ᠯᠤᠤ ᠡᠪᠡᠷ ᠵᠢᠭᠡᠯᠡᠭᠰᠡᠨ ᠨᠢ
2022-01-19 16:24:01
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠠᠷᠪᠠᠨ ᠬᠤᠶᠠᠷ ᠵᠢᠯ᠎ᠤᠨ ᠲᠤᠳᠤᠷ᠎ᠠ ᠯᠣᠣ ᠪᠤᠯ ᠴᠤᠷ᠎ᠤᠨ ᠭᠠᠭᠴᠠ ᠵᠣᠬᠢᠶᠠᠮᠠᠯ ᠠᠮᠢᠲᠠᠨ ᠶᠤᠮ᠃ ᠲᠡᠭᠡᠪᠡᠯ ᠯᠣᠣ ᠭᠡᠷᠬᠢᠨ ᠠᠷᠪᠠᠨ ᠬᠣᠶᠠᠷ ᠵᠢᠯ᠎ᠳᠤ ᠤᠷᠤᠭᠰᠠᠨ ᠪᠤᠯ ?

ᠡᠷᠲᠡᠨ᠎ᠦ ᠦᠶ᠎ᠠ᠎ᠳᠤ ᠯᠣᠣ ᠡᠪᠡᠷ ᠦᠭᠡᠢ ᠪᠦᠭᠡᠳ ᠭᠠᠵᠠᠷ ᠳᠡᠭᠡᠷ᠎ᠡ ᠠᠮᠢᠳᠤᠷᠠᠳᠠᠭ ᠪᠠᠢᠵᠠᠢ᠃ ᠯᠤᠤ ᠪᠠᠶ᠎ᠠ ᠪᠦᠳᠦᠬᠦᠨ ᠬᠦᠴᠦ ᠲᠤᠷᠪᠢᠳᠠᠢ᠂ ᠨᠢᠰᠴᠦ᠍ ᠴᠢᠳᠠᠳᠠᠭ᠂ ᠤᠮᠪᠠᠵᠤ ᠴᠢᠳᠠᠳᠠᠭ ᠵᠡᠷᠭᠡ ᠤᠯᠠᠨ ᠡᠷᠳᠡᠮ ᠲᠠᠢ ᠪᠡᠷ᠎ᠵᠢᠡᠨ ᠠᠷᠢᠶᠠᠲᠠᠨ᠎ᠤ ᠸᠠᠩ ᠰᠠᠭᠤᠵᠤ᠂ ᠪᠠᠷᠰ᠎ᠤᠨ ᠪᠠᠢᠷᠢ ᠰᠠᠭᠤᠷᠢ᠎ᠶ᠋ᠢ ᠣᠷᠣᠯᠠᠬᠤ ᠰᠠᠨᠠᠭ᠎ᠠ᠎ᠲᠠᠶ ᠪᠠᠢᠯ᠎ᠠ᠃ ᠢᠩᠭᠢᠭᠡᠳ ᠬᠥᠮᠦᠨ᠎ᠦ ᠶᠢᠷᠲᠢᠨᠴᠦ᠍᠎ᠳᠦ ᠯᠤᠤ᠂ ᠪᠠᠷᠰ᠎ᠤᠨ ᠲᠡᠮᠡᠴᠡᠯᠳᠦᠭᠡᠨ ᠡᠭᠦᠰᠴᠦ᠍ ᠬᠡᠨ ᠨᠢ ᠰᠦᠷ ᠬᠦᠴᠦᠨ ᠳᠠᠢ ᠵᠢ ᠢᠯᠭᠠᠬᠤ᠎ᠳᠤ ᠪᠡᠷᠬᠡ ᠪᠣᠯᠵᠠᠶ᠃ ᠬᠤᠷᠮᠤᠰᠲᠠ ᠲᠡᠭᠷᠢ ᠲᠡᠳᠡᠨ᠎ᠢ ᠳᠡᠩᠳᠡᠭᠦᠦ ᠶᠣᠰᠣ ᠪᠤᠰᠤ᠎ᠪᠠᠷ ᠠᠭᠠᠰᠢᠯᠠᠵᠤ ᠪᠠᠢᠨ᠎ᠠ ᠭᠡᠮᠡᠨ ᠲᠩᠷᠢ᠎ᠶ᠋ᠢᠨ ᠣᠷᠳᠣᠨ᠎ᠳᠤ ᠪᠠᠨ ᠲᠠᠭᠤᠳᠠᠪᠠ᠃ ᠯᠤᠤ ᠬᠡᠳᠦᠢᠪᠡᠷ ᠪᠡᠶ᠎ᠠ ᠪᠦᠳᠦᠬᠦᠨ ᠬᠦᠴᠦ ᠲᠤᠷᠪᠢᠳᠠᠢ ᠪᠣᠯᠪᠠᠴᠤ᠌ ᠪᠠᠷᠰ᠎ᠤᠨ ᠬᠢᠷᠢ ᠰᠦᠷ ᠵᠢᠪᠬᠤᠭ᠎ᠠ ᠥᠬᠡᠶ᠂ ᠬᠤᠷᠮᠤᠰᠲᠠ ᠲᠡᠭᠷᠢ ᠥᠪᠡᠷ᠎ᠢ ᠨᠢ ᠪᠠᠰᠤᠬᠤ᠎ᠠᠴᠠ ᠠᠶᠤᠨ᠎ᠠ᠃ ᠲᠡᠷᠡ ᠠᠷᠢᠶᠠᠲᠠᠨ᠎ᠤ ᠬᠠᠭᠠᠨ ᠪᠣᠯᠵᠣ ᠳᠡᠢᠯᠬᠦ᠌ ᠥᠬᠡᠶ ᠮᠦᠷᠳᠡᠭᠡᠨ ᠠᠷᠪᠠᠨ ᠬᠤᠶᠠᠷ ᠵᠢᠯ᠎ᠳᠤ ᠴᠸ᠋ ᠣᠯᠵᠤ ᠤᠷᠤᠬᠤ ᠦᠬᠡᠢ ᠡᠴᠡ ᠪᠠᠨ ᠠᠶᠤᠵᠤ ᠪᠠᠢᠯ᠎ᠠ᠃ ᠡᠨᠡ ᠦᠶ᠎ᠡ᠎ᠳᠦ ᠴᠢᠴᠢᠭᠦᠷ ᠬᠣᠷᠣᠬᠠᠢ ᠲᠡᠬᠦᠦ ᠨᠢ ᠢᠷᠡᠭᠡᠳ᠄《ᠡᠷᠡᠭ᠌ᠴᠢᠨ ᠲᠠᠬᠢᠶ᠎ᠠ ᠨᠢᠭᠡ ᠬᠣᠣᠰ ᠭᠤᠶᠤ ᠡᠪᠡᠷ᠎ᠲᠡᠶ᠂ ᠲᠡᠬᠦᠨ᠎ᠢ ᠵᠢᠭᠡᠯᠡᠵᠦ᠍ ᠠᠪᠴᠢᠷᠠᠭᠠᠳ ᠵᠡᠭᠦᠪᠡᠯ ᠯᠣᠣ ᠠᠬ᠎ᠠ ᠲᠠᠨ᠎ᠤ ᠰᠦᠷ ᠭᠡᠷᠡᠯ ᠯᠠᠪ ᠬᠡᠳᠦᠨ ᠬᠤᠪᠢ ᠨᠡᠮᠡᠭᠳᠡᠨ᠎ᠡ》ᠬᠡᠵᠤ ᠰᠠᠨᠠᠭᠤᠯᠪᠠ᠃ ᠯᠣᠣ ᠰᠣᠨᠣᠰᠤᠭᠠᠳ ᠶᠡᠭᠡ ᠪᠠᠶᠠᠷᠯᠠᠨ ᠴᠢᠴᠢᠭᠦᠷ ᠬᠣᠷᠣᠬᠠᠢ᠎ᠲᠠᠶ ᠬᠠᠮᠲᠤ᠎ᠪᠠᠷ ᠡᠷᠡᠭ᠌ᠴᠢᠨ ᠲᠠᠬᠢᠶ᠎ᠠ᠎ᠠᠴᠠ ᠡᠪᠡᠷ ᠵᠢᠭᠡᠯᠡᠬᠦ ᠪᠡᠷ ᠶᠠᠪᠤᠪᠠ᠃ ᠡᠷᠡᠭ᠌ᠴᠢᠨ ᠳᠠᠬᠢᠶ᠎ᠠ ᠲᠡᠳᠡᠨ᠎ᠤ ᠪᠤᠳᠤᠯ᠎ᠢ ᠰᠤᠨᠤᠰᠤᠭᠠᠳ ᠲᠣᠯᠣᠭᠠᠶ᠎ᠪᠠᠨ ᠰᠠᠵᠢᠨ᠄《ᠪᠣᠯᠬᠤ ᠦᠭᠡᠢ᠂ ᠪᠢ ᠮᠠᠷᠭᠠᠰᠢ ᠪᠠᠰᠠ ᠠᠷᠪᠠᠨ ᠬᠣᠶᠠᠷ ᠵᠢᠯ᠎ᠦᠨ ᠰᠣᠩᠭᠣᠭᠤᠯᠢ᠎ᠳᠤ ᠣᠷᠣᠯᠴᠠᠨ᠎ᠠ !》 ᠬᠡᠬᠦ᠎ᠳᠤ᠂ ᠯᠣᠣ᠄ 《ᠲᠠᠨ᠎ᠤ ᠡᠪᠡᠷ ᠲᠣᠯᠣᠭᠠᠢ ᠳᠡᠭᠡᠷ᠎ᠡ ᠴᠢᠨᠢ ᠤᠷᠭᠤᠭ᠍ᠰᠠᠨ᠎ᠴᠤ᠌ ᠢᠯᠡᠭᠦᠴᠡ᠂ ᠲᠠᠨ᠎ᠤ ᠦᠪᠴᠢ ᠪᠠᠶ᠎ᠠ ᠥᠩᠭᠡ ᠢᠯᠭᠠᠷᠠᠮ᠎ᠠ ᠰᠠᠢᠬᠠᠨ ᠬᠤᠪᠴᠠᠰᠤ ᠲᠠᠢ ᠶᠤᠮ ᠴᠢᠨᠢ ᠯᠠᠪᠳᠠᠢ ᠰᠣᠩᠭᠣᠭ᠍ᠳᠠᠨ᠎ᠠ》 ᠬᠡᠵᠤ ᠮᠠᠭᠳᠠᠯ᠎ᠠ᠃ ᠡᠷᠡᠭ᠌ᠴᠢᠨ ᠳᠠᠬᠢᠶ᠎ᠠ ᠡᠷᠭᠦᠨ ᠮᠠᠭ᠍ᠲᠠᠬᠤ ᠦᠭᠡ᠎ᠶ᠋ᠢ ᠰᠣᠨᠣᠰᠤᠨ ᠡᠪᠡᠷ᠎ᠢᠶᠡᠨ ᠯᠤᠤ᠎ᠳᠤ ᠵᠢᠭᠡᠯᠡᠭᠦᠯᠵᠦ᠍ ᠥᠭ᠌ᠬᠦ ᠰᠠᠨᠠᠭ᠎ᠠ᠎ᠲᠠᠶ ᠪᠤᠯᠪᠠᠴᠤ ᠪᠠᠰᠠ ᠵᠢᠭᠠᠬᠠᠨ ᠰᠠᠯᠵᠤ ᠶᠠᠳᠠᠵᠤ ᠪᠠᠢᠪᠠ᠃ ᠴᠢᠴᠢᠭᠦᠷ ᠬᠣᠷᠣᠬᠠᠶ᠄ 《ᠬᠡᠷᠪᠡ ᠯᠤᠤ ᠠᠬ᠎ᠠ ᠴᠢᠨᠦ᠍ ᠡᠪᠡᠷ᠎ᠢ ᠪᠤᠴᠠᠭᠠᠬᠤ ᠦᠭᠡᠢ ᠪᠣᠯ ᠴᠢ ᠨᠠᠮ᠎ᠠ᠎ᠵᠢ ᠢᠳᠡᠴᠢᠬᠡ》 ᠬᠡᠵᠤ ᠪᠠᠲᠤᠳᠠᠢ ᠶᠠᠷᠢᠬᠤ ᠳ᠋ᠤ ᠡᠷᠡᠭ᠌ᠴᠢᠨ ᠲᠠᠬᠢᠶ᠎ᠠ ᠰᠠᠶᠢ ᠡᠪᠡᠷ᠎ᠢᠶᠡᠨ ᠯᠣᠣ᠎ᠳᠤ ᠵᠢᠭᠡᠯᠡᠵᠦ᠍ ᠥᠭ᠌ᠪᠡ᠃

    ᠯᠣᠣ ᠪᠠ ᠪᠠᠷᠰ ᠲᠩᠷᠢ᠎ᠶ᠋ᠢᠨ ᠣᠷᠳᠣᠨ᠎ᠳᠤ ᠬᠦᠷᠴᠡᠢ᠃ ᠬᠤᠷᠮᠤᠰᠲᠠ ᠲᠩᠷᠢ ᠯᠣᠣ ᠪᠠ ᠪᠠᠷᠰ ᠪᠦᠷ ᠮᠠᠰᠢ ᠰᠦᠷ ᠵᠢᠪᠬᠤᠭ᠎ᠠ᠎ᠲᠠᠶ ᠪᠠᠢᠬᠤ᠎ᠶ᠋ᠢ ᠦᠵᠡᠭᠡᠳ ᠬᠤᠶᠠᠭᠤᠯᠠ ᠵᠢ ᠪᠦᠷ ᠠᠷᠢᠶᠠᠲᠠᠨ᠎ᠤ᠎ᠬᠠᠭᠠᠨ ᠪᠤᠯᠭᠠᠪᠠ᠃ ᠪᠠᠷᠰ᠎ᠢ ᠡᠬᠡ ᠬᠠᠭᠤᠷᠠᠶ᠎ᠶ᠋ᠢᠨ ᠠᠷᠢᠶᠠᠲᠠᠨ᠎ᠤ ᠬᠠᠭᠠᠨ ᠬᠡᠵᠤ᠂ ᠯᠣᠣ᠎ᠶ᠋ᠢ ᠯᠤᠤᠰ᠎ᠤᠨ ᠬᠠᠭᠠᠨ ᠬᠡᠵᠤ᠂ ᠪᠠᠷᠰ ᠠᠷᠪᠠᠨ ᠬᠤᠶᠠᠷ ᠵᠢᠯ᠎ᠳᠤ ᠤᠷᠤᠭᠰᠠᠨ ᠶᠤᠮ ᠴᠢᠨᠢ ᠯᠤᠤ ᠵᠢ ᠪᠠᠰᠠ ᠠᠷᠪᠠᠨ ᠬᠤᠶᠠᠷ ᠵᠢᠯ᠎ᠳᠤ ᠤᠷᠤᠭᠤᠯᠤᠨ᠎ᠠ᠂ ᠭᠡᠪᠡᠴᠤ ᠪᠠᠷᠰ ᠡᠴᠡ ᠬᠣᠢᠭᠤᠷ ᠰᠢᠬ ᠵᠢᠭᠰᠠᠬᠤ ᠬᠡᠷᠡᠭᠳᠡᠢ ᠬᠡᠵᠤ ᠵᠠᠷᠯᠠᠪᠠ᠃ ᠲᠡᠭᠡᠭᠡᠳ ᠯᠤᠤ ᠪᠠ ᠪᠠᠷᠰ ᠪᠦᠷ ᠶᠡᠭᠡᠳᠡ ᠪᠠᠶᠠᠷᠯᠠᠵᠤ᠂ ᠬᠤᠷᠮᠤᠰᠲᠠ ᠲᠡᠭᠷᠢ᠎ᠳᠤ ᠲᠠᠯᠠᠷᠬᠠᠨ  ᠲᠣᠭᠣᠰᠣᠲᠤ ᠶᠢᠷᠲᠢᠨᠴᠦ᠍᠎ᠳᠤ ᠪᠡᠨ ᠪᠤᠴᠠᠵᠠᠶ᠃ ᠢᠩᠬᠢᠵᠤ ᠯᠣᠣ ᠠᠷᠪᠠᠨ ᠬᠣᠶᠠᠷ ᠵᠢᠯ᠎ᠦᠨ ᠳᠣᠲᠣᠷ᠎ᠠ ᠲᠠᠪᠤᠳᠤᠭᠠᠷ᠎ᠲᠤ ᠵᠢᠭᠰᠠᠭᠠᠭᠳᠠᠪᠠ᠃

ᠯᠤᠤ ᠪᠤᠴᠠᠵᠤ ᠢᠷᠡᠭ᠌ᠰᠡᠨ᠎ᠦ ᠰᠡᠭᠦᠯᠡᠷ 《ᠭᠡᠷᠪᠡ ᠪᠢ ᠡᠷᠡᠭ᠌ᠴᠢᠨ ᠲᠠᠬᠢᠶ᠎ᠠ᠎ᠵᠢᠨ ᠡᠪᠡᠷ᠎ᠢ ᠪᠤᠴᠠᠭᠠᠪᠠᠯ ᠤᠰᠤᠨ᠎ᠤ ᠠᠮᠢᠲᠠᠳ ᠨᠠᠮ᠎ᠠ ᠵᠢ ᠮᠠᠭᠤᠬᠠᠶ ᠭᠡᠮᠡᠨ ᠪᠢᠱᠢᠷᠡᠬᠦ ᠦᠭᠡᠢ ᠪᠤᠯᠬᠤ ᠪᠠᠢᠬ᠎ᠠ ?》ᠬᠡᠵᠤ ᠪᠤᠳᠤᠭᠠᠳ ᠡᠷᠡᠭ᠌ᠴᠢᠨ ᠲᠠᠬᠢᠶ᠎ᠠ᠎ᠶ᠋ᠢᠨ ᠡᠪᠡᠷ᠎ᠢ ᠪᠤᠴᠠᠭᠠᠬᠤ ᠥᠬᠡᠶ᠎ᠪᠡᠷ ᠲᠣᠭ᠍ᠲᠠᠵᠤ᠂ ᠤᠰᠤᠨ᠎ᠲᠤᠳᠤᠷ᠎ᠠ ᠣᠷᠣᠭᠠᠳ ᠲᠠᠬᠢᠵᠤ ᠡᠬᠡ ᠬᠠᠭᠤᠷᠠᠶ᠎ᠳᠤ ᠭᠠᠷᠴᠤ ᠢᠷᠡᠭᠰᠡᠨ ᠦᠬᠡᠢ ᠭᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号