ᠡᠯ ᠷᠧᠨ᠎ᠲᠡᠶ ᠵᠦᠴᠦᠭᠡ
2022-01-19 16:22:40
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠯ ᠷᠧᠨ᠎ᠲᠡᠶ ᠵᠦᠴᠦᠭᠡ ᠪᠤᠯ ᠬᠣᠶᠠᠷ ᠬᠥᠮᠦᠨ᠎ᠤ ᠲᠤᠭ᠍ᠯᠠᠳᠠᠭ ᠵᠦᠴᠦᠭᠡ ᠪᠠᠢ᠍ᠢᠵᠤ᠂ ᠪᠠᠷᠠᠭᠤᠨᠰᠢ ᠴᠠᠭᠠᠴᠢᠯᠠᠭᠰᠠᠳ᠎ᠤ᠋ᠨ ᠪᠦᠲᠦᠭᠡᠯ ᠪᠤᠯᠤᠨ᠋᠎ᠠ᠃ ᠤᠳᠤ ᠪᠤᠯᠲᠠᠯ᠎ᠠ ᠬᠣᠶᠠᠷ ᠵᠠᠭᠤ ᠱᠢᠬᠠᠮ ᠵᠢᠯ᠎ᠦᠨ ᠲᠡᠦᠬᠡ᠎ᠲᠡᠶ ᠪᠤᠯᠵᠠᠢ᠃ ᠱᠠᠨ ᠰᠢ᠂ ᠥᠪᠥᠷ ᠮᠣᠩᠭᠣᠯ᠂ ᠱᠠᠨᠰᠢ᠂ ᠾᠧᠪᠧᠢ ᠵᠢᠨ ᠵᠠᠷᠢᠮ ᠭᠠᠵᠠᠷ ᠣᠷᠣᠨ᠎ᠳᠤ ᠤᠯᠠᠮᠵᠢᠯᠠᠭ᠍ᠳᠠᠨ ᠳᠡᠯᠭᠡᠷᠡᠵᠦ᠍᠂ ᠱᠠᠨ ᠰᠢ᠂ ᠱᠠᠨᠰᠢ᠂ ᠾᠧᠪᠧᠢ ᠵᠢᠨ ᠬᠣᠢᠲᠤ ᠬᠡᠰᠡᠭ ᠪᠠ ᠥᠪᠥᠷ ᠮᠣᠩᠭᠣᠯ᠎ᠤ᠋ᠨ ᠳᠤᠮᠳᠠ᠂ ᠪᠠᠷᠠᠭᠤᠨ ᠬᠡᠰᠡᠭ᠎ᠲᠦ᠍ ᠬᠠᠷᠢᠴᠠᠩᠭᠤᠢ ᠲᠥᠪᠯᠡᠷᠡᠵᠦ᠍ ᠪᠠᠢᠨ᠋᠎ᠠ᠃ ᠡᠭᠦᠨ᠎ᠳᠤ ᠲᠦᠮᠡᠳ᠎ᠦᠨ ᠲᠠᠯ᠎ᠠ ᠪᠣᠯ ᠡᠯ ᠷᠧᠨ᠎ᠲᠡᠶ ᠵᠦᠴᠦᠭᠡ ᠡᠭᠦᠰᠦᠭᠰᠡᠨ ᠭᠠᠵᠠᠷ ᠪᠣᠯᠤᠨ᠋᠎ᠠ᠃

ᠰᠢ ᠲᠠᠭᠤᠷᠢᠯᠢᠭ ᠪᠣᠯᠤᠭ᠍ᠰᠠᠨ᠎ᠤ ᠬᠤᠪᠢ᠎ᠳᠤ᠂ ᠡᠯ ᠷᠧᠨ ᠲᠡᠶ ᠵᠦᠴᠦᠭᠡ ᠲᠣᠮᠣ ᠵᠦᠴᠦᠭᠡ᠎ᠱᠢᠭ ᠶᠠᠪᠤᠴᠠ ᠵᠢᠷᠤᠮᠵᠢᠯ ᠭᠡᠵᠦ᠍ ᠪᠠᠢᠬᠤ ᠥᠬᠡᠶ᠂ ᠲᠣᠭ᠍ᠯᠠᠭ᠍ᠴᠢ ᠨᠢ ᠨᠢᠭᠡ ᠬᠤᠲᠤᠭᠤᠴᠢᠨ ᠨᠢᠭᠡ ᠡᠮᠡᠭᠲᠡᠢ ᠲᠤᠭ᠍ᠯᠠᠭ᠍ᠴᠢ ᠪᠡᠷ ᠪᠦᠷᠢᠯᠳᠦᠳᠡᠭ᠃ ᠵᠦᠴᠦᠭᠡ᠎ᠶᠢᠨ ᠳᠦᠷᠢ ᠨᠢ ᠪᠦᠷ ᠬᠥᠳᠡᠭᠡ᠎ᠶᠢᠨ ᠪᠦᠰᠡᠭᠦᠶ᠂ ᠮᠠᠯᠴᠢᠨ ᠬᠡᠦᠬᠡᠳ᠂ ᠭᠣᠣᠨᠢ ᠪᠡᠯᠪᠡᠰᠦᠨ ᠵᠡᠷᠭᠡ ᠬᠦᠮᠦᠰ ᠪᠠᠢᠳᠠᠭ᠃ ᠬᠦᠭ᠌ᠵᠢᠮ᠎ᠤ᠋ᠨ ᠵᠢᠮᠰᠡᠭ ᠨᠢ ᠵᠥᠪᠬᠡᠨ ᠳᠥᠷᠪᠡᠨ ᠤᠲᠠᠰᠤᠲᠤ ᠬᠤᠭᠤᠷ᠂ ᠶᠠᠩᠴᠢᠨ ᠪᠠ ᠲᠠᠶᠠᠭ ᠭᠡᠬᠦ᠌ 《ᠭᠤᠷᠪᠠᠨ ᠡᠳ᠋》 ᠲᠠᠢ ᠪᠠᠢᠵᠤ᠂ ᠳᠥᠭᠥᠮ ᠪᠥᠭᠡᠳ ᠬᠡᠷᠡᠭ᠌ᠴᠡᠭᠡ᠎ᠳᠤ ᠪᠡᠨ ᠳᠤᠬᠢᠷᠠᠭ᠍ᠰᠠᠨ ᠪᠠᠢ᠍ᠢᠳᠠᠭ᠃ ᠲᠡᠢᠮᠦ᠎ᠡᠴᠡ ᠡᠯ ᠷᠧᠨ᠎ᠲᠡᠶ ᠵᠦᠴᠦᠭᠡ᠎ᠶᠢ ᠪᠠᠰᠠ ᠪᠠᠭ᠎ᠠ ᠵᠦᠴᠦᠭᠡ ᠭᠡᠳᠡᠭ᠃


QQ图片20220119162103.png


ᠡᠯ ᠷᠧᠨ᠎ᠲᠡᠶ ᠵᠦᠴᠦᠭᠡ᠎ᠶᠢᠨ ᠪᠦᠯᠬᠦᠮ 《ᠦᠯᠢᠭᠡᠷ ᠳᠠᠭᠤᠷᠢᠶᠠᠯᠲᠦ ᠰᠢ ᠵᠦᠴᠦᠬᠡ》 ᠵᠢᠨ ᠪᠦᠯᠬᠦᠮ᠎ᠡᠴᠡ ᠤᠯᠠᠷᠢᠨ ᠬᠤᠪᠢᠷᠠᠵᠤ ᠢᠷᠡᠪᠡ᠃ ᠵᠦᠴᠦᠭᠡ᠎ᠶᠢᠨ ᠪᠦᠯᠬᠦᠮ᠎ᠦᠨ ᠬᠡᠪᠴᠢᠶ᠎ᠡ ᠨᠢ ᠶᠡᠬᠡ ᠪᠢᠰᠢ᠂ ᠲᠣᠭ᠍ᠯᠠᠭ᠍ᠴᠢ ᠪᠠ ᠬᠥᠭ᠌ᠵᠢᠮ᠎ᠦᠨ ᠪᠦᠯᠬᠦᠮ ᠨᠡᠢᠯᠡᠭᠡᠳ ᠨᠠᠢ᠍ᠮᠠ ᠶᠢᠰᠦᠬᠡᠨ ᠬᠦᠮᠦᠨ ᠲᠠᠢ᠃ ᠡᠳᠡᠭᠡᠷ ᠲᠣᠭ᠍ᠯᠠᠭ᠍ᠴᠢᠳ ᠴᠥᠮ ᠲᠤᠰᠭᠠᠶ ᠮᠡᠷᠭᠡᠵᠢᠯ᠎ᠤ᠋ᠨ ᠪᠤᠯᠪᠠᠰᠤᠷᠠᠯ ᠬᠦᠷᠲᠡᠭ᠌ᠰᠡᠨ ᠦᠬᠡᠢ᠂ ᠣᠯᠠᠩᠬᠢ ᠨᠢ ᠪᠠᠭ᠍ᠰᠢ᠎ᠨᠠᠷ ᠠᠮᠠ᠎ᠪᠠᠷ ᠤᠯᠠᠮᠵᠢᠯᠠᠵᠤ᠂ ᠲᠡᠳᠡ ᠨᠡᠷ ᠨᠢᠭᠡ ᠳ᠋ᠦ᠍ ᠮᠡᠷᠭᠡᠱᠢᠨ ᠤᠯᠠᠨ᠎ᠢ ᠴᠢᠳᠠᠳᠠᠭ ᠡᠴᠡ ᠵᠠᠷᠢᠮ᠎ᠳᠤ ᠪᠡᠨ ᠲᠣᠭ᠍ᠯᠠᠭ᠍ᠴᠢ᠂ ᠵᠠᠷᠢᠮ᠎ᠳᠤ ᠪᠡᠨ ᠬᠥᠭ᠌ᠵᠢᠮᠴᠢᠨ ᠪᠣᠯᠳᠠᠭ᠃ ᠲᠣᠭ᠍ᠯᠠᠯᠲᠠ᠎ᠶᠢᠨ ᠪᠠᠭᠠᠵᠢ ᠬᠡᠷᠡᠭ᠌ᠰᠡᠯ ᠨᠢ ᠮᠠᠰᠢ ᠳᠥᠭᠥᠮ ᠶᠤᠮ᠃ ᠲᠠᠷᠤᠢ ᠬᠡᠳᠦᠬᠡᠨ ᠵᠠᠬ᠎ᠠ ᠡᠩ᠎ᠦᠨ ᠠᠷᠠᠳ᠎ᠤ᠋ᠨ ᠬᠤᠪᠴᠠᠰᠤ᠂ ᠨᠢᠭᠡ ᠳᠡᠪᠢᠭᠦᠷ᠂ ᠭᠡᠰᠡᠭ ᠲᠣᠷᠭ᠎ᠠ᠂ ᠨᠢᠭᠡ ᠱᠢᠳᠠᠮ ᠲᠠᠢ ᠪᠤᠯ ᠪᠤᠯᠴᠢᠬᠠᠨ᠋᠎ᠠ᠃ ᠵᠢᠷᠤᠵᠤ ᠪᠤᠳᠤᠬᠤ ᠡᠳ᠋᠎ᠢᠶᠡᠨ ᠨᠠᠩ ᠴᠤ᠌ ᠲᠤᠬᠠᠶ᠎ᠶᠢᠨ ᠭᠠᠵᠠᠷ᠎ᠠ᠋ᠴᠠ ᠪᠠᠨ ᠤᠯᠳᠠᠭ᠂ ᠡᠮᠡᠭ᠌ᠲᠡᠢ ᠳᠦᠷᠢ ᠨᠢ ᠤᠯᠠᠭᠠᠨ ᠴᠠᠭᠠᠰᠤ᠎ᠵᠢ ᠤᠰᠤᠨ᠎ᠳᠤ ᠳᠦᠷᠦᠭᠡᠳ ᠨᠢᠭᠤᠷ᠎ᠵᠢᠡᠨ ᠪᠤᠳᠤᠨ᠋᠎ᠠ᠂ ᠬᠣᠳᠣᠭᠣᠴᠢᠨ᠎ᠨᠢ ᠲᠣᠭᠣᠭᠠᠨ ᠢᠷᠣᠭᠠᠷ᠎ᠤ᠋ᠨ ᠬᠠᠷ᠎ᠠ ᠬᠦ᠋ ᠪᠠ ᠴᠠᠭᠠᠨ ᠰᠢᠷᠤᠢ ᠪᠡᠷ ᠪᠤᠳᠤᠨ᠋᠎ᠠ᠃ ᠲᠣᠭ᠍ᠯᠠᠯᠲᠠ᠎ᠶᠢᠨ ᠲᠠᠯᠠᠪᠤᠷ᠎ᠲᠤᠩ ᠳᠥᠭᠥᠮ ᠪᠠᠢᠵᠤ᠂ ᠨᠢ᠋ᠮᠠ ᠶᠢᠰᠦᠬᠡᠨ ᠮᠣᠳᠣ ᠪᠡᠷ ᠵᠦᠴᠦᠭᠡ᠎ᠶᠢᠨ ᠲᠠᠢ᠍ᠢᠰᠠ ᠪᠣᠰᠭᠠᠴᠢᠬᠠᠳᠠᠭ᠃ ᠵᠦᠴᠦᠭᠡ᠎ᠶᠢᠨ ᠲᠠᠢ᠍ᠢᠰᠠᠨ ᠳᠡᠭᠡᠷ᠎ᠡ ᠲᠤᠭ᠍ᠯᠠᠬᠤ᠎ᠳᠤ ᠴᠤ᠌ ᠬᠥᠱᠢᠭᠡ ᠮᠡᠲᠦ᠎ᠶᠢᠨ ᠴᠢᠮᠡᠭ᠌ᠯᠡᠯ ᠪᠠᠢ᠍ᠢᠳᠠᠭ ᠦᠭᠡᠢ᠃

ᠦᠩᠭᠡᠷᠡᠭᠰᠡᠨ᠎ᠳᠤ ᠠᠢᠯ ᠲᠣᠰᠭᠣᠨ᠎ᠳᠤ ᠲᠠᠢ᠍ᠢᠰᠠ ᠪᠤᠰᠭᠠᠨ ᠵᠦᠴᠦᠭᠡ ᠲᠣᠭ᠍ᠯᠠᠪᠠᠯ ᠤᠢᠷ᠎ᠠ ᠬᠠᠪᠢ ᠎ᠵᠢᠨ ᠡᠷᠡᠭ᠌ᠲᠡᠶ ᠡᠮᠡᠭ᠌ᠲᠡᠶ᠂ ᠬᠦᠭ᠌ᠰᠢᠨ ᠵᠠᠯᠠᠭᠤ᠂ ᠬᠡᠦᠭᠡᠳ ᠨᠢᠯᠬ᠎ᠠ ᠪᠦᠷ ᠢᠷᠡᠭᠡᠳ ᠦᠵᠡᠵᠡᠭᠡᠳᠡᠭ᠃ ᠲᠣᠰᠭᠣᠨ᠎ᠤ ᠬᠥᠮᠦᠰ ᠰᠢ ᠦᠵᠡᠬᠦ᠎ᠳᠤ ᠪᠡᠨ ᠲᠣᠭᠣᠰᠭᠠᠨ ᠳᠡᠭᠡᠷ᠎ᠡ ᠰᠠᠭᠤᠬᠤ ᠪᠤᠶᠤ ᠡᠪᠡᠰᠦ ᠳᠡᠪᠢᠰᠳᠡᠭ᠂ ᠡᠪᠦᠭᠡᠴᠦᠳ ᠱᠢᠭᠤᠳ ᠬᠦᠰᠡᠷ ᠰᠠᠭᠤᠭᠠᠳ ᠰᠤᠨᠢᠷᠬᠠᠵᠠᠭᠠᠳᠠᠭ᠃ ᠵᠦᠴᠦᠭᠡ᠎ᠶᠢᠨ ᠲᠠᠯᠠᠪᠠᠢ᠎ᠳᠤ᠂ ᠲᠣᠭᠣᠰᠣ ᠱᠢᠷᠣᠶ ᠳᠡᠭ᠌ᠳᠡᠭ᠌ᠰᠡᠨ ᠴᠦ᠍ ᠬᠥᠮᠦᠰ᠎ᠦᠨ ᠵᠦᠴᠦᠭᠡ ᠦᠵᠡᠬᠦ᠌ ᠬᠠᠯᠠᠭᠤᠨ ᠰᠡᠳᠭᠢᠯᠭᠡ᠎ᠶᠢ ᠨᠥᠯᠥᠭᠡᠯᠡᠬᠦ᠌ ᠦᠬᠡᠢ᠃ ᠡᠯ ᠷᠧᠨ᠎ᠲᠡᠶ ᠵᠦᠴᠦᠭᠡ ᠬᠥᠳᠡᠭᠡ ᠲᠣᠰᠭᠣᠨ᠎ᠳᠤ ᠡᠭᠦᠰᠦᠭ᠌ᠰᠡᠨ ᠦᠨᠡᠨ ᠦᠯᠢᠭᠡᠷ ᠵᠢᠡᠷ ᠰᠡᠳᠦᠪᠯᠡᠳᠡᠭ᠃ ᠵᠢᠱ᠌ᠢᠶᠡᠯᠡᠪᠡᠯ᠂《ᠲᠠᠪᠤᠳᠤᠭᠠᠷ ᠠᠬ᠎ᠠ ᠬᠤᠨᠢ ᠬᠠᠷᠢᠭᠤᠯᠤᠭ᠍ᠰᠠᠨ ᠨᠢ》᠂ 《ᠭᠣᠣᠨᠢ ᠡᠷ᠎ᠡ ᠡᠬᠡᠨᠡᠷ᠎ᠤ᠋ᠨ ᠲᠦᠯᠦᠭᠡ ᠤᠬᠢᠯᠠᠭ᠍ᠰᠠᠨ ᠨᠢ》᠂  《ᠵᠠᠯᠠᠭᠤ ᠪᠡᠯᠪᠡᠰᠦᠨ ᠡᠬᠡᠨᠡᠷ ᠤᠩᠭᠤᠨ ᠳᠡᠭᠡᠷ᠎ᠡ ᠱᠢᠷᠤᠢ ᠨᠡᠮᠡᠭ᠌ᠰᠡᠨ ᠨᠢ》 ᠵᠡᠷᠭᠡ ᠪᠤᠢ᠃ ᠡᠢᠨᠬᠦ ᠨᠢᠭᠡ ᠵᠦᠴᠦᠭᠡ ᠨᠢ ᠬᠡᠳᠦᠨ ᠵᠠᠭᠤᠨ ᠵᠢᠯ᠎ᠦᠨ ᠬᠦᠭ᠌ᠵᠢᠯᠲᠡ ᠬᠤᠪᠢᠷᠠᠯᠲᠠ ᠵᠢ ᠬᠠᠷᠠᠭᠤᠯᠵᠤ ᠪᠠᠢ᠍ᠢᠳᠠᠭ᠃

ᠨᠤᠲᠤᠭ᠎ᠤ᠋ᠨ ᠠᠶᠠᠯᠭᠤ᠎ᠪᠡᠷ ᠲᠤᠭ᠍ᠯᠠᠳᠠᠭ ᠡᠯ ᠷᠧᠨ᠎ᠲᠡᠶ ᠵᠦᠴᠦᠭᠡ᠎ᠳᠤ ᠵᠦᠴᠦᠭᠡ ᠨᠠᠢᠷᠠᠭᠤᠯᠤᠭ᠍ᠴᠢ ᠭᠡᠵᠦ᠍ ᠪᠠᠢᠳᠠᠭ ᠦᠬᠡᠢ᠂ ᠤᠳᠤᠷᠢᠳᠤᠭᠠᠴᠢ ᠭᠡᠵᠦ᠍ ᠴᠤ᠌ ᠪᠠᠢᠬᠤ ᠦᠬᠡᠢ᠃ ᠵᠦᠪᠬᠡᠨ ᠥᠪᠡᠰᠦᠪᠡᠨ ᠪᠡᠶ᠎ᠡ᠎ᠪᠡᠨ᠂ ᠡᠪᠦᠭᠡ ᠲᠡᠭᠡᠳᠦᠰ᠎ᠵᠢᠡᠨ ᠲᠣᠭ᠍ᠯᠠᠵᠤ᠂ ᠪᠠᠶᠠᠷ᠂ ᠭᠤᠨᠢᠭ᠂ ᠤᠴᠠᠭᠠᠷ᠂ ᠵᠣᠪᠠᠨᠢᠯ᠎ᠵᠢᠡᠨ ᠰᠢ ᠵᠦᠴᠦᠭᠡ᠎ᠪᠡᠷ ᠳᠠᠮᠵᠢᠨ ᠠᠭᠤᠵᠢᠷᠠᠲᠠᠯ᠎ᠠ ᠲᠣᠭ᠍ᠯᠠᠳᠠᠭ᠃

ᠣᠳᠣᠬᠠᠨ᠎ᠳᠤ᠂ ᠲᠣᠰᠭᠣᠨ᠎ᠳᠤ ᠡᠯ ᠷᠧᠨ᠎ᠲᠡᠶ ᠵᠦᠴᠦᠭᠡ ᠲᠤᠩ ᠴᠥᠭᠡᠨ ᠳᠤᠭᠯᠠᠳᠠᠭ ᠪᠣᠯᠵᠠᠢ᠃ ᠵᠢᠯ ᠴᠠᠭᠠᠨ ᠰᠠᠷ᠎ᠠ ᠪᠤᠯᠬᠤ᠎ᠪᠦᠷᠢ ᠨᠤᠲᠤᠭ᠎ᠲᠤ ᠪᠡᠨ ᠬᠠᠷᠢᠵᠤ ᠱᠢᠨᠡᠯᠡᠬᠦ᠌ ᠵᠠᠯᠠᠭᠤᠴᠤᠳ ᠴᠤᠭ᠍ᠯᠠᠷᠠᠵᠠᠭᠠᠭᠠᠳ᠂ ᠬᠠᠮᠲᠤ ᠪᠠᠷ ᠵᠣᠭᠣᠰ ᠭᠠᠷᠭᠠᠵᠤ ᠡᠯ ᠷᠧᠨ᠎ᠲᠡᠶ ᠵᠦᠴᠦᠭᠡ᠎ᠶᠢᠨ ᠪᠦᠯᠬᠦᠮ᠎ᠢ ᠤᠷᠢᠨ᠂ ᠲᠣᠰᠭᠣᠨ᠎ᠤ ᠨᠠᠰᠤᠲᠠᠢᠴᠤᠳ᠎ᠲᠤ ᠵᠦᠴᠦᠭᠡ ᠰᠤᠨᠢᠷᠬᠠᠭᠤᠯᠳᠠᠭ᠃

ᠨᠤᠲᠤᠭ᠎ᠤ᠋ᠨ ᠳᠠᠭᠤᠤ ᠠᠶᠠᠯᠭᠤ ᠪᠤᠯᠤᠭ᠍ᠰᠠᠨ ᠡᠯ ᠷᠧᠨ᠎ᠲᠡᠶ ᠵᠦᠴᠦᠭᠡ ᠢᠩᠬᠢᠵᠤ ᠤᠷᠲᠤ ᠤᠳᠠᠭᠠᠨ ᠲᠡᠦᠬᠡ ᠵᠢᠨ ᠤᠷᠤᠰᠭᠠᠯ ᠲᠠᠮᠵᠢᠨ ᠤᠯᠠᠮᠵᠢᠯᠠᠭ᠍ᠳᠠᠨ᠋᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号