ᠪᠡᠬᠡᠨ ᠤᠮᠳᠠ
2021-11-10 10:37:36
ᠵᠣᠬᠢᠶᠠᠭ᠍ᠴᠢ᠄
​ ᠴᠠᠭᠠᠨᠯᠤᠤᠰ
ᠣᠩᠱᠢᠭ᠍ᠰᠠᠨ ᠣᠳᠠᠭ᠎ᠠ᠄
★★★☆☆

ᠪᠠᠷᠢᠭᠠᠳᠠ᠎ᠳᠤ ᠨᠠᠭ᠎ᠠ ᠡᠪᠦᠭᠡ᠎ᠪᠠᠨ ᠡᠷᠢᠭᠡᠳ ᠤᠴᠢᠬᠤ᠎ᠳᠤ ᠠᠢᠯ ᠲᠡᠭᠡᠷ᠎ᠡ ᠡᠮᠴᠢᠯᠡᠬᠦ᠌᠎ᠪᠠᠷ ᠭᠠᠷᠤᠬ᠍ᠰᠠᠨ ᠲᠠᠭᠠᠷᠠᠪᠠ᠃ ᠪᠤᠴᠠᠭᠠᠳ ᠶᠠᠪᠤᠬᠤ ᠭᠡᠰᠡᠨ ᠴᠢᠨᠢ ᠪᠠᠷᠢᠭᠠᠳᠠ᠎ᠶ᠋ᠢᠨ ᠬᠦᠷᠢᠶᠡᠨ᠎ᠳᠤ ᠦᠬᠢᠨ ᠲᠡᠭᠦᠤ᠎ᠲᠠᠢ᠎ᠪᠠᠨ ᠨᠠᠭᠠᠳᠴᠦ᠍ ᠪᠠᠢᠬ᠍ᠰᠠᠨ ᠲᠡᠯᠭᠡᠷᠡᠬᠦ᠌᠎ᠲᠠᠢ ᠠᠰ ᠬᠠᠷᠭᠤᠴᠢᠬᠠᠪᠠ᠃ ᠦᠨᠡᠨ᠎ᠳᠡᠭᠡᠨ ᠨᠠᠭ᠎ᠠ ᠡᠪᠦᠭᠡ᠎ᠶ᠋ᠢᠨ ᠵᠠᠬ᠎ᠠ᠎ᠳᠤ ᠡᠷᠭᠢᠴᠡᠭᠡᠳ ᠰᠠᠯᠳᠠᠭ ᠦᠭᠡᠢ᠎ᠶ᠋ᠢᠨ ᠨᠢᠭᠡ ᠱᠢᠯᠳᠠᠭᠠᠨ᠎ᠨᠢ ᠡᠨᠡ ᠲᠡᠯᠭᠡᠷᠡᠬᠦ᠌᠎ᠳᠤ ᠪᠠᠢᠭ᠎ᠠ ᠶᠤᠮ᠃ ᠡᠳᠡᠨ᠎ᠤ ᠬᠢᠨ ᠪᠠᠷᠢᠭᠠᠳᠠ᠎ᠶ᠋ᠢᠨ ᠭᠡᠷ᠎ᠤᠨ ᠵᠡᠬᠦᠨ ᠬᠦᠷᠢᠶᠡᠨ᠎ᠳᠤ ᠰᠠᠭᠤᠳᠠᠭ ᠲᠤᠯᠠ ᠤᠯᠠᠩᠬᠢ᠎ᠳᠠᠭᠠᠨ ᠪᠠᠷᠢᠭᠠᠳᠠ᠎ᠶ᠋ᠢᠨ ᠬᠦᠷᠢᠶᠡᠨ᠎ᠳᠤ ᠵᠢᠭᠤᠷᠠᠯᠳᠤᠵᠦ᠍ ᠪᠠᠢᠳᠠᠭ᠎ᠢ ᠪᠢ ᠮᠡᠳᠡᠨ᠎ᠡ᠃

ᠬᠠᠮᠢᠭ᠎ᠠ᠎ᠠᠴᠠ ᠨᠠᠷᠠ ᠭᠠᠷᠤᠬ᠍ᠰᠠᠨ᠎ᠢ ᠮᠡᠳᠡᠬᠦ᠌ ᠦᠭᠡᠢ᠃ ᠲᠡᠯᠭᠡᠷᠡᠬᠦ᠌ ᠵᠠᠬ᠎ᠠ᠎ᠪᠠᠷ ᠬᠠᠪᠢᠷᠭᠠᠯᠠᠵᠦ᠍ ᠦᠩᠭᠡᠷᠡᠬᠦ᠌᠎ᠳᠡᠭᠡᠨ᠄ 《ᠨᠠᠭᠠᠳᠭᠤ ᠦᠭᠡᠢ ᠶᠤᠮ ᠤᠤ? ᠴᠢ ᠪᠢᠳᠡᠨ᠎ᠳᠤ ᠡᠷᠪᠡᠬᠡᠢ ᠪᠠᠷᠢᠵᠦ᠍ ᠦᠭ᠌ᠪᠡᠯ ᠬᠠᠮᠳᠤ ᠨᠠᠭᠠᠳᠤᠶ᠎ᠠ》 ᠭᠡᠴᠢᠭᠡᠪᠡ᠃ ᠡᠷᠪᠡᠭᠡᠢ ᠭᠡᠷᠡᠭ᠌ᠲᠠᠢ ᠡᠷ᠎ᠡ ᠴᠢᠳᠠᠯ᠎ᠢᠶᠠᠨ ᠦᠵᠡᠬᠦᠯᠬᠦ᠌᠎ᠶ᠋ᠢᠨ ᠡᠬᠦᠳᠡᠨ᠎ᠠᠴᠠ ᠬᠠᠷᠴᠠᠭᠠᠢ ᠪᠠᠷᠢᠬ᠍ᠰᠠᠨ ᠴᠤ᠌ ᠪᠤᠯᠤᠨ᠎ᠠ ᠭᠡᠵᠦ᠍ ᠪᠢ ᠪᠤᠳᠤᠪᠠ᠃ ᠲᠡᠭᠡᠭᠡᠳ ᠲᠦᠯᠡᠭᠡᠨ ᠤᠪᠤᠭ᠎ᠠ᠎ᠠᠴᠠ᠎ᠨᠢ ᠴᠠᠢ᠎ᠶ᠋ᠢᠨ ᠮᠤᠳᠤ ᠰᠤᠭᠤᠯᠵᠦ᠍ ᠠᠪᠤᠭᠠᠳ ᠡᠮᠦᠨ᠎ᠡ ᠲᠠᠯ᠎ᠠ᠎ᠶ᠋ᠢᠨ ᠬᠤᠳᠳᠤᠭ ᠲᠡᠭᠡᠷ᠎ᠡ ᠤᠴᠢᠵᠦ᠍ ᠬᠤᠩᠬᠤᠷ᠎ᠤᠨ ᠱᠠᠯᠪᠠᠭ᠎ᠲᠤ ᠬᠤᠷᠭᠤᠳᠠᠵᠦ᠍ ᠪᠠᠢᠭ᠎ᠠ ᠴᠠᠭᠠᠨ ᠡᠷᠪᠡᠬᠡᠢ᠎ᠶ᠋ᠢ ᠪᠤᠲᠠᠷᠠᠲᠠᠯ᠎ᠠ᠎ᠨᠢ ᠲᠠᠭᠤᠵᠦ᠍᠂ ᠰᠠᠳᠠᠷᠠᠲᠠᠯ᠎ᠠ᠎ᠨᠢ ᠰᠠᠪᠠᠵᠦ᠍ ᠤᠷᠬᠢᠪᠠ᠃ ᠲᠡᠯᠭᠡᠷᠡᠬᠦ᠌ ᠦᠬᠢᠨ ᠲᠡᠭᠦᠤ᠎ᠲᠠᠢ᠎ᠪᠠᠨ ᠬᠤᠶᠠᠭᠤᠯᠠ ᠠᠷᠤ᠎ᠠᠴᠠ᠎ᠲᠠᠭᠠᠨ ᠤᠤᠬᠠᠢᠯᠠᠨ ᠬᠠᠰᠭᠢᠷᠦᠯᠳᠦᠵᠦ᠍᠂ ᠰᠠᠪᠠᠵᠦ᠍ ᠤᠨᠠᠭᠠᠬ᠍ᠰᠠᠨ ᠡᠷᠪᠡᠬᠡᠢ᠎ᠠᠴᠠ ᠬᠦᠩᠭᠡᠨ ᠱᠢᠷᠬᠠᠳᠤᠬ᠍ᠰᠠᠨ᠎ᠢ᠎ᠨᠢ ᠲᠡᠭᠦᠵᠦ᠍ ᠠᠪᠤᠨ ᠨᠠᠷᠢᠬᠠᠨ ᠤᠳᠠᠰᠤ᠎ᠪᠠᠷ ᠭᠡᠳᠡᠰᠦᠨ᠎ᠤ ᠬᠢᠨᠢ ᠦᠵᠦᠬᠦᠷ᠎ᠠᠴᠠ ᠵᠠᠩᠬᠢᠳᠦᠨ ᠤᠶᠠᠭᠠᠳ ᠠᠷᠪᠠᠭᠠᠳ ᠡᠷᠪᠡᠬᠡᠢ᠎ᠶ᠋ᠢ ᠬᠤᠯᠪᠤᠵᠦ᠍ ᠂ ᠠᠶᠠᠷᠬᠠᠨ ᠲᠠᠯᠪᠢᠵᠦ᠍ ᠨᠢᠰᠭᠡᠵᠦ᠍ ᠲᠠᠭᠤᠨ᠎ᠠ᠃ ᠬᠡᠳᠡᠰᠦ᠎ᠪᠠᠷ᠎ᠢᠶᠠᠨ ᠤᠶᠠᠬ᠍ᠳᠠᠵᠦ᠍᠂ ᠨᠢᠭᠡᠯᠡ ᠤᠳᠠᠰᠤᠨ ᠲᠡᠭᠡᠷ᠎ᠡ ᠬᠤᠯᠪᠤᠯᠳᠤᠬ᠍ᠰᠠᠨ ᠠᠷᠪᠠᠭᠠᠳ ᠡᠷᠪᠡᠬᠡᠢ ᠵᠦᠭ ᠪᠦᠷᠢ᠎ᠳᠡᠭᠡᠨ ᠲᠡᠮᠡᠤᠯᠵᠦ᠍ ᠂ ᠡᠢᠰᠢ ᠲᠡᠢᠰᠢ ᠬᠤᠷᠭᠤᠯᠵᠠᠨ ᠨᠢᠰᠴᠦ᠍ ᠪᠠᠢᠬ᠍ᠰᠠᠭᠠᠷ ᠬᠦᠴᠦ᠍᠎ᠨᠢ ᠰᠤᠯᠠᠳᠠᠵᠦ᠍ ᠭᠠᠵᠠᠷ ᠪᠠᠭᠤᠭᠠᠳ ᠢᠷᠡᠨ᠎ᠡ᠃ ᠲᠡᠭᠡᠵᠦ᠍ ᠬᠡᠳᠦ ᠬᠡᠳᠦᠨ ᠬᠤᠯᠪᠤᠭᠠᠰᠦ ᠪᠤᠯᠭᠠᠬ᠍ᠰᠠᠨ᠎ᠢᠶᠠᠨ ᠬᠠᠮᠳᠤ ᠲᠠᠯᠪᠢᠯᠴᠠᠵᠦ᠍ ᠠᠯᠢ ᠬᠡᠯᠬᠢᠶ᠎ᠡ᠎ᠨᠢ ᠲᠡᠭᠡᠭᠦᠷ ᠬᠤᠯᠠ ᠨᠢᠰᠭᠦ᠎ᠶ᠋ᠢ ᠤᠷᠤᠯᠳᠤᠭᠤᠯᠵᠦ᠍ ᠮᠠᠬᠠᠷᠠᠵᠠᠭᠠᠯ᠎ᠠ᠃

ᠬᠦᠯᠦᠰᠦ᠎ᠪᠠᠨ ᠤᠷᠤᠰᠲᠠᠯ᠎ᠠ ᠬᠦᠶᠦᠵᠦ᠍ ᠪᠠᠢᠬᠤ᠎ᠳᠠᠭᠠᠨ ᠠᠮᠠ ᠬᠠᠳᠠᠭᠠᠳ ᠲᠡᠰᠭᠦ ᠦᠭᠡᠢ ᠪᠤᠯᠤᠬ᠍ᠰᠠᠨ ᠲᠤᠯᠠ ᠪᠠᠷᠢᠭᠠᠳᠠ᠎ᠶ᠋ᠢᠨ ᠭᠡᠷ᠎ᠲᠤ ᠤᠷᠤᠵᠦ᠍ ᠤᠰᠤᠨ ᠭᠠᠩ᠎ᠠᠴᠠ᠎ᠨᠢ ᠬᠤᠯᠤ᠎ᠪᠠᠷ ᠤᠰᠤ ᠠᠪᠴᠤ᠌ ᠬᠦᠨᠳᠤᠷᠴᠢᠭᠡᠪᠡ᠃ ᠲᠡᠭᠡᠳᠡᠯ᠎ᠡ ᠤᠰᠤ ᠠᠪᠬᠤ᠎ᠪᠠᠷ ᠭᠠᠷᠴᠦ᠍ ᠢᠷᠡᠭ᠌ᠰᠡᠨ ᠪᠠᠷᠢᠭᠠᠳᠠ᠎ᠶ᠋ᠢᠨ ᠪᠢᠴᠢᠭᠡᠴᠢ ᠮᠠᠨᠳᠤᠯ᠎ᠠ ᠠᠪᠠᠭ᠎ᠠ ᠮᠠᠨᠤᠰ᠎ᠢ ᠤᠯᠤᠭᠠᠳ ᠬᠠᠷᠠᠴᠢᠬᠠᠵᠦ᠍᠄ 《ᠭᠦᠶᠦᠵᠦ᠍ ᠭᠦᠶᠦᠭᠡᠳ ᠬᠦᠯᠦᠰᠦ ᠭᠠᠷᠴᠢᠬᠠᠬ᠍ᠰᠠᠨ ᠪᠠᠢᠭᠠᠳ ᠬᠦᠢᠳᠡᠨ ᠤᠰᠤ ᠤᠤᠭᠤᠳᠠᠭ ᠶᠠᠮᠠᠷ ᠬᠠᠰᠢ᠎ᠶ᠋ᠢᠨ ᠬᠡᠤᠭᠡᠳ ᠶᠤᠮ? ᠬᠡᠳᠡᠰᠦ ᠴᠢᠨᠢ ᠮᠤᠰᠭᠢᠷᠠᠵᠦ᠍ ᠴᠠᠩᠬ᠎ᠠ ᠲᠤᠬ᠍ᠳᠠᠨ᠎ᠠ》 ᠭᠡᠳ ᠮᠠᠨᠤᠰ᠎ᠢ ᠭᠠᠳᠠᠬ᠍ᠰᠢ ᠲᠦᠯᠬᠢᠨ ᠬᠦᠭᠡᠭᠡᠪᠡ᠃

ᠭᠡᠤᠭᠡᠳ ᠬᠢᠷᠢ ᠨᠢ ᠬᠦᠮᠦᠨ᠎ᠳᠤ ᠭᠠᠭ᠍ᠠᠢ ᠨᠤᠬᠠᠢ ᠱᠢᠭ᠋ ᠬᠦᠭᠡᠭᠡᠭ᠌ᠳᠡᠬᠦ᠌᠎ᠳᠤ ᠶᠠᠭ ᠲᠤᠷ᠎ᠠ ᠦᠭᠡᠢ᠃ ᠤᠷᠪᠠᠵᠦ᠍ ᠬᠠᠷᠠᠭᠠᠳ ᠲᠡᠯᠭᠡᠷᠡᠬᠦ᠌᠎ᠶ᠋ᠢ ᠬᠠᠷᠠᠬ᠍ᠰᠠᠨ ᠴᠢᠨᠢ ᠤᠯᠠᠭ᠎ᠠ ᠪᠤᠲᠠᠷᠠᠬ᠍ᠰᠠᠨ ᠬᠠᠴᠠᠷ᠎ᠨᠢ ᠶᠠᠭᠠᠷᠠᠭᠠᠳ ᠬᠠᠮᠠᠷ᠎ᠤᠨ ᠦᠵᠦᠬᠦᠷ ᠲᠡᠭᠡᠷ᠎ᠡ᠎ᠨᠢ ᠬᠦᠯᠦᠰᠦᠨ ᠲᠤᠰᠤᠯ ᠪᠤᠷᠵᠠᠢᠭᠠᠳ ᠬᠦᠭᠡᠷᠦᠬᠦᠨ ᠭᠡᠳᠡᠭ᠎ᠨᠢ ᠠᠷᠭ᠎ᠠ ᠦᠭᠡᠢ᠃ ᠲᠡᠭᠡᠭᠡᠳ ᠪᠢᠴᠢᠭᠡᠴᠢ᠎ᠲᠠᠢ ᠵᠦᠷᠢᠬᠦᠳᠯᠡᠵᠦ᠍᠄ 《ᠬᠦᠢᠳᠡᠨ ᠤᠰᠤ ᠤᠤᠭᠤᠯᠭᠠᠬᠤ ᠦᠭᠡᠢ ᠪᠤᠯ ᠪᠢᠳᠡᠨ᠎ᠳᠤ ᠬᠠᠯᠠᠭᠤᠨ ᠤᠰᠤ ᠬᠦᠷᠦᠭᠡᠵᠦ᠍ ᠦᠭ ᠳ᠋ᠠ》 ᠭᠡᠯ᠎ᠡ᠃

《ᠬᠦᠶᠢ᠂ ᠦ᠊ ᠪᠠᠭ᠍ᠰᠢ᠎ᠶ᠋ᠢᠨ ᠬᠦᠤ ᠦᠨᠡᠬᠡᠷ ᠤᠮᠤᠭ᠎ᠲᠠᠢ ᠪᠠᠢᠨ᠎ᠠ ᠳ᠋ᠠ᠂ ᠴᠢᠮ᠎ᠠ ᠮᠠᠭᠤ ᠲᠤᠷᠠᠰᠭ᠎ᠠ ᠱᠢᠭ᠋ ᠠᠮᠢᠳᠠᠨ ᠨᠢᠰᠦᠨ᠎ᠳᠠᠭᠠᠨ ᠵᠦᠪ ᠦᠭᠡᠢ ᠪᠠᠢᠭᠠᠳ ᠬᠦᠮᠦᠨ᠎ᠤ ᠦᠬᠢᠳ᠎ᠤᠨ ᠡᠮᠦᠨ᠎ᠡ ᠴᠢᠳᠠᠯ᠎ᠲᠠᠢ ᠪᠤᠯᠤᠨ ᠤᠪᠵᠢᠭᠠᠯᠠᠬᠤ ᠭᠡᠭ᠌ᠴᠢ᠎ᠨᠢ》 ᠭᠡᠳ ᠴᠢᠬᠢᠨ᠎ᠠᠴᠠ ᠴᠢᠮᠬᠢᠨ ᠴᠢᠷᠴᠤ᠌ ᠬᠠᠵᠠᠭᠤ᠎ᠶ᠋ᠢᠨ ᠦᠷᠦᠭᠡᠨ᠎ᠳᠤ ᠠᠪᠤᠭᠠᠳ ᠤᠷᠤᠪᠠ᠃ ᠲᠡᠯᠭᠡᠷᠡᠬᠦ᠌ ᠪᠠᠢᠳᠠᠭ ᠡᠷᠪᠡᠭᠡᠢ᠎ᠪᠠᠨ ᠦᠬᠢᠨ ᠲᠡᠬᠦᠤ᠎ᠳᠡᠭᠡᠨ ᠦᠭ᠌ᠴᠦ ᠮᠢᠨᠤ ᠬᠤᠷᠮᠤᠢ᠎ᠠᠴᠠ ᠴᠢᠷᠦᠭ᠌ᠳᠡᠨ ᠲᠠᠭᠠᠯᠴᠠᠪᠠ᠃

《ᠴᠢ ᠠᠪᠤ᠎ᠶ᠋ᠢᠨ᠎ᠢᠶᠠᠨ ᠱᠢᠬ ᠭᠡᠳᠡᠰᠦᠨ᠎ᠳᠡᠭᠡᠨ ᠭᠤᠷᠪᠠᠨ ᠱᠧᠩ ᠪᠡᠭᠡ᠎ᠲᠠᠢ ᠪᠤᠯᠤᠭᠠᠳ ᠠᠭᠠᠰᠢ ᠭᠠᠷᠬᠤ᠎ᠳᠤ ᠶᠠᠭᠠᠬᠢᠳᠠᠭ ᠪᠢᠯᠡ ᠳ᠋ᠧ᠂ ᠬᠤᠯᠤᠰᠤ ᠠᠳᠠᠯᠢ ᠬᠤᠩᠬᠢᠯᠳᠠᠭ᠎ᠢᠶᠠᠨ ᠮᠡᠳᠡᠬᠦ᠌ ᠦᠭᠡᠢ ᠪᠠᠢᠵᠦ᠍᠂ ᠮᠠᠭᠤ ᠠᠭᠠᠰᠢ᠎ᠨᠢ ᠪᠠᠭ᠎ᠠ ᠦᠭᠡᠢ》 ᠭᠡᠳ ᠨᠠᠮ᠎ᠠ᠎ᠶ᠋ᠢ ᠱᠢᠷᠡᠭᠡᠨ ᠲᠤᠤᠭᠤᠷ ᠴᠢᠬᠢᠵᠦ᠍ ᠤᠷᠤᠭᠤᠯᠤᠭᠠᠳ ᠡᠪᠦᠳᠦᠭ᠎ᠢᠶᠠᠷ᠎ᠢᠶᠠᠨ ᠬᠠᠱᠢᠵᠦ᠍ ᠰᠠᠭᠤᠪᠠ᠃ ᠭᠡᠳᠦᠢ ᠲᠡᠯᠴᠢᠯᠡᠭᠡᠳ ᠬᠠᠪᠬ᠎ᠠ ᠱᠢᠭ᠋ ᠲᠡᠷᠡ ᠵᠢᠬ᠍ᠰᠠᠭᠠᠯ᠎ᠠᠴᠠ ᠠᠷᠠᠢ ᠭᠠᠷᠴᠦ᠍ ᠲᠡᠢᠯᠬᠦ᠌ ᠦᠭᠡᠢ᠎ᠪᠠᠨ ᠮᠡᠳᠡᠪᠡ᠃

《ᠲᠠ ᠨᠠᠮ᠎ᠠ᠎ᠶ᠋ᠢ ᠲᠠᠯᠪᠢ ᠂ ᠦᠭᠡᠢ ᠪᠤᠯ ᠪᠢ ᠴᠢᠮ᠎ᠠ᠎ᠶ᠋ᠢ ᠠᠪᠤ᠎ᠳᠤ ᠵᠠᠭᠠᠯᠳᠤᠨ᠎ᠠ》 ᠭᠡᠵᠦ᠍ ᠪᠢ ᠪᠢᠴᠢᠭᠡᠴᠢ᠎ᠶ᠋ᠢᠨ ᠥᠭᠡᠳᠠ᠎ᠠᠴᠠ ᠨᠤᠴᠤᠯᠳᠤᠪᠠ᠃ ᠡᠨᠡ ᠪᠢᠴᠢᠭᠡᠴᠢ ᠪᠤᠯ ᠠᠪᠤ᠎ᠶ᠋ᠢᠨ ᠰᠤᠷᠤᠬ᠍ᠴᠢ᠎ᠨᠢ ᠪᠤᠯᠬᠤ ᠶᠤᠮ᠃ ᠠᠩᠬ᠎ᠠ ᠲᠤᠮᠳᠠᠳᠤ᠎ᠪᠠᠨ ᠲᠡᠭᠦᠰᠦᠭᠡᠳ ᠴᠢᠨᠠᠬ᠍ᠰᠢ᠎ᠨᠢ ᠪᠢᠴᠢᠭ ᠦᠵᠡᠭ᠌ᠰᠡᠨ ᠦᠭᠡᠢ᠂ ᠠᠢᠯ᠎ᠤᠨ ᠰᠤᠷᠭᠠᠭᠤᠯᠢ᠎ᠶ᠋ᠢᠨ ᠰᠤᠷᠬᠤ᠎ᠠᠴᠠ ᠡᠮᠦᠨᠡᠬᠢ ᠬᠡᠤᠭᠡᠳ᠎ᠤᠨ ᠠᠩᠬᠢ᠎ᠳᠤ ᠠᠷᠠᠪ ᠲᠤᠭ᠎ᠠ ᠠᠷᠪᠠᠨ ᠬᠤᠶᠠᠷ ᠲᠤᠯᠤᠭᠠᠢ ᠵᠢᠭᠠᠵᠦ᠍ ᠪᠠᠢᠬ᠍ᠰᠠᠨ᠎ᠢᠶᠠᠨ ᠰᠤᠷᠭᠠᠭᠤᠯᠢ᠎ᠳᠤ ᠱᠢᠨ᠎ᠡ ᠪᠠᠭ᠍ᠰᠢ ᠢᠷᠡᠭ᠌ᠰᠡᠨ᠎ᠢᠶᠠᠷ ᠠᠳᠡ ᠴᠦᠯᠡᠭ᠌ᠳᠡᠵᠦ᠍ ᠨᠠᠷᠢᠨ ᠪᠢᠴᠢᠭᠡᠴᠢ᠎ᠶ᠋ᠢᠨ ᠠᠵᠢᠯ᠎ᠳᠤ ᠤᠷᠤᠬ᠍ᠰᠠᠨ ᠠᠵᠠᠢ᠃ ᠲᠡᠬᠦᠨ᠎ᠤ ᠮᠢᠨᠤ ᠠᠪᠤ᠎ᠶ᠋ᠢ ᠬᠡᠯᠡᠵᠦ᠍ ᠪᠠᠢᠭ᠎ᠠ ᠭᠡᠳᠡᠰᠦᠨ ᠲᠤᠳᠤᠷ᠎ᠠ᠎ᠪᠠᠨ ᠪᠡᠭᠡ᠎ᠲᠠᠢ ᠭᠡᠳᠡᠭ᠎ᠨᠢ ᠪᠤᠰᠤᠳ ᠦᠳᠡᠬᠦᠰ ᠨᠠᠰᠤᠳᠠᠳ᠎ᠤᠨ ᠬᠡᠯᠡᠳᠡᠭ᠎ᠲᠠᠢ ᠠᠳᠠᠯᠢ ᠪᠤᠰᠤ᠎ᠶ᠋ᠢᠨ ᠰᠠᠨᠠᠭ᠎ᠠ᠎ᠲᠠᠢ ᠭᠡᠳᠡᠭ᠎ᠢ ᠪᠢ ᠰᠡᠷᠡᠬᠦ᠌ ᠤᠬᠠᠭᠠᠨ ᠪᠠᠢᠬ᠍ᠰᠠᠨ ᠦᠭᠡᠢ᠃

ᠮᠢᠨᠤ ᠠᠪᠤ ᠪᠤᠯ ᠭᠠᠴᠠᠭᠠᠨ᠎ᠤ ᠰᠤᠷᠭᠠᠭᠤᠯᠢ ᠎ᠶ᠋ᠢᠨ ᠎ᠢᠶᠠᠨ ᠵᠠᠬᠢᠷᠤᠯ ᠶᠤᠮ᠃ ᠬᠤᠷᠢᠭᠠᠳ ᠪᠠᠭ᠍ᠰᠢ᠂ ᠬᠤᠶᠠᠷ ᠵᠠᠭᠤᠭᠠᠳ ᠰᠤᠷᠤᠬ᠍ᠴᠢ᠎ᠲᠠᠢ ᠪᠠᠢᠬ᠍ᠰᠠᠨ᠎ᠢᠶᠠᠷ ᠪᠤᠵᠠᠭᠠᠢ ᠰᠤᠷᠭᠠᠭᠤᠯᠢ᠎ᠳᠠᠭᠠᠨ ᠤᠷᠤᠴᠢᠬᠠᠨ᠎ᠠ᠃ ᠵᠢᠯ ᠪᠦᠷᠢ ᠱᠢᠨᠡᠯᠡᠬᠦ᠌ ᠴᠠᠭᠠᠯᠠᠬᠤ ᠤᠢᠷᠠᠳᠤᠬ᠍ᠰᠠᠭᠠᠷ ᠮᠢᠨᠤ ᠠᠪᠤ ᠬᠠᠨᠵᠦᠨ ᠭᠤᠤᠯ᠎ᠳᠠᠭᠠᠨ ᠲᠦᠷᠪᠡᠯᠵᠢᠨ ᠱᠢᠷᠡᠭᠡ᠎ᠪᠠᠨ ᠲᠠᠯᠪᠢᠵᠦ᠍᠂ ᠪᠡᠭᠡ ᠵᠢᠭᠤᠷᠠᠭᠤᠯ ᠪᠡᠯᠡᠳᠭᠡᠨ ᠡᠷᠢᠵᠦ᠍ ᠭᠤᠶᠤᠬᠤ᠎ᠪᠠᠷ ᠢᠷᠡᠭ᠌ᠰᠡᠨ ᠪᠦᠬᠦᠨ᠎ᠳᠤ ᠬᠤᠤᠰ ᠤᠶᠠᠩᠭ᠎ᠠ ᠪᠢᠴᠢᠵᠦ᠍ ᠦᠭ᠌ᠳᠡᠭ ᠪᠠᠢᠪᠠ᠃ ᠬᠤᠤᠰ ᠤᠶᠠᠩᠭ᠎ᠠ᠎ᠪᠠᠨ ᠪᠢᠴᠢᠬᠦᠯᠵᠦ᠍ ᠪᠠᠷᠠᠬ᠍ᠰᠠᠨ ᠬᠦᠮᠦᠰ ᠪᠤᠴᠠᠬᠤ᠎ᠳᠠᠭᠠᠨ ᠠᠪᠤ᠎ᠶ᠋ᠢᠨ ᠦᠰᠦᠨ ᠪᠢᠷ᠎ᠢᠶᠠᠷ ᠪᠢᠴᠢᠭ᠌ᠰᠡᠨ ᠦᠰᠦᠭ᠎ᠤᠳ᠎ᠢ ᠮᠠᠬ᠍ᠳᠠᠵᠦ᠍᠄ 《ᠬᠡᠳᠦᠢ ᠴᠤ᠌ ᠰᠠᠢᠬᠠᠨ ᠪᠢᠴᠢᠭᠡᠳ ᠲᠡᠭᠡᠭ᠌ᠰᠡᠨ ᠪᠤᠢ᠂ ᠡᠨᠡ ᠦᠰᠦᠭ᠎ᠤᠳ ᠴᠢᠨᠢ ᠨᠢᠭᠡ ᠨᠢᠭᠡᠨ᠎ᠤ᠎ᠪᠠᠨ ᠬᠤᠢᠨ᠎ᠠ᠎ᠠᠴᠠ ᠬᠡᠯᠬᠢᠶᠡᠷᠡᠯᠳᠦᠭᠡᠳ ᠲᠠᠪᠤᠰᠤᠨ ᠠᠶᠠᠨ᠎ᠤ ᠬᠠᠰᠠᠭ ᠲᠡᠷᠭᠡ ᠱᠢᠭ ᠵᠢᠭ᠌ᠳᠡ ᠴᠤᠪᠤᠷᠠᠭᠠᠳ᠂ ᠲᠤᠳᠤᠷ᠎ᠠ᠎ᠪᠠᠨ ᠪᠡᠭᠡ᠎ᠲᠠᠢ ᠬᠦᠮᠦᠨ ᠴᠢᠨᠢ ᠶᠤᠰᠤᠲᠠᠢ ᠡᠷᠳᠡᠮ᠎ᠲᠠᠢ ᠬᠦᠮᠦᠨ᠎ᠳᠡᠭᠡᠨ ᠲᠤᠭᠠᠴᠠᠬ᠍ᠳᠠᠨ᠎ᠠ》 ᠭᠡᠵᠡᠭᠡᠳᠡᠭ᠃ ᠠᠪᠤ ᠬᠤᠤᠰ ᠤᠶᠠᠩᠭ᠎ᠠ ᠎ᠪᠠᠨ ᠦᠭ᠌ᠬᠦ᠎ᠳᠡᠭᠡᠨ ᠤᠯᠠᠩᠬᠢ᠎ᠳᠠᠭᠠᠨ ᠨᠢᠭᠡ ᠨᠢᠭᠡ᠎ᠪᠠᠷ ᠤᠩᠱᠢᠵᠦ᠍ ᠦᠭ᠌ᠳᠡᠭ ᠪᠠ ᠠᠯᠢ᠎ᠶ᠋ᠢ᠎ᠨᠢ ᠭᠤᠤᠯ ᠡᠬᠦᠳᠡᠨ᠎ᠳᠤ ᠨᠠᠭᠠᠬᠤ᠂ ᠠᠯᠢ᠎ᠶ᠋ᠢ᠎ᠨᠢ ᠬᠠᠰᠢ᠎ᠶ᠋ᠢᠨ ᠭᠡᠷ᠎ᠲᠡᠭᠡᠨ ᠨᠠᠭᠠᠬᠤ᠂ ᠤᠬ᠍ᠳᠤᠷ ᠤᠬ᠍ᠳᠤᠷ᠎ᠢ᠎ᠨᠢ ᠲᠡᠷᠭᠡ ᠬᠦᠰᠭᠡ᠂ ᠤᠰᠤᠨ ᠭᠠᠩ᠂ ᠬᠤᠨᠢ ᠮᠠᠯ᠎ᠤᠨ ᠬᠠᠱᠢᠶ᠎ᠠ᠂ ᠭᠠᠭ᠍ᠠᠢ᠎ᠶ᠋ᠢᠨ ᠡᠬᠦᠷ ᠵᠡᠷᠭᠡ᠎ᠳᠤ ᠨᠠᠭᠠᠬᠤ᠎ᠶ᠋ᠢ ᠨᠢᠭᠡ ᠨᠢᠭᠡ᠎ᠪᠠᠷ ᠬᠡᠯᠡᠵᠦ᠍ ᠦᠭ᠌ᠬᠦᠨ᠂ ᠶᠡᠭᠡ ᠲᠦᠯᠦᠪ ᠴᠡᠭᠡᠵᠢᠯᠡᠬᠦᠯᠵᠦ᠍ ᠶᠠᠪᠤᠭᠤᠯᠳᠠᠭ᠃ ᠬᠡᠯᠡᠵᠦ᠍ ᠦᠭ᠌ᠴᠦ ᠪᠠᠢᠬᠤ᠎ᠳᠤ ᠴᠢᠨᠢ ᠪᠤᠯᠬᠤ ᠦᠭᠡᠢ ᠪᠤᠷᠤᠭᠤ ᠵᠦᠷᠢᠬᠦᠤ ᠭᠠᠷᠤᠭᠠᠳ᠂ ᠡᠬᠦᠳᠡᠨ ᠲᠡᠭᠡᠷ᠎ᠡ ᠵᠢᠱᠢᠬᠦᠯᠡᠨ ᠨᠠᠭᠠᠳᠠᠭ 《ᠲᠡᠷᠢᠬᠦᠨ ᠡᠷᠭᠦᠪᠡᠯ ᠲᠡᠭ᠌ᠰᠢ ᠪᠠᠶᠠᠷ》 ᠭᠡᠳᠡᠭ᠎ᠤᠨ ᠤᠷᠤᠨ᠎ᠳᠤ 《ᠡᠬᠦᠷ ᠲᠦᠬᠦᠷᠡᠩ ᠲᠠᠷᠭᠤᠨ ᠭᠠᠭ᠍ᠠᠢ》 ᠭᠡᠳ ᠨᠠᠭᠠᠴᠢᠬᠠᠬᠤ ᠴᠤ᠌ ᠭᠠᠷᠳᠠᠭ᠃ ᠢᠯᠡᠩᠭᠤᠶ᠎ᠠ ᠬᠡᠤᠭᠡᠳ᠎ᠨᠢ ᠬᠤᠯᠠ ᠰᠤᠷᠤᠯᠴᠠᠬᠤ᠎ᠪᠠᠷ ᠶᠠᠪᠤᠬ᠍ᠰᠠᠨ ᠪᠤᠶᠤ ᠴᠡᠷᠢᠭ᠎ᠲᠤ ᠮᠤᠷᠳᠠᠬ᠍ᠰᠠᠨ ᠭᠡᠷ ᠪᠦᠯᠢ᠂ ᠡᠰᠡᠬᠦᠯ᠎ᠡ ᠠᠯᠢ ᠨᠢᠭᠡᠨ ᠰᠠᠳᠤᠨ ᠲᠦᠷᠦᠯ᠎ᠠᠴᠠ᠎ᠨᠢ ᠵᠠᠬᠢᠳᠠᠯ ᠢᠷᠡᠭ᠌ᠰᠡᠭᠡᠷ ᠭᠡᠷ᠎ᠤᠨ ᠡᠵᠡᠨ᠎ᠨᠢ ᠦᠪᠡᠷ᠎ᠤᠨ ᠪᠡᠶ᠎ᠡ᠎ᠪᠠᠷ᠎ᠢᠶᠠᠨ ᠠᠪᠤ᠎ᠶ᠋ᠢ ᠡᠷᠢᠨ ᠢᠷᠡᠵᠦ᠍ 《ᠪᠢᠴᠢᠭ ᠲᠠᠭᠤᠳᠠᠭᠤᠯᠬᠤ》 ᠭᠡᠮᠡᠨ ᠭᠡᠷ᠎ᠲᠡᠭᠡᠨ ᠵᠠᠯᠠᠭᠠᠳ ᠴᠠᠢ ᠤᠰᠤ ᠤᠢᠷᠠᠳᠤᠭᠤᠯᠤᠨ ᠶᠠᠭᠠᠷᠠᠳᠠᠭ ᠪᠢᠯᠡ᠃ ᠴᠡᠭᠡᠵᠢᠯᠡᠵᠦ᠍ ᠪᠠᠢᠬᠤ᠎ᠪᠠᠷ ᠵᠠᠩ ᠠᠭᠤᠯᠠ ᠭᠡᠳᠡᠭ ᠠᠪᠤᠭᠠᠢ ᠴᠡᠷᠢᠭ᠎ᠲᠤ ᠪᠠᠢᠬᠤ᠎ᠳᠤᠨᠢ ᠭᠡᠷ᠎ᠤᠨ ᠬᠦᠮᠦᠰ᠎ᠨᠢ ᠬᠤᠢᠳᠤ ᠠᠢᠯ᠎ᠠᠴᠠ ᠪᠡᠷᠢ ᠬᠡᠯᠡᠯᠴᠡᠵᠦ᠍ ᠦᠭ᠌ᠭᠦᠭᠡᠳ ᠬᠦᠤ᠎ᠠᠴᠠ᠎ᠪᠠᠨ ᠰᠠᠨᠠᠯ ᠠᠰᠠᠭᠤᠵᠠᠢ᠃ ᠶᠠᠷᠢᠶᠠᠨ ᠦᠭᠡᠢ ᠠᠰᠠᠭᠤᠬ᠍ᠰᠠᠨ ᠲᠡᠷᠡ ᠬᠦ᠌ ᠵᠠᠬᠢᠳᠠᠯ᠎ᠨᠢ ᠴᠤ᠌ ᠮᠢᠨᠤ ᠠᠪᠤ᠎ᠶ᠋ᠢᠨ ᠪᠢᠴᠢᠵᠦ᠍ ᠦᠭ᠌ᠭᠦᠭ᠌ᠰᠡᠨ ᠵᠠᠬᠢᠳᠠᠯ ᠪᠠᠢᠬ᠍ᠰᠠᠨ᠃ ᠬᠦᠤ᠎ᠨᠢ ᠬᠠᠷᠢᠭᠤ ᠵᠠᠬᠢᠳᠠᠯ᠎ᠳᠠᠭᠠᠨ᠄ 《᠁ ᠠᠪᠤ ᠲᠤᠷᠠᠲᠠᠢ ᠪᠤᠯ ᠪᠢ ᠲᠤᠷᠠᠲᠠᠢ ᠁ ᠡᠵᠢ ᠲᠤᠷᠠᠲᠠᠢ ᠪᠤᠯ ᠪᠢ ᠲᠤᠷᠠᠲᠠᠢ ᠁ ᠨᠠᠭᠠᠴᠤ᠌ ᠠᠪᠤ ᠨᠠᠷ ᠲᠤᠷᠠᠲᠠᠢ ᠪᠤᠯ ᠪᠢ ᠲᠤᠷᠠᠲᠠᠢ ᠁ ᠠᠪᠠᠭ᠎ᠠ ᠨᠠᠷ ᠰᠠᠨᠠᠯ ᠦᠭᠡᠢ ᠪᠤᠯ ᠪᠢ ᠲᠤᠷᠠᠲᠠᠢ ᠁ ᠦᠬᠢᠨ ᠲᠡᠬᠦᠤ ᠨᠡᠷ ᠰᠠᠨᠠᠯ ᠦᠭᠡᠢ ᠪᠤᠯ ᠪᠢ ᠲᠤᠷᠠᠲᠠᠢ ᠁》 ᠭᠡᠳ ᠭᠠᠭ᠍ᠴᠠᠬᠠᠨ ᠬᠠᠭᠤᠳᠠᠰᠤ ᠵᠠᠬᠢᠳᠠᠯ᠎ᠳᠠᠭᠠᠨ ᠭᠤᠴᠢ ᠲᠦᠴᠢᠨ ᠲᠤᠷᠠᠲᠠᠢ ᠪᠢᠴᠢᠭᠡᠳ ᠢᠷᠡᠬᠦᠯᠦᠭ᠌ᠰᠡᠨ᠎ᠢ ᠲᠠᠭᠤᠳᠠᠵᠦ᠍ ᠦᠭ᠌ᠴᠦ ᠪᠠᠢᠬᠤ᠎ᠳᠤᠨᠢ ᠪᠢ ᠰᠤᠨᠤᠰᠴᠦ᠍ ᠪᠠᠢᠬ᠍ᠰᠠᠨ ᠶᠤᠮᠳᠠᠭ᠃ ᠰᠤᠨᠤᠰᠴᠦ᠍ ᠪᠠᠢᠬ᠍ᠰᠠᠨ ᠬᠦᠮᠦᠰ ᠪᠦᠬᠦᠳᠡᠭᠡᠷ ᠢᠨᠢᠶᠡᠯᠴᠡᠵᠦ᠍᠂ ᠭᠡᠷ᠎ᠤᠨ ᠡᠵᠡᠨ ᠮᠤᠳᠤᠴᠢᠨ ᠠᠪᠤ ᠬᠦᠬᠦᠷᠡᠭᠡᠳ᠄ 《ᠡᠨᠡ ᠬᠦᠤ ᠴᠤ᠌ ᠬᠦᠮᠦᠨ᠎ᠤ ᠦᠬᠢᠨ᠎ᠤ ᠪᠤᠳᠤᠬ᠍ᠳᠠᠢ ᠵᠢᠷᠤᠭ᠎ᠢ᠎ᠨᠢ ᠦᠵᠡᠭᠡᠳ ᠲᠤᠭᠤᠴᠢᠬᠠᠬ᠍ᠰᠠᠨ ᠶᠤᠮ ᠪᠠᠢᠨ᠎ᠠ᠂ ᠡᠨᠡ ᠴᠢᠨᠢ ᠶᠠᠭᠤ ᠶᠠᠭᠤ ᠪᠢᠴᠢᠵᠦ᠍ ᠪᠠᠢᠬᠤ ᠶᠤᠮ ᠪᠤᠢ? ᠭᠤᠷᠪᠠᠨ ᠦᠭᠡ ᠬᠡᠯᠡᠬᠦ᠌ ᠦᠭᠡᠢ ᠨᠢᠭᠡ ᠲᠤᠷᠠᠲᠠᠢ ᠭᠡᠳ》 ᠭᠡᠰᠡᠨ᠎ᠢᠶᠠᠨ 《ᠵᠠᠬᠢᠳᠠᠯ ᠪᠢᠴᠢᠪᠡᠯ ᠬᠠᠱᠢᠯᠠ ᠦ᠋ ᠱᠢᠶᠠᠨᠱᠧᠩ᠎ᠳᠤ ᠬᠦᠷᠬᠦ᠌ ᠬᠦᠮᠦᠨ ᠠᠯᠠᠭ᠎ᠠ᠂ ᠦ᠊ ᠪᠠᠭ᠍ᠰᠢ ᠨᠡᠭᠡᠷᠡᠨ ᠲᠤᠳᠤᠷ᠎ᠠ᠎ᠪᠠᠨ ᠪᠡᠭᠡ᠎ᠲᠠᠢ ᠬᠦᠮᠦᠨ ᠶᠤᠮ ᠡ》 ᠭᠡᠰᠡᠨ ᠪᠠᠢᠯ᠎ᠠ᠃ ᠪᠢ ᠲᠡᠷᠡ ᠦᠶ᠎ᠡ᠎ᠳᠤᠨᠢ ᠲᠠᠷᠤᠢ ᠮᠢᠨᠤ ᠠᠪᠤ ᠠᠯᠢ ᠵᠠᠪ᠎ᠲᠤᠨᠢ ᠲᠡᠳᠦᠢ ᠤᠯᠠᠨ ᠪᠡᠭᠡ ᠤᠤᠭᠤᠭᠠᠳ ᠡᠢᠮᠤ ᠶᠡᠭᠡ ᠡᠷᠳᠡᠮᠲᠠᠢ ᠪᠤᠯᠵᠦ᠍ ᠠᠮᠵᠢᠬ᠍ᠰᠠᠨ ᠪᠤᠢ? ᠭᠡᠵᠦ᠍ ᠪᠤᠳᠤᠳᠠᠭ ᠪᠠᠢᠪᠠ᠃

ᠲᠡᠯᠴᠢᠯᠡᠭᠡᠳ ᠭᠠᠷᠴᠦ᠍ ᠲᠡᠢᠯᠬᠦ᠌ ᠦᠭᠡᠢ ᠪᠠᠢᠬᠤ᠎ᠳᠤᠨᠢ ᠪᠠᠷᠢᠭᠠᠳᠠ᠎ᠶ᠋ᠢᠨ ᠨᠢᠷᠪᠠ᠂ ᠵᠠᠯᠠᠭᠤᠬᠠᠨ ᠲᠡᠷᠭᠡᠴᠢᠨ᠂ ᠠᠬ᠍ᠳᠠᠴᠢ ᠠᠪᠤ ᠁ ᠭᠡᠬᠦᠴᠢᠯᠡᠨ ᠪᠠᠰᠠ ᠬᠡᠳᠦᠨ ᠬᠦᠮᠦᠨ ᠤᠷᠤᠭᠠᠳ ᠢᠷᠡᠯ᠎ᠡ᠃ ᠨᠠᠷᠢᠨ ᠪᠢᠴᠢᠭᠡᠴᠢ ᠨᠠᠮ᠎ᠠ᠎ᠪᠠᠷ ᠨᠠᠭᠠᠳᠴᠦ᠍ ᠪᠠᠢᠬᠤ᠎ᠶ᠋ᠢ ᠬᠠᠷᠠᠬ᠍ᠰᠠᠨ ᠪᠦᠬᠦᠳᠡ ᠬᠤᠪᠢ ᠤᠷᠤᠯᠴᠠᠵᠦ᠍᠄ 《ᠦᠮᠦᠳᠦ᠍᠎ᠶ᠋ᠢ᠎ᠨᠢ ᠲᠠᠢᠯ᠂ ᠪᠦᠭᠡᠷ᠎ᠡ᠎ᠶ᠋ᠢ᠎ᠨᠢ ᠤᠬ᠍ᠳᠤᠯᠵᠦ᠍ ᠬᠠᠭᠤᠷᠴᠦ᠍ ᠢᠳᠡᠶ᠎ᠡ》 《ᠤᠰᠤ ᠤᠤᠭᠤᠬᠤ ᠭᠡᠨ᠎ᠡ? ᠠᠷᠢᠬᠢ ᠴᠢᠳᠭᠤᠭᠠᠳ ᠤᠷᠬᠢᠶ᠎ᠠ》 ᠭᠡᠯᠴᠡᠨ ᠨᠠᠮ᠎ᠠ᠎ᠶ᠋ᠢ ᠬᠢᠷᠤᠬ᠍ᠰᠠᠨ ᠲᠠᠤᠯᠠᠢ᠎ᠶ᠋ᠢ ᠪᠠᠷᠢᠬ᠍ᠰᠠᠨ ᠮᠡᠳᠦ ᠪᠤᠯᠭᠠᠵᠦ᠍ ᠠᠪᠤᠪᠠ᠃ ᠭᠡᠷᠪᠡ ᠲᠡᠯᠭᠡᠷᠡᠬᠦ᠌᠎ᠶ᠋ᠢᠨ ᠡᠮᠦᠨ᠎ᠡ ᠦᠮᠦᠳᠦ᠍᠎ᠶ᠋ᠢ ᠮᠢᠨᠢ ᠱᠢᠪᠳᠦᠯᠵᠦ᠍ ᠨᠢᠭᠤᠷ᠎ᠢ ᠮᠢᠨᠢ ᠪᠠᠷᠠᠬᠤ᠎ᠳᠤ ᠬᠦᠷᠪᠡᠯ ᠦᠬᠦᠴᠢᠭᠡᠬᠦ᠌᠎ᠶ᠋ᠢ ᠴᠤ᠌ ᠬᠦᠷᠬᠦ᠌ ᠦᠭᠡᠢ ᠭᠡᠵᠦ᠍ ᠲᠠᠰᠤ ᠪᠤᠳᠤᠵᠦ᠍ ᠠᠮᠵᠢᠵᠠᠢ᠃

《ᠤᠰᠤ ᠪᠤᠴᠠᠯᠤᠭ᠎ᠠ ᠦᠭᠡᠢ ᠪᠠᠢᠨ᠎ᠠ᠂ ᠦᠭᠡᠷ᠎ᠡ ᠶᠠᠭᠤ ᠤᠤᠭᠤᠬᠤ ᠶᠤᠮ? ᠬᠡᠯᠡ》 ᠭᠡᠵᠦ᠍ ᠪᠢᠴᠢᠭᠡᠴᠢ ᠬᠦᠴᠦᠨ ᠰᠦᠷ ᠨᠡᠮᠡᠭ᠌ᠳᠡᠨ ᠠᠬ᠍ᠰᠤᠷᠪᠠ᠃

《ᠶᠠᠭᠤ ᠴᠤ᠌ ᠤᠤᠭᠤᠬᠤ ᠦᠭᠡᠢ》 ᠭᠡᠵᠦ᠍ ᠬᠠᠰᠭᠢᠷᠦᠨ ᠭᠡᠯᠡᠵᠦ᠍ ᠪᠠᠢᠪᠠᠴᠦ᠍ ᠤᠬᠢᠯᠠᠩᠬᠠᠢ ᠲᠠᠭᠤ ᠭᠠᠷᠤᠬ᠍ᠰᠠᠨ ᠪᠠᠢᠯ᠎ᠠ᠃

《ᠤᠤᠭᠤᠨ᠎ᠠ ᠱᠢᠤ᠂ ᠶᠠᠭᠠᠬᠢᠶ᠎ᠠ ᠨᠢᠭᠡ ᠶᠠᠭᠤᠮ᠎ᠠ ᠤᠤᠭᠤᠨ᠎ᠠ ᠳ᠋ᠠ》 ᠭᠡᠰᠡᠨ᠎ᠢᠶᠠᠨ ᠨᠢᠷᠪᠠ ᠭᠤᠸᠠᠢ ᠴᠤᠩᠬᠤᠨ ᠲᠠᠢᠵᠠᠨ ᠲᠡᠭᠡᠷ᠎ᠡ ᠪᠠᠢᠬ᠍ᠰᠠᠨ ᠬᠠᠭᠠᠰ ᠯᠤᠩᠬᠤ ᠪᠡᠭᠡ᠎ᠶ᠋ᠢ ᠠᠪᠴᠢᠷᠠᠨ ᠱᠢᠷᠡᠭᠡᠨ ᠲᠡᠭᠡᠷ᠎ᠡ ᠲᠠᠯᠪᠢᠪᠠ᠃

《ᠱᠢᠭᠡᠰᠦ᠎ᠲᠠᠢ ᠪᠤᠯ ᠡᠭᠦᠨ᠎ᠢ ᠤᠤᠭᠤᠴᠢᠬ᠎ᠠ᠂ ᠡᠬᠦᠨ᠎ᠢ ᠤᠤᠭᠤᠬ᠍ᠰᠠᠭᠠᠷ ᠴᠢ ᠪᠠᠰᠠ ᠲᠤᠳᠤᠷ᠎ᠠ᠎ᠪᠠᠨ ᠪᠡᠭᠡ᠎ᠲᠠᠢ ᠪᠢᠴᠢᠭ ᠡᠷᠳᠡᠮ᠎ᠲᠠᠢ ᠬᠦᠮᠦᠨ ᠪᠤᠯᠴᠢᠬᠠᠨ᠎ᠠ》 ᠭᠡᠵᠦ᠍ ᠵᠠᠯᠠᠭᠤᠬᠠᠨ ᠲᠡᠷᠭᠡᠴᠢ ᠲᠠᠪᠠᠯᠠᠪᠠ᠃

《ᠲᠠᠨᠤᠰ ᠬᠡᠯᠡᠭ᠌ᠰᠡᠨ᠎ᠳᠡᠭᠡᠨ ᠬᠦᠷᠦᠨ᠎ᠡ ᠤᠤ? ᠡᠬᠦᠨ᠎ᠢ ᠴᠢᠨᠢ ᠤᠤᠭᠤᠬ᠍ᠰᠠᠭᠠᠷ ᠨᠠᠮ᠎ᠠ᠎ᠶ᠋ᠢ ᠲᠠᠯᠪᠢᠨ᠎ᠠ ᠤᠤ?》 ᠭᠡᠵᠦ᠍ ᠪᠢ ᠦᠮᠦᠳᠦ᠍᠎ᠪᠠᠨ ᠱᠢᠪᠳᠤᠯᠤᠭᠤᠯᠬᠤ ᠠᠶᠤᠯ᠎ᠠᠴᠠ ᠶᠠᠭᠠᠬᠢᠵᠦ᠍ ᠮᠤᠯᠳᠤᠷᠬᠤ᠎ᠪᠠᠨ ᠯᠡ ᠰᠠᠨᠠᠵᠦ᠍ ᠠᠰᠠᠭᠤᠪᠠ᠃

《ᠡᠬᠦᠨ᠎ᠢ ᠤᠤᠭᠤᠴᠢᠬᠠᠬ᠍ᠰᠠᠭᠠᠷ ᠯᠡ ᠪᠢᠳᠡ ᠴᠢᠮ᠎ᠠ᠎ᠶ᠋ᠢ ᠲᠤᠤᠷ᠎ᠠ᠎ᠪᠠᠨ ᠲᠠᠯᠪᠢᠵᠦ᠍ ᠶᠠᠪᠤᠭᠤᠯᠤᠨ᠎ᠠ᠃ ᠡᠷᠳᠡᠮ᠎ᠲᠠᠢ ᠬᠦᠮᠦᠨ᠎ᠢ ᠪᠢᠳᠡ ᠬᠤᠷᠢᠬᠤ ᠦᠭᠡᠢ》 ᠭᠡᠵᠦ᠍ ᠲᠡᠳᠡᠨᠤᠰ ᠵᠦᠭ ᠪᠦᠷᠢ᠎ᠠᠴᠠ ᠵᠤᠷᠠᠮ᠎ᠠ ᠱᠢᠭ᠋ ᠬᠤᠰᠭᠢᠷᠦᠯᠳᠤᠨ᠎ᠠ᠃

ᠲᠡᠯᠭᠡᠷᠡᠬᠦ᠌ ᠪᠠᠢᠳᠠᠯ ᠮᠠᠭᠤ᠎ᠶ᠋ᠢ ᠦᠵᠡᠵᠦ᠍ ᠭᠠᠷᠤᠭᠠᠳ ᠭᠡᠷ᠎ᠤᠨ ᠬᠦᠮᠦᠰ᠎ᠲᠡᠭᠡᠨ ᠬᠡᠯᠡᠵᠦ᠍ ᠦᠭ᠌ᠬᠦ ᠭᠡᠳ ᠭᠠᠷᠤᠭᠠᠳ ᠬᠦᠶᠦᠪᠡ᠃ ᠢᠴᠢᠵᠦ᠍ ᠠᠭᠤᠷᠯᠠᠬᠤ ᠬᠤᠤᠰᠯᠠᠬ᠍ᠰᠠᠨ᠎ᠳᠠᠭᠠᠨ ᠪᠢ ᠲᠡᠷᠡ ᠬᠦ᠌ ᠱᠢᠯ ᠯᠤᠩᠬᠤ᠎ᠲᠠᠢ ᠪᠡᠭᠡ᠎ᠶ᠋ᠢ᠎ᠨᠢ ᠪᠠᠷᠢᠵᠦ᠍ ᠠᠪᠤᠭᠠᠳ 《ᠭᠦᠳ ᠭᠦᠳ》 ᠭᠡᠳᠡᠯ᠎ᠡ᠎ᠨᠢ ᠬᠡᠳᠦ ᠤᠭᠤᠴᠢᠵᠦ᠍ ᠵᠠᠪᠳᠤᠪᠠ᠃ ᠶᠠᠮᠠᠷ ᠠᠮᠳᠠ᠎ᠶ᠋ᠢ᠎ᠨᠢ ᠮᠡᠳᠡᠬᠦ᠌᠎ᠠᠴᠠ ᠡᠮᠦᠨ᠎ᠡ ᠨᠢᠳᠦᠨ ᠨᠢᠯᠪᠦᠰᠦ ᠬᠠᠱᠢᠯᠭ᠎ᠠ᠎ᠪᠠᠨ ᠰᠡᠳᠡᠯᠦᠭ᠌ᠰᠡᠨ ᠮᠡᠳᠦ ᠰᠠᠳᠠᠭᠠᠨᠠᠵᠠᠢ᠃ ᠠᠪᠤ᠎ᠲᠠᠢ᠎ᠪᠠᠨ ᠠᠳᠠᠯᠢ ᠪᠢᠴᠢᠭ ᠡᠷᠳᠡᠮ᠎ᠲᠠᠢ ᠪᠤᠯᠬᠤ ᠭᠡᠭ᠌ᠴᠢ ᠨᠡᠭᠡᠷᠡᠨ ᠠᠮᠠᠷ ᠦᠭᠡᠢ ᠶᠤᠮ ᠪᠠᠢᠨ᠎ᠠ᠂ ᠬᠠᠮᠠᠷ ᠠᠮᠠᠨ᠎ᠠᠴᠠ 《ᠬᠠᠷ᠎ᠠ ᠴᠢᠰᠦ》 ᠪᠤᠷᠬᠢᠯᠵᠦ᠍ ᠪᠠᠢᠮᠠᠷ ᠰᠠᠨᠠᠬ᠍ᠳᠠᠵᠠᠢ᠃

ᠤᠬᠢᠯᠠᠬ᠍ᠰᠠᠨ᠎ᠢ ᠬᠠᠷᠠᠭᠠᠳ ᠨᠠᠭᠠᠳᠤᠮ ᠬᠡᠳᠦᠷᠡᠯ᠎ᠡ ᠭᠡᠵᠦ᠍ ᠪᠤᠳᠤᠬ᠍ᠰᠠᠨ ᠪᠤᠯᠤᠯᠲᠠᠢ᠂ ᠦᠨᠦᠬᠢ ᠬᠡᠳᠦ ᠨᠠᠮ᠎ᠠ᠎ᠶ᠋ᠢ ᠲᠠᠯᠪᠢᠵᠦ᠍ ᠶᠠᠪᠤᠭᠤᠯᠤᠯ᠎ᠠ᠃ ᠡᠨᠡ ᠭᠡᠳᠦ᠍᠎ᠶ᠋ᠢᠨ ᠤᠯᠠᠩᠬᠢ᠎ᠨᠢ ᠪᠦᠷ ᠭᠤᠤ ᠤᠪᠤᠭ᠎ᠲᠠᠢ᠂ ᠨᠠᠳᠠᠳᠤ ᠪᠦᠷ ᠠᠪᠠᠭ᠎ᠠ ᠪᠤᠯᠬᠤ ᠦᠶ᠎ᠠ ᠲᠠᠢ᠃ ᠭᠡᠷᠡᠭ ᠭᠠᠷᠭᠠᠬ᠍ᠰᠠᠨ᠎ᠢᠶᠠᠨ ᠮᠡᠳᠡᠭᠡᠳ ᠦᠨᠦᠬᠢᠳ ᠴᠢᠨᠢ ᠲᠤᠤᠷ᠎ᠠ᠎ᠪᠠᠨ ᠶᠢᠰᠦᠨ ᠲᠡᠢᠰᠢ᠎ᠪᠠᠨ ᠠᠷᠢᠯᠤᠭᠠᠳ ᠦᠭ᠌ᠪᠡ᠃ ᠪᠢ ᠭᠠᠳᠠᠭ᠎ᠠ ᠭᠠᠷᠬᠤ᠎ᠳᠤ ᠲᠡᠯᠭᠡᠷᠡᠬᠦ᠌ ᠶᠠᠭᠤᠨ ᠲᠡᠭᠡᠷ᠎ᠡ ᠵᠤᠬ᠍ᠰᠤᠵᠦ᠍ ᠪᠠᠢᠭ᠎ᠠ᠎ᠨᠢ ᠮᠡᠳᠡᠭ᠌ᠳᠡᠬᠦ᠌ ᠦᠭᠡᠢ᠂ ᠬᠦᠷᠢᠶᠡᠨ ᠬᠡᠷᠡᠮ᠎ᠤᠨ᠎ᠢᠶᠠᠨ ᠴᠠᠭᠠᠨ᠎ᠠ᠎ᠠᠴᠠ ᠲᠤᠯᠤᠭᠠᠢ᠎ᠪᠠᠨ ᠠᠷᠠᠢ ᠶᠠᠳᠠᠨ ᠪᠤᠯᠳᠠᠯᠵᠠᠭᠤᠯᠤᠨ ᠦᠨᠳᠡᠯᠵᠡᠵᠦ᠍᠂ ᠤᠪ ᠤᠯᠠᠭᠠᠨ ᠴᠢᠷᠠᠢᠯᠠᠴᠢᠬᠠᠬ᠍ᠰᠠᠨ ᠨᠢᠭᠡ ᠶᠠᠭᠤᠮ᠎ᠠ ᠬᠠᠰᠭᠢᠷᠴᠦ᠍ ᠪᠠᠢᠨ᠎ᠠ᠃ ᠴᠢᠬᠢ ᠱᠦᠩᠬᠢᠨᠡᠭᠡᠳ ᠶᠠᠭᠤ ᠴᠤ᠌ ᠰᠤᠨᠤᠰᠳᠠᠬᠤ ᠦᠭᠡᠢ ᠪᠤᠯᠵᠠᠢ᠃ ᠰᠠᠭᠠᠷᠢ ᠲᠠᠢ ᠭᠠᠷ᠎ᠤᠨ᠎ᠢᠶᠠᠨ ᠠᠷᠤ᠎ᠪᠠᠷ ᠵᠠᠪᠠᠵᠢ᠎ᠪᠠᠨ ᠠᠷᠴᠢᠵᠦ᠍ ᠦᠵᠡᠭ᠌ᠰᠡᠨ᠎ᠳᠤ ᠲᠡᠰ ᠬᠠᠷ᠎ᠠ ᠪᠤᠯᠤᠬ᠍ᠰᠠᠨ ᠪᠠᠢᠪᠠ᠃ ᠬᠠᠮᠠᠷ ᠠᠮᠠ᠎ᠪᠠᠨ ᠬᠠᠷᠠᠯᠠᠭᠤᠯᠤᠭᠠᠳ ᠯᠡ ᠤᠳᠤ ᠶᠠᠮᠠᠷ ᠨᠢᠭᠤᠷ᠎ᠢᠶᠠᠷ᠎ᠢᠶᠠᠨ ᠲᠡᠯᠭᠡᠷᠡᠬᠦ᠌᠎ᠲᠠᠢ ᠨᠠᠭᠠᠳᠭᠤ ᠪᠤᠢ ᠭᠡᠵᠦ᠍ ᠪᠤᠳᠤᠬᠤ᠎ᠠᠴᠠ ᠮᠠᠰᠢ ᠶᠡᠭᠡ ᠢᠴᠢᠭᠦᠷᠢ ᠲᠠᠢ ᠪᠤᠯᠵᠦ᠍ ᠰᠠᠨᠠᠬ᠍ᠳᠠᠨ᠂ ᠬᠤᠭᠤᠯᠠᠢ ᠬᠤᠷᠤᠰᠭᠠᠭᠠᠳ ᠬᠡᠴᠡᠬᠦᠤ᠃ 《ᠠᠳᠠ ᠤᠷᠤᠱᠢᠬ᠍ᠰᠠᠨ ᠮᠠᠭᠤ ᠶᠠᠭᠤᠮᠠᠰ᠎ᠢ ᠂ ᠪᠢ ᠦᠨᠦ᠍ ᠬᠠᠭᠠᠰ ᠱᠢᠯ ᠪᠡᠭᠡ ᠤᠤᠭᠤᠬ᠍ᠰᠠᠨ᠂ ᠬᠤᠵᠢᠮ ᠯᠠᠪᠲᠠᠢ ᠶᠡᠭᠡ ᠡᠷᠳᠡᠮ᠎ᠲᠠᠢ ᠬᠦᠮᠦᠨ ᠪᠤᠯᠵᠦ᠍᠂ ᠠᠪᠤ ᠱᠢᠭ᠋᠎ᠢᠶᠠᠨ ᠪᠠᠭ᠍ᠰᠢ ᠪᠤᠯᠤᠭᠠᠳ ᠲᠠᠨᠤᠰ ᠮᠡᠳᠦ᠍᠎ᠶ᠋ᠢᠨ ᠮᠠᠭᠤ ᠬᠤᠶᠠᠯᠢᠴᠢᠳ᠎ᠢ ᠡᠳᠦᠷ᠎ᠤᠨ ᠭᠤᠷᠪᠠ ᠤᠳᠠᠭ᠎ᠠ ᠭᠠᠷ᠎ᠤᠨ ᠠᠯᠠᠭ᠎ᠠ᠎ᠶ᠋ᠢ ᠴᠢᠨᠢ ᠪᠠᠩᠵᠠᠳᠠᠨ᠎ᠠ》 ᠭᠡᠵᠦ᠍ ᠱᠢᠳᠦ ᠵᠠᠭᠤᠵᠦ᠍ ᠶᠠᠪᠤᠯ᠎ᠠ᠃

ᠪᠢ ᠭᠠᠩ᠎ᠲᠠᠢ ᠤᠰᠤᠨ᠎ᠳᠠᠭᠠᠨ ᠵᠤᠯᠭᠠᠭᠠᠳ ᠱᠢᠳᠦ ᠠᠮᠠ᠎ᠪᠠᠨ ᠵᠠᠢᠯᠠᠵᠦ᠍ ᠪᠠᠢᠳᠠᠯ᠎ᠠ ᠪᠤᠯᠤᠬ᠍ᠰᠠᠨ ᠦᠭᠡᠢ᠂ ᠠᠪᠤ ᠡᠵᠢ ᠪᠦᠷ ᠶᠠᠮᠠᠷ ᠤᠴᠢᠷ ᠪᠤᠯᠤᠬ᠍ᠰᠠᠨ᠎ᠢ ᠮᠡᠳᠡᠴᠢᠭᠡᠪᠡ᠃ ᠡᠵᠢ ᠪᠦᠰ ᠤᠯᠠ᠎ᠲᠠᠢ ᠱᠠᠬᠠᠢ᠎ᠪᠠᠨ ᠪᠤᠷᠪᠢᠨ ᠬᠡᠰᠡᠭ᠎ᠠᠴᠠ᠎ᠨᠢ ᠪᠠᠷᠢᠭᠠᠳ ᠨᠠᠮ᠎ᠠ᠎ᠶ᠋ᠢ ᠬᠠᠨᠵᠦᠨ ᠬᠠᠶᠠᠩ ᠡᠯᠢᠭᠡᠳᠡᠬᠦᠯᠦᠨ ᠦᠮᠦᠳᠦ᠍᠎ᠶ᠋ᠢ ᠮᠢᠨᠢ ᠱᠢᠪᠳᠤᠯᠤᠭᠤᠯᠵᠦ᠍ ᠪᠠᠢᠭᠠᠳ 《ᠫᠢᠰ ᠲᠡᠰ》 ᠬᠢᠳᠡᠯ᠎ᠡ ᠢᠬᠢᠷᠡᠳᠡᠯ᠎ᠡ᠎ᠨᠢ ᠬᠡᠳᠦ ᠲᠠᠳᠠᠪᠠ᠃ 《ᠴᠢᠮ᠎ᠡ᠎ᠳᠤ ᠬᠤᠤᠷ ᠬᠢᠵᠦ᠍ ᠦᠭ᠌ᠭᠦᠭᠡᠳ ᠤᠤᠭᠤ ᠭᠡᠪᠡᠯ ᠴᠢ ᠪᠠᠰᠠ ᠦᠭᠡ ᠲᠠᠭᠤ ᠦᠭᠡᠢ ᠠᠪᠤᠭᠠᠳ ᠤᠤᠭᠤᠴᠢᠬᠠᠨ᠎ᠠ ᠤᠤ? ᠦᠪᠡᠷ᠎ᠤᠨ ᠭᠡᠷ᠎ᠲᠡᠭᠡᠨ ᠠᠮᠤᠷ ᠰᠠᠭᠤᠬᠤ ᠦᠭᠡᠢ ᠲᠦᠭᠡᠷᠢᠭ᠌ᠰᠡᠨ ᠲᠡᠮᠡᠭᠡ ᠠᠳᠠᠯᠢ ᠲᠡᠯᠡᠭᠡᠢ ᠭᠡᠰᠦᠭᠡᠳ᠂ ᠬᠡᠵᠢᠶᠡᠳᠡ᠎ᠪᠠᠨ ᠬᠦᠮᠦᠨ᠎ᠢ ᠰᠠᠨᠠᠭ᠎ᠠ ᠠᠮᠤᠷ ᠪᠠᠢᠯᠭᠠᠬᠤ ᠦᠭᠡᠢ᠂ ᠪᠦᠭ᠌ᠰᠡ᠎ᠨᠢ ᠵᠠᠭᠠᠳᠤᠨᠠᠬ᠍ᠰᠠᠨ ᠮᠠᠭᠤ ᠲᠠᠮᠱᠢᠭ》 ᠭᠡᠬᠦᠴᠢᠯᠡᠨ ᠲᠤᠮ ᠱᠢᠪᠱᠢᠯᠭᠡ᠎ᠪᠠᠨ ᠠᠢᠯᠠᠳᠴᠦ᠍ ᠪᠠᠢᠭᠠᠳ ᠤᠯᠠ᠎ᠶ᠋ᠢᠨ ᠲᠠᠮᠠᠭ᠎ᠠ᠎ᠪᠠᠨ ᠭᠦᠷᠪᠡᠢᠳᠡᠯ᠎ᠡ᠎ᠨᠢ ᠲᠠᠷᠤᠪᠠ᠃ ᠤᠷᠴᠢᠮᠬᠠᠨ ᠭᠠᠷ ᠤᠳᠠᠰᠤᠨ ᠲᠡᠭᠡᠷ᠎ᠡ᠎ᠠᠴᠠ ᠡᠨᠡᠳᠭᠡᠭ᠎ᠤᠨ ᠴᠠᠬ᠍ᠳᠠᠭ᠎ᠠ ᠰᠤᠬ᠍ᠳᠤᠭᠤ᠎ᠪᠠᠷ ᠲᠡᠷᠭᠡ ᠵᠢᠯᠤᠭᠤᠳᠤᠬ᠍ᠰᠠᠳ᠎ᠢ ᠪᠠᠷᠢᠵᠦ᠍ ᠠᠪᠤᠪᠠᠯ ᠲᠡᠷᠭᠡᠨ ᠵᠠᠬ᠎ᠠ᠎ᠳᠤᠨᠢ ᠦᠮᠦᠳᠦ᠍᠎ᠶ᠋ᠢ᠎ᠨᠢ ᠱᠢᠪᠳᠤᠯᠵᠦ᠍ ᠪᠠᠢᠭᠠᠳ ᠪᠦᠭ᠌ᠰᠡᠨ ᠲᠡᠭᠡᠷ᠎ᠡ᠎ᠨᠢ ᠮᠤᠳᠤᠨ ᠪᠠᠩᠵᠡ᠎ᠪᠠᠷ ᠬᠦᠷᠪᠡᠢᠳᠡᠯ᠎ᠡ᠎ᠨᠢ ᠬᠡᠳᠦ ᠲᠠᠳᠠᠳᠠᠭ᠎ᠢ ᠬᠠᠷᠠᠪᠠ᠂ ᠲᠡᠢᠮᠤ ᠵᠦᠢᠯ᠎ᠢ ᠬᠠᠷᠠᠬᠤ᠎ᠠᠴᠠ ᠯᠡ ᠡᠵᠢ᠎ᠶ᠋ᠢᠨ ᠱᠠᠬᠠᠢ᠎ᠶ᠋ᠢᠨ ᠤᠯᠠ᠎ᠶ᠋ᠢᠨ ᠲᠠᠮᠠᠭ᠎ᠠ ᠰᠠᠨᠠᠬ᠍ᠳᠠᠭᠠᠳ ᠲᠠᠪᠤᠰᠠᠩ ᠱᠠᠷᠬᠢᠷᠠᠨ ᠡᠪᠡᠳᠬᠦ᠌ ᠮᠡᠳᠦ ᠪᠤᠯᠳᠠᠭ ᠶᠤᠮ᠃

ᠡᠵᠢ ᠱᠠᠯᠠ ᠵᠢᠨ ᠱᠦᠬᠦᠷ᠎ᠢᠶᠠᠨ ᠪᠠᠷᠢᠭᠠᠳ ᠪᠠᠷᠢᠭᠠᠳᠠ᠎ᠶ᠋ᠢᠨ ᠬᠡᠷ ᠵᠦᠭ ᠲᠤᠪᠳᠤᠯᠬᠤ ᠭᠡᠰᠡᠨ᠎ᠢ ᠠᠪᠤ ᠬᠤᠷᠢᠬ᠍ᠯᠠᠭᠠᠳ ᠤᠴᠢᠭᠤᠯᠤᠬ᠍ᠰᠠᠨ ᠦᠭᠡᠢ᠃ ᠠᠪᠤ ᠨᠠᠮ᠎ᠠ᠎ᠶ᠋ᠢ ᠪᠦᠭᠡᠯᠵᠢᠬᠦᠯᠬᠦ᠌ ᠭᠡᠵᠦ᠍ ᠤᠷᠤᠯᠳᠤᠵᠦ᠍᠂ ᠨᠢᠷᠤᠭᠤᠨ ᠲᠡᠭᠡᠷ᠎ᠡ ᠠᠶᠠᠷᠬᠠᠨ ᠱᠢᠭᠠᠵᠦ᠍ ᠦᠭ᠌ᠴᠦ ᠪᠠᠢᠬ᠍ᠰᠠᠨ᠎ᠢᠶᠠᠨ ᠡᠵᠢ ᠲᠡᠢᠰᠢ ᠬᠠᠨᠳᠤᠵᠦ᠍᠄ 《ᠬᠤᠤᠷ ᠲᠤᠬ᠍ᠳᠠᠴᠢᠬᠠᠬᠤ ᠪᠢᠰᠢ ᠪᠠ ᠳ᠋ᠠ? ᠬᠦᠢᠯᠡᠰᠦᠨ ᠲᠤᠰᠤ ᠪᠠᠭ᠍ᠠᠨ ᠤᠤᠭᠤᠯᠭᠠᠴᠢᠬᠠᠶ᠎ᠠ᠂ ᠬᠤᠤᠷ᠎ᠢ᠎ᠨᠢ ᠭᠠᠳᠠᠬ᠍ᠰᠢᠯᠠᠭᠤᠯᠬᠤ ᠪᠢᠱᠢᠤ ᠳ᠋ᠠ》 ᠭᠡᠬᠦᠯᠡᠷ ᠡᠵᠢ ᠰᠠᠨᠳᠤᠷᠤᠨ ᠬᠦᠶᠦᠵᠦ᠍ ᠭᠠᠷᠤᠭᠠᠳ ᠵᠡᠬᠦᠨ ᠰᠠᠷᠠᠪᠴᠢᠨ ᠲᠡᠭᠡᠷ᠎ᠡ ᠲᠠᠯᠪᠢᠵᠦ᠍ ᠪᠠᠢᠬ᠍ᠰᠠᠨ ᠱᠢᠯ ᠯᠤᠩᠬᠤ᠎ᠲᠠᠢ ᠬᠦᠢᠯᠡᠰᠦᠨ ᠲᠤᠰᠤ᠎ᠶ᠋ᠢ ᠠᠪᠴᠢᠷᠠᠨ ᠬᠡᠳᠦᠨ ᠬᠠᠯᠪᠠᠭ᠎ᠠ ᠲᠤᠰᠤ ᠲᠤᠯᠢᠶᠠᠯᠭᠠᠪᠠ᠃ ᠪᠡᠭᠡ ᠲᠤᠰᠤ ᠬᠤᠯᠢᠵᠦ᠍ ᠴᠢᠳᠭᠤᠬ᠍ᠰᠠᠨ ᠭᠡᠳᠡᠰᠦᠨ ᠲᠤᠳᠤᠷ᠎ᠠ ᠪᠡᠴᠢᠨ ᠪᠠᠭ᠍ᠰᠢ ᠤᠷᠤᠴᠢᠬᠠᠬ᠍ᠰᠠᠨ ᠱᠢᠭ᠋᠎ᠢᠶᠠᠨ ᠭᠤᠷᠳ᠋ ᠭᠠᠷᠳ᠋ ᠲᠤᠤᠭᠠᠷᠴᠦ᠍ ᠪᠠᠢᠬ᠍ᠰᠠᠨ᠎ᠢᠶᠠᠨ ᠰᠠᠨᠳᠤᠷᠤᠨ ᠮᠠᠯ᠎ᠤᠨ ᠬᠠᠱᠢᠶ᠎ᠠ ᠲᠡᠢᠰᠢ ᠦᠮᠦᠳᠦ᠍᠎ᠪᠠᠨ ᠴᠢᠷᠦᠨ ᠬᠦᠶᠦᠯᠭᠡᠯ᠎ᠡ᠃

ᠦᠳᠡ᠎ᠶ᠋ᠢᠨ ᠬᠤᠢᠨ᠎ᠠ᠎ᠨᠢ ᠪᠤᠯᠤᠭᠠᠳ ᠪᠡᠶ᠎ᠡ ᠭᠠᠷ ᠰᠤᠯᠠᠳᠠᠵᠦ᠍ ᠬᠠᠨᠵᠤᠨ ᠭᠤᠤᠯ ᠲᠠᠷᠤᠭᠠᠳ ᠬᠠᠪᠳᠠᠢᠵᠦ᠍ ᠪᠠᠢᠳᠠᠯ᠎ᠠ᠎ᠨᠢ ᠡᠵᠢ ᠶᠡᠬᠡᠯ᠎ᠡ ᠪᠠᠶᠠᠰᠤᠩᠭᠤᠢ ᠲᠦᠷᠢ ᠲᠠᠢ ᠤᠷᠤᠵᠦ᠍ ᠢᠷᠡᠨ ᠠᠪᠤ᠎ᠳᠤ ᠬᠠᠨᠳᠤᠵᠦ᠍᠄ 《ᠰᠠᠪᠬᠠᠨ ᠬᠢᠷᠢ ᠤᠷᠲᠤ ᠭᠡᠳᠦ ᠬᠡᠳᠦᠨ ᠬᠤᠷᠤᠬᠠᠢ ᠭᠠᠷᠭᠠᠴᠢᠬᠠᠵᠠᠢ᠂ ᠪᠡᠭᠡ ᠲᠤᠰᠤ ᠬᠤᠶᠠᠷ᠎ᠤᠨ ᠠᠯᠢᠨ᠎ᠤ ᠬᠢᠨᠢ ᠭᠠᠪᠢᠶ᠎ᠠ᠎ᠶ᠋ᠢ ᠮᠡᠳᠡᠬᠦ᠌ ᠦᠭᠡᠢ》 ᠭᠡᠬᠦ᠌᠎ᠳᠤᠨᠢ ᠠᠪᠤ᠄ 《ᠡᠨᠡ ᠬᠦᠤ ᠰᠦᠷᠡᠭᠡᠢ ᠲᠤᠷᠠᠭᠠᠳ ᠪᠠᠢᠬ᠍ᠰᠠᠨ᠎ᠨᠢ ᠲᠡᠭᠦᠨ᠎ᠠᠴᠠ ᠯᠡ ᠪᠤᠯᠤᠬ᠍ᠰᠠᠨ ᠪᠠᠢᠯᠬᠦᠢ᠂ ᠰᠠᠢᠨ ᠪᠤᠯᠤᠯ᠎ᠠ》 ᠭᠡᠳ ᠮᠠᠩᠨᠠᠢ᠎ᠶ᠋ᠢ ᠮᠢᠨᠢ ᠢᠯᠢᠵᠦ᠍ ᠦᠵᠡᠪᠡ᠃

᠁ ᠁ ᠁

ᠦᠷᠯᠦᠭᠡ ᠠᠵᠢᠯ᠎ᠳᠠᠭᠠᠨ ᠶᠠᠪᠤᠬᠤ ᠭᠡᠵᠦ᠍ ᠪᠠᠢᠳᠠᠯ᠎ᠠ ᠲᠡᠯᠭᠡᠷᠡᠬᠦ᠌ ᠭᠤᠸᠠᠢ ᠶᠠᠩᠱᠢᠭᠠᠳ ᠡᠬᠢᠯᠡᠯ᠎ᠡ ᠳ᠋ᠠ᠄ 《ᠦᠳᠡ᠎ᠶ᠋ᠢᠨ ᠬᠤᠢᠨ᠎ᠠ ᠭᠡᠷ᠎ᠤᠨ ᠠᠬᠠᠮᠡᠳ᠎ᠤᠨ ᠬᠤᠷᠠᠯ᠎ᠳᠤ ᠴᠢ ᠤᠴᠢᠨ᠎ᠠ ᠱᠢᠤ᠂ ᠦᠴᠦᠭᠡᠳᠦᠷ ᠤᠷᠤᠢ ᠦᠬᠢᠨ ᠮᠢᠨᠢ ᠬᠡᠯᠡᠵᠦ᠍ ᠪᠠᠢᠬ᠍ᠰᠠᠨ᠎ᠢ ᠴᠢ ᠮᠠᠷᠳᠠᠭ᠎ᠠ ᠦᠭᠡᠢ ᠪᠠ? ᠡᠴᠢᠨᠡᠨ ᠵᠢᠯ ᠪᠦᠷ ᠯᠡ ᠪᠢ ᠤᠴᠢᠭᠠᠳ ᠯᠡ ᠢᠷᠡᠯ᠎ᠡ᠂ ᠤᠳᠤ ᠶᠠᠭᠠᠬᠢᠶ᠎ᠠ ᠴᠢ ᠨᠢᠭᠡ ᠤᠳᠠᠭ᠎ᠠ ᠤᠴᠢᠵᠦ᠍ ᠪᠤᠯᠤᠨ᠎ᠠ》 ᠭᠡᠨ᠎ᠡ᠃ 《ᠦᠳᠡ᠎ᠶ᠋ᠢᠨ ᠬᠤᠢᠨ᠎ᠠ ᠪᠢ ᠰᠤᠷᠪᠤᠯᠵᠢᠯᠠᠭ᠎ᠠ᠎ᠲᠠᠢ ᠱᠢᠤ》 ᠭᠡᠬᠦᠯᠡᠷ ᠠᠭᠤᠷ᠎ᠨᠢ ᠬᠦᠷᠴᠢᠭᠡᠵᠦ᠍᠄ 《ᠡᠨᠡ ᠭᠡᠷ᠎ᠲᠤ ᠴᠢ ᠶᠠᠭ ᠯᠡ ᠵᠤᠴᠢᠨ ᠬᠦᠮᠦᠨ ᠱᠢᠭ ᠯᠠᠷᠵᠢᠶ᠎ᠠ᠎ᠲᠠᠢ ᠵᠠᠯᠠᠷᠠᠭᠠᠳ᠂ ᠡᠬᠡ ᠦᠬᠢᠨ ᠬᠤᠶᠠᠷ᠎ᠤᠨ ᠠᠯᠢ ᠠᠯᠢᠨ᠎ᠢ᠎ᠨᠢ ᠬᠠᠮᠢᠶᠠᠷᠬᠤ ᠴᠤ᠌ ᠦᠭᠡᠢ᠂ ᠪᠡᠭᠡ ᠤᠤᠭᠤᠬ᠍ᠰᠠᠨ᠎ᠠᠴᠠ ᠴᠢᠨᠢ ᠪᠤᠯᠤᠭ᠎ᠠ ᠪᠠᠢᠯᠬᠦᠢ᠂ ᠶᠤᠷᠤ᠎ᠶ᠋ᠢᠨ ᠬᠠᠷ᠎ᠠ ᠲᠤᠳᠤᠷᠲᠠᠢ ᠬᠦᠮᠦᠨ ᠶᠤᠮ ᠳ᠋ᠠ ᠴᠢ》 ᠭᠡᠵᠦ᠍ ᠬᠤᠷᠤᠰᠭᠠᠨ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号