠨᠦ᠍ ᠯᠡ ᠴᠠᠭᠠᠨ ᠡᠷᠪᠡᠬᠡᠢ ᠬᠦᠯᠦᠷᠡᠭ᠌ᠰᠡᠨ ᠮᠠᠶᠢᠭ᠍ᠳᠠᠢ
ᠳᠠᠯᠪᠢᠯᠵᠠᠨ ᠤᠷᠤᠵᠦ᠍ ᠢᠷᠡᠭᠡᠳ ᠡᠷᠬᠢᠨᠡᠭ ᠳᠡᠭᠡᠷᠡ ᠰᠠᠭᠤᠬᠤ ᠬᠠᠷᠠᠭ᠍ᠳᠠᠪᠠ᠃ ᠨᠤᠢ᠌ᠷᠢᠶᠠᠨ ᠰᠡᠷᠬᠦᠭᠡᠬᠦ᠌ᠪᠠᠷ
ᠤᠷᠤᠨᠳᠠᠭᠠᠨ ᠬᠦᠳᠡᠯᠦᠯ ᠦᠭᠡᠢ ᠰᠠᠭᠤᠭᠠᠳ ᠡᠷᠪᠡᠬᠡᠢ ᠴᠤᠬᠤᠮ ᠶᠠᠭᠤ ᠬᠢᠳᠡᠭᠢ ᠮᠡᠳᠡᠴᠢᠬᠡᠬᠦ᠌ ᠰᠠᠨᠠᠭᠠᠳᠠᠢ
ᠤᠳᠠᠭᠠᠨ ᠠᠵᠢᠭ᠍ᠯᠠᠯᠠ᠃
ᠳᠡᠭᠡᠳᠡᠯᠡ ᠡᠷᠬᠢᠨᠡᠭ ᠳᠡᠭᠡᠷᠡ ᠠᠰᠭᠠᠭ᠍ᠰᠠᠨ ᠬᠡᠲᠦᠨ ᠮᠦᠬᠦᠯᠢᠭ ᠬᠠᠭᠤᠷᠤᠭ᠍ᠰᠠᠨ
ᠠᠮᠤᠶ᠋ᠢ ᠱᠤᠬᠤᠭᠤᠷᠬᠠᠨ ᠳᠠᠯᠠᠪᠴᠢᠪᠠᠨ ᠬᠦᠳᠡᠯᠭᠡᠬᠦ᠌ ᠠᠵᠢ᠃ ᠡᠷᠪᠡᠬᠡᠢ ᠴᠦ᠍ ᠬᠠᠯᠠᠭᠤᠴᠠᠳᠠᠭ ᠭᠡᠵᠢ ᠦᠦ? ᠴᠠᠭᠠᠨ ᠳᠠᠯᠠᠪᠴᠢᠨᠢ ᠬᠦᠯᠦᠷᠡᠵᠦ᠍᠂ ᠬᠦᠷᠡᠩ ᠳᠡᠮᠳᠡᠷᠢᠬᠦᠯᠨᠢ ᠴᠦ᠍ ᠴᠢᠬᠢᠭ ᠳᠠᠭᠠᠭᠠᠭ᠍ᠰᠠᠨ
ᠱᠢᠭ᠋ ᠰᠠᠨᠠᠭ᠍ᠳᠠᠭᠠᠳ ᠬᠦᠳᠡᠯᠵᠦ᠍ ᠶᠠᠳᠠᠬᠤᠨᠢ ᠢᠯᠡᠳᠳᠡ᠃ ᠤᠭᠨᠢ ᠡᠷᠪᠡᠬᠡᠢ ᠬᠠᠷᠠᠬᠤᠪᠠᠷ ᠨᠤᠢ᠌ᠷ ᠰᠡᠷᠬᠦᠳᠡᠭ
ᠴᠦ᠍ ᠡᠨᠡ ᠡᠲᠦᠷ ᠨᠢᠭᠡ ᠯᠡ ᠪᠤᠯᠤᠭᠠ ᠦᠭᠡᠢ᠃ ᠵᠤᠪᠬᠢᠪᠠᠨ ᠳᠠᠭᠠᠭᠠᠵᠦ᠍ ᠶᠠᠳᠠᠨ ᠠᠯᠭᠤᠷᠬᠠᠨ ᠪᠠᠭᠤᠯᠭᠠᠪᠠᠯ
ᠪᠦᠳᠡᠬᠢᠬᠡᠨ ᠳᠤᠳᠤᠷᠠᠭ᠍ᠰᠠᠨ ᠦᠨᠦ᠍ ᠴᠠᠭᠠᠨ ᠭᠡᠭᠡ᠂ ᠳᠠᠷᠢᠬᠢ ᠤᠷᠤᠭᠤ ᠰᠦ ᠳᠤᠰᠤᠭᠠᠭ᠍ᠰᠠᠨ ᠱᠢᠭ᠋ ᠪᠤᠯᠤᠭᠠᠳ
ᠤᠯᠠᠮ ᠯᠡ ᠠᠶᠠᠳᠠᠢ᠌ᠬᠠᠨ ᠨᠤᠢ᠌ᠷ ᠬᠦᠱᠢᠭᠡᠯᠡᠭ᠌ᠰᠡᠨᠢ
ᠶᠠᠭᠠᠬᠢᠨᠠ᠃
ᠴᠡᠴᠡᠭ ᠡᠭᠡᠴᠢ ᠴᠦ᠍ ᠶᠠᠭᠤ ᠨᠢᠭᠡᠶ᠋ᠢ ᠱᠤᠬᠤᠭᠤᠷᠬᠠᠨ ᠬᠡᠳᠤᠨ ᠬᠤᠷᠤᠮ ᠳᠤᠭ᠍ᠳᠠᠰᠭᠢᠳᠠᠭ
ᠪᠢᠯᠡ᠂ ᠡᠯᠦ᠍ᠠᠴᠠᠪᠠᠨ ᠱᠢᠷᠤᠢ ᠵᠦᠬᠡᠬᠡᠬᠦ᠌ ᠱᠢᠷᠭᠤᠯᠵᠢ᠂ ᠡᠪᠡᠰᠦᠨ ᠨᠠᠮᠠᠭᠠᠨᠠᠴᠠ ᠬᠦᠯ ᠠᠯᠳᠠᠨ ᠭᠤᠯᠭᠤᠬᠤ
ᠱᠢᠬᠦᠷ ᠬᠤᠷᠤᠬᠠᠢ᠂ ᠦᠳᠡᠶ᠋ᠢᠨ ᠳᠡᠭ᠌ᠷᠢᠳᠤ ᠡᠯᠳᠡᠪ ᠲᠦᠷᠰᠦᠪᠠᠷ ᠤᠯᠠᠷᠢᠬᠤ ᠡᠬᠦᠯᠡᠰ ᠭᠡᠳ ᠴᠡᠴᠡᠭ ᠡᠬᠡᠴᠢᠶ᠋ᠢ
ᠬᠤᠷᠤᠮ ᠳᠤᠭ᠍ᠳᠠᠭᠠᠬᠤ ᠵᠤᠢ᠌ᠯ ᠵᠦᠩᠳᠡᠭᠡᠨ᠂ ᠬᠠᠷᠢᠨ ᠪᠢ ᠪᠤᠯ ᠤᠳᠠᠳᠠᠯᠠ ᠬᠠᠷᠠᠭᠠᠳ ᠯᠡ ᠰᠠᠭᠤᠮᠠᠷ ᠰᠠᠨᠠᠭ᠍ᠳᠠᠳᠠᠭ᠃
ᠱᠢᠷᠭᠤᠯᠵᠢ ᠱᠢᠷᠤᠢ ᠵᠦᠭᠡᠭᠡᠬᠦ᠌ᠶ᠋ᠢ ᠬᠠᠷᠠᠬᠤ ᠳᠤᠩ ᠤᠷᠮᠠᠳᠠᠢ ᠰᠠᠨ᠃ ᠳᠡᠳᠡᠨᠦᠰ
ᠪᠡᠶᠡ ᠪᠡᠶᠡᠲᠠᠢᠪᠠᠨ ᠦᠷᠢᠰᠭᠦ ᠱᠢᠭ ᠤᠷᠤᠨ ᠭᠠᠷᠤᠨ ᠪᠤᠵᠢᠬᠢᠨᠠᠵᠦ᠍ ᠬᠠᠷᠠᠵᠦ᠍ ᠪᠠᠢ᠌ᠳᠠᠯᠠ ᠬᠦᠬᠡᠷᠦᠬᠦᠨ
ᠰᠡᠪᠰᠡᠭᠡᠷ ᠱᠢᠷᠤᠢ ᠤᠪᠤᠭᠠᠯᠠᠴᠢᠬᠠᠨᠠ᠂ ᠬᠠᠷᠠᠭ᠍ᠰᠠᠭᠠᠷ ᠠᠳᠠᠯᠠ ᠬᠠᠶᠠ ᠵᠠᠷᠢᠮ ᠱᠢᠷᠭᠤᠯᠵᠢᠶ᠋ᠢᠨᠢ ᠨᠢᠳᠦᠯᠡᠴᠢᠬᠡᠳᠡᠭ᠃
ᠱᠢᠬᠦᠷ ᠬᠤᠷᠤᠬᠠᠢ ᠴᠦ᠍ ᠤᠷᠨᠨ ᠠᠮᠢᠳᠠᠨ ᠱᠢᠦ᠂ ᠭᠡᠨᠡᠳᠳᠡ ᠯᠡ ᠳᠤᠭᠤᠢ᠌ᠯᠠᠨ ᠨᠢᠰᠴᠦ᠍ ᠢᠷᠡᠭᠡᠳ ᠡᠪᠡᠰᠦᠨ ᠨᠠᠮᠠᠭᠠᠨ
ᠳᠡᠭᠡᠷᠡ ᠪᠠᠭᠤᠵᠦ᠍ ᠦᠵᠦᠬᠦᠷ ᠦᠬᠡᠳᠡᠨᠢ ᠮᠠᠴᠦᠨᠠ᠂ ᠳᠡᠭᠡᠭᠡᠳ ᠦᠵᠦᠬᠦᠷᠲᠤᠨᠢ ᠬᠦᠷᠬᠦ᠌ ᠠᠯᠳᠠᠳᠤ ᠯᠡ ᠬᠦᠯ
ᠠᠯᠳᠠᠨ ᠭᠤᠯᠠᠰᠤᠭᠠᠳ ᠢᠷᠤᠭᠠᠷ ᠤᠷᠤᠭᠤᠨᠢ ᠭᠤᠯᠭᠤᠳᠠᠭ᠂ ᠭᠡᠳᠡᠯᠡ ᠶᠠᠭ ᠳᠡᠷᠡ ᠳᠤᠷᠤᠭ᠍ᠰᠢ ᠭᠤᠯᠭᠤᠬᠤ ᠬᠤᠷᠤᠮᠳᠤ
ᠴᠤᠬᠤᠷ ᠳᠠᠯᠠᠪᠴᠢᠪᠠᠨ ᠬᠢᠯᠠᠰᠭᠢᠨ ᠳᠡᠯᠭᠡᠵᠦ᠍ ᠨᠢᠰᠦᠬᠡᠳ ᠠᠮᠵᠢᠴᠢᠬᠠᠳᠠᠭ ᠶᠤᠮ᠃ ᠡᠬᠦᠯᠡ ᠪᠤᠯ ᠶᠧᠯᠸᠢ ᠱᠢᠳᠢᠪᠠᠷ
ᠲᠦᠬᠦᠷᠡᠩ ᠤᠭ᠍ᠳᠠᠷᠭᠤᠢᠶ᠋ᠢᠨ ᠡᠯᠴᠢ᠂ ᠢᠱᠢᠭᠡ ᠱᠢᠭ ᠳᠡᠬᠦᠯᠢᠨ ᠬᠦᠯᠦᠭᠡ ᠱᠢᠭ ᠰᠤᠨᠤᠵᠦ᠍᠂ ᠳᠡᠮᠡᠭᠡ ᠱᠢᠭ ᠬᠦᠯᠪᠡᠷᠢᠨ
ᠵᠠᠭᠠᠨ ᠱᠢᠭ᠋ ᠵᠠᠯᠠᠷᠠᠵᠦ᠍ ᠤᠷᠢᠲᠦ ᠤᠷᠤᠢᠶ᠋ᠢ ᠳᠠᠪᠠᠨᠠ᠃
ᠬᠠᠪᠤᠷᠤᠨ ᠡᠲᠦᠷᠤᠳ ᠳᠤᠯᠤᠭᠠᠳᠲᠤ ᠱᠢᠩᠭᠡᠳᠡᠭ ᠶᠤᠮ ᠪᠤᠯ ᠵᠤᠨᠤ ᠡᠲᠦᠷ
ᠳᠡᠭ᠌ᠷᠢᠶ᠋ᠢᠨ ᠬᠠᠶᠠᠭᠠᠨᠳᠤ ᠠᠭᠤᠰᠴᠢᠬᠠᠳᠠᠭ ᠱᠢᠭ᠋ ᠶᠤᠮ ᠪᠢᠯᠡ᠃ ᠦᠷᠯᠦᠬᠡᠶ᠋ᠢᠨ ᠨᠠᠷᠠ ᠡᠷᠳᠡᠠᠴᠠ ᠡᠷᠳᠡ
ᠤᠷᠭᠤᠵᠦ᠍ ᠦᠳᠡᠶ᠋ᠢᠨ ᠳᠡᠭ᠌ᠷᠢᠳᠤ ᠦᠨᠵᠢᠵᠦ᠍ ᠬᠤᠨᠤᠮᠠᠷ ᠴᠤᠨᠤᠵᠦ᠍ ᠴᠤᠨᠤᠭᠠᠳ ᠦᠳᠡᠰᠢ ᠪᠤᠯᠤᠨᠠ᠂ ᠦᠳᠡᠰᠢ
ᠪᠤᠯᠴᠢᠬᠠᠭᠠᠳ ᠴᠦ᠍ ᠴᠠᠭᠠᠨ ᠭᠡᠭᠡ ᠳᠠᠰᠤᠷᠠᠯ ᠦᠭᠡᠢ ᠪᠦᠦᠳᠡᠢ᠌ᠵᠦ᠍ ᠰᠤᠯᠠ ᠬᠤᠳᠠᠯᠠᠭ᠍ᠰᠠᠨ ᠤᠳᠤᠳᠲᠠᠢ ᠵᠤᠯᠭᠠᠨᠠ᠃
ᠪᠦᠯᠢᠶᠡᠨ ᠤᠳᠤᠳᠢ ᠨᠢᠬᠡ ᠶᠡᠭᠡ ᠱᠤᠬᠤᠭᠤᠷᠬᠠᠵᠦ᠍ ᠠᠮᠵᠢᠯ ᠦᠭᠡᠢ ᠨᠤᠢ᠌ᠷᠲᠤ ᠠᠪᠳᠠᠵᠦ᠍ ᠦᠷᠯᠦᠬᠡᠶ᠋ᠢᠨ ᠨᠠᠷᠠᠲᠠᠢ
ᠵᠤᠯᠭᠠᠳᠠᠭᠢᠶᠠᠨ ᠨᠢᠭᠤᠬᠤ ᠬᠡᠷᠡᠭ ᠶᠠᠭᠤᠨ᠃
ᠢᠩᠭᠢᠭᠡᠳ ᠪᠤᠳᠤᠪᠠᠯ ᠴᠡᠴᠡᠭ ᠡᠬᠡᠴᠢ ᠬᠤᠳᠠ ᠪᠠᠷᠠᠭᠠᠳᠠᠭᠠᠳ ᠬᠡᠴᠢᠨᠡᠬᠡᠨ ᠤᠳᠠᠭ᠍ᠰᠠᠨᠢ
ᠮᠡᠳᠡᠵᠦ᠍ ᠪᠤᠯᠤᠨᠠ ᠪᠢᠵᠠ?
ᠬᠠᠷᠢᠨ ᠴᠠᠭᠠᠨ ᠡᠷᠪᠡᠬᠡᠢ ᠯᠡ ᠨᠠᠮᠠᠶ᠋ᠢ ᠳᠤᠳᠤᠢ᠌ᠯᠭᠠᠨ ᠪᠠᠰᠠ ᠨᠤᠢ᠌ᠷᠮᠤᠭ᠍ᠯᠠᠭᠤᠯᠵᠦ᠍᠂
ᠴᠡᠴᠡᠭ ᠡᠭᠡᠴᠢᠶ᠋ᠢ ᠳᠠᠭᠤᠷᠢᠶᠠᠨ ᠬᠠᠢᠪᠢᠯᠵᠠᠵᠦ᠍᠂ ᠳᠤᠭ᠍ᠳᠠᠵᠦ᠍ ᠶᠠᠳᠠᠨ ᠭᠠᠩᠬᠤᠵᠦ᠍᠂ ᠬᠦᠮᠦᠰᠭᠡ ᠰᠤᠯᠪᠢᠨ
ᠳᠤᠳᠤᠷᠠᠵᠦ᠍ ᠵᠠᠮᠬᠠᠷᠠᠭ᠍ᠰᠠᠭᠠᠷ ᠪᠠᠢ᠌ᠭ᠍ᠰᠠᠨ ᠰᠠᠨ᠃
ᠬᠤᠴᠢᠯᠭᠠ ᠬᠦᠩᠭᠡᠳᠡᠭᠡᠳ ᠵᠢᠩᠭᠢᠨᠡᠵᠦ᠍ ᠰᠡᠷᠡᠭ᠌ᠰᠡᠨ ᠦᠷᠯᠦᠬᠡ ᠠᠪᠤ ᠬᠠᠳᠤᠯᠠᠩᠳᠤ
ᠭᠠᠷᠬᠤ ᠭᠡᠵᠤ ᠪᠤᠵᠢᠬᠢᠨᠠᠵᠦ᠍ ᠠᠭ᠍ᠰᠠᠨ ᠪᠢᠯᠡ᠃ ᠮᠡᠳᠡᠭᠡᠵᠢ᠂ ᠮᠠᠨᠤᠬᠢ ᠬᠤᠢ᠌ᠲᠦ ᠬᠦᠬᠡ ᠠᠭᠤᠯᠠᠶ᠋ᠢᠨ ᠪᠠᠷᠠᠭᠤᠨ
ᠰᠤᠭᠤᠳᠤ ᠨᠡᠬᠦᠵᠦ᠍ ᠢᠷᠡᠭᠡᠳ ᠨᠠᠮᠤᠷᠵᠢᠶᠠᠳᠠᠭᠠᠨ ᠭᠠᠷᠴᠢᠬᠠᠭ᠍ᠰᠠᠨ ᠦᠶᠡ ᠯᠡ ᠳ᠋ᠠ᠃ ᠨᠢᠭᠡ ᠯᠡ ᠬᠤᠷᠤᠮᠳᠤ
ᠠᠯᠤᠰᠤᠨ ᠠᠭᠤᠯᠠᠰ ᠳᠤᠳᠤᠷᠠᠵᠦ᠍ ᠤᠢ᠍ᠢᠷᠠᠶ᠋ᠢᠨ ᠳᠤᠯᠤᠭᠠᠳ ᠦᠨᠳᠡᠯᠵᠡᠬᠡᠳ᠂ ᠡᠪᠡᠰᠦ ᠨᠤᠭᠤᠭᠠ ᠴᠦ᠍ ᠰᠡᠳᠭᠢᠯ
ᠳᠡᠳᠡᠮᠡ ᠴᠡᠩᠭᠡᠷ ᠬᠡᠬᠡᠲᠠᠢ ᠪᠤᠯᠴᠢᠬᠠᠭ᠍ᠰᠠᠨ ᠰᠠᠨ᠃ ᠢᠬᠡᠷᠡ ᠬᠦᠬᠡ ᠮᠠᠨᠢ ᠠᠯᠢᠶᠠ ᠴᠤᠯᠬᠢᠨ ᠳᠠᠭᠤᠪᠠᠨ《ᠬᠠᠯᠠᠵᠦ᠍》ᠢᠮᠠᠭᠠ ᠭᠡᠳᠡᠭᠢᠶᠠᠨ ᠮᠡᠳᠡᠴᠢᠬᠡᠭ᠌ᠰᠡᠨ
ᠱᠢᠭ ᠰᠦᠷᠦᠭ ᠳᠤᠮᠳᠠ ᠴᠢᠮᠡᠭᠡ ᠦᠬᠡᠢ᠌ᠬᠡᠨ ᠶᠠᠪᠤᠨᠠ᠃ ᠨᠤᠮᠤᠬᠠᠨ ᠬᠡᠬᠡᠷ ᠬᠠᠷᠢᠨ ᠨᠢᠳᠤᠨᠢ ᠭᠡᠷᠡᠯᠲᠦᠵᠦ᠍
ᠰᠡᠳᠭᠢᠯᠨᠢ ᠰᠡᠷᠬᠦᠬᠡᠳ ᠦᠨᠳᠤᠷ ᠭᠠᠵᠠᠷᠤᠨ ᠵᠢᠪᠡᠷᠲᠤ ᠢᠯᠡᠳᠳᠡ ᠳᠡᠮᠡᠦᠯᠬᠦ᠌ ᠠᠵᠢ᠃ ᠦᠷᠯᠦᠬᠡ ᠤᠷᠤᠢ ᠱᠢᠪᠠᠭᠤᠳ
ᠦᠢᠮᠡᠯᠲᠦᠵᠦ᠍ ᠳᠡᠭ᠌ᠷᠢᠶ᠋ᠢᠨ ᠴᠡᠭᠡᠯᠳᠤ ᠤᠶᠠᠷᠠᠯ ᠲᠦᠬᠦᠷᠦᠨᠡ᠂ ᠨᠢᠳᠤᠨᠤᠨᠤ ᠨᠢᠲᠦᠯᠡᠭ᠌ᠰᠡᠨ ᠳᠡᠭ᠌ᠳᠡᠭᠡᠭᠡᠢ
ᠮᠢᠨᠢ ᠤᠳᠤ ᠦᠪᠡᠷᠢᠶᠠᠨ ᠳᠡᠭ᠌ᠳᠡᠭᠡᠭᠡᠢ ᠳᠠᠭᠠᠭᠤᠯᠤᠭᠠᠳ ᠠᠭᠠᠷ ᠰᠡᠯᠢᠨ ᠨᠢᠰᠴᠦ᠍ ᠪᠠᠢ᠌ᠭᠠ ᠪᠢᠵᠠ ᠭᠡᠵᠤ ᠪᠤᠳᠤᠬᠤᠳᠤ
ᠯᠡ ᠡᠲᠦᠷ ᠬᠤᠨᠤᠭᠤᠨ ᠬᠦᠴᠦ᠍ ᠮᠡᠳᠡᠭ᠌ᠳᠡᠨᠡᠮ᠃
ᠱᠢᠬᠦᠳᠡᠷᠢ ᠪᠠᠭᠤᠬᠤ ᠪᠠᠰᠠ ᠭᠠᠢ᠌ᠬᠠᠯᠳᠠᠢ ᠶᠤᠮ ᠪᠢᠯᠡ᠂ ᠴᠡᠯᠮᠡᠭ ᠰᠦᠨᠢᠶ᠋ᠢᠨ
ᠱᠢᠷᠬᠡᠭ ᠳᠡᠳᠤᠢ ᠡᠬᠦᠯᠡᠨᠠᠴᠠ ᠪᠡᠯᠴᠢᠬᠡᠷ ᠲᠦᠬᠦᠷᠡᠩ ᠱᠢᠬᠦᠳᠡᠷᠢ ᠤᠨᠠᠴᠢᠬᠠᠨᠠ ᠭᠡᠭ᠌ᠴᠢ᠃ ᠪᠦᠷᠬᠦᠭ ᠰᠡᠪᠡᠯᠵᠡᠬᠦᠷ
ᠦᠳᠡᠰᠢ ᠪᠤᠯ ᠪᠠᠰᠠ ᠪᠠᠭᠤᠬᠤ ᠦᠭᠡᠢ ᠱᠢᠦ ᠳ᠋ᠠ᠂ ᠳᠡᠭᠡᠭᠡᠳ ᠱᠢᠬᠦᠳᠡᠷᠢ ᠤᠨᠠᠬᠤᠪᠠᠷ ᠨᠤᠢ᠌ᠷ ᠤᠯᠠᠮ ᠪᠦᠬᠡ᠂
ᠤᠯᠠᠮ ᠠᠮᠳᠠᠳᠠᠢ ᠪᠤᠯᠳᠠᠭ᠃ ᠦᠷᠯᠦᠭᠡ ᠳᠠᠭᠠᠷᠠᠵᠦ᠍ ᠰᠡᠷᠡᠭᠡᠳ ᠪᠢ ᠱᠢᠬᠦᠳᠡᠷᠢ ᠦᠵᠡᠬᠦ᠌ᠪᠠᠷ ᠭᠠᠷᠤᠯᠠ᠂ ᠮᠡᠳᠡᠭ᠌ᠳᠡᠮᠡ
ᠱᠢᠭᠤᠭ᠍ᠳᠠᠭ᠍ᠰᠠᠨ ᠡᠪᠡᠰᠦᠨᠤ ᠦᠵᠦᠬᠦᠷᠲᠤ ᠵᠢᠵᠢᠭ᠌ᠬᠡᠨ ᠮᠦᠩᠭᠦᠨ ᠳᠤᠰᠣᠯ ᠪᠦᠩᠵᠢᠭᠡᠨᠡᠵᠦ᠍ ᠬᠦᠨᠳᠡᠮᠡᠭ᠌ᠴᠡ
ᠬᠦᠯ ᠠᠯᠳᠠᠨ ᠳᠤᠷᠤᠭ᠍ᠰᠢ ᠵᠢᠷᠢᠯᠵᠠᠨᠠ᠃ ᠴᠡᠴᠡᠭ ᠡᠭᠡᠴᠢ ᠬᠦᠯ ᠨᠢᠴᠦᠬᠦᠨ ᠳᠤᠭᠤᠯ ᠡᠷᠬᠢᠬᠦᠯᠵᠦ᠍ ᠢᠷᠡᠭᠡᠳ ᠪᠡᠭᠡᠷᠡᠭ᠌ᠰᠡᠨ
ᠬᠦᠯᠢᠶᠠᠨ ᠡᠪᠦᠷᠲᠤ ᠱᠢᠷᠭᠤᠭᠤᠯᠵᠦ᠍ ᠰᠡᠷᠡᠭᠡᠳᠡᠭ ᠰᠠᠨ᠃ ᠨᠤᠢ᠌ᠷᠢᠶᠠᠨ ᠬᠠᠷᠠᠮᠨᠠᠵᠦ᠍ ᠢᠰᠭᠦᠴᠡᠪᠡᠯ ᠨᠡᠩ
ᠴᠦ᠍ ᠳᠠᠪᠠᠷᠠᠵᠦ᠍ ᠰᠤᠭᠤ ᠤᠷᠤᠭᠤ ᠬᠦᠯᠢᠶᠠᠨ ᠵᠢᠬᠢᠴᠢᠬᠡᠳᠡᠭ ᠠᠳᠠᠳᠠᠢ ᠠᠮᠢᠳᠠᠨ᠃ ᠢᠩᠭᠢᠵᠦ᠍ ᠡᠷᠳᠡ ᠰᠡᠷᠡᠭᠡᠳ
ᠠᠳᠠᠳᠠᠢ ᠠᠮᠢᠳᠠᠨᠢ ᠦᠬᠡᠢ᠌ᠯᠡᠬᠦ᠌ᠳᠡᠭᠡᠨ ᠪᠢ ᠠᠬᠢᠭᠠᠳ
ᠬᠦᠯᠢᠶᠠᠨ ᠡᠪᠦᠷᠲᠤ ᠱᠢᠷᠭᠤᠭᠤᠯᠪᠠᠯ ᠪᠦᠯᠢᠶᠡᠴᠡᠬᠦᠯᠵᠦ᠍ ᠦᠭ᠌ᠭᠦᠨᠡ ᠳ᠋ᠠ ᠭᠡᠵᠤ ᠪᠤᠳᠤᠭ᠍ᠰᠠᠨ ᠶᠤᠮ᠃
ᠱᠢᠬᠦᠳᠡᠷᠢᠶ᠋ᠢᠨ ᠤᠰᠣ ᠳᠤᠪ ᠳᠤᠩᠭᠠᠯᠠᠭ᠂ ᠪᠠᠰᠠ ᠳᠡᠢ᠌ᠮᠦ᠍ ᠵᠢᠩᠭᠢᠨᠡᠮᠡ᠃
ᠴᠤᠮᠴᠤᠢ᠌ᠵᠦ᠍ ᠰᠠᠭᠤᠭᠠᠳ ᠱᠢᠬᠦᠳᠡᠷᠢᠶ᠋ᠢᠨ ᠮᠦᠬᠦᠯᠢᠭᠢ ᠱᠤᠬᠤᠭᠤᠷᠬᠠᠵᠦ᠍ ᠠᠳᠠᠯᠠ ᠨᠦᠬᠦᠬᠡ ᠴᠠᠭᠠᠨ ᠡᠷᠪᠡᠬᠡᠢ
ᠡᠪᠡᠰᠦᠨᠤ ᠢᠷᠤᠭᠠᠷᠠᠴᠠ ᠠᠷᠠᠢ᠌ᠬᠠᠨ ᠳᠠᠯᠢᠪᠢᠯᠵᠠᠭ᠍ᠰᠠᠭᠠᠷ ᠭᠠᠷᠴᠦ᠍ ᠢᠷᠡᠯᠡ᠃ ᠳᠠᠯᠠᠪᠴᠢᠨᠢ ᠬᠠᠷᠢᠨ ᠳᠡᠭᠡᠭᠡᠷᠡ
ᠪᠤᠯᠴᠢᠬᠠᠭ᠍ᠰᠠᠨ ᠱᠢᠭ᠋ ᠵᠦᠳᠡᠬᠦᠷᠢᠳᠡᠢ᠌ᠬᠡᠨ ᠳᠡᠪᠢᠬᠦ᠌ᠨᠢ ᠬᠠᠴᠢᠨ᠂ ᠡᠷᠳᠡᠶ᠋ᠢᠨ ᠱᠢᠬᠦᠳᠡᠷᠢᠳᠤ ᠪᠡᠭᠡᠷᠡᠭ᠌ᠰᠡᠨ
ᠠᠮᠢᠳᠠᠨ ᠡᠪᠡᠰᠦᠨᠤ ᠦᠵᠦᠬᠦᠷᠲᠤ ᠳᠤᠭ᠍ᠳᠠᠵᠦ᠍ ᠶᠠᠳᠠᠨ ᠬᠡᠳᠤᠨᠳᠡ ᠳᠡᠮᠳᠡᠴᠢᠵᠦ᠍ ᠪᠠᠢ᠌ᠮᠠᠨᠵᠢᠨ ᠬᠦᠯᠢᠶᠠᠨ
ᠤᠯᠬᠤ ᠱᠢᠭ᠋ ᠪᠤᠯᠪᠠ᠃ ᠬᠦᠬᠡᠷᠦᠬᠦᠢ᠂ ᠴᠡᠴᠡᠭ ᠡᠭᠡᠴᠢ ᠡᠨᠡ ᠬᠤᠶᠠᠷ ᠡᠢ᠌ᠮᠦ᠍ ᠯᠡ ᠳᠠᠭᠠᠷᠠᠬᠤᠶ᠋ᠢ ᠳᠠᠭᠠᠭᠠᠳᠠᠭ
ᠦᠭᠡᠢ ᠠᠮᠢᠳᠠᠳ ᠪᠠᠢ᠌ᠭ᠍ᠰᠠᠨ ᠠᠵᠢ᠃ ᠬᠦᠷᠡᠩ ᠳᠡᠮᠳᠡᠷᠢᠬᠦᠯᠨᠢ ᠬᠦᠷᠳᠡᠯᠡ ᠴᠡᠴᠡᠷᠬᠢᠯᠡᠬᠦ᠌ ᠱᠢᠭ ᠰᠠᠨᠠᠭ᠍ᠳᠠᠭᠠᠳ
ᠱᠢᠬᠦᠳᠡᠷᠢᠳᠠᠢ ᠡᠪᠡᠰᠦᠨᠳᠤ ᠬᠦᠯᠢᠶᠠᠨ ᠬᠦᠷᠭᠡᠬᠦ᠌ᠠᠴᠠ ᠵᠢᠷᠦᠭᠡᠱᠢᠶᠡᠬᠦ᠌ ᠮᠡᠲᠦ ᠪᠠᠢ᠌ᠵᠦ᠍ ᠶᠠᠳᠠᠬᠤᠨᠢ
ᠦᠷᠦ᠍ ᠡᠪᠡᠳᠤᠮᠡᠷ᠃ ᠴᠡᠴᠡᠭ ᠡᠭᠡᠴᠢ ᠨᠤᠢ᠌ᠳᠠᠨ ᠡᠪᠡᠰᠦᠨ ᠳᠤᠮᠳᠠ ᠬᠢᠰᠭᠢᠬᠦ᠌ ᠭᠠᠵᠠᠷᠢᠶᠠᠨ ᠤᠯᠬᠤ ᠦᠭᠡᠢ ᠬᠦᠯᠢᠶᠠᠨ
ᠳᠡᠭᠡᠷᠡ ᠡᠷᠬᠦᠨ ᠵᠦᠭᠡᠭᠡᠭ᠌ᠰᠡᠭᠡᠷ ᠭᠡᠷ ᠵᠦᠭ ᠬᠤᠷᠳᠤᠯᠠᠵᠦ᠍ ᠠᠭ᠍ᠰᠠᠨ ᠴᠦ᠍ ᠪᠢᠯᠡ ᠦᠦ?
ᠨᠠᠷᠠ ᠠᠭᠠᠵᠢᠮᠢᠶᠠᠷ ᠬᠠᠯᠠᠵᠦ᠍ ᠱᠢᠬᠦᠳᠡᠷᠢ ᠡᠭ᠌ᠰᠢᠭᠡᠳ ᠠᠯᠤᠰᠤᠨ ᠠᠭᠤᠯᠠᠰᠲᠤ
ᠤᠨᠢᠶᠠᠷ ᠪᠤᠯᠤᠨ ᠳᠤᠭ᠍ᠳᠠᠨᠠ᠃ ᠵᠡᠬᠦᠨ ᠪᠠᠯᠤᠨ ᠵᠢᠪᠡᠷ ᠨᠠᠮᠤᠷᠤᠨ ᠦᠨᠦᠷᠢ ᠬᠤᠷᠤᠮᠬᠠᠨᠠ ᠠᠪᠴᠢᠷᠠᠵᠦ᠍
ᠬᠦᠲᠦᠯ ᠳᠤᠯᠤᠭᠠᠳᠢ ᠡᠩᠳᠤᠨᠢ ᠬᠡᠢ᠌ᠷᠭᠡᠬᠦᠯᠦᠭᠡᠳ᠂ ᠨᠠᠮᠠᠶ᠋ᠢ ᠪᠠᠰᠠ ᠬᠠᠴᠢᠨ ᠳᠤᠭ᠍ᠳᠠᠪᠤᠷᠢ ᠠᠯᠳᠠᠭᠤᠯᠤᠭ᠍ᠰᠠᠨᠢ
ᠶᠠᠭᠠᠬᠢᠨᠠ᠃ ᠦᠨᠦᠳᠦᠷ ᠠᠯᠤᠰ ᠳᠡᠢ᠌ᠰᠢ ᠰᠤᠨᠤᠯᠵᠠᠭ᠍ᠰᠠᠨ ᠱᠢᠷᠡ ᠵᠠᠮᠢ ᠯᠡ ᠬᠠᠷᠠᠭᠤᠯᠳᠠᠭᠠᠳ ᠰᠠᠭᠤᠮᠠᠷ᠂
ᠴᠡᠴᠡᠭ ᠡᠭᠡᠴᠢ ᠳᠡᠷᠡ ᠵᠠᠮᠢᠶᠠᠷ ᠬᠤᠳᠠ ᠤᠷᠤᠭᠤ ᠶᠠᠪᠤᠭ᠍ᠰᠠᠨ᠂ ᠳᠡᠭᠡᠪᠡᠯ ᠳᠡᠷᠳᠡᠭᠡᠠᠴᠠ ᠢᠷᠡᠬᠦ᠌ᠳᠡᠭᠡᠨ
ᠪᠠᠰᠠ ᠳᠡᠷᠡ ᠵᠠᠮᠢᠶᠠᠷ ᠳᠤᠳᠤᠷᠠᠨ ᠨᠠᠭᠠᠱᠢᠯᠠᠬᠤᠨᠢ ᠮᠡᠳᠡᠭᠡᠵᠢ᠃ ᠰᠡᠭ᠌ᠰᠡᠭᠡᠷ ᠬᠠᠯᠳᠠᠷ ᠮᠢᠨᠢ ᠡᠭᠡᠪᠦᠷ
ᠨᠠᠷᠠᠨᠳᠤ ᠳᠤᠭ᠍ᠵᠢᠷᠠᠵᠦ᠍᠂ ᠵᠡᠬᠦᠲᠦᠯᠡᠭ᠌ᠰᠡᠨ ᠪᠤᠯᠤᠯᠳᠠᠢ ᠬᠦᠯᠦᠭᠡᠨ ᠬᠤᠭᠤᠯᠠᠢᠪᠠᠷ ᠨᠢᠬᠡᠨᠳᠡ ᠬᠤᠴᠠᠭ᠍ᠰᠠᠨᠢᠶᠠᠨ
ᠪᠡᠶᠡᠪᠠᠨ ᠤᠯᠠᠮ ᠯᠡ ᠳᠡᠨᠢ᠌ᠯᠭᠡᠵᠦ᠍ ᠠᠨᠢᠷ ᠬᠤᠯᠠᠶ᠋ᠢᠨ ᠴᠢᠮᠡᠭᠡᠶ᠋ᠢ ᠴᠢᠩᠨᠠᠬᠤ ᠱᠢᠭ᠋ ᠪᠤᠯᠪᠠ᠃
ᠴᠡᠴᠡᠭ ᠡᠭᠡᠴᠢᠲᠠᠢ ᠨᠠᠮᠤᠷᠤᠨ ᠱᠢᠷᠠ ᠠᠷᠭᠠᠯ ᠳᠡᠬᠦᠳᠡᠭ ᠰᠠᠨ᠂ ᠡᠨᠡ ᠨᠠᠮᠤᠷ
ᠭᠠᠭ᠍ᠴᠠᠭᠠᠷᠢᠶᠠᠨ ᠳᠡᠬᠦᠬᠦ᠌ ᠬᠡᠷᠡᠭ ᠪᠤᠯᠤᠭ᠍ᠰᠠᠨ ᠪᠢᠵᠠ᠃ ᠠᠷᠤᠭᠲᠠᠢ ᠠᠷᠭᠠᠯᠢᠶᠠᠨ ᠴᠢᠳᠭᠤᠴᠢᠬᠠᠭᠠᠳ ᠬᠠᠵᠠᠭᠤᠳᠤᠨᠢ
ᠬᠦᠯᠦᠰᠦᠪᠠᠨ ᠰᠡᠪᠬᠢᠭᠡᠬᠦ᠌ᠪᠠᠷ ᠰᠠᠭᠤᠪᠠᠯ ᠡᠪᠦᠳᠦᠭ ᠳᠤᠤᠷᠡᠠᠴᠠ ᠴᠠᠳᠭᠤᠯᠠᠩ ᠴᠠᠷᠴᠠᠬᠠᠢ ᠦᠰᠦᠷᠦᠨ ᠵᠠᠢ᠌ᠯᠠᠭᠠᠳ
ᠤᠤᠯᠤᠨ ᠬᠡᠪᠢᠶᠠᠷᠢᠶᠠᠨ ᠴᠠᠷᠬᠢᠵᠦ᠍ ᠭᠠᠷᠳᠠᠭ ᠰᠠᠨ᠃ 《ᠡᠨᠡ ᠬᠦᠨᠳᠡᠢᠶ᠋ᠢᠨ ᠠᠷᠭᠠᠯᠢ
ᠬᠤᠶᠠᠭᠤᠯᠠ ᠵᠢᠯ ᠵᠢᠯ ᠳᠡᠬᠦᠨᠡ ᠱᠢᠦ》 ᠭᠡᠵᠤ ᠴᠡᠴᠡᠭ ᠡᠭᠡᠴᠢ ᠬᠡᠯᠡᠭᠡᠳ ᠶᠡᠭᠡ ᠠᠮᠢᠳᠤᠷᠠᠯ ᠦᠵᠡᠭ᠌ᠰᠡᠨ
ᠬᠦᠮᠦᠨ ᠱᠢᠭ ᠳᠡᠷᠳᠡᠭᠡ ᠬᠦᠪᠡᠭᠡ ᠤᠷᠤᠭᠤ ᠰᠠᠨᠠᠭᠠᠱᠢᠷᠠᠨ ᠱᠢᠷᠳᠡᠳᠡᠭ ᠪᠠᠢ᠌ᠭ᠍ᠰᠠᠨ ᠪᠢᠯᠡ᠃
ᠠᠪᠤᠶ᠋ᠢᠨ ᠴᠠᠮᠴᠠᠨᠠᠴᠠ ᠬᠠᠳᠤᠯᠠᠩᠤᠨ ᠦᠨᠦᠷ ᠦᠨᠦᠷᠲᠦᠬᠦ᠌ᠨᠢ ᠰᠠᠢ᠌ᠬᠠᠨ᠂
ᠨᠠᠳᠠᠠᠴᠠ ᠪᠠᠰᠠ ᠳᠡᠢ᠌ᠮᠦ᠍ ᠦᠨᠦᠷ ᠭᠠᠷᠪᠠᠯ ᠶᠠᠮᠠᠷ ᠭᠤᠶᠤ ᠪᠤᠢ ᠭᠡᠵᠤ ᠪᠢ ᠬᠦᠰᠡᠮᠵᠢᠯᠡᠨᠡ᠃ ᠳᠡᠭᠡᠭᠡᠳ ᠯᠡ
ᠬᠠᠳᠤᠯᠠᠩᠳᠤ ᠭᠠᠷᠴᠦ᠍ ᠡᠪᠡᠰᠦ ᠬᠠᠳᠤᠵᠦ᠍ ᠦᠵᠡᠬᠦ᠌ ᠰᠠᠨ᠂ ᠠᠴᠠ ᠪᠠᠷᠢᠭᠠᠳ ᠡᠪᠡᠰᠦ ᠳᠡᠭᠡᠭᠡᠵᠦ᠍ ᠦᠵᠡᠬᠦ᠌ ᠰᠠᠨ
ᠭᠡᠵᠤ ᠠᠭᠠᠵᠠᠭᠠᠢ ᠬᠦᠳᠡᠯᠦᠨᠡ᠃ ᠬᠡᠷᠪᠡ ᠴᠡᠴᠡᠭ ᠡᠭᠡᠴᠢ ᠪᠠᠢ᠌ᠭ᠍ᠰᠠᠨ ᠪᠤᠯ 《ᠡᠷᠡ》 ᠪᠤᠯᠤᠭ᠍ᠰᠠᠨᠢᠶᠠᠨ ᠬᠠᠷᠠᠭᠤᠯᠬᠤ ᠰᠠᠨ
ᠭᠡᠵᠤ ᠴᠦ᠍ ᠪᠤᠳᠤᠨᠠ᠃ ᠬᠠᠪᠤᠷ ᠵᠤᠨ ᠨᠠᠮᠤᠷᠢᠶᠠᠷ ᠭᠠᠭ᠍ᠴᠠᠭᠠᠷᠢᠶᠠᠨ ᠠᠵᠢᠯᠳᠤ 《ᠡᠬᠦᠷᠲᠦᠭ᠌ᠰᠡᠨ》 ᠬᠦᠮᠦᠨ ᠪᠢᠷᠠ ᠰᠠᠭᠤᠯ ᠦᠭᠡᠢ ᠴᠦ᠍ ᠶᠠᠭᠠᠬᠢᠬᠤ ᠪᠤᠢ᠃ ᠨᠠᠮᠤᠷ
ᠴᠠᠭ ᠶᠡᠷᠦ᠍ᠨᠢ ᠬᠦᠮᠦᠨᠢ ᠰᠡᠳᠭᠢᠯ ᠠᠯᠭᠠᠰᠠᠭᠤᠯᠵᠦ᠍ ᠰᠠᠨᠠᠭᠠ ᠠᠯᠳᠠᠭᠤᠯᠳᠠᠭ ᠶᠤᠮ ᠪᠢᠯᠡ᠃ ᠱᠢᠪᠠᠭᠤᠳ ᠪᠤᠴᠠᠵᠦ᠍
ᠠᠭᠤᠯᠠᠰ ᠨᠠᠮᠱᠢᠭᠠᠳ ᠡᠪᠡᠰᠦ ᠨᠠᠪᠴᠢ ᠵᠤᠯᠭᠠᠷᠠᠵᠦ᠍ ᠮᠦᠴᠢᠷ ᠨᠠᠮᠠᠭᠠ ᠨᠢᠴᠦᠬᠦᠷᠡᠨᠡ᠂ ᠪᠠᠢ᠌ᠭ᠍ᠰᠠᠨ ᠵᠤᠢ᠌ᠯᠠᠰ
ᠠᠯᠠᠭᠠ ᠪᠤᠯᠵᠦ᠍ ᠪᠠᠷᠢᠭ᠍ᠰᠠᠨ ᠳᠠᠯᠪᠢᠭ᠍ᠰᠠᠨ ᠮᠠᠷᠳᠠᠭ᠍ᠳᠠᠬᠤ ᠰᠤᠨᠢᠨ ᠯᠡ ᠴᠠᠭ ᠱᠢᠦ᠂ ᠪᠠᠰᠠ᠃ ᠴᠡᠴᠡᠭ ᠡᠭᠡᠴᠢᠠᠴᠠ
ᠰᠤᠷᠤᠭ᠍ᠰᠠᠨ ᠳᠠᠭᠤᠤᠪᠠᠨ ᠪᠦᠬᠦᠳᠡ ᠵᠢ ᠠᠶᠠᠯᠵᠦ᠍ ᠦᠵᠡᠭ᠌ᠰᠡᠨ ᠴᠦ᠍ ᠨᠠᠮᠤᠷ ᠴᠠᠭ ᠨᠠᠭᠠᠱᠢᠯᠠᠬᠤᠪᠠᠷᠢᠶᠠᠨ
ᠨᠠᠭᠠᠱᠢᠯᠠᠵᠦ᠍᠂ ᠴᠠᠭᠠᠱᠢᠯᠠᠬᠤᠪᠠᠷᠢᠶᠠᠨ ᠴᠠᠭᠠᠱᠢᠯᠠᠭ᠍ᠰᠠᠨ ᠳ᠋ᠠ᠃
ᠵᠡᠬᠦᠨ ᠠᠭᠤᠯᠠᠶ᠋ᠢᠨ ᠡᠪᠦᠯᠵᠢᠶᠡᠨᠳᠤ ᠨᠡᠬᠦᠭᠡᠳ ᠠᠷᠠᠢ ᠬᠡᠳᠤ ᠬᠤᠨᠤᠯ ᠦᠭᠡᠢ
ᠴᠠᠰᠣ ᠤᠷᠤᠭ᠍ᠰᠠᠨ ᠪᠢᠯᠡ᠃ ᠦᠷᠯᠦᠭᠡ ᠰᠡᠷᠡᠭᠡᠳ ᠪᠤᠰᠴᠦ᠍ ᠭᠠᠷᠪᠠᠯ ᠳᠡᠭ᠌ᠷᠢ ᠭᠠᠵᠠᠷ ᠲᠦᠬᠦᠷᠳᠡᠯᠡ ᠴᠠᠭᠠᠨ ᠡᠷᠪᠡᠬᠡᠢ
ᠪᠤᠵᠢᠬᠢᠨᠠᠬᠤ ᠠᠵᠢ᠂ ᠵᠠᠭᠤ ᠮᠢᠩᠭᠠᠨ ᠡᠷᠪᠡᠬᠡᠢ ᠡᠴᠡᠵᠦ᠍ ᠴᠤᠴᠠᠬᠤᠪᠠᠨ ᠮᠡᠳᠡᠯ ᠦᠭᠡᠢ ᠨᠢᠬᠡ ᠯᠡ ᠬᠡᠪᠢᠶᠠᠷ
ᠪᠤᠵᠢᠬᠢᠨᠠᠬᠤᠶ᠋ᠢ ᠬᠠᠷᠠᠭᠠᠳ ᠨᠢᠳᠤᠨᠳᠤ ᠨᠢᠯᠪᠤᠰᠣ ᠲᠦᠬᠦᠷᠦᠭᠡᠳ ᠢᠷᠡᠭ᠌ᠰᠡᠨ ᠶᠤᠮ᠃ ᠬᠠᠪᠤᠷ ᠵᠤᠨ ᠨᠠᠮᠤᠷᠢᠶᠠᠷ
ᠯᠡ ᠬᠠᠷᠠᠭ᠍ᠳᠠᠳᠠᠭ
《ᠬᠤᠪᠤᠷ》
ᠠᠮᠢᠳᠠᠨ
ᠦᠨᠦ᠍ ᠢᠩᠭᠢᠵᠦ᠍ ᠨᠢᠯᠪᠤᠰᠣ ᠮᠡᠯᠮᠡᠷᠡᠳᠡᠯᠡ ᠨᠢᠰᠭᠦ ᠭᠡᠭ᠌ᠴᠢ᠃
ᠤᠶᠠᠭᠠᠨ ᠳᠡᠭᠡᠷᠡ ᠨᠤᠮᠤᠬᠠᠨ ᠬᠡᠭᠡᠷ ᠴᠠᠪ ᠴᠠᠭᠠᠨ ᠰᠤᠷᠮᠤᠤᠰᠣᠲᠠᠢ ᠵᠡᠬᠦᠷᠮᠡᠭ᠌ᠯᠡᠨᠡ᠂
ᠡᠬᠡᠷ ᠳᠠᠳᠠᠬᠤ ᠴᠢᠮᠡᠭᠡᠪᠠᠷ ᠬᠦᠷᠡᠩ ᠨᠢᠳᠤᠪᠠᠨ ᠠᠶᠠᠷᠬᠠᠨ ᠨᠡᠬᠡᠬᠡᠵᠦ᠍ ᠠᠵᠢᠭ᠍ᠯᠠᠭ᠍ᠰᠠᠨᠢᠶᠠᠨ ᠬᠦᠯᠢᠶᠠᠨ
ᠰᠤᠯᠢᠵᠦ᠍ ᠳᠠᠬᠢᠭᠠᠳ
《ᠳᠤᠭ᠍ᠵᠢᠷᠠᠭ᠍ᠰᠠᠨ》 ᠨᠢ ᠳᠡᠢ᠌ᠮᠦ᠍ ᠯᠡ ᠠᠶᠠᠨᠳᠠᠭᠠᠨ᠃
ᠪᠠᠷᠠᠭᠤᠨ ᠳᠤᠤᠷᠡᠠᠴᠠ ᠰᠦᠷᠦᠭ ᠪᠤᠯᠵᠤᠮᠤᠷ ᠱᠤᠬᠢᠨ ᠪᠤᠰᠴᠦ᠍ ᠭᠡᠷ ᠳᠡᠭᠡᠬᠦᠷ ᠡᠷᠬᠢᠯᠲᠦᠬᠡᠳ ᠪᠡᠯᠴᠢᠬᠡᠷᠲᠤ
ᠭᠠᠷᠤᠭ᠍ᠰᠠᠨ ᠰᠦᠷᠦᠭᠤᠨ ᠵᠢᠮ ᠳᠡᠭᠡᠷᠡ ᠪᠠᠭᠤᠪᠠ᠃ ᠡᠬᠦᠳ᠋ᠨ ᠤᠢ᠍ᠢᠷᠠᠯᠴᠠᠭᠠ ᠬᠤᠶᠠᠷ ᠱᠠᠭᠠᠵᠠᠭᠠᠢ ᠦᠰᠦᠷᠦᠨ
ᠳᠡᠭ᠌ᠳᠡᠵᠦ᠍ ᠪᠡᠶᠡ ᠪᠡᠶᠡᠲᠠᠢᠪᠠᠨ ᠦᠷᠢᠰᠦᠨ ᠱᠠᠭ᠍ᠰᠢᠨᠠ᠃ ᠡᠪᠦᠯ ᠪᠠᠰᠠ ᠰᠤᠨᠢᠨ ᠶᠤᠮ᠂ ᠨᠡᠬᠦᠬᠡ ᠦᠭᠡᠢ
ᠦᠯᠡᠳᠡᠭ᠌ᠰᠡᠨ ᠠᠮᠢᠳᠠᠳ ᠢ᠋ ᠡᠢ᠌ᠨ ᠬᠦ᠌ ᠠᠭᠤᠯᠵᠠᠯᠳᠤᠳᠠᠭ ᠴᠦ᠍ ᠶᠤᠮ ᠦᠦ?
ᠪᠢ ᠤᠬᠢᠯᠠᠭ᠍ᠰᠠᠭᠠᠷ ᠁ ᠴᠠᠪ ᠴᠠᠭᠠᠨ ᠡᠷᠪᠡᠬᠡᠢ ᠵᠤᠭ᠍ᠰᠤᠭᠠ ᠵᠢᠯᠤᠭᠤ ᠦᠭᠡᠢ
ᠪᠦᠵᠢᠭ᠌ᠰᠡᠭᠡᠷ ᠨᠢᠯᠪᠤᠰᠣᠲᠠᠢ ᠨᠡᠢ᠌ᠯᠡᠵᠦ᠍ ᠬᠠᠴᠠᠷ ᠤᠷᠤᠭᠤ ᠤᠷᠤᠰᠤᠯᠠ᠃ ᠰᠡᠭ᠌ᠰᠡᠭᠡᠷ ᠬᠠᠯᠳᠠᠷ ᠭᠠᠢ᠌ᠬᠠᠱᠢᠷᠠᠨ
ᠤᠢ᠍ᠢᠷᠠᠳᠤᠭ᠍ᠰᠠᠭᠠᠷ ᠬᠠᠵᠠᠭᠤᠳᠤ ᠢᠷᠡᠵᠦ᠍ ᠬᠦᠩᠭᠡᠭᠡᠨ ᠦᠨᠦᠷᠯᠡᠬᠡᠳ ᠯᠡ ᠬᠠᠷᠠᠴᠠᠨᠢ ᠵᠢᠭ᠌ᠳᠡᠢ᠌ᠬᠡᠨ ᠵᠦᠭᠡᠯᠡᠷᠡᠭ᠌ᠰᠡᠨ
ᠪᠢᠯᠡ᠃ 《ᠬᠦᠱ᠌ᠢ᠂ ᠴᠠᠢᠪᠠᠨ ᠤᠤᠭᠤᠭᠠᠴᠢ ᠡ》 ᠭᠡᠵᠤ ᠠᠪᠤ
ᠭᠡᠷᠠᠴᠠ ᠳᠠᠭᠤᠳᠠᠭ᠍ᠰᠠᠨ ᠴᠦ᠍ ᠬᠠᠷᠢᠭᠤ ᠦᠭ᠌ᠬᠦᠭᠡ ᠦᠭᠡᠢ ᠪᠤᠯᠬᠤᠷ ᠡᠬᠦᠳᠡ ᠰᠡᠬᠦᠨ ᠭᠠᠷᠴᠦ᠍ ᠢᠷᠡᠭᠡᠳ᠄ 《ᠶᠠᠭᠠᠬᠢᠪᠠ ᠡ᠂ ᠡᠢ᠌ᠮᠦ᠍ ᠳᠤᠮᠤ ᠡᠷᠡ ᠬᠦᠮᠦᠨ ᠪᠠᠰᠠ ᠤᠬᠢᠯᠠᠴᠢᠬᠠᠳᠠᠭ ᠶᠤᠮ ᠦᠦ?》
ᠭᠡᠳ ᠪᠦᠬᠦᠢ᠌ᠨ ᠦᠨᠦᠰᠦᠯᠡ᠃ ᠰᠡᠳᠭᠢᠯ ᠠᠭ᠍ᠱᠠᠨᠠ ᠭᠤᠮᠤᠳᠠᠯᠳᠤ ᠡᠵᠡᠯᠡᠭ᠌ᠳᠡᠵᠦ᠍
ᠨᠢᠯᠪᠤᠰᠣ ᠤᠷᠤᠰᠤᠭᠠᠳ ᠪᠢ ᠤᠯᠠᠮ ᠯᠡ ᠡᠭᠡᠷ ᠳᠠᠳᠠᠴᠢᠬᠠᠭ᠍ᠰᠠᠨ ᠰᠠᠨ᠃
ᠴᠠᠰᠣᠨᠤ ᠮᠠᠨᠠᠨ ᠠᠭᠤᠯᠠ ᠳᠤᠯᠤᠭᠠᠳᠢ ᠵᠠᠯᠬᠢᠵᠦ᠍ ᠬᠤᠷᠸᠠ ᠶᠢᠷᠲᠢᠨᠴᠦ᠍
ᠡᠩᠢᠶᠠᠷᠢᠶᠠᠨ ᠡᠷᠪᠡᠬᠡᠢᠶ᠋ᠢᠨ ᠳᠠᠪᠠᠯᠭᠠ ᠪᠤᠯᠪᠠ᠃ 《ᠪᠢ ᠬᠤᠳᠠᠳᠤ ᠶᠠᠪᠤᠨᠠ ᠁》
ᠭᠡᠵᠤ ᠡᠭᠡᠷᠡᠪᠡᠯ ᠡᠵᠢ ᠢᠨᠢᠶᠡᠮᠰᠦᠭ᠌ᠯᠡᠵᠦ᠍᠄《ᠡᠨᠡ ᠶᠡᠭᠡ ᠴᠠᠰᠣᠨᠳᠤ ᠵᠠᠮ ᠮᠦᠷ ᠳᠡᠮᠵᠢᠶᠡᠯᠡᠭ᠌ᠳᠡᠬᠦ᠌ ᠬᠡᠴᠡᠬᠦᠦ᠂ ᠳᠡᠭ᠌ᠷᠢ ᠨᠠᠷᠠ ᠳᠡᠭ᠌ᠰᠢᠷᠡᠬᠦ᠌ ᠪᠠᠢ᠌ᠯ ᠦᠭᠡᠢ》 ᠭᠡᠯᠡ᠃ ᠴᠡᠭᠡᠵᠢᠨᠳᠤ ᠴᠦ᠍ ᠡᠷᠪᠡᠬᠡᠢ ᠪᠤᠵᠢᠬᠢᠨᠠᠬᠤ ᠱᠢᠭ᠋ ᠪᠤᠯᠵᠦ᠍ ᠠᠮᠢᠰᠭᠤᠭᠠ
ᠠᠪᠬᠤᠳᠤ ᠯᠡ ᠨᠢᠯᠪᠣᠰᠣ ᠤᠷᠤᠰᠭᠤ ᠭᠡᠳ ᠦᠢᠯᠡᠶ᠋ᠢ ᠦᠵᠡᠨᠡ᠃
ᠢᠨᠢᠶᠡᠭᠡ ᠦᠭᠡᠢ ᠤᠳᠠᠭ᠍ᠰᠠᠨ ᠱᠢᠭ᠋ᠢᠶᠠᠨ ᠤᠬᠢᠯᠠᠭᠠ ᠦᠭᠡᠢ ᠪᠠᠰᠠ ᠶᠡᠭᠡ
ᠤᠳᠠᠭ᠍ᠰᠠᠨᠢᠶᠠᠨ ᠭᠡᠨᠡᠳᠳᠡ ᠰᠠᠨᠠᠪᠠ᠃《ᠡᠨᠡ ᠡᠷᠪᠡᠬᠡᠢ᠌ᠳ᠂ ᠦᠭᠡᠢ ᠡ᠂ ᠡᠷᠪᠡᠬᠡᠢ ᠱᠢᠭ
ᠠᠮᠢᠳᠠᠳ》 ᠭᠡᠵᠤ ᠰᠡᠳᠭᠢᠯ ᠦᠬᠡᠯᠡᠭ᠌ᠰᠡᠭᠡᠷ᠃ ᠠᠪᠤ ᠡᠵᠢ ᠬᠤᠶᠠᠷ ᠲᠦᠩᠭᠡᠷ
ᠲᠦᠩᠭᠡᠷ ᠶᠠᠷᠢᠯᠴᠠᠨ ᠬᠦᠷᠢᠶᠠ ᠬᠠᠱᠢᠶᠠᠨᠤ ᠴᠠᠰᠣᠶ᠋ᠢ ᠴᠡᠪᠡᠷᠯᠡᠵᠦ᠍ ᠠᠷᠭᠠᠯ ᠲᠦᠯᠡᠰᠢᠪᠠᠨ ᠵᠦᠭᠡᠭᠡᠨᠡ᠂
ᠭᠡᠷᠤᠨ ᠤᠳᠤᠭᠠ ᠳᠡᠭ᠌ᠷᠢ ᠦᠬᠡᠳᠡ ᠰᠤᠪᠤᠷᠠᠬᠤ ᠳᠤᠳᠤᠮ ᠡᠷᠪᠡᠬᠡᠢ ᠤᠯᠠᠮ ᠦᠷᠨᠢᠨ ᠪᠦᠵᠢᠨᠡ᠃
ᠡᠨᠡ ᠵᠠᠭᠤ ᠮᠢᠩᠭᠠᠨ ᠡᠷᠪᠡᠬᠡᠢ 《ᠡᠷᠡ ᠬᠦᠮᠦᠨ ᠤᠬᠢᠯᠠᠴᠢᠬᠠᠭ᠍ᠰᠠᠨ
ᠱᠢᠦ》 ᠭᠡᠵᠤ 《ᠢᠨᠢᠶᠡᠯᠳᠦᠵᠦ᠍》
ᠪᠠᠢ᠌ᠭᠠ ᠪᠢᠰᠢ ᠪᠢᠵᠠ? ᠪᠢ ᠨᠢᠯᠪᠤᠰᠣᠪᠠᠨ
ᠬᠠᠨᠴᠤᠢᠪᠠᠷᠢᠶᠠᠨ ᠱᠤᠳᠤᠷᠤᠭᠠᠳ ᠴᠠᠰᠣᠨᠤ ᠬᠦᠷᠵᠠᠶ᠋ᠢ ᠠᠪᠤᠯᠠ᠃ ᠬᠤᠨᠢ ᠢᠮᠠᠭᠠᠨᠤ ᠬᠠᠱᠢᠶᠠ᠂ ᠳᠤᠭᠤᠯᠤᠨ
ᠰᠠᠷᠠᠪᠴᠢᠶ᠋ᠢ ᠴᠡᠪᠡᠷᠯᠡᠬᠦ᠌ ᠶᠠᠭᠤ ᠯᠡ ᠪᠠᠢ᠌ᠬᠤ ᠪᠤᠢ᠃ ᠨᠡᠩ ᠴᠦ᠍ ᠴᠡᠴᠡᠭ ᠡᠭᠡᠴᠢ ᠪᠠᠢ᠌ᠪᠠᠯ ᠲᠦᠷᠪᠡᠨ ᠴᠠᠭᠤᠨ
ᠠᠳᠠᠯ ᠴᠦ᠍ ᠡᠨᠡᠬᠦᠬᠡᠨᠳᠤᠨᠢ ᠮᠡᠳᠡᠭᠡᠵᠢ᠃