《 ᠠᠯᠲᠠᠨ ᠲᠦᠯᠬᠢᠬᠦᠷ 》 ᠰᠡᠳᠬᠦᠯ᠎ᠤᠨ ᠬᠡᠪᠯᠡᠯ ᠡᠬᠢᠯᠡᠭᠰᠡᠨ 40 ᠵᠢᠯ᠎ᠤᠨ ᠣᠢ ᠶ᠋ᠢ ᠲᠣᠷᠠᠰᠬᠠᠬᠣ ᠶᠠᠷᠢᠯᠴᠠᠬᠣ ᠬᠣᠷᠠᠯ ᠬᠣᠷᠠᠯᠲᠣᠪᠠ
2021-11-29 07:19:19
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

11 ᠰᠠᠷ᠎ᠠ᠎ᠶᠢᠨ 27 ᠤ᠋ ᠡᠳᠦᠷ᠂ 《ᠠᠯᠲᠠᠨ ᠲᠦᠯᠬᠢᠬᠦᠷ》 ᠰᠡᠳᠬᠦᠯ᠎ᠤᠨ ᠬᠡᠪᠯᠡᠯ ᠡᠬᠢᠯᠡᠭᠰᠡᠨ 40 ᠵᠢᠯ᠎ᠤᠨ ᠣᠢ ᠶ᠋ᠢ ᠲᠣᠷᠠᠰᠬᠠᠬᠣ ᠶᠠᠷᠢᠯᠴᠠᠬᠣ ᠬᠣᠷᠠᠯ ᠬᠦᠬᠡᠬᠣᠲᠠ ᠳ᠋ᠦ ᠬᠣᠷᠠᠯᠲᠣᠪᠠ᠃

ᠦᠪᠦᠷ ᠮᠣᠩᠭᠣᠯ᠎ᠤᠨ ᠣᠳᠬ᠎ᠠ ᠣᠷᠠᠯᠢᠬ᠎ᠤᠨ ᠬᠢᠨ ᠤ᠋ ᠬᠣᠯᠪᠣᠭ᠎ᠠ ᠡᠴᠡ ᠭᠣᠣᠯᠯᠠᠨ ᠡᠷᠬᠢᠯᠡᠵᠦ ᠪᠠᠢᠭ᠎ᠠ 《ᠠᠯᠲᠠᠨ ᠲᠦᠯᠬᠢᠬᠦᠷ》 ᠰᠡᠳᠬᠦᠯ ᠪᠣᠯ ᠣᠯᠣᠰ᠎ᠤᠨ ᠲᠣᠲᠣᠭᠠᠲᠣ ᠳ᠋ᠡᠬᠢ ᠴᠦᠭᠡᠨ ᠲᠣᠭᠠᠲᠣ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠶ᠋ᠢᠡᠷ ᠨᠠᠢᠷᠠᠭᠣᠯᠣᠨ ᠬᠡᠪᠯᠡᠬᠦᠯᠵᠦ ᠪᠠᠢᠭ᠎ᠠ ᠴᠣᠷ᠎ᠤᠨ ᠭᠠᠬᠴᠠ ᠣᠳᠬ᠎ᠠ ᠣᠷᠠᠯᠢᠬ᠎ᠤᠨ ᠣᠨᠣᠯ ᠰᠢᠬᠦᠮᠵᠢ᠎ᠶᠢᠨ ᠰᠡᠳᠬᠦᠯ ᠪᠣᠯᠬᠣ ᠶᠣᠮ᠃ 1981  ᠤᠨ ᠳ᠋ᠦ ᠰᠡᠳᠬᠦᠯ ᠨᠢ ᠡᠬᠦᠲᠡ ᠪᠠᠨ ᠨᠡᠭᠡᠭᠡᠵᠦ ᠡᠷᠦᠭᠡ ᠪᠠᠨ ᠰᠡᠬᠦᠭᠰᠡᠨ ᠡᠴᠡ ᠨᠠᠭᠠᠰᠢ᠂ ᠵᠦᠪ ᠣᠨᠣᠪᠴᠢᠲᠠᠢ ᠣᠯᠣᠰ ᠲᠦᠷᠦ᠎ᠶᠢᠨ ᠴᠢᠭᠯᠡᠯ᠎ᠢ ᠪᠠᠷᠢᠮᠲᠠᠯᠠᠵᠦ᠂ ᠣᠳᠬ᠎ᠠ ᠵᠣᠬᠢᠶᠠᠯ ᠣᠷᠠᠯᠢᠬ᠎ᠢ ᠠᠷᠠᠳ ᠲᠦᠮᠡᠨ ᠳ᠋ᠦ ᠦᠢᠯᠡᠴᠢᠯᠡᠬᠦᠯᠬᠦ᠂ ᠨᠡᠢᠭᠡᠮ ᠵᠢᠷᠣᠮ ᠳ᠋ᠦ ᠦᠢᠯᠡᠴᠢᠯᠡᠬᠦᠯᠬᠦ ᠪᠡᠷ ᠣᠷᠠᠨ ᠪᠦᠲᠦᠭᠡᠯ᠎ᠤᠨ ᠵᠢᠮ᠎ᠠ ᠶᠣᠰᠣ᠎ᠶᠢ ᠵᠢᠷᠣᠮᠯᠠᠨ ᠰᠣᠲᠣᠯᠵᠦ᠂ ᠦᠨᠡᠨ ᠡᠴᠡ ᠵᠦᠪ᠎ᠢ ᠡᠷᠢᠬᠦ ᠰᠢᠨᠵᠢᠯᠡᠬᠦ ᠣᠬᠠᠭᠠᠨᠴᠢ ᠣᠪᠣᠷ᠎ᠶ᠋ᠢᠡᠷ ᠮᠠᠨ᠎ᠤ ᠣᠷᠣᠨ᠎ᠤ ᠣᠳᠬ᠎ᠠ ᠣᠷᠠᠯᠢᠬ᠎ᠤᠨ ᠪᠦᠬᠦ ᠲᠠᠯ᠎ᠠ᠎ᠶᠢᠨ ᠬᠦᠭᠵᠢᠯᠲᠡ ᠳ᠋ᠦ ᠬᠦᠲᠦᠯᠦᠨ ᠵᠢᠯᠣᠭᠣᠳᠬᠣ ᠦᠢᠯᠡᠲᠦᠯ ᠦᠵᠡᠬᠦᠯᠦᠭᠰᠡᠭᠡᠷ ᠢᠷᠡᠵᠡᠢ᠃

ᠶᠠᠷᠢᠯᠴᠠᠬᠣ ᠬᠣᠷᠠᠯ ᠳ᠋ᠦ ᠣᠷᠣᠯᠴᠠᠬᠰᠠᠨ ᠵᠣᠬᠢᠶᠠᠯᠴᠢ᠂ ᠰᠢᠬᠦᠮᠵᠢᠯᠡᠭᠴᠢ ᠪᠣᠯᠣᠨ ᠨᠠᠢᠷᠠᠭᠣᠯᠣᠬᠴᠢᠳ 《ᠠᠯᠲᠠᠨ ᠲᠦᠯᠬᠢᠬᠦᠷ》 ᠰᠡᠳᠬᠦᠯ ᠤ᠋ᠨ ᠲᠦᠴᠢᠨ ᠵᠢᠯ᠎ᠤᠨ ᠣᠯᠠ ᠮᠦᠷ᠎ᠢ ᠡᠷᠬᠢᠴᠡᠬᠦᠯᠵᠦ᠂ ᠣᠯᠠᠮ ᠰᠠᠢᠲᠣᠷ ᠡᠷᠬᠢᠯᠡᠬᠦ ᠰᠠᠨᠠᠯ ᠵᠦᠪᠯᠡᠯᠭᠡ ᠪᠠᠨ ᠲᠡᠪᠰᠢᠬᠦᠯᠦᠭᠰᠡᠨ ᠪᠠᠢᠨ᠎ᠠ᠃ ᠶᠠᠷᠢᠯᠴᠠᠬᠣ ᠬᠣᠷᠠᠯ ᠳ᠋ᠦ ᠪᠠᠰᠠ 《ᠠᠯᠲᠠᠠ ᠲᠦᠯᠬᠢᠬᠦᠷ》 ᠰᠡᠳᠬᠦᠯ᠎ᠤᠨ ᠲᠦᠴᠢᠨ ᠵᠢᠯ᠎ᠤᠨ ᠲᠦᠷᠦᠭᠡ ᠴᠢᠩᠭᠠᠯᠠᠬᠰᠠᠨ ᠠᠶᠠᠨ ᠳ᠋ᠦ ᠵᠢᠷᠦᠭᠡᠨ ᠲᠠᠮᠢᠷ᠎ᠶ᠋ᠢᠡᠨ ᠰᠢᠪᠬᠠᠵᠦ ᠵᠢᠳᠭᠦᠭᠰᠡᠨ ᠯᠢᠭᠲᠡᠨ᠂ ᠷᠢᠨᠴᠢᠨᠲᠣᠷᠵᠢ᠂ ᠶᠡᠬᠡᠪᠠᠶᠠᠷ᠂ ᠨᠠᠬᠢᠶ᠎ᠠ ᠵᠡᠷᠭᠡ 8 ᠭᠠᠪᠢᠶᠠᠲᠣ ᠨᠠᠢᠷᠠᠭᠣᠯᠣᠬᠴᠢ ᠪᠣᠯᠣᠨ ᠰᠦᠶᠦᠭᠡ ᠂ ᠬᠠᠲᠠᠴᠢ ᠭᠠᠩ᠂ ᠪᠣᠣ ᠰᠠᠴᠡᠨ ᠵᠡᠷᠭᠡ 9 ᠣᠳᠬ᠎ᠠ ᠣᠷᠠᠯᠢᠬ᠎ᠤᠨ ᠰᠢᠯᠢᠲᠡᠭ ᠰᠢᠬᠦᠮᠵᠢᠯᠡᠭᠴᠢ ᠳ᠋ᠤ ᠢᠷᠠᠭᠣ ᠠᠯᠲᠠᠷ᠎ᠤᠨ ᠦᠨᠡᠮᠯᠡᠯ ᠣᠯᠭᠣᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号