ᠥᠪᠡᠷᠲᠡᠭᠡᠨ ᠵᠠᠰᠠᠬᠤ
ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯ ᠪᠠ ᠬᠠᠭᠤᠴᠢ ᠰᠤᠳᠤᠯᠤᠯ᠎ᠤᠨ ᠬᠦᠷᠢᠶᠡᠯᠡᠩ᠎ᠡᠴᠡ ᠣᠢᠯᠠᠭᠠᠭ᠍ᠰᠠᠨ᠎ᠢᠶᠠᠷ᠂
ᠣᠢᠷ᠎ᠠ᠎ᠳᠤ ᠬᠠᠭᠤᠴᠢ ᠰᠤᠳᠤᠯᠤᠭ᠍ᠴᠢᠳ ᠬᠣᠷᠢᠨᠭᠡᠷ ᠱᠢᠶᠠᠨ᠎ᠠᠴᠠ ᠬᠠᠨ ᠤᠯᠤᠰ᠎ᠤᠨ ᠦᠶ᠎ᠡ᠎ᠶ᠋ᠢᠨ 31 ᠣᠩᠭᠣᠨ᠎ᠢ ᠮᠠᠯᠲᠠᠨ ᠭᠠᠷᠭᠠᠵᠤ᠂ ᠣᠩᠭᠣᠨ᠎ᠤ ᠬᠡᠯᠪᠡᠷᠢ ᠬᠢᠭᠡᠳ ᠮᠠᠯᠲᠠᠵᠤ
ᠭᠠᠷᠭᠠᠭ᠍ᠰᠠᠨ ᠸᠠᠭᠠᠷ ᠰᠠᠪᠠ᠂ ᠵᠣᠭᠣᠰ ᠮᠥᠩᠭᠥ᠎ᠶ᠋ᠢ ᠨᠢ ᠦᠨᠳᠦᠰᠦᠯᠡᠨ ᠡᠳᠡᠭᠡᠷ ᠣᠩᠭᠣᠨ ᠨᠢ ᠪᠠᠷᠠᠭᠤᠨ ᠬᠠᠨ ᠤᠯᠤᠰ᠎ᠤᠨ ᠳᠤᠮᠳᠠ ᠦᠶ᠎ᠡ᠎ᠡᠴᠡ ᠵᠡᠭᠦᠨ ᠬᠠᠨ ᠤᠯᠤᠰ᠎ᠤᠨ
ᠡᠬᠢᠨ᠎ᠦ ᠦᠶ᠎ᠡ ᠬᠦᠷᠲᠡᠯᠡᠬᠢ ᠪᠠᠷᠤᠭ 200 ᠵᠢᠯ᠎ᠦᠨ ᠬᠤᠭᠤᠴᠠᠭ᠎ᠠ᠎ᠶ᠋ᠢ
ᠰᠤᠨᠳᠠᠯᠠᠵᠤ ᠪᠠᠢᠨ᠎ᠠ ᠬᠡᠮᠡᠨ ᠮᠠᠭᠠᠳᠯᠠᠵᠤ ᠪᠤᠢ᠃
ᠮᠠᠯᠲᠠᠵᠤ ᠭᠠᠷᠭᠠᠭ᠍ᠰᠠᠨ ᠬᠠᠨ ᠤᠯᠤᠰ᠎ᠤᠨ ᠣᠩᠭᠣᠨ ᠨᠢ ᠬᠣᠷᠢᠨᠭᠡᠷ ᠱᠢᠶᠠᠨ᠎ᠤ
ᠱᠢᠶᠤᠤ ᠬᠣᠩ ᠴᠧᠩ ᠬᠤᠲᠠ᠎ᠡᠴᠡ ᠪᠠᠷᠠᠭᠤᠨ ᠤᠮᠠᠷᠠᠰᠢ ᠪᠠᠷᠤᠭ 1 ᠺᠢᠯᠣᠮᠧᠲ᠋ᠷ ᠵᠠᠢᠲᠠᠶ ᠭᠠᠵᠠᠷ᠎ᠲᠤ ᠪᠠᠢᠳᠠᠭ᠃ ᠤᠩᠭᠤᠨ᠎ᠠᠴᠠ ᠪᠠᠷᠠᠭᠤᠨᠰᠢ 2 ᠺᠢᠯᠣᠮᠧᠲ᠋ᠷ ᠵᠠᠢᠲᠠᠢ ᠪᠠᠢᠭ᠎ᠠ ᠮᠢᠩ ᠤᠯᠤᠰ᠎ᠤᠨ ᠦᠶ᠎ᠡ᠎ᠶ᠋ᠢᠨ ᠳᠠ ᠬᠣᠩ
ᠴᠧᠩ ᠬᠤᠲᠠ᠎ᠶ᠋ᠢᠨ ᠡᠷᠲᠡᠨ᠎ᠦ ᠬᠤᠲᠠ᠎ᠠᠴᠠ ᠬᠠᠨ ᠤᠯᠤᠰ᠎ᠤᠨ ᠦᠶ᠎ᠡ᠎ᠶ᠋ᠢᠨ ᠮᠠᠰᠢ ᠤᠯᠠᠠ ᠦᠯᠡᠳᠡᠭ᠌ᠳᠡᠯ ᠪᠣᠳᠠᠰ᠎ᠢ
ᠢᠯᠡᠷᠡᠭᠦᠯᠵᠦ᠍᠂ ᠮᠠᠨ᠎ᠤ ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠢᠯ ᠬᠠᠭᠤᠴᠢ ᠰᠤᠳᠤᠯᠤᠯ᠎ᠤᠨ ᠬᠦᠷᠢᠶᠡᠯᠡᠩ᠎ᠦᠨ
ᠲᠤᠰᠭᠠᠢ ᠮᠡᠷᠭᠡᠵᠢᠯᠲᠡᠨ᠎ᠡᠴᠡ ᠮᠢᠩ ᠤᠯᠤᠰ᠎ᠤᠨ ᠦᠶᠡᠶ᠋ᠢᠨᠳᠠ ᠬᠤᠩ ᠴᠸᠩ ᠬᠤᠲᠠ᠎ᠶ᠋ᠢᠨ ᠡᠷᠲᠡᠨ᠎ᠦ ᠬᠤᠲᠠ ᠳᠣᠣᠷ᠎ᠠ
ᠨᠢᠭᠡᠨ ᠬᠠᠨ ᠤᠯᠤᠰ᠎ᠤᠨ ᠬᠤᠲᠠ ᠳᠠᠷᠤᠭ᠍ᠳᠠᠵᠤ ᠪᠠᠢᠬᠤ ᠮᠠᠭᠠᠳ ᠭᠡᠵᠦ᠍ ᠠᠩᠬ᠎ᠠ ᠠᠯᠬᠤᠮ ᠮᠠᠭᠠᠳᠯᠠᠪᠠ᠃
ᠲᠣᠰ ᠤᠳᠠᠭ᠎ᠠ ᠮᠠᠯᠲᠠᠵᠤ ᠭᠠᠷᠭᠠᠭ᠍ᠰᠠᠨ ᠣᠩᠭᠣᠨ᠎ᠤ ᠲᠠᠷᠬᠠᠯᠲᠠ ᠨᠢ
ᠨᠢᠭ᠍ᠲᠠ᠂ ᠬᠡᠯᠪᠡᠷᠢ ᠳᠦᠷᠰᠦ ᠨᠢ ᠣᠯᠠᠨ ᠶᠠᠩᠵᠤ᠎ᠶ᠋ᠢᠨ ᠪᠠᠢᠵᠤ᠂ ᠱᠢᠷᠣᠶ ᠨᠦᠬᠡᠯᠡᠭ᠌ᠰᠡᠨ ᠪᠣᠰᠣᠭ᠎ᠠ ᠣᠩᠭᠣᠨ᠂
ᠱᠢᠷᠣᠶ᠎ᠶ᠋ᠢᠨ ᠠᠭᠤᠶ᠎ᠶ᠋ᠢᠨ ᠣᠩᠭᠣᠨ᠂ ᠲᠣᠭᠣᠰᠭᠠᠨ ᠬᠠᠨ᠎ᠠ᠎ᠶ᠋ᠢᠨ ᠣᠩᠭᠣᠨ᠂ ᠲᠣᠭᠣᠰᠭᠠᠨ ᠥᠷᠥᠭᠡ᠎ᠶ᠋ᠢᠨ ᠣᠩᠭᠣᠨ
ᠵᠡᠷᠭᠡ ᠨᠢ ᠴᠥᠮ ᠳᠤᠮᠳᠠ ᠵᠢᠵᠢᠭ ᠬᠡᠯᠪᠡᠷᠢ᠎ᠶ᠋ᠢᠨ ᠭᠠᠭ᠍ᠴᠠ ᠥᠷᠥᠭᠡ᠎ᠲᠡᠶ ᠣᠩᠭᠣᠨ ᠪᠣᠯᠤᠨ᠎ᠠ᠃ ᠮᠠᠯᠲᠠᠵᠤ ᠭᠠᠷᠭᠠᠭ᠍ᠰᠠᠨ
ᠳᠠᠭᠠᠯᠲᠠ ᠣᠷᠣᠱᠢᠭᠤᠯᠭ᠎ᠠ ᠵᠢᠨ ᠡᠳ᠋ᠯᠡᠯ᠎ᠦᠨ ᠲᠥᠷᠥᠯ ᠵᠦᠢᠯ᠎ᠳᠦ ᠸᠠᠭᠠᠷ ᠰᠠᠪᠠ᠂ ᠱᠢᠯ ᠪᠤᠳᠤᠭ ᠲᠠᠢ ᠸᠠᠭᠠᠷ
ᠰᠠᠪᠠ᠂ ᠵᠡᠰ ᠰᠠᠪᠠ᠂ ᠲᠡᠮᠦᠷ ᠰᠠᠪᠠ᠂ ᠴᠢᠯᠠᠭᠤᠨ ᠰᠠᠪᠠ᠂ ᠮᠣᠳᠣᠨ ᠰᠠᠪᠠ᠂ ᠬᠢᠰᠤᠭᠠᠨ ᠬᠠᠪᠲᠠᠰᠤ ᠵᠡᠷᠭᠡ 200 ᠭᠠᠷᠤᠶ ᠵᠦᠢᠯ ᠪᠠᠢᠨ᠎ᠠ᠃
ᠡᠨᠡ ᠤᠳᠠᠭᠠᠨ᠎ᠤ ᠮᠠᠯᠲᠠᠵᠤ ᠭᠠᠷᠭᠠᠭ᠍ᠰᠠᠨ ᠣᠩᠭᠣᠨ᠎ᠢ ᠶᠡᠬᠡ ᠲᠥᠯᠥᠪ
ᠭᠤᠷᠪᠠᠨ ᠱᠠᠲᠤ ᠬᠤᠪᠢᠶᠠᠵᠤ ᠪᠣᠯᠤᠨ᠎ᠠ᠄ ᠨᠢᠭᠡᠳᠦᠭᠡᠷ ᠱᠠᠲᠤ ᠨᠢ ᠪᠠᠷᠠᠭᠤᠨ ᠬᠠᠨ ᠤᠯᠤᠰ᠎ᠤᠨ ᠳᠤᠮᠳᠠ ᠦᠶ᠎ᠡ᠎ᠡᠴᠡ
ᠪᠠᠷᠠᠭᠤᠨ ᠬᠠᠨ ᠤᠯᠤᠰ᠎ᠤᠨ ᠰᠡᠭᠦᠯᠴᠢ᠎ᠶ᠋ᠢᠨ ᠦᠶ᠎ᠡ ᠬᠦᠷᠲᠡᠯᠡᠬᠢ ᠬᠤᠭᠤᠴᠠᠭ᠎ᠠ ᠪᠣᠯᠤᠨ᠎ᠠ᠃ ᠣᠩᠭᠣᠨ᠎ᠤ ᠬᠡᠯᠪᠡᠷᠢ᠎ᠶ᠋ᠢᠨ
ᠣᠯᠠᠩᠬᠢ ᠨᠢ ᠱᠢᠷᠣᠶ᠎ᠶ᠋ᠢᠨ ᠨᠦᠬᠡ᠎ᠪᠡᠷ ᠪᠣᠰᠭᠠᠭ᠍ᠰᠠᠨ ᠣᠩᠭᠣᠨ ᠪᠠᠢᠵᠤ᠂ ᠱᠢᠷᠣᠶ᠎ᠶ᠋ᠢᠨ ᠠᠭᠤᠶ᠎ᠶ᠋ᠢᠨ ᠣᠩᠭᠣᠨ
ᠪᠣᠯᠤᠨ᠎ᠠ᠂ ᠮᠠᠯᠲᠠᠵᠤ ᠭᠠᠷᠭᠠᠭ᠍ᠰᠠᠨ ᠸᠠᠭᠠᠷᠳᠡᠪᠦᠷᠡᠶ᠋ᠢᠨ ᠴᠠᠭᠠᠷᠢᠭ᠎ᠤᠨ ᠬᠦᠯ ᠨᠢ ᠨᠡᠯᠢᠶᠡᠳ ᠪᠤᠭᠤᠨᠢ᠂
ᠮᠠᠯᠲᠠᠵᠤ ᠭᠠᠷᠭᠠᠭ᠍ᠰᠠᠨ ᠵᠣᠭᠣᠰ ᠨᠢ ᠴᠥᠮ ᠪᠠᠷᠠᠭᠤᠨ ᠬᠠᠨ ᠤᠯᠤᠰ᠎ᠤᠨ《ᠲᠠᠪᠤᠨ ᠵᠦ᠍》ᠪᠣᠯᠤᠨ᠎ᠠ᠃ ᠬᠣᠶᠠᠳᠤᠭᠠᠷ
ᠱᠠᠲᠤ ᠨᠢ ᠪᠠᠷᠠᠭᠤᠨ ᠬᠠᠨ ᠤᠯᠤᠰ᠎ᠤᠨ ᠰᠡᠭᠦᠯᠴᠢ᠎ᠡᠴᠡ ᠸᠠᠩ ᠮᠠᠩ᠎ᠤᠨ ᠦᠶ᠎ᠡ ᠬᠦᠷᠲᠡᠯ᠎ᠡ ᠭᠣᠣᠯᠳᠠᠭᠤ ᠲᠣᠭᠣᠰᠭᠠᠨ
ᠬᠠᠨ᠎ᠠ᠎ᠶ᠋ᠢᠨ ᠣᠩᠭᠣᠨ ᠪᠠᠢᠵᠤ᠂ ᠮᠠᠯᠲᠠᠵᠤ ᠭᠠᠷᠭᠠᠭ᠍ᠰᠠᠨ ᠸᠠᠭᠠᠷ ᠳᠡᠪᠦᠷ᠎ᠡ᠎ᠤᠨ ᠴᠠᠭᠠᠷᠢᠭ᠎ᠤᠨ ᠬᠦᠯ ᠨᠢ ᠬᠠᠷᠢᠴᠠᠩᠭᠤᠢ
ᠤᠷᠲᠤ ᠪᠤᠯᠵᠠᠢ᠃ ᠮᠠᠯᠲᠠᠵᠤ ᠭᠠᠷᠭᠠᠭ᠍ᠰᠠᠨ ᠵᠣᠭᠣᠰ ᠨᠢ ᠴᠦ᠍ ᠪᠦᠷ ᠪᠠᠷᠠᠭᠤᠨ ᠬᠠᠨ ᠤᠯᠤᠰ᠎ᠤᠨ ᠲᠠᠪᠤᠨ ᠵᠦ᠍ ᠪᠠᠢᠵᠤ᠂
ᠭᠤᠷᠪᠠᠨ ᠨᠣᠶᠠᠨ ᠲᠠᠪᠤᠨ ᠵᠣ᠌ ᠨᠢ ᠣᠯᠠᠩᠬᠢ ᠲᠣᠭ᠎ᠠ᠎ᠶ᠋ᠢ ᠡᠵᠡᠯᠡᠨ᠎ᠡ᠃ ᠡᠨᠡ ᠱᠠᠲᠤᠨ᠎ᠤ᠋ ᠣᠩᠭᠣᠨ᠎ᠤ ᠲᠣᠭ᠎ᠠ
ᠨᠢ ᠬᠠᠮᠤᠭ ᠣᠯᠠᠨ ᠂ ᠱᠢᠷᠣᠶ᠎ᠶ᠋ᠢᠨ ᠠᠭᠤᠶ᠎ᠶ᠋ᠢᠨ ᠣᠩᠭᠣᠨ᠎ᠠᠴᠠ ᠲᠣᠭᠣᠰᠭᠠᠨ ᠪᠠᠢᠱᠢᠩ᠎ᠳᠤ ᠣᠷᠣᠬᠤ ᠱᠢᠯᠵᠢᠯᠲᠡ᠎ᠶ᠋ᠢᠨ
ᠱᠠᠲᠤ ᠪᠣᠯᠤᠨ᠎ᠠ᠃ ᠭᠤᠷᠪᠠᠳᠤᠭᠠᠷ ᠱᠠᠲᠤ ᠨᠢ ᠸᠠᠩ ᠮᠠᠩ᠎ᠠᠴᠠ ᠵᠡᠭᠦᠨ ᠬᠠᠨ ᠤᠯᠤᠰ᠎ᠤᠨ ᠡᠬᠢᠨ᠎ᠦ ᠦᠶ᠎ᠡ ᠬᠦᠷᠲᠡᠯᠡᠬᠢ
ᠬᠤᠭᠤᠴᠠᠭ᠎ᠠ ᠪᠣᠯᠤᠨ᠎ᠠ᠃ ᠡᠨᠡ ᠬᠦ᠌ ᠬᠤᠭᠤᠴᠠᠭᠠᠨ᠎ᠳ᠋ᠡᠬᠢ ᠣᠩᠭᠣᠨ᠎ᠤ ᠲᠣᠭ᠎ᠠ ᠨᠢ ᠴᠥᠭᠡᠨ᠂ ᠬᠡᠪᠴᠢᠶ᠎ᠡ ᠨᠢ ᠪᠠᠭᠠᠰᠴᠤ᠌᠂
ᠳᠠᠭᠠᠯᠲᠠ ᠤᠷᠤᠰᠢᠭᠤᠯᠭ᠎ᠠ ᠵᠢᠨ ᠲᠥᠷᠥᠯ ᠵᠦᠢᠯ ᠨᠢ ᠴᠥᠭᠡᠨ ᠪᠥᠭᠡᠳ ᠳᠥᠭᠥᠮ ᠪᠠᠢᠵᠤ᠂ ᠮᠠᠯᠲᠠᠵᠤ ᠭᠠᠷᠭᠠᠭ᠍ᠰᠠᠨ
ᠵᠣᠭᠣᠰ ᠨᠢ 《ᠳ᠋ᠠ ᠴᠢᠤᠸᠠᠨ ᠲᠠᠪᠢ》ᠪᠣᠯᠤᠨ᠎ᠠ᠃ ᠡᠨᠡ
ᠨᠢ ᠲᠤᠬᠠᠢ ᠵᠢᠨ ᠦᠶ᠎ᠡ᠎ᠶ᠋ᠢᠨ ᠳᠠᠢᠨ ᠳᠠᠵᠢᠨ᠎ᠠᠴᠠ ᠪᠣᠯᠵᠤ ᠠᠷᠠᠳ ᠢᠷᠭᠡᠳ ᠠᠮᠢᠳᠤᠷᠠᠬᠤ᠎ᠶ᠋ᠢᠨ ᠠᠷᠭ᠎ᠠ ᠦᠭᠡᠶ
ᠪᠣᠯᠤᠭ᠍ᠰᠠᠨ᠎ᠢ ᠬᠠᠷᠠᠭᠤᠯᠵᠤ ᠪᠤᠢ᠃
ᠡᠭᠦᠨ᠎ᠡᠴᠡ ᠭᠠᠳᠠᠨ᠎ᠠ᠂ ᠲᠡᠭᠦᠨ᠎ᠦ ᠳᠣᠲᠣᠷᠠᠬᠢ ᠨᠢᠭᠡ ᠪᠤᠯᠠᠱᠢᠨᠠᠴᠠ
ᠣᠯᠳᠠᠭ᠍ᠰᠠᠨ ᠨᠢᠭᠡ ᠬᠣᠣᠰ ᠬᠡᠪᠲᠡᠭᠡ ᠪᠠᠢᠳᠠᠯ ᠵᠢᠡᠷ ᠣᠷᠣᠱᠢᠭᠤᠯᠤᠭ᠍ᠰᠠᠨ ᠡᠷ᠎ᠡ ᠡᠮ᠎ᠡ ᠬᠣᠶᠠᠭᠤᠯᠠ᠎ᠶ᠋ᠢᠨ ᠬᠡᠭᠦᠷ
ᠨᠢ ᠬᠠᠷᠢᠴᠠᠨᠭᠭᠤᠢ ᠰᠠᠢᠨ ᠬᠠᠳᠠᠭᠠᠯᠠᠭᠳᠠᠵᠤ ᠴᠢᠳᠠᠭ᠎ᠠ ᠦᠭᠡᠢ ᠪᠠᠢᠪᠠ᠃ ᠭᠡᠷ᠎ᠦᠨ ᠡᠵᠡᠭ᠌ᠲᠡᠢᠶ᠋ᠢᠨ ᠨᠢᠷᠤᠭᠤᠨ᠎ᠤ
ᠬᠠᠪᠢ ᠪᠡᠷ ᠲᠥᠷᠪᠡᠨ ᠲᠤᠪᠤᠭᠤᠷ ᠳᠦᠷᠪᠡᠨ ᠡᠪᠡᠷ ᠦᠭᠡᠢ ᠯᠤᠤ ᠵᠢᠨᠬᠡᠲᠡᠶ ᠭᠠᠤᠯᠢᠨ ᠲᠤᠯᠢ ᠲᠠᠯᠪᠢᠭᠠᠰᠤᠲᠠᠢ᠃
ᠪᠤᠯᠠᠰᠢ᠎ᠶ᠋ᠢᠨ ᠡᠮᠦᠨ᠎ᠡ ᠲᠠᠯ᠎ᠠ᠎ᠳᠤ ᠪᠦᠷᠢᠨ ᠪᠦᠲᠦᠨ ᠬᠠᠳᠠᠭᠠᠯᠠᠭ᠍ᠳᠠᠵᠤ ᠪᠠᠢᠭ᠎ᠠ ᠬᠡᠳᠦᠨ ᠦᠨᠡᠰᠦᠨ ᠥᠩᠭᠡᠲᠦ
ᠸᠠᠭᠠᠷ ᠰᠠᠪᠠ ᠲᠠᠯᠪᠢᠭᠳᠠᠨ᠂ ᠵᠠᠷᠢᠮ ᠸᠠᠭᠠᠷ ᠰᠠᠪᠠᠨ᠎ᠳᠤ ᠲᠠᠷᠢᠶᠠᠨ᠎ᠤ ᠦᠷ᠎ᠡ ᠪᠤᠢ᠃ ᠡᠳᠡᠭᠡᠷ ᠨᠢ《ᠦᠬᠦᠵᠦ᠍ ᠰᠡᠬᠡᠬᠦ᠌᠎ᠪᠡᠨ ᠬᠠᠮᠲᠤᠳᠭᠠᠭ᠍ᠰᠠᠨ》ᠬᠠᠨ ᠤᠯᠤᠰ᠎ᠤᠨ
ᠦᠶ᠎ᠡ᠎ᠶ᠋ᠢᠨ ᠬᠥᠮᠦᠰ ᠲᠠᠷᠢᠶᠠᠯᠠᠬᠤ ᠪᠠ ᠠᠮᠢᠳᠤᠷᠠᠬᠤ ᠬᠦᠰᠡᠯ ᠡᠷᠡᠮᠡᠯᠵᠡᠯ᠎ᠢᠶᠡᠨ ᠪᠤᠯᠠᠱᠢᠨᠳᠤ ᠠᠪᠴᠤ᠌ ᠤᠷᠤᠬᠤ᠎ᠶᠢ
ᠬᠦᠰᠡᠭᠰᠡᠨᠢ ᠬᠠᠷᠠᠭᠤᠯᠬᠤ ᠪᠤᠢ᠃
ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠲᠡᠦᠬᠡ
ᠰᠣᠶᠣᠯ᠎ᠤᠨ ᠳᠡᠭᠡᠳᠦ ᠰᠤᠷᠭᠠᠭᠤᠯᠢ᠎ᠶ᠋ᠢᠨ ᠬᠠᠭᠤᠴᠢ ᠰᠤᠳᠤᠯᠤᠯ᠎ᠤᠨ ᠰᠠᠯᠪᠤᠷᠢ᠎ᠶ᠋ᠢᠨ ᠪᠠᠭ᠍ᠰᠢ ᠯᠢ ᠫᠸᠨᠭ ᠵᠧᠨ
ᠲᠠᠨᠢᠯᠴᠠᠭᠤᠯᠬᠤ᠎ᠳᠠᠭᠠᠨ᠂ ᠸᠠᠭᠠᠷ ᠰᠠᠪᠠ᠎ᠶ᠋ᠢᠨ ᠬᠠᠮᠲᠤᠷᠠᠯ ᠪᠠ ᠱᠢᠷ ᠰᠠᠪᠠ᠎ᠶ᠋ᠢ ᠨᠡᠢᠳᠡᠮ ᠬᠡᠷᠡᠭ᠌ᠯᠡᠬᠦ᠌
ᠪᠣᠯ ᠱᠢᠶᠤᠤ ᠬᠣᠩ ᠴᠸᠨᠭ ᠬᠤᠲᠠ᠎ᠶ᠋ᠢᠨ ᠬᠠᠨ ᠤᠯᠤᠰ᠎ᠤᠨ ᠦᠶ᠎ᠡ᠎ᠶ᠋ᠢᠨ ᠣᠩᠭᠣᠨ᠎ᠤ ᠬᠠᠮᠤᠭ᠎ᠤᠨ ᠲᠤᠪᠤᠢᠮ᠎ᠠ ᠣᠨᠴᠠᠯᠢᠭ
ᠮᠥᠨ᠃ ᠬᠡᠳᠦᠢᠪᠡᠷ ᠣᠯᠠᠩᠬᠢ ᠱᠢᠷᠳᠡᠮᠡᠯ ᠰᠠᠪᠠ᠎ᠶ᠋ᠢᠨ ᠮᠣᠳᠣᠨ ᠵᠢᠶᠠᠰᠠ ᠵᠢᠨ ᠢᠯᠵᠠᠷᠠᠯ ᠨᠢ ᠬᠦᠨᠳᠦ ᠨᠣᠴᠢᠲᠠᠢ
ᠪᠣᠯᠪᠠᠴᠤ᠌ ᠮᠠᠯᠲᠠᠵᠤ ᠭᠠᠷᠭᠠᠬᠤ ᠶᠠᠪᠤᠴᠠ᠎ᠳᠤ ᠮᠥᠨ ᠨᠢᠭᠡ ᠪᠦᠯᠦᠭ ᠬᠣᠪᠣᠷ ᠨᠠᠨᠳᠢᠨ ᠵᠢᠷᠤᠭ ᠳᠦᠷᠰᠦ᠎ᠶ᠋ᠢᠨ
ᠮᠠᠲ᠋ᠧᠷᠢᠶᠠᠯ ᠦᠯᠡᠳᠡᠭᠡᠭ᠌ᠰᠡᠨ ᠪᠠᠢᠨ᠎ᠠ᠂ ᠪᠤᠯᠠᠱᠢᠨ ᠳᠣᠲᠣᠷ᠎ᠠ᠎ᠠᠴᠠ ᠮᠠᠯᠲᠠᠵᠤ ᠭᠠᠷᠭᠠᠭ᠍ᠰᠠᠨ ᠸᠠᠭᠠᠷ ᠰᠠᠪᠠ᠎ᠶ᠋ᠢᠨ
ᠲᠣᠭ᠎ᠠ ᠨᠢ ᠨᠡᠯᠢᠶᠡᠳ ᠠᠷᠪᠢᠨ᠂ ᠲᠦᠷᠦᠯ ᠵᠦᠢᠯ ᠨᠢ ᠤᠯᠠᠨ᠂ ᠬᠠᠳᠠᠭᠠᠯᠠᠯᠲᠠ ᠨᠢ ᠨᠡᠯᠢᠶᠡᠳ ᠰᠠᠢ᠌ᠨ ᠪᠠᠢᠵᠤ᠂
ᠲᠤᠬᠠᠢ᠎ᠶ᠋ᠢᠨ ᠦᠶ᠎ᠡ᠎ᠶ᠋ᠢᠨ ᠲᠤᠰ ᠭᠠᠵᠠᠷ ᠣᠷᠣᠨ᠎ᠤ ᠪᠤᠯᠠᠱᠢᠨᠳᠠᠬᠢ ᠸᠠᠭᠠᠷ ᠰᠠᠪᠠ᠎ᠶ᠋ᠢᠨ ᠳᠠᠭᠠᠯᠲᠠ ᠤᠷᠤᠰᠢᠭᠤᠯᠭ᠎ᠠ
ᠵᠢᠨ ᠪᠠᠢᠳᠠᠯ᠎ᠢ ᠭᠦᠢᠴᠡᠳ ᠬᠠᠷᠠᠭᠤᠯᠵᠠᠢ᠃

ᠬᠤᠷᠢᠨᠬᠡᠷ ᠰᠢᠶᠠᠨ
ᠡᠴᠡ ᠤᠯᠳᠠᠬᠰᠠᠨ ᠲᠡᠤᠬᠡᠨ ᠦᠯᠡᠳᠡᠭᠳᠡᠯ
(ᠰᠦᠯᠵᠢᠶ᠎ᠡ ᠡᠴᠡ ᠠᠪᠤᠪᠠ)