ᠯᠠ ᠰᠠᠷ᠎ᠠ ᠵᠢᠨ ᠨᠠᠢ᠍ᠮᠡᠠ ᠥᠩᠭᠡᠷᠡᠪᠡᠯ ᠴᠠᠭᠠᠨ ᠰᠠᠷ᠎ᠠ ᠬᠦᠷᠴᠦ ᠢᠷᠠᠨ᠎ᠠ ᠳ᠋ᠡ ᠁
2022-01-19 09:29:24
ᠵᠣᠬᠢᠶᠠᠭ᠍ᠴᠢ᠄
ᠶᠤᠸᠠᠨ ᠰᠢᠤ ᠴᠢᠨ
ᠣᠩᠱᠢᠭ᠍ᠰᠠᠨ ᠣᠳᠠᠭ᠎ᠠ᠄
★★★☆☆

ᠳᠤᠮᠳᠠᠳᠤ ᠤᠯᠤᠰ᠎ᠤᠨ ᠰᠣᠶᠣᠯ ᠲᠡᠦᠬᠡᠨ᠎ᠡᠴᠡ᠎ᠪᠡᠨ ᠠᠪᠤᠭᠠᠳ 《ᠵᠠᠭᠤᠨ ᠦᠶ᠎ᠡ ᠶ᠋ᠢᠨ ᠲᠠᠮᠳᠤᠷᠬᠠᠢ ᠲᠡᠪᠳᠡᠷ ᠲᠠᠰᠤᠷᠬᠠᠢ ᠬᠠᠭᠤᠳᠠᠰᠤ ᠡᠴᠡ ᠦᠬᠡᠰ᠎ᠤᠨ ᠰᠠᠩ᠎ᠢᠶᠡᠨ ᠪᠠᠶᠠᠯᠢᠬᠵᠢᠭᠤᠯᠵᠤ᠂ ᠮᠢᠩᠭᠠᠨ ᠣᠨ᠎ᠤ ᠦᠪ ᠪᠦᠳᠦᠬᠡᠯ ᠡᠴᠡ ᠢᠷᠠᠭᠤ ᠪᠠᠳᠠᠭ᠎ᠢ ᠦᠷᠬᠡᠨ᠎ᠢᠶᠡᠷ ᠬᠤᠷᠠᠮᠳᠤᠭᠤᠯᠬᠤ》 ᠶ᠋ᠢ ᠡᠷᠬᠢᠮᠯᠡᠭ᠌ᠰᠡᠭᠡᠷ ᠢᠷᠡᠵᠠᠢ᠃ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠦᠵᠡᠯ ᠰᠠᠨᠠᠭ᠎ᠠ ᠦᠵᠡᠯᠳᠡ᠂ ᠰᠣᠶᠣᠯ ᠢᠷᠬᠡᠨᠰᠢᠯ᠎ᠤᠨ ᠵᠣᠷᠢᠭ ᠰᠠᠨᠠᠭ᠎ᠠ᠂ ᠶᠣᠰᠣ ᠰᠤᠷᠲᠠᠬᠤᠨ᠎ᠤ ᠵᠢᠷᠤᠮᠵᠢᠯ᠎ᠢ ᠠᠭᠤᠳᠠᠯᠵᠤ᠂ ᠤᠷᠠᠯᠢᠭ᠎ᠤᠨ ᠪᠦᠲᠦᠭᠡᠯᠴᠢ ᠬᠦᠴᠤᠨ ᠪᠤᠯᠤᠨ ᠳᠤᠮᠳᠠᠳᠤ ᠶ᠋ᠢᠨ ᠰᠣᠶᠣᠯ᠎ᠤᠨ ᠦᠷᠳᠡᠭ᠎ᠢ ᠠᠭᠤᠰᠤᠯᠴᠠᠭᠤᠯᠵᠤ᠂ ᠳᠤᠮᠳᠠᠳᠤ ᠶ᠋ᠢᠨ ᠭᠤᠸ᠎ᠠ ᠵᠦᠢ᠎ᠶ᠋ᠢᠨ ᠵᠣᠷᠢᠭ ᠰᠠᠨᠠᠭ᠎ᠠ ᠪᠤᠯᠤᠨ ᠤᠳᠤ ᠦᠶ᠎ᠡ᠎ᠶ᠋ᠢᠨ ᠭᠤᠸ᠎ᠠ ᠰᠠᠢᠬᠠᠨ᠎ᠤ ᠬᠥᠭᠡᠭᠡᠴᠡᠯᠳᠦᠯ᠎ᠢ ᠤᠶᠠᠯᠳᠤᠭᠤᠯᠵᠤ᠂ ᠳᠤᠮᠳᠠᠳᠤ᠎ᠶ᠋ᠢᠨ ᠰᠣᠶᠣᠯ᠎ᠤᠨ ᠠᠮᠢᠵᠢᠷᠠᠯ᠎ᠤᠨ ᠬᠦᠴᠦᠨ᠎ᠢ ᠬᠥᠭ᠌ᠵᠢᠭᠡᠬᠦ ᠬᠡᠷᠡᠭᠳᠡᠢ᠃

— ᠶᠡᠷᠦᠩᠬᠡᠶ ᠱᠦᠵᠢ ᠰᠢ᠎ᠶ᠋ᠢᠨ ᠫᠢᠩ᠎ᠤᠨ ᠳᠤᠮᠳᠠᠳᠤ ᠤᠯᠤᠰ᠎ᠤᠨ ᠤᠳᠭ᠎ᠠ ᠤᠷᠠᠯᠢᠭ᠎ᠤᠨ ᠬᠢᠨ᠎ᠦ ᠬᠣᠯᠪᠣᠭ᠎ᠠ ᠵᠢᠨ ᠠᠷᠪᠠᠨ ᠨᠢᠭᠡᠳᠦᠭᠡᠷ ᠤᠳᠠᠭ᠎ᠠ ᠵᠢᠨ ᠪᠦᠬᠦ ᠤᠯᠤᠰ᠎ᠤᠨ ᠲᠦᠯᠦᠬᠡᠯᠡᠭᠴᠢᠳ᠎ᠤᠨ ᠶᠡᠬᠡ ᠬᠤᠷᠠᠯ᠂ ᠳᠤᠮᠳᠠᠳᠤ ᠤᠯᠤᠰ᠎ᠤᠨ ᠵᠣᠬᠢᠶᠠᠯᠴᠢᠳ᠎ᠤᠨ ᠡᠪᠯᠡᠯ᠎ᠦᠨ ᠠᠷᠪᠠᠳᠤᠭᠠᠷ ᠤᠳᠠᠭᠠᠨ᠎ᠤ ᠪᠦᠬᠦ ᠤᠯᠤᠰ᠎ᠤᠨ ᠲᠦᠯᠦᠬᠡᠯᠡᠭᠴᠢᠳ᠎ᠤᠨ ᠶᠡᠬᠡ ᠬᠤᠷᠠᠯ᠎ᠤᠨ ᠡᠬᠢᠯᠠᠯᠳᠠ ᠵᠢᠨ ᠶᠣᠰᠣᠯᠠᠯ ᠳᠡᠭᠡᠷᠡᠬᠢ ᠶᠠᠷᠢᠶ᠎ᠠ᠎ᠡᠴᠡ (2021 ᠣᠨ᠎ᠤ 12 ᠰᠠᠷ᠎ᠠ᠎ᠶ᠋ᠢᠨ 14᠎ᠦ ᠡᠳᠦᠷ)


《ᠬᠡᠦᠬᠡᠳ᠎ᠤᠳ ᠮᠢᠨᠢ᠂ ᠯᠠ ᠰᠠᠷ᠎ᠠ ᠵᠢᠨ ᠨᠠᠢ᠍ᠮᠡᠠ ᠥᠩᠭᠡᠷᠡᠪᠡᠯ ᠴᠠᠭᠠᠨ ᠰᠠᠷ᠎ᠠ ᠤᠳᠠᠯ ᠦᠬᠡᠢ ᠬᠦᠷᠴᠤ ᠢᠷᠡᠨ᠎ᠠ; ᠯᠠ ᠰᠠᠷ᠎ᠠ ᠵᠢᠨ ᠨᠠᠢ᠍ᠮᠡᠠ᠎ᠤ ᠱᠢᠩᠭᠡᠨ ᠪᠤᠳᠠᠭ᠎ᠠ᠎ᠶ᠋ᠢ ᠬᠡᠳᠦᠨ ᠡᠳᠦᠷ ᠢᠳᠡᠪᠡᠯ ᠰᠢᠨᠡᠯᠡᠬᠦ ᠪᠤᠯᠴᠢᠬᠠᠨ᠎ᠠ ᠁》᠃ ᠯᠡ ᠰᠠᠷ᠎ᠠ ᠵᠢᠨ ᠨᠠᠢ᠍ᠮᠡᠠ᠎ᠤ ᠪᠠᠶᠠᠷ᠎ᠤᠨ ᠡᠳᠤᠷ ᠨᠢ ᠮᠠᠨ᠎ᠤ ᠤᠯᠤᠰ᠎ᠤᠨ ᠤᠯᠠᠮᠵᠢᠯᠠᠯᠲᠤ ᠴᠢᠬᠤᠯᠠ ᠪᠠᠶᠠᠷ᠎ᠤᠨ ᠡᠳᠦᠷ ᠪᠣᠯᠬᠤ ᠪᠠᠷ ᠪᠠᠷᠠᠬᠤ ᠦᠭᠡᠶ᠂ ᠨᠡᠩ ᠴᠤ᠌ ᠴᠠᠭᠠᠨ ᠰᠠᠷ᠎ᠠ ᠬᠦᠷᠴᠦ᠍ ᠢᠷᠡᠬᠦ᠌᠎ᠶ᠋ᠢ ᠪᠡᠯᠭᠡᠳᠡᠵᠦ᠍ ᠪᠠᠢᠳᠠᠭ᠃

ᠮᠠᠨ᠎ᠤ ᠤᠯᠤᠰ᠎ᠤᠨ ᠮᠠᠰᠢ ᠣᠯᠠᠨ ᠭᠠᠵᠠᠷ ᠣᠷᠣᠨ᠎ᠳᠤ ᠯᠠ ᠰᠠᠷ᠎ᠠ᠎ᠶ᠋ᠢᠨ ᠨᠠᠢ᠍ᠮᠠᠨ᠎ᠤ ᠪᠠᠶᠡᠷ᠎ᠤᠨ ᠡᠳᠦᠷ ᠨᠢᠭᠡ ᠠᠶᠠᠭ᠎ᠠ ᠬᠠᠯᠠᠭᠤᠨ ᠱᠢᠩᠭᠡᠨ ᠪᠤᠳᠠᠭ᠎ᠠ ᠢᠳᠡᠵᠦ᠍᠂ ᠨᠢᠭᠡ ᠯᠤᠩᠬᠤ ᠰᠠᠷᠢᠮᠰᠠᠭ ᠳᠠᠪᠤᠰᠤᠯᠠᠳᠠᠭ ᠁ ᠯᠠ ᠰᠠᠷ᠎ᠠ᠎ᠶ᠋ᠢᠨ ᠨᠠᠢ᠍ᠮᠠᠨ ᠦᠩᠬᠡᠷᠡᠪᠡᠯ ᠲᠠᠷᠤᠢ ᠰᠠᠷ᠎ᠠ ᠰᠢᠨ᠎ᠠ ᠡᠬᠢᠯᠡᠴᠢᠭᠡᠭᠰᠡᠨ᠎ᠢᠶᠡᠷ ᠪᠤᠳᠤᠨ᠎ᠠ᠂ ᠠᠢᠯ ᠪᠣᠯᠭᠠᠨ ᠴᠠᠭᠠᠨ ᠰᠠᠷ᠎ᠠ᠎ᠶ᠋ᠢᠨ ᠪᠠᠷᠠᠭ᠎ᠠ ᠲᠠᠸᠠᠷ ᠬᠤᠳᠠᠯᠳᠤᠨ ᠠᠪᠴᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠤᠭ᠎ᠤᠨ ᠦᠪᠡᠳᠡᠭ᠌ᠰᠢ ᠶᠡᠬᠡ ᠪᠠᠶᠠᠷ᠎ᠤᠨ ᠡᠳᠦᠷ —  ᠴᠠᠭᠠᠨ ᠰᠠᠷ᠎ᠠ᠎ᠶ᠋ᠢᠨ ᠪᠠᠶᠠᠷ᠎ᠲᠤ ᠪᠡᠯᠡᠳᠭᠡᠯ ᠬᠢᠵᠦ᠍᠂ ᠴᠠᠭᠠᠨ ᠰᠠᠷ᠎ᠠ ᠵᠢᠨ ᠠᠭᠤᠷ ᠠᠮᠢᠰᠬᠤᠯ ᠡᠳᠤᠷ ᠡᠴᠨ ᠡᠳᠤᠷ ᠦᠳᠬᠡᠷᠡᠳᠡᠭ᠃


ᠢᠷᠡᠯᠲᠡ᠄ ᠯᠠ ᠰᠠᠷ᠎ᠠ᠎ᠶ᠋ᠢᠨ ᠲᠠᠬᠢᠯᠭ᠎ᠠ ᠲᠠᠬᠢᠵᠤ ᠡᠯᠪᠡᠭ ᠬᠤᠷᠢᠶᠠᠯᠳᠠ ᠵᠢ ᠬᠦᠰᠡᠨ ᠲᠠᠭᠠᠳᠬᠠᠨ᠎ᠠ

ᠯᠠ ᠰᠠᠷ᠎ᠠ᠎ᠶ᠋ᠢᠨ ᠨᠠᠢ᠍ᠮᠠᠨ᠎ᠤ ᠡᠭᠦᠰᠦᠯ ᠨᠢ ᠮᠠᠰᠢ ᠡᠷᠲᠡ ᠪᠠᠢᠵᠤ᠂ ᠯᠠ᠎ᠰᠠᠷ᠎ᠠ ᠶ᠋ᠢᠨ ᠳᠠᠬᠢᠯᠭ᠎ᠠ ᠲᠠᠶ ᠨᠢᠭ᠍ᠲᠠ ᠬᠤᠯᠪᠤᠭ᠎ᠠ᠎ᠲᠠᠶ ᠶᠤᠮ᠃ ᠥᠪᠥᠷ ᠮᠣᠩᠭᠣᠯ᠎ᠤᠨ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠠᠯ᠎ᠠ ᠨᠤᠲᠤᠭ᠎ᠤᠨ ᠰᠣᠶᠣᠯ᠎ᠤᠨ ᠰᠤᠳᠤᠯᠭᠠᠨ᠎ᠤ ᠭᠠᠵᠠᠷ᠎ᠤᠨ ᠳᠠᠷᠤᠭ᠎ᠠ᠂ ᠰᠤᠳᠤᠯᠤᠭ᠍ᠴᠢ ᠸᠠᠩ ᠬᠠᠶ ᠷᠦᠩ᠄《ᠯᠠ᠎ᠰᠠᠷ᠎ᠠ ᠶ᠋ᠢᠨ ᠳᠠᠬᠢᠯᠭ᠎ᠠ ᠪᠣᠯ ᠡᠷᠲᠡᠡ᠎ᠤ ᠦᠶ᠎ᠡ ᠵᠢᠨ ᠠᠷᠠᠳ ᠲᠦᠮᠡᠨ᠎ᠤ ᠵᠢᠯ᠎ᠦᠨ ᠡᠴᠦᠰ᠎ᠦᠨ ᠬᠠᠮᠤᠭ᠎ᠤᠨ ᠴᠢᠬᠤᠯᠠ ᠳᠠᠬᠢᠯᠭ᠎ᠠ ᠶ᠋ᠢᠨ ᠠᠵᠢᠯᠯᠠᠭ᠎ᠠ ᠪᠠᠢᠵᠤ᠂ ᠲᠤᠬᠠᠶ᠎ᠶ᠋ᠢᠨ ᠨᠡᠢᠭᠡᠮ᠎ᠦᠨ ᠪᠠᠶᠠᠷ ᠨᠠᠢᠷ᠎ᠤᠨ ᠱᠢᠰᠲ᠋ᠧᠮ᠎ᠳ᠋ᠡᠬᠢ ᠭᠣᠸ᠋ᠯ ᠪᠦᠷᠢᠯᠳᠦᠬᠦᠨ ᠬᠡᠰᠡᠭ ᠪᠤᠯᠤᠨ᠎ᠠ᠃ ᠡᠭᠦᠨ᠎ᠳᠦ ᠬᠣᠶᠠᠷ ᠵᠦᠢᠯ᠎ᠦᠨ ᠬᠡᠯᠪᠡᠷᠢ ᠪᠠᠭᠳᠠᠳᠠᠭ᠂ ᠲᠠᠷᠤᠢ ᠯᠠ᠎ᠶ᠋ᠢᠨ ᠳᠠᠬᠢᠯᠭ᠎ᠠ ᠪᠤᠯᠤᠨ ᠯᠠ ᠰᠠᠷ᠎ᠠ ᠶ᠋ᠢᠨ ᠳᠠᠬᠢᠯᠭ᠎ᠠ ᠪᠤᠯᠤᠨ᠎ᠠ᠃ ᠯᠠ᠎ᠶ᠋ᠢᠨ ᠳᠠᠬᠢᠯᠭ᠎ᠠ ᠨᠢ ᠨᠠᠢ᠍ᠮᠠᠨ ᠲᠠᠷᠢᠶᠠᠯᠠᠩ᠎ᠤᠨ ᠰᠠᠬᠢᠭᠤᠯᠰᠤᠨ᠎ᠢ ᠳᠠᠭᠢᠵᠤ᠂ ᠳᠠᠬᠢᠯᠭ᠎ᠠ᠎ᠶ᠋ᠢᠨ ᠡᠳ᠋ ᠨᠢ ᠣᠯᠠᠩᠬᠢ ᠳ᠋ᠠᠭᠠᠨ ᠲᠠᠪᠤᠨ ᠲᠠᠷᠢᠶ᠎ᠠ᠂ ᠳᠠᠬᠢᠯᠭ᠎ᠠ᠎ᠶ᠋ᠢᠨ ᠭᠠᠵᠠᠷ ᠨᠢ ᠣᠯᠠᠩᠬᠢ᠎ᠳᠠᠭᠠᠨ ᠬᠣᠲᠠ᠎ᠶ᠋ᠢᠨ ᠲᠡᠭᠦᠷᠭᠡ᠎ᠳᠦ ᠪᠠᠢᠳᠠᠭ᠃ ᠯᠠ ᠰᠠᠷ᠎ᠠ᠎ᠶ᠋ᠢᠨ ᠳᠠᠬᠢᠯᠭ᠎ᠠ ᠪᠣᠯ ᠬᠠᠭᠠᠨ᠎ᠤ᠋ ᠡᠪᠦᠭᠡ ᠳᠡᠭᠡᠳᠦᠰ᠎ᠢᠶᠡᠨ ᠳᠠᠭᠢᠬᠤ ᠠᠵᠢᠯᠯᠠᠭ᠎ᠠ ᠪᠠᠢᠵᠤ᠂ ᠳᠠᠬᠢᠯᠭ᠎ᠠ᠎ᠶ᠋ᠢᠨ ᠡᠳ᠋᠎ᠦᠨ ᠣᠯᠠᠩᠬᠢ ᠨᠢ ᠠᠷᠢᠶᠠᠲᠠᠨ ᠵᠢᠭᠦᠷᠲᠡᠨ᠂ ᠳᠠᠬᠢᠯᠭ᠎ᠠ ᠶ᠋ᠢᠨ ᠭᠠᠵᠠᠷ᠎ᠤᠨ ᠣᠯᠠᠩᠬᠢ ᠨᠢ ᠳᠡᠭᠡᠳᠦᠰ ᠎ᠦᠨ ᠰᠦᠮ᠎ᠡ ᠪᠣᠯᠤᠨ᠎ᠠ》 ᠬᠡᠵᠤ ᠰᠤᠷᠪᠤᠯᠵᠢᠯᠠᠭ᠍ᠴᠢ᠎ᠳᠤ ᠤᠴᠢᠷᠳᠡᠢ ᠰᠠᠢᠬᠠᠨ ᠶᠠᠷᠢᠵᠤ ᠪᠠᠢᠯ᠎ᠠ᠃

《ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠳᠦ ᠨᠡᠢᠭᠡᠮ᠎ᠳ᠋ᠤ ᠯᠤᠲᠤ ᠶᠡᠬᠡ ᠬᠤᠪᠢᠷᠠᠯᠲᠠ ᠭᠠᠷᠴᠤ᠌᠂ ᠯᠠ᠎ᠶ᠋ᠢᠨ ᠳᠠᠬᠢᠯᠭ᠎ᠠ ᠪᠤᠯᠤᠨ ᠯᠠ ᠰᠠᠷ᠎ᠠ᠎ᠶ᠋ᠢᠨ ᠳᠠᠬᠢᠯᠭ᠎ᠠ᠎ᠶ᠋ᠢᠨ ᠡᠳᠦᠷ ᠨᠢ ᠶᠡᠬᠡ ᠤᠢᠷᠠᠬᠠᠨ ᠪᠠᠢᠬᠰᠠᠠ ᠪᠣᠯᠬᠣᠷ ᠬᠣᠶᠠᠷ᠎ᠢ ᠨᠢᠭᠡᠳᠭᠡᠵᠦ᠍᠂ ᠯᠠ ᠰᠠᠷ᠎ᠠ ᠶ᠋ᠢᠨ ᠳᠠᠬᠢᠯᠭ᠎ᠠ ᠭᠡᠮᠡᠨ ᠨᠡᠷᠡᠯᠡᠭ᠌ᠰᠡᠨ》 ᠬᠡᠵᠤ ᠸᠠᠩ ᠬᠠᠶ ᠷᠦᠩ ᠶᠡᠷᠢᠬᠤ ᠵᠢᠨ ᠲᠠᠭᠠᠤ ᠡᠨᠡ ᠨᠢ ᠳᠠᠷᠤᠶ ᠯᠠ ᠰᠠᠷ᠎ᠠ᠎ᠶ᠋ᠢᠨ᠎ᠨᠠᠢ᠍ᠮᠠᠨ᠎ᠤ᠎ᠪᠠᠶᠠᠷ᠎ᠤᠨ ᠡᠳᠤᠷ᠎ᠤᠨ ᠠᠩᠬᠠᠨ᠎ᠤ ᠢᠷᠡᠯᠳᠡ ᠮᠥᠨ ᠭᠡᠵᠤ ᠲᠠᠢᠯᠪᠤᠷᠢᠯᠠᠵᠤ ᠭᠠᠷᠤᠯ᠎ᠠ᠃

ᠸᠸᠢ ᠵᠢᠨ ᠡᠮᠤᠨᠡᠳᠤ ᠤᠮᠠᠷᠠᠳᠤ ᠤᠯᠤᠰ᠎ᠤᠨ ᠦᠶ᠎ᠠ᠎ᠳᠤ ᠽᠦᠩ ᠪᠢᠩ᠎ᠦᠨ ᠵᠣᠬᠢᠶᠠᠭ᠍ᠰᠠᠨ《ᠵᠢᠩ ᠴᠦ ᠣᠨ᠎ᠤ ᠲᠡᠮᠳᠡᠭ᠌ᠯᠡᠯ》 ᠳ᠋ᠦ ᠬᠠᠮᠤᠭ᠎ᠤᠨ ᠡᠷᠲᠡ ᠯᠡ ᠵᠢᠨ ᠡᠳᠦᠷ᠎ᠢ ᠯᠡ ᠰᠠᠷ᠎ᠠ᠎ᠶ᠋ᠢᠨ ᠱᠢᠨ᠎ᠡ ᠶ᠋ᠢᠨ ᠨᠠᠢ᠍ᠮᠠᠨ᠎ᠳᠤ ᠲᠣᠭ᠍ᠲᠠᠭᠠᠵᠤ᠂ ᠲᠡᠭᠦᠨ᠎ᠡᠴᠡ ᠬᠣᠢᠰᠢ ᠯᠠ ᠵᠢᠨ ᠡᠳᠦᠷ᠎ᠢ ᠴᠦᠮ ᠱᠢᠨ᠎ᠡ᠎ᠶ᠋ᠢᠨ ᠨᠠᠢ᠍ᠮᠠᠨ᠎ᠤ ᠡᠳᠦᠷ ᠬᠡᠮᠡᠨ ᠲᠣᠭ᠍ᠲᠠᠭᠠᠵᠤ᠂ ᠰᠡᠬᠦᠯᠡᠷ ᠨᠢ ᠯᠡ ᠰᠠᠷ᠎ᠠ ᠶ᠋ᠢᠨ ᠨᠠᠢ᠍ᠮᠠᠨ᠎ᠤ ᠪᠠᠶᠠᠷ ᠪᠤᠯᠤᠨ ᠠᠭᠠᠵᠢᠮ᠎ᠢᠶᠠᠷ ᠬᠡᠪᠰᠢᠭᠰᠡᠨ ᠪᠠᠢᠨ᠎ᠠ᠃

ᠸᠠᠩ ᠬᠠᠶ ᠷᠦᠩ᠎ᠤᠨ ᠲᠠᠨᠢᠯᠴᠠᠭᠤᠯᠤᠬᠰᠠᠨ᠎ᠢᠶᠡᠷ᠂ ᠲᠠᠩ ᠰᠦᠩ ᠤᠯᠤᠰ᠎ᠤᠨ ᠦᠶ᠎ᠡ᠎ᠳᠦ ᠠᠵᠤ ᠠᠬᠤᠶ ᠰᠣᠶᠣᠯ ᠴᠡᠴᠡᠭ᠌ᠯᠡᠨ ᠬᠥᠭ᠌ᠵᠢᠵᠦ᠍᠂ ᠤᠯᠤᠰ᠎ᠤᠨ ᠬᠦᠴᠦᠨ ᠤᠷᠢᠳ ᠡᠮᠦᠨ᠎ᠡ ᠭᠠᠷᠤᠭ᠎ᠠ ᠦᠭᠡᠶ ᠬᠦᠴᠦᠷᠬᠡᠭ᠌ᠵᠢᠨ ᠮᠠᠨᠳᠤᠵᠤ᠂ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠳᠤᠷ᠎ᠴᠦ᠍ ᠨᠡᠢᠭᠡᠮ᠎ᠦᠨ ᠬᠥᠭ᠌ᠵᠢᠯᠲᠡ᠎ᠲᠡᠶ ᠪᠡᠨ ᠠᠳᠠᠯᠢ ᠬᠦᠭᠵᠢᠶᠠᠨ ᠲᠠᠢ ᠪᠤᠯᠵᠠᠢ᠂ ᠲᠠᠷᠠᠴᠢᠯᠠᠨ ᠵᠠᠩ ᠵᠠᠩᠰᠢᠯ ᠣᠯᠠᠰᠢᠷᠡᠨ᠂ ᠠᠷᠠᠳ ᠣᠯᠠᠨ ᠪᠠᠬᠠᠳᠤᠨ ᠪᠠᠶᠠᠰᠴᠤ᠂ ᠬᠥᠭ᠌ᠵᠢᠯᠲᠡ᠎ᠶ᠋ᠢᠨ ᠰᠠᠢᠨ ᠲᠣᠬᠢᠶᠠᠯ᠎ᠢ ᠤᠭ᠍ᠲᠤᠨ ᠠᠪᠴᠢᠷᠠᠭ᠍ᠰᠠᠨ ᠪᠠᠢᠨ᠎ᠠ᠃ ᠲᠠᠩ ᠤᠯᠤᠰ᠎ᠤᠨ ᠦᠶ᠎ᠠ ᠳ᠋ᠤ ᠯᠠ ᠰᠠᠷ᠎ᠠ᠎ᠶ᠋ᠢᠨ ᠨᠠᠶ᠋ᠮᠠᠨ᠎ᠤ ᠪᠠᠶᠠᠷ᠎ᠤᠨ ᠡᠳᠤᠷ᠎ᠲᠤ 《ᠡᠮᠲᠦ ᠢᠳᠡᠭᠡᠨ》 ᠢᠳᠡᠬᠦ᠂ ᠳ᠋ᠧᠩ ᠠᠰᠠᠭᠠᠬᠤ ᠵᠡᠷᠭᠡ ᠵᠠᠩᠰᠢᠯ ᠲᠠᠢ ᠪᠤᠯᠵᠤ᠂ ᠰᠦᠩ ᠤᠯᠤᠰ᠎ᠤᠨ ᠦᠶ᠎ᠡ ᠪᠣᠯᠬᠤ᠎ᠳᠤ ᠯᠡ ᠰᠠᠷ᠎ᠠ᠎ᠶ᠋ᠢᠨ ᠨᠠᠶ᠋ᠮᠠᠨ᠎ᠤ ᠪᠠᠶᠠᠷ᠎ᠤᠨ ᠡᠳᠤᠷ ᠨᠢ ᠲᠤᠬᠠᠶ ᠶ᠋ᠢᠨ ᠦᠶ᠎ᠡ᠎ᠶ᠋ᠢᠨ ᠴᠢᠬᠤᠯᠠ ᠵᠠᠩ ᠵᠠᠩᠱᠢᠯ ᠪᠣᠯᠤᠭ᠍ᠰᠠᠨ ᠪᠠᠢᠨ᠎ᠠ᠃ ᠡᠨᠡ ᠴᠠᠭ ᠲᠦᠷᠤ᠎ᠳᠤ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠳᠤᠷ ᠨᠢ ᠥᠩᠭᠡᠷᠡᠭ᠌ᠰᠡᠨ᠎ᠦ ᠤᠯᠠᠮᠵᠢᠯᠠᠯᠳᠤ ᠵᠠᠩ ᠵᠠᠩᠱᠢᠯ᠎ᠢ ᠤᠯᠠᠮᠵᠢᠯᠠᠨ ᠵᠠᠯᠭᠠᠮᠵᠢᠯᠠᠵᠤ᠂ ᠬᠥᠮᠦᠰ᠎ᠦᠨ ᠠᠩᠬᠠᠷᠤᠯ᠎ᠢ ᠲᠠᠳᠡᠵᠤ ᠬᠠᠮᠤᠭ᠎ᠠᠴᠠ ᠢᠯᠡᠭᠦᠦ ᠴᠢᠬᠤᠯᠠᠴᠢᠯᠠᠵᠤ ᠦᠵᠡᠳᠡᠭ ᠨᠢ ᠯᠡ ᠰᠠᠷ᠎ᠠ᠎ᠶ᠋ᠢᠨ ᠨᠠᠢ᠍ᠮᠠᠨ᠎ᠤ ᠰᠢᠩᠬᠡᠨ ᠪᠤᠳᠠᠭ᠎ᠠ ᠪᠤᠯᠤᠨ᠎ᠠ᠂ ᠲᠠᠷᠠ ᠨᠢ ᠠᠭᠠᠵᠢᠮ ᠵᠢᠡᠷ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠳᠤᠷ᠎ᠤᠨ ᠭᠤᠤᠯ ᠢᠳᠡᠬᠡᠨ ᠪᠤᠯᠵᠤ᠂ ᠯᠠ ᠰᠠᠷ᠎ᠠ ᠵᠢᠨ ᠨᠠᠢ᠍ᠮᠠᠨ᠎ᠤ ᠪᠠᠶᠠᠷ᠎ᠤᠨ ᠡᠳᠤᠷ᠎ᠤᠨ ᠪᠦᠷᠢᠯᠳᠦᠯ᠎ᠦᠨ ᠴᠢᠬᠤᠯᠠ ᠪᠡᠯᠭᠡ ᠲᠡᠮᠳᠡᠭ ᠪᠣᠯᠤᠭ᠍ᠰᠠᠨ ᠪᠠᠢᠨ᠎ᠠ᠃ ᠡᠭᠦᠨ᠎ᠡᠴᠡ ᠭᠠᠳᠠᠨ᠎ᠠ ᠪᠠᠰᠠ ᠡᠪᠦᠯ᠎ᠦᠨ ᠠᠮᠤ ᠴᠠᠢᠯᠭᠠᠬᠤ᠂ ᠯᠠ᠎ᠰᠠᠷ᠎ᠠ᠎ᠳᠤ ᠡᠮ ᠬᠦᠷᠭᠡᠵᠦ᠍ ᠬᠢᠵᠢᠭ ᠠᠷᠢᠯᠭᠠᠬᠤ ᠵᠡᠷᠭᠡ ᠱᠢᠨ᠎ᠡ ᠵᠠᠩ ᠵᠠᠩᠱᠢᠯ ᠲᠠᠶ ᠪᠤᠯᠵᠤ᠂ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠳᠤᠷ ᠨᠢ ᠰᠦᠩ ᠤᠯᠤᠰ᠎ᠤᠨ ᠦᠶ᠎ᠡ᠎ᠳᠦ ᠠᠭᠤᠯᠭ᠎ᠠ ᠨᠢ ᠤᠯᠠᠮ ᠪᠠᠶᠠᠯᠢᠬᠵᠢᠵᠤ ᠬᠥᠭ᠌ᠵᠢᠭ᠌ᠰᠡᠨ᠎ᠢ ᠬᠠᠷᠠᠭᠤᠯᠵᠤ ᠪᠠᠢᠭ᠎ᠠ ᠶᠤᠮ᠃

ᠮᠢᠩ ᠴᠢᠩ ᠤᠯᠤᠰ᠎ᠤᠨ ᠦᠶ᠎ᠡ᠎ᠳᠦ᠂ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠳᠤᠷ ᠲᠤ ᠰᠢᠨ᠎ᠠ ᠵᠠᠩ ᠵᠠᠩᠰᠢᠯ᠎ᠤᠳ ᠢᠯᠡᠷᠡᠵᠤ᠂ ᠴᠡᠴᠡᠭ᠌ᠯᠡᠨ ᠬᠥᠭ᠌ᠵᠢᠭ᠌ᠰᠡᠨ ᠲᠡᠦᠬᠡᠨ ᠬᠥᠭ᠌ᠵᠢᠯᠲᠡ ᠶ᠋ᠢᠨ ᠱᠠᠲᠤᠨ᠎ᠳᠤ ᠤᠷᠤᠵᠠᠢ᠃ ᠡᠨᠡ ᠦᠶ᠎ᠡ᠎ᠶ᠋ᠢᠨ ᠯᠡ ᠰᠠᠷ᠎ᠠ᠎ᠶ᠋ᠢᠨ ᠨᠠᠢ᠍ᠮᠠᠨ᠎ᠤ ᠵᠠᠩ ᠵᠠᠩᠰᠢᠯ ᠨᠢ ᠥᠩᠭᠡᠷᠡᠭ᠌ᠰᠡᠨ᠎ᠦ ᠵᠠᠩ ᠵᠠᠩᠰᠢᠯ ᠪᠦᠬᠦᠨ᠎ᠢ ᠨᠢ ᠤᠯᠠᠮᠵᠢᠯᠠᠭ᠍ᠰᠠᠨ ᠰᠠᠭᠤᠷᠢᠨ ᠳᠡᠭᠡᠷ᠎ᠡ᠂ ᠵᠠᠩ ᠵᠠᠩᠰᠢᠯ᠎ᠤᠨ ᠲᠠᠯ᠎ᠠ᠎ᠪᠠᠷ ᠡᠳᠦᠶ ᠲᠡᠳᠦᠶ ᠱᠢᠨ᠎ᠡ ᠬᠤᠪᠢᠷᠠᠯᠲᠠ᠎ᠲᠠᠶ ᠪᠣᠯᠪᠠ᠂ ᠡᠭᠦᠨ᠎ᠳᠦ ᠭᠣᠣᠯᠳᠠᠭᠤ ᠼᠤᠤ᠌ ᠤᠢᠯᠠᠳᠪᠤᠷᠢᠯᠠᠵᠤ ᠠᠷᠢᠬᠢ ᠨᠡᠷᠡᠬᠦ᠌᠂ ᠬᠡᠦᠬᠡᠳ᠎ᠦᠨ ᠦᠰᠦ ᠵᠢ ᠬᠤᠰᠤᠬᠤ᠂ ᠬᠡᠦᠬᠡᠨ᠎ᠤ ᠴᠢᠬᠢ ᠵᠢ ᠴᠤᠭᠤᠯᠬᠤ᠂ ᠨᠡᠷ᠎ᠡ ᠠᠰᠠᠭᠤᠬᠤ ᠵᠡᠷᠭᠡ ᠵᠠᠩ ᠵᠠᠩᠰᠢᠯ᠎ᠲᠠᠶ ᠪᠤᠯᠤᠭᠰᠠᠠ ᠪᠠᠢᠨ᠎ᠠ᠃


QQ截图20220119091029.jpg


       ᠯᠠ ᠰᠠᠷ᠎ᠠ ᠵᠢᠨ ᠨᠠᠢ᠍ᠮᠠᠨ᠎ᠤ ᠱᠢᠩᠭᠡᠨ ᠪᠤᠳᠠᠭ᠎ᠠ


ᠱᠢᠨ᠎ᠡ᠎ᠴᠠᠭ᠎ᠦᠶ᠎ᠡ᠎ᠪᠣᠯᠬᠤ᠎ᠳᠤ᠂᠎ᠠᠵᠤ᠎ᠠᠬᠤᠶ᠂᠎ᠨᠡᠢᠭᠡᠮ᠂ ᠰᠣᠶᠣᠯ᠂ ᠦᠢᠯᠡᠳᠪᠦᠷᠢᠯᠡᠯ ᠠᠮᠢᠳᠤᠷᠠᠯ᠎ᠵᠡᠷᠭᠡ ᠡᠯ᠎ᠡ ᠲᠠᠯ᠎ᠠ᠎ᠶ᠋ᠢᠨ ᠲᠦᠷᠭᠡᠨ ᠬᠥᠭ᠌ᠵᠢᠯᠲᠡ ᠪᠠ ᠬᠤᠪᠢᠷᠠᠯᠲᠠ᠎ᠶ᠋ᠢ ᠳᠠᠭᠠᠯᠳᠤᠨ᠂ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠲᠤᠷ ᠎ᠤᠨ ᠵᠠᠩ ᠵᠠᠩᠰᠢᠯ ᠳ᠋ᠤ ᠴᠤ᠌ ᠮᠠᠰᠢ ᠶᠡᠬᠡ ᠬᠤᠪᠢᠷᠠᠯᠲᠠ᠎ᠭᠠᠷᠴᠠᠢ᠃ 《ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ ᠲᠦ᠍ ᠳᠡᠭᠡᠳᠦᠰ᠎ᠢᠶᠡᠨ ᠳᠠᠭᠢᠬᠤ᠂ ᠦᠷ᠎ᠠ ᠬᠡᠦᠬᠡᠳ ᠬᠦᠰᠡᠬᠦ᠌᠂ ᠲᠥᠯᠭᠡ ᠦᠵᠡᠬᠦ᠌᠂ ᠬᠢᠵᠢᠭ᠎ᠢ ᠠᠷᠢᠯᠭᠠᠵᠤ ᠭᠠᠶ ᠪᠠᠷᠴᠢᠳ᠎ᠢ ᠠᠷᠢᠯᠭᠠᠬᠤ ᠶᠣᠰᠣᠯᠠᠯ᠂ ᠴᠢᠬᠢ ᠴᠤᠭᠤᠯᠬᠤ᠂ ᠦᠰᠦ ᠬᠤᠰᠤᠬᠤ ᠵᠡᠷᠭᠡ ᠡᠷᠲᠡᠨ᠎ᠦ ᠵᠠᠩ ᠵᠠᠩᠱᠢᠯ ᠨᠢᠭᠡᠨᠲᠡ ᠲᠠᠮᠠᠢ ᠬᠠᠷᠠᠬᠳᠠᠬᠤ ᠦᠬᠡᠢ ᠪᠤᠯᠵᠤ᠂ ᠴᠠᠭ ᠦᠶ᠎ᠡ᠎ᠶ᠋ᠢᠨ ᠤᠯᠠᠷᠢᠯ ᠬᠤᠪᠢᠰᠤᠯ᠎ᠳᠤ ᠬᠥᠮᠦᠰ ᠯᠡ ᠰᠠᠷ᠎ᠠ᠎ᠶ᠋ᠢᠨ ᠨᠠᠢ᠍ᠮᠠᠨ᠎ᠤ ᠪᠠᠶᠠᠷ᠎ᠲᠤ ᠨᠡᠩ ᠣᠯᠠᠨ ᠥᠯᠵᠡᠶ ᠪᠡᠯᠭᠡ᠎ᠲᠡᠶ ᠤᠢᠯᠠᠭᠠᠭᠳᠠᠬᠤᠨ᠎ᠢ ᠬᠦᠷᠳᠡᠬᠡᠬᠦ ᠪᠤᠯᠤᠭᠰᠠᠠ ᠶᠤᠮ》 ᠬᠡᠵᠤ ᠸᠠᠩ ᠬᠠᠶ ᠷᠦᠩ ᠶᠠᠷᠢᠵᠤ ᠪᠢᠯᠡ᠃ ᠡᠯᠪᠡᠭ ᠬᠤᠷᠢᠶᠠᠯᠲᠠ᠎ᠶ᠋ᠢ ᠬᠦᠰᠡᠭᠰᠡᠡ ᠴᠦ᠍ ᠲᠠᠷᠠ᠂ ᠰᠠᠢᠨ ᠰᠠᠢᠬᠠᠨ᠎ᠢ ᠪᠡᠯᠭᠡᠳᠡᠭᠰᠡᠡ ᠴᠦ᠍ ᠲᠠᠷᠠ᠂ ᠬᠡᠷ ᠬᠣᠲᠠᠯᠠᠭᠠᠷ ᠵᠢᠨᠷ ᠎ᠢᠶᠠᠨ ᠡᠯᠢᠬᠡ ᠪᠦᠳᠦᠨ᠂ ᠠᠮᠤᠷ ᠠᠮᠤᠭᠤᠯᠠᠩ ᠥᠯᠵᠡᠶ ᠪᠡᠯᠭᠡ᠎ᠲᠡᠶ ᠪᠠᠢᠬᠤ᠎ᠶ᠋ᠢ ᠪᠡᠯᠭᠡᠳᠡᠬᠦ᠌ ᠵᠡᠷᠭᠡ ᠨᠢ ᠴᠥᠮ ᠬᠥᠮᠦᠰ᠎ᠦᠨ ᠡᠯᠪᠡᠭ ᠬᠤᠷᠢᠶᠠᠯᠲᠠ᠎ᠶ᠋ᠢᠨ ᠲᠤᠬᠠᠶ ᠬᠦᠰᠡᠯ ᠡᠷᠡᠮᠡᠯᠵᠡᠯ ᠪᠠ ᠵᠣᠯ ᠵᠢᠷᠭᠠᠯᠲᠤ ᠠᠮᠢᠳᠤᠷᠠᠯ᠎ᠤᠨ ᠲᠤᠬᠠᠶ ᠬᠦᠰᠡᠯ ᠡᠷᠡᠮᠡᠯᠵᠡᠯ᠎ᠤᠨ ᠲᠤᠰᠭᠠᠯ ᠪᠤᠯᠤᠨ᠎ᠠ᠃


ᠢᠳᠡᠭᠡᠨ᠎ᠦ ᠵᠠᠩᠱᠢᠯ᠄ ᠠᠮᠳᠠᠳᠤ ᠢᠳᠡᠬᠡᠨ ᠠᠰᠢᠳᠠ ᠵᠢᠨ ᠪᠡᠯᠬᠡ

ᠴᠠᠭᠠᠨ ᠰᠠᠷ᠎ᠠ᠎ᠶ᠋ᠢᠨ ᠦᠨᠤᠷ ᠠᠮᠲᠠ᠎ᠯᠠ ᠰᠠᠷ᠎ᠠ ᠵᠢᠨ ᠨᠠᠢ᠍ᠮᠠᠨ᠎ᠤ ᠱᠢᠩᠭᠡᠨ ᠪᠤᠳᠠᠭᠠᠨ᠎ᠳᠤ ᠱᠢᠩᠭᠡᠵᠤ ᠪᠠᠢᠳᠠᠭ᠃ ᠯᠠ ᠰᠠᠷ᠎ᠠ ᠵᠢᠨ ᠨᠠᠢ᠍ᠮᠡᠠ᠎ᠤ ᠱᠢᠩᠭᠡᠨ ᠪᠤᠳᠠᠭ᠎ᠠ᠎ᠶ᠋ᠢ ᠶᠡᠷᠦ᠍᠎ᠳᠡᠭᠡᠨ ᠱᠢᠯᠦᠬᠡᠶ ᠲᠤᠲᠤᠷᠭ᠎ᠠ᠂ ᠮᠠᠭᠠᠵᠢ᠂ ᠬᠣᠯᠢᠮ᠎ᠠ᠎ᠶ᠋ᠢᠨ ᠴᠥᠮ᠎ᠡ᠂ ᠯᠤᠤ ᠵᠢᠨ ᠨᠢᠳᠤ᠂ ᠴᠢᠪᠠᠭ᠎ᠠ᠂ ᠬᠡᠯᠡᠭᠡᠶ ᠰᠠᠷᠠᠨ᠎ᠠ᠂ ᠯᠢᠩᠬᠤ᠎ᠠ᠎ᠶ᠋ᠢᠨ ᠦᠷ᠎ᠡ ᠵᠡᠷᠭᠡ ᠵᠢ ᠨᠠᠢᠷᠠᠭᠤᠯᠤᠨ ᠨᠡᠢᠯᠡᠬᠦᠯᠵᠤ ᠴᠢᠨᠠᠳᠠᠭ᠂ ᠬᠥᠮᠦᠰ ᠢᠳᠡᠭᠡᠨ᠎ᠦ ᠮᠠᠲ᠋ᠧᠷᠢᠶᠠᠯ᠎ᠳᠠᠭᠠᠨ ᠰᠠᠢ᠌ᠨ ᠰᠠᠢᠬᠠᠨ ᠤᠳᠬ᠎ᠠ ᠠᠭᠤᠯᠭ᠎ᠠ ᠵᠢ ᠠᠭᠤᠯᠳᠠᠭ ᠪᠠᠢᠨ᠎ᠠ᠂ ᠵᠢᠱ᠌ᠢᠶᠡᠯᠡᠪᠡᠯ ᠯᠤᠤ ᠵᠢᠨ ᠨᠢᠳᠤ ᠨᠢ 《ᠬᠡᠷ ᠬᠤᠳᠠᠯᠠᠭᠠᠷ ᠵᠢᠠᠷ ᠵᠢᠠᠨ ᠡᠯᠢᠬᠡ ᠪᠦᠳᠦᠨ ᠪᠠᠢᠬᠤ》 ᠶ᠋ᠢ ᠲᠥᠯᠥᠭᠡᠯᠡᠵᠦ᠍᠂ ᠬᠡᠯᠡᠭᠡᠶ ᠰᠠᠷᠠᠨ᠎ᠠ ᠨᠢ 《ᠡᠶ᠎ᠡ ᠨᠠᠢᠷᠳᠠᠢ ᠪᠠᠢᠬᠤ》 ᠶ᠋ᠢ ᠪᠡᠯᠭᠡᠳᠡᠳᠡᠭ ᠭᠡᠬᠦ᠌ ᠮᠡᠲᠦ᠍᠃

ᠬᠥᠬᠡᠬᠣᠲᠠ᠎ᠶ᠋ᠢᠨ ᠲᠣᠭ᠍ᠲᠠᠬᠤ ᠱᠢᠶᠠᠨ᠎ᠤ ᠵᠠᠩ ᠴᠢᠤᠸᠠᠨ ᠶᠢᠩ ᠲᠣᠰᠭᠣᠨ᠎ᠳᠤ ᠲᠥᠷᠥᠭ᠌ᠰᠡᠨ ᠵᠠᠩ ᠵᠢᠶᠦ᠋ᠨ ᠯᠠᠨ ᠨᠠᠰᠤᠲᠠᠨ ᠪᠣᠯ ᠯᠠ ᠰᠠᠷ᠎ᠠ ᠵᠢᠨ ᠰᠢᠩᠬᠡᠨ ᠪᠤᠳᠠᠭ᠎ᠠ ᠵᠢ ᠠᠮᠳᠠᠳᠠᠢ ᠬᠢᠳᠡᠭ ᠮᠡᠷᠭᠡᠵᠢᠯᠲᠡᠨ ᠶᠤᠮ᠂ ᠲᠡᠷᠡ ᠪᠡᠷ ᠯᠠ ᠰᠠᠷ᠎ᠠ ᠵᠢᠨ ᠨᠠᠢ᠍ᠮᠠᠨ᠎ᠤ ᠱᠢᠩᠭᠡᠨ ᠪᠤᠳᠠᠭ᠎ᠠ ᠬᠢᠬᠦ᠌᠎ᠳᠦ ᠨᠢᠭᠡ ᠢᠵᠢ ᠥᠪᠡᠷᠮᠢᠴᠡ ᠲᠤᠷᠱᠢᠯᠭ᠎ᠠ᠎ᠲᠠᠶ᠄ 《ᠯᠠ ᠰᠠᠷ᠎ᠠ ᠵᠢᠨ ᠨᠠᠢ᠍ᠮᠠᠨ ᠎ᠤ ᠱᠢᠩᠭᠡᠨ ᠪᠤᠳᠠᠭ᠎ᠠ ᠵᠢ ᠬᠢᠬᠦ᠌᠎ᠳᠦ 8 ᠵᠦᠢᠯ᠎ᠦᠨ ᠢᠳᠡᠭᠡᠨ᠎ᠦ ᠮᠠᠲ᠋ᠧᠷᠢᠶᠠᠯ᠎ᠢ ᠭᠦᠢᠴᠡᠳ ᠪᠦᠷᠢᠳᠬᠡᠬᠦ  ᠬᠡᠷᠡᠭ᠌ᠲᠡᠶ᠂ ᠲᠠᠷᠤᠢ ᠤᠯᠠᠭᠠᠨ ᠪᠤᠷᠴᠠᠭ᠂ ᠱᠢᠷ᠎ᠠ ᠪᠤᠳᠠᠭ᠎ᠠ᠂ ᠨᠠᠩᠭᠢ ᠳᠤᠳᠤᠷᠭ᠎ᠠ᠂ ᠬᠠᠳᠠᠭᠠᠭᠰᠠᠠ ᠦᠵᠤᠮ᠂ ᠤᠯᠠᠭᠠᠨ ᠴᠢᠪᠠᠭ᠎ᠠ᠂ ᠨᠣᠬᠠᠶ᠎ᠶ᠋ᠢᠨ ᠬᠣᠱᠢᠭᠤ ᠵᠡᠷᠭᠡ᠎ᠪᠤᠯᠤᠨ᠎ᠠ᠂ ᠲᠡᠬᠡᠬᠡᠳ ᠨᠢᠭᠡ ᠬᠣᠶᠠᠷ ᠡᠳᠦᠷ᠎ᠦᠨ ᠡᠮᠦᠨ᠎ᠡ ᠤᠷᠢᠳ᠎ᠢᠶᠠᠷ ᠨᠠᠩᠭᠢ ᠳᠤᠳᠤᠷᠭ᠎ᠠ ᠪᠣᠯᠤᠨ ᠱᠢᠷ᠎ᠠ ᠪᠤᠳᠠᠭ᠎ᠠ᠎ᠪᠡᠨ ᠳᠡᠪᠲᠦᠭᠡᠵᠦ᠍᠂ ᠳᠠᠷᠠᠭ᠎ᠠ ᠨᠢ ᠤᠯᠠᠭᠠᠨ ᠪᠤᠷᠴᠠᠭ᠎ᠢ ᠬᠤᠵᠢᠷ᠎ᠲᠠᠶ ᠤᠰᠤᠨ᠎ᠳᠤ ᠴᠢᠨᠠᠵᠤ ᠪᠡᠯᠡᠳᠬᠡᠵᠤ ᠲᠡᠯᠪᠢᠨ᠎ᠠ᠂ ᠱᠢᠩᠭᠡᠨ ᠪᠤᠳᠠᠭ᠎ᠠ ᠬᠢᠬᠦ᠎ᠳ᠋ᠡᠬᠡᠨ᠎ᠤᠷᠢᠳ᠎ᠢᠶᠠᠷ ᠤᠯᠠᠭᠠᠨ ᠪᠤᠷᠴᠠᠭ᠎ᠢ ᠴᠢᠨᠠᠵᠤ ᠪᠤᠴᠠᠯᠭᠠᠨ᠂ ᠪᠤᠷᠴᠠᠭ ᠨᠢ ᠪᠤᠯᠬᠤ ᠦᠶ᠎ᠡ᠎ᠳᠤ ᠰᠠᠶᠢ ᠱᠢᠷ᠎ᠠ ᠪᠤᠳᠠᠭ᠎ᠠ᠂ ᠨᠠᠩᠭᠢ ᠳᠤᠳᠤᠷᠭ᠎ᠠ ᠪᠡᠨ ᠬᠢᠨ᠎ᠡ ᠁》 ᠭᠡᠵᠤ ᠨᠠᠷᠢᠨ ᠲᠠᠨᠢᠯᠴᠠᠭᠤᠯᠵᠤ ᠪᠢᠯᠠ᠃

ᠯᠡ ᠰᠠᠷ᠎ᠠ᠎ᠶ᠋ᠢᠨ ᠨᠠᠢ᠍ᠮᠠᠨ᠎ᠤ ᠱᠢᠩᠭᠡᠨ ᠪᠤᠳᠠᠭ᠎ᠠ ᠢᠳᠡᠬᠦ᠌ ᠵᠠᠩ ᠵᠠᠩᠱᠢᠯ᠎ᠨᠢ ᠤᠯᠠᠮᠵᠢᠯᠠᠯ᠎ᠤᠨ ᠬᠡᠪᠴᠢᠶ᠎ᠡ ᠪᠡᠷ ᠦᠷᠬᠡᠨ ᠮᠦᠷᠳᠡᠬᠡᠨ ᠥᠨᠢ ᠤᠳᠠᠭᠠᠨ ᠲᠡᠦᠬᠡ᠎ᠲᠡᠶ ᠶᠤᠮ᠃ ᠯᠠ ᠰᠠᠷ᠎ᠠ ᠵᠢᠨ ᠨᠠᠢ᠍ᠮᠠᠠ᠎ᠤ ᠱᠢᠩᠭᠡᠨ ᠪᠤᠳᠠᠭ᠎ᠠ ᠬᠠᠮᠤᠭ᠎ᠤᠨ ᠠᠩᠬ᠎ᠠ ᠰᠦᠩ ᠤᠯᠤᠰ᠎ᠤᠨ ᠦᠶ᠎ᠡ᠎ᠳᠦ ᠪᠣᠢ ᠪᠣᠯᠵᠤ᠂ ᠮᠢᠩ ᠤᠯᠤᠰ᠎ᠤᠨ ᠦᠶ᠎ᠡ᠎ᠳᠦ ᠲᠡᠭᠦᠨ᠎ᠦ ᠬᠢᠬᠦ᠌ ᠳᠡᠰ ᠳᠠᠷᠠᠭᠠᠯᠠᠯ ᠪᠤᠯᠤᠨ ᠰᠣᠶᠣᠯ᠎ᠤᠨ ᠠᠭᠤᠯᠬᠤᠨ᠎ᠢ ᠪᠠᠶᠠᠯᠢᠭ᠍ᠵᠢᠭᠤᠯᠵᠠᠶ᠃ 《ᠮᠢᠩ ᠤᠯᠤᠰ᠎ᠤᠨ ᠦᠶ᠎ᠡ᠎ᠶ᠋ᠢᠨ ᠯᠡ ᠰᠠᠷ᠎ᠠ ᠵᠢᠨ ᠨᠠᠢ᠍ᠮᠠᠨ᠎ᠤ ᠱᠢᠩᠭᠡᠨ ᠪᠤᠳᠠᠭ᠎ᠠ᠎ᠶ᠋ᠢᠨ ᠲᠦᠭᠦᠬᠡᠢ ᠮᠠᠲ᠋ᠧᠷᠢᠶᠠᠯ ᠨᠢ ᠥᠩᠭᠡᠷᠡᠭ᠌ᠰᠡᠨ᠎ᠦ ᠬᠢ᠎ᠲᠡᠶ ᠠᠳᠠᠯᠢ ᠦᠭᠡᠢ᠂ ᠡᠮᠦᠨᠡᠲᠦ ᠤᠮᠠᠷᠠᠲᠤ ᠤᠷᠤᠨ᠎ᠤ ᠡᠳ᠋ ᠭᠠᠷᠤᠯᠲᠠ ᠪᠠ ᠢᠳᠡᠭᠡᠨ ᠤᠮᠳᠠᠭᠠᠨ᠎ᠤ ᠵᠠᠩ ᠵᠠᠩᠰᠢᠯ᠎ᠤᠨ ᠠᠳᠠᠯᠢ ᠪᠤᠰᠤ᠎ᠡᠴᠡ ᠪᠤᠯᠵᠤ ᠬᠢᠬᠦ ᠠᠷᠭ᠎ᠠ ᠨᠢ ᠴᠦ᠍ ᠵᠢᠭᠠᠬᠠᠨ ᠵᠥᠷᠢᠶ᠎ᠡ᠎ᠲᠡᠶ ᠶᠤᠮ᠃ ᠮᠢᠩ ᠤᠯᠤᠰ᠎ᠤᠨ ᠦᠶ᠎ᠡ᠎ᠳᠤ᠂ ᠯᠡ ᠰᠠᠷ᠎ᠠ᠎ᠶ᠋ᠢᠨ ᠨᠠᠢ᠍ᠮᠠᠨ᠎ᠤ ᠱᠢᠩᠭᠡᠨ ᠪᠤᠳᠠᠭ᠎ᠠ ᠵᠢ ᠯᠡ ᠰᠠᠷ᠎ᠠ᠎ᠶ᠋ᠢᠨ ᠨᠠᠢ᠍ᠮᠠᠨ ᠡᠴᠡ ᠡᠮᠦᠨ᠎ᠡ ᠬᠡᠳᠦᠨ ᠡᠳᠦᠷ ᠤᠯᠠᠭᠠᠨ ᠴᠢᠪᠠᠭ᠎ᠠ᠎ᠪᠠᠨ ᠳᠡᠪᠲᠦᠭᠡᠵᠦ᠍᠂ ᠱᠢᠨ᠎ᠡ᠎ᠶ᠋ᠢᠨ ᠨᠠᠢ᠍ᠮᠠᠨ᠎ᠤ ᠥᠷᠯᠥᠭᠡ ᠪᠣᠯᠬᠤ᠎ᠳᠤ ᠲᠤᠲᠤᠷᠭ᠎ᠠ᠂ ᠮᠦᠩᠬᠦᠨ ᠬᠦᠢᠯᠡᠰᠤ᠂ ᠬᠤᠱᠢᠭ᠎ᠠ᠎ᠶ᠋ᠢᠨ ᠴᠥᠮ᠎ᠡ᠂ ᠲᠠᠤᠯᠠᠢ᠎ᠶ᠋ᠢᠨ ᠪᠥᠭᠡᠷ᠎ᠡ᠂ ᠷᠣᠮᠪ ᠲᠤᠲᠤᠷᠭ᠎ᠠ ᠪᠠᠷ ᠱᠢᠩᠭᠡᠨ ᠪᠤᠳᠠᠭ᠎ᠠ ᠴᠢᠨᠠᠳᠠᠭ᠃ ᠪᠠᠰᠠ ᠵᠠᠷᠢᠮ ᠨᠢ ᠱᠢᠩᠭᠡᠨ ᠪᠤᠳᠠᠭ᠎ᠠ᠎ᠳᠠᠭᠠᠨ ᠬᠢᠮ᠎ᠠ᠂ ᠭᠠ᠂ ᠯᠤᠤ ᠵᠢᠨ ᠨᠢᠳᠤ ᠵᠡᠷᠭᠡ᠎ᠶ᠋ᠢ ᠬᠢᠳᠡᠭ ᠪᠠᠢᠨ᠎ᠠ᠃ ᠲᠡᠷᠡ ᠦᠶ᠎ᠡ᠎ᠳᠦ ᠯᠡ ᠰᠠᠷ᠎ᠠ ᠵᠢᠨ ᠨᠠᠢ᠍ᠮᠠᠨ᠎ᠤ ᠱᠢᠩᠭᠡᠨ ᠪᠤᠳᠠᠭ᠎ᠠ᠎ᠶ᠋ᠢ ᠪᠦᠬᠦ᠌ ᠭᠡᠷ᠎ᠢᠶᠡᠷ᠎ᠢᠶᠡᠨ ᠬᠠᠮᠲᠤ ᠰᠠᠭᠤᠵᠤ ᠢᠳᠡᠬᠦ᠌ ᠪᠤᠶᠤ ᠨᠢᠭᠡᠨ ᠨᠢᠭᠡᠨ᠎ᠳᠡᠭᠡᠨ ᠬᠦᠷᠭᠡᠵᠦ᠍ ᠥᠭ᠌ᠲᠡᠭ ᠵᠠᠩᠰᠢᠯ ᠲᠠᠢ ᠪᠠᠢᠬᠰᠠᠠ》ᠭᠡᠵᠦ᠍ ᠸᠠᠩ ᠬᠠᠢ ᠷᠦᠩ ᠲᠠᠨᠢᠯᠴᠠᠭᠤᠯᠪᠠ᠃

ᠯᠠ ᠰᠠᠷ᠎ᠠ ᠵᠢᠨ ᠨᠠᠢ᠍ᠮᠠᠨ᠎ᠤ ᠱᠢᠩᠭᠡᠨ ᠪᠤᠳᠠᠭ᠎ᠠ᠎ᠠᠴᠠ ᠭᠠᠳᠠᠨ᠎ᠠ᠂ ᠬᠥᠮᠦᠰ ᠪᠠᠰᠠ ᠯᠠ ᠰᠠᠷ᠎ᠠ ᠵᠢᠨ ᠨᠠᠢ᠍ᠮᠠᠨ᠎ᠤ ᠡᠳᠦᠷ《ᠯᠠ ᠰᠠᠷ᠎ᠠ ᠵᠢᠨ ᠨᠠᠢ᠍ᠮᠠᠨ᠎ᠤ ᠰᠠᠷᠢᠮᠰᠠᠭ》᠎ᠢ᠋ ᠲᠠᠪᠤᠰᠤᠯᠠᠳᠠᠭ ᠵᠠᠩᠱᠢᠯ᠎ᠲᠠᠶ᠃ ᠯᠠ ᠰᠠᠷ᠎ᠠ ᠵᠢᠨ ᠨᠠᠢ᠍ᠮᠠᠨ᠎ᠤ ᠰᠠᠷᠢᠮᠰᠠᠭ ᠨᠢ ᠭᠣᠣᠯᠳᠠᠭᠤ ᠮᠠᠨ᠎ᠤ ᠤᠯᠤᠰ᠎ᠤᠨ ᠤᠮᠠᠷᠠᠲᠤ ᠣᠷᠣᠨ᠎ᠳᠤ ᠳᠡᠯᠭᠡᠷᠡᠵᠦ᠍᠂ ᠲᠠᠪᠤᠰᠤᠯᠠᠭᠰᠠᠠ ᠰᠠᠷᠢᠮᠰᠠᠭ᠎ᠤᠨ ᠥᠩᠭᠡ ᠨᠢ ᠨᠣᠭᠣᠭᠠᠨ ᠬᠠᠰ ᠮᠡᠲᠦ᠂ ᠠᠮᠲᠠ ᠨᠢ ᠢᠰᠭᠦᠯᠡᠩ ᠭᠤᠱᠤᠭᠤᠨ᠂ ᠪᠠᠩᠰᠢ᠎ᠲᠠᠶ ᠬᠠᠮᠳᠤ ᠢᠳᠡᠬᠦ᠎ᠳᠤ ᠲᠤᠩ ᠰᠠᠢᠬᠠᠨ ᠲᠤᠬᠢᠷᠠᠳᠠᠭ᠃ ᠯᠠ ᠰᠠᠷ᠎ᠠ ᠵᠢᠨ ᠰᠠᠷᠢᠮᠰᠠᠭ᠎ᠤᠨ《ᠰᠠᠷᠢᠮᠰᠠᠭ》ᠨᠢ ᠬᠢᠳᠠᠳ᠎ᠤᠨ ᠪᠤᠳᠤᠬᠤ 《算》ᠬᠡᠰᠡᠨ ᠦᠰᠦᠭ᠎ᠲᠡᠶ ᠠᠳᠠᠯᠢ ᠳᠠᠭᠤᠳᠠᠯᠭ᠎ᠠ᠎ᠲᠠᠶ ᠪᠤᠯᠬᠤᠷ ᠵᠠᠷᠢᠮ ᠭᠠᠵᠠᠷ᠎ᠤᠷᠤᠨ᠎ᠳᠤ ᠯᠠ ᠰᠠᠷ᠎ᠠ ᠵᠢᠨ ᠨᠠᠢ᠍ᠮᠡᠨ᠎ᠤ ᠰᠠᠷᠢᠮᠰᠠᠭ᠎ᠢ ᠢᠳᠡᠪᠡᠯ ᠨᠢᠭᠡ ᠵᠢᠯ᠎ᠦᠨ ᠣᠷᠣᠯᠭ᠎ᠠ ᠵᠠᠷᠤᠯᠭ᠎ᠠ ᠪᠡᠨ ᠵᠦᠪ ᠪᠤᠳᠤᠵᠤ ᠴᠢᠳᠠᠨ᠎ᠠ ᠬᠡᠰᠡᠨ ᠤᠳᠭ᠎ᠠ᠎ᠲᠠᠶ ᠬᠡᠯᠴᠡᠳᠡᠭ᠃


QQ截图20220119091120.jpg

              

        ᠯᠠ ᠰᠠᠷ᠎ᠠ ᠵᠢᠨ ᠨᠠᠢ᠍ᠮᠠᠨ᠎ᠤ ᠰᠠᠷᠢᠮᠰᠠᠭ


ᠡᠨᠡ ᠵᠢᠯ 47 ᠨᠠᠰᠤᠲᠠᠢ ᠵᠠᠩ ᠱᠢᠸ᠋ ᠯᠢ ᠤᠯᠠᠭᠠᠨᠴᠠᠪ ᠬᠤᠳᠠ᠎ᠶ᠋ᠢᠨ ᠵᠦᠸᠧᠽᠢ ᠱᠢᠶᠠᠨ᠎ᠳᠤ ᠠᠮᠢᠳᠤᠷᠠᠵᠤ᠂ ᠡᠵᠢ ᠨᠢ ᠯᠡ ᠰᠠᠷ᠎ᠠ᠎ᠶ᠋ᠢᠨ ᠨᠠᠢ᠍ᠮᠠᠨ᠎ᠤ ᠡᠳᠦᠷ ᠪᠣᠯᠬᠤ ᠪᠦᠷᠢ ᠯᠠ ᠰᠠᠷ᠎ᠠ ᠵᠢᠨ ᠨᠠᠢ᠍ᠮᠠᠨ᠎ᠤ ᠰᠠᠷᠢᠮᠰᠠᠭ ᠳᠠᠪᠤᠰᠤᠯᠠᠳᠠᠭ ᠪᠥᠭᠡᠳ ᠡᠨᠡ ᠬᠦ᠌ ᠵᠠᠩ ᠳᠠᠳᠭᠠᠯ᠎ᠢᠶᠠᠨ 20 ᠭᠠᠷᠤᠢ ᠵᠢᠯ ᠪᠠᠷᠢᠮᠳᠠᠯᠠᠵᠤ ᠢᠷᠠᠵᠠᠢ᠃《ᠰᠠᠷᠢᠮᠰᠠᠭ᠎ᠢ ᠤᠬᠢᠶᠠᠵᠤ ᠴᠡᠪᠡᠷᠯᠡᠭ᠌ᠰᠡᠨ᠎ᠦ ᠳᠠᠷᠠᠭ᠎ᠠ ᠭᠤᠷᠪᠠ ᠳᠥᠷᠪᠡᠨ ᠴᠠᠭ ᠨᠡᠷᠡᠨ᠎ᠳᠦ ᠡᠬᠡᠬᠡᠵᠤ᠂ ᠰᠠᠷᠢᠮᠰᠠᠭ᠎ᠤᠨ ᠥᠩᠭᠡᠨ ᠲᠠᠯ᠎ᠠ ᠶ᠋ᠢᠨ ᠤᠰᠤ ᠪᠣᠯᠤᠨ ᠰᠠᠷᠢᠮᠰᠠᠭ᠎ᠤᠨ ᠳᠣᠲᠣᠷᠠᠬᠢ ᠤᠰᠤ᠎ᠶ᠋ᠢ ᠨᠢ ᠬᠠᠳᠠᠭᠠᠵᠤ ᠱᠢᠯ ᠯᠣᠩᠬᠣᠨ᠎ᠳᠤ ᠬᠢᠵᠦ᠍ ᠼᠤᠤ ᠪᠣᠯᠤᠨ ᠱᠢᠬᠢᠷ ᠨᠡᠮᠡᠨ᠎ᠠ᠂ ᠼᠤᠤ ᠵᠢ ᠨᠢ ᠰᠠᠷᠢᠮᠰᠠᠭ ᠡᠴᠨ ᠬᠡᠲᠦᠷᠡᠭᠦᠯᠬᠦ ᠦᠬᠡᠢ᠂ ᠲᠡᠬᠡᠪᠡᠯ ᠼᠤᠤ ᠪᠣᠯᠤᠨ ᠱᠢᠬᠢᠷ᠎ᠨᠢ ᠰᠠᠷᠢᠮᠰᠠᠭ᠎ᠤᠨ ᠳᠤᠳᠤᠷ᠎ᠠ ᠨᠡᠩ ᠰᠠᠢᠨ ᠱᠢᠩᠭᠡᠵᠦ᠍᠂ ᠯᠠ᠎ᠰᠠᠷ᠎ᠠ ᠶ᠋ᠢᠨ ᠨᠠᠢ᠍ᠮᠠᠨ᠎ᠤ ᠰᠠᠷᠢᠮᠰᠠᠭ ᠨᠡᠩ ᠠᠮᠲᠠᠲᠠᠶ ᠪᠤᠯᠳᠠᠭ》 ᠭᠡᠵᠦ᠍ ᠵᠠᠩ ᠱᠢᠸ᠋ ᠯᠢ ᠬᠡᠯᠡᠪᠡ᠃

ᠯᠠ ᠰᠠᠷ᠎ᠠ᠎ᠳᠤ ᠬᠥᠯᠳᠡᠭᠦᠦ ᠵᠢᠮᠢᠰ ᠢᠳᠡᠬᠦ᠌ ᠪᠣᠯ ᠥᠪᠥᠷ ᠮᠣᠩᠭᠣᠯ᠎ᠤᠨ ᠪᠠᠷᠠᠭᠤᠨ ᠣᠷᠣᠨ᠎ᠤ ᠬᠠᠮᠤᠭ᠎ᠤᠨ ᠥᠪᠡᠷᠮᠢᠴᠡ ᠣᠨᠴᠠᠯᠢᠭ᠎ᠲᠠᠶ ᠢᠳᠡᠭᠡᠨ᠎ᠦ ᠵᠠᠩ ᠵᠠᠩᠰᠢᠯ ᠪᠣᠯᠤᠨ᠎ᠠ᠃ ᠨᠤᠭᠤᠭ᠎ᠠ ᠵᠢᠮᠢᠰ᠎ᠤᠨ ᠵᠠᠬ᠎ᠠ ᠳᠡᠯᠭᠡᠭᠦᠷ᠎ᠲᠦ᠍᠂ ᠬᠥᠯᠳᠡᠭᠦᠦ ᠱᠠᠪᠲᠠᠯ᠎ᠠ᠎ᠠᠴᠠ ᠭᠠᠳᠠᠨ᠎ᠠ ᠬᠤᠷᠤᠭᠤᠨ ᠴᠢᠨᠡᠭᠡᠨ ᠪᠤᠨᠳᠤᠭᠤᠷ ᠤᠯᠠᠭᠠᠨ ᠵᠢᠮᠢᠰ᠎ᠢ ᠣᠯᠵᠤ ᠬᠠᠷᠠᠳᠠᠭ᠂ ᠲᠤᠬᠠᠢ᠎ᠶ᠋ᠢᠨ ᠭᠠᠵᠠᠷ᠎ᠤᠨ ᠬᠥᠮᠦᠰ ᠲᠡᠭᠦᠨ᠎ᠢ ᠤᠯᠠᠪᠠᠯᠵᠠᠭᠤᠷ ᠵᠢᠮᠢᠰ ᠭᠡᠳᠡᠭ᠂ ᠬᠥᠬᠡᠬᠣᠲᠠ᠎ᠶ᠋ᠢᠨ ᠴᠢᠩ ᠱᠦᠢ ᠾᠧ ᠱᠢᠶᠠᠨ᠎ᠤ ᠣᠨᠴᠠ ᠭᠠᠷᠤᠯᠲᠠ ᠪᠣᠯᠤᠨ᠎ᠠ᠃


QQ截图20220119091052.jpg


          ᠤᠯᠠᠪᠠᠯᠵᠠᠭᠤᠷ ᠵᠢᠮᠢᠰ 


ᠴᠢᠩ ᠱᠦᠢ ᠡᡁᠸ ᠱᠢᠶᠠᠨ᠎ᠤ ᠶᠣᠣ ᠭᠸᠤ ᠱᠢᠶᠠᠩ᠎ᠤᠨ ᠶᠠᠩ ᠫᠦᠸᠸ ᠲᠣᠰᠭᠣᠨ᠎ᠤ ᠨᠠᠮ᠎ᠤᠨ ᠡᠭᠦᠷ᠎ᠦᠨ ᠱᠦᠵᠢ ᠵᠠᠩ ᠳ᠋ᠸ ᠶᠤᠸᠠᠨ ᠰᠤᠷᠪᠤᠯᠵᠢᠯᠠᠭ᠍ᠴᠢ᠎ᠳᠤ᠄《ᠤᠯᠠᠪᠠᠯᠵᠠᠭᠤᠷ ᠵᠢᠮᠢᠰ᠎ᠢ ᠪᠠᠷᠤᠭ ᠵᠢᠯ ᠪᠦᠷᠢ᠎ᠶ᠋ᠢᠨ ᠠᠷᠭ᠎ᠠ᠎ᠶ᠋ᠢᠨ ᠤᠯᠠᠷᠢᠯ᠎ᠤᠨ11 ᠰᠠᠷ᠎ᠠ᠎ᠳᠤ ᠬᠢᠷᠠᠭᠤ ᠤᠨᠠᠭ᠍ᠰᠠᠨ᠎ᠤ ᠳᠠᠷᠠᠭ᠎ᠠ ᠰᠠᠶᠢ ᠲᠡᠭᠦᠳᠡᠭ᠂ ᠡᠷᠬᠡᠪᠰᠢ ᠬᠥᠯᠳᠡᠭᠡᠵᠦ᠍ ᠬᠠᠳᠠᠭᠠᠯᠠᠨ᠎ᠠ᠂ ᠤᠯᠠᠪᠠᠯᠵᠠᠭᠤᠷ ᠵᠢᠮᠢᠰ᠎ᠦᠨ ᠠᠮᠲᠠ ᠨᠢ ᠢᠰᠭᠦᠯᠡᠩ ᠪᠦᠬᠡᠳ ᠱᠢᠬᠢᠷᠯᠢᠭ᠂ ᠱᠢᠮ᠎ᠡ ᠲᠡᠵᠢᠭᠡᠯ ᠡᠯᠪᠡᠭ᠂ ᠳᠡᠯᠢᠭᠦᠦ ᠬᠣᠳᠣᠭᠣᠳᠣ᠎ᠶ᠋ᠢ ᠰᠠᠢᠵᠢᠷᠠᠭᠤᠯᠬᠤ᠂ ᠢᠳᠡᠭᠡᠨ᠎ᠦ ᠳᠤᠷᠠᠱᠢᠯ᠎ᠢ ᠨᠡᠮᠡᠭ᠌ᠳᠡᠭᠦᠯᠬᠦ᠌᠂ ᠱᠢᠩᠭᠡᠭᠡᠯᠲᠡ᠎ᠶ᠋ᠢ ᠰᠠᠢᠵᠢᠷᠠᠭᠤᠯᠬᠤ ᠵᠡᠷᠭᠡ ᠦᠢᠯᠡᠳᠦᠯ᠎ᠲᠡᠶ ᠪᠠᠢᠵᠤ᠂ ᠲᠤᠬᠠᠶ᠎ᠶ᠋ᠢᠨ ᠭᠠᠵᠠᠷ ᠲᠠᠭᠠᠨ ᠮᠠᠰᠢ ᠬᠦᠷᠢᠶᠡᠯᠡᠯ ᠲᠡᠶ ᠶᠤᠮ》 ᠭᠡᠵᠠᠢ᠃


ᠰᠣᠶᠣᠯ᠄ ᠲᠦᠮᠡᠨ ᠪᠣᠳᠠᠰ ᠱᠢᠨᠡᠳᠴᠦ᠍ ᠮᠥᠰᠥ᠍ ᠴᠠᠰᠤᠨ᠎ᠳᠤ ᠬᠠᠨᠤᠮᠵᠢᠳᠠᠢ ᠲᠤᠬᠯᠠᠨ᠎ᠠ

ᠵᠢᠯ᠎ᠦᠨ ᠡᠴᠦᠰ᠎ᠤᠨ ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ ᠨᠢ ᠬᠦᠮᠤᠰ ᠲᠦ᠍ ᠤᠷᠢᠬᠠᠨ ᠬᠠᠪᠤᠷ᠎ᠢ ᠤᠬᠳᠤᠨ ᠠᠪᠤᠯ᠎ᠠ ᠬᠡᠰᠡᠨ ᠰᠤᠷᠠᠬ ᠵᠠᠩᠬᠢ ᠵᠢ ᠲᠠᠮᠵᠢᠭᠤᠯᠳᠠᠭ ᠪᠠᠢᠨ᠎ᠠ᠃ ᠡᠷᠲᠡᠨ᠎ᠦ ᠬᠥᠮᠦᠰ ᠯᠡ ᠰᠠᠷ᠎ᠠ᠎ᠶ᠋ᠢᠨ ᠨᠠᠢ᠍ᠮᠠᠨ᠎ᠤ ᠪᠠᠶᠠᠷ ᠳᠤᠷᠠᠰᠭᠠᠯ᠎ᠤᠨ ᠡᠳᠦᠷ ᠬᠤᠭᠤᠷᠤᠨᠳᠤ ᠪᠠᠨ ᠱᠢᠩᠭᠡᠨ ᠪᠤᠳᠠᠭ᠎ᠠ ᠬᠦᠷᠬᠡᠬᠦ ᠵᠠᠩᠱᠢᠯ ᠲᠠᠢ᠂ ᠦᠨᠢᠷ ᠦᠳᠬᠡᠨ ᠵᠢᠯ ᠴᠠᠭᠠᠨ ᠰᠠᠷ᠎ᠠ ᠶ᠋ᠢᠨ ᠦᠨᠦᠷ ᠠᠮᠲᠠ ᠪᠠ ᠬᠠᠪᠤᠷ᠎ᠢ ᠪᠠᠷᠠᠯᠠᠭᠰᠠᠠ ᠵᠡᠷᠬᠡ ᠭᠣᠣᠯ ᠰᠡᠳᠦᠪ᠎ᠢ ᠶᠠᠷᠤ᠎ᠳ᠋ᠡᠬᠡᠨ ᠰᠢᠯᠦᠭ ᠲᠠᠭᠤᠯᠠᠯ᠎ᠳᠠᠭᠠᠨ ᠰᠢᠩᠬᠡᠬᠡᠨ ᠠᠭᠤᠰᠬᠠᠵᠤ᠂ ᠲᠦᠷᠰᠤᠯᠠᠨ ᠪᠢᠴᠢᠳᠡᠭ᠃

ᠯᠠ ᠰᠠᠷ᠎ᠠ᠎ᠶ᠋ᠢᠨ ᠨᠠᠢ᠍ᠮᠠᠨ᠎ᠤ ᠪᠠᠶᠠᠷ᠎ᠤᠨ ᠡᠳᠦᠷ᠎ᠦᠨ ᠥᠷᠯᠥᠭᠡ᠂ ᠰᠦᠩ ᠤᠯᠤᠰ᠎ᠤᠨ ᠱᠢᠯᠦᠭ᠌ᠴᠢᠨ ᠸᠠᠩ ᠶᠠᠩ ᠵᠡᠷᠭᠡᠯᠡᠳᠡᠭᠡ ᠠᠢᠯ᠎ᠤᠨ ᠬᠦᠷᠭᠡᠵᠦ᠍ ᠢᠷᠡᠭ᠌ᠰᠡᠨ ᠯᠡ ᠰᠠᠷ᠎ᠠ᠎ᠶ᠋ᠢᠨ ᠨᠠᠢ᠍ᠮᠠᠨ᠎ᠤ ᠱᠢᠩᠭᠡᠨ ᠪᠤᠳᠠᠭ᠎ᠠ᠎ᠶ᠋ᠢ ᠳᠤᠰᠴᠤ᠂ ᠰᠢᠩᠬᠡᠨ ᠪᠤᠳᠠᠭᠠᠨ᠎ᠤ ᠳᠤᠬᠠᠢ ᠱᠢᠯᠦᠭ ᠪᠢᠴᠢᠵᠦ᠍ ᠡᠨᠡ ᠤᠴᠢᠷ᠎ᠢ ᠲᠡᠮᠳᠡᠭ᠌ᠯᠡᠬᠦ᠌᠎ᠶ᠋ᠢᠨ ᠬᠠᠮᠲᠤ ᠪᠠᠰᠠ ᠳᠤᠬᠠᠢ ᠵᠢᠨ ᠦᠶ᠎ᠡ᠎ᠶ᠋ᠢᠨ ᠯᠡ ᠰᠠᠷ᠎ᠠ ᠵᠢᠨ ᠨᠠᠢ᠍ᠮᠠᠠ᠎ᠤ ᠱᠢᠩᠭᠡᠨ ᠪᠤᠳᠠᠭ᠎ᠠ᠎ᠶ᠋ᠢᠨ ᠳᠣᠲᠣᠷᠠᠬᠢ ᠢᠳᠡᠭᠡᠨ ᠎ᠦ ᠮᠠᠲ᠋ᠧᠷᠢᠶᠠᠯ ᠎ᠢ ᠨᠠᠷᠢᠨ ᠳᠦᠷᠰᠦᠯᠡᠵᠠᠢ᠃《ᠲᠡᠤᠯᠠᠢ ᠵᠢᠨ ᠪᠦᠬᠡᠷ᠎ᠠ᠂ ᠲᠤᠭᠤᠷ᠂ ᠴᠢᠪᠠᠭ᠎ᠠ᠂ ᠱᠠᠪᠲᠠᠯ᠎ᠠ᠎ᠶ᠋ᠢᠨ ᠦᠨᠤᠷ ᠠᠮᠳᠠ ᠠᠷᠭ᠎ᠠ ᠦᠬᠡᠢ ᠠᠮᠳᠠᠳᠠᠢ ᠪᠠᠢᠵᠤ᠂ ᠡᠳᠡᠬᠡᠷ ᠢᠳᠡᠬᠡᠨ᠎ᠤ ᠮᠠᠲ᠋ᠸᠷᠢᠶᠠᠯ᠎ᠢ ᠲᠡᠮᠳᠡᠭᠯᠡᠬᠦ ᠦᠬᠡᠢ ᠪᠠᠢᠬᠤ ᠵᠢᠨ ᠠᠷᠭ᠎ᠠ ᠦᠬᠡᠢ》 ᠭᠡᠵᠦ᠍ ᠪᠢᠴᠢᠭᠰᠡᠡ ᠪᠠᠢᠳᠠᠭ᠃

ᠯᠦ᠍ ᠶᠢᠤ ᠵᠢᠨ ᠰᠡᠳᠬᠢᠯ᠎ᠳ᠋ᠡᠬᠢ ᠯᠠ ᠰᠠᠷ᠎ᠠ ᠪᠤᠯ ᠡᠶᠡᠪᠡᠷᠬᠦᠤ ᠰᠡᠯᠬᠢᠨ ᠬᠠᠪᠤᠷ᠎ᠢ ᠮᠡᠳᠡᠬᠡᠯᠡᠬᠦᠶ᠎ᠡ᠂ ᠪᠠᠢᠩᠭᠤ ᠲᠠᠶᠠᠭ ᠲᠤᠯᠵᠤ ᠰᠡᠯᠡᠬᠦᠴᠡᠨ ᠵᠡᠷᠬᠡᠯᠡᠳᠡᠬᠡ ᠠᠢᠯ᠎ᠢᠶᠡᠷ ᠦᠩᠬᠡᠷᠡᠮᠤᠢ᠃ ᠬᠡᠬᠦ᠎ᠳ᠋ᠡᠬᠡᠨ ᠯᠠ ᠰᠠᠷ᠎ᠠ ᠵᠢᠨ ᠰᠢᠩᠬᠡᠨ ᠪᠤᠳᠠᠭ᠎ᠠ ᠦᠨᠡᠬᠡᠷ ᠪᠢᠳᠠᠨ᠎ᠳᠤ ᠪᠠᠶᠠᠷ ᠳᠤᠷᠠᠰᠬᠠᠯ᠎ᠤᠨ ᠡᠳᠤᠷ᠎ᠤᠨ ᠠᠭᠤᠷ ᠠᠮᠢᠰᠬᠤᠯ᠎ᠢ ᠮᠡᠳᠡᠷᠡᠬᠦᠯᠬᠦ ᠶᠤᠮ᠂ ᠨᠢᠳᠤᠨ ᠡᠮᠤᠨᠡᠬᠢ ᠠᠯᠢᠪᠡ ᠪᠤᠳᠠᠰ ᠴᠦᠮ ᠰᠢᠨᠡᠳᠦᠭᠰᠡᠨ ᠮᠡᠳᠤ ᠲᠦᠷᠦᠭᠳᠡᠯ ᠦᠭᠳᠡᠭ ᠪᠤᠯᠬᠤᠷ ᠯᠦ᠍ ᠶᠢᠤ 《ᠥᠨᠥᠳᠦᠷ᠎ᠪᠤᠷᠬᠠᠨ᠎ᠤ ᠱᠢᠩᠭᠡᠨ ᠪᠤᠳᠠᠭ᠎ᠠ ᠪᠠᠨ ᠬᠠᠷᠢᠯᠴᠠᠨ ᠰᠤᠯᠢᠯᠴᠡᠬᠤᠢ᠎ᠳᠤᠷ ᠮᠦᠷᠡᠨ᠎ᠤ ᠬᠦᠪᠡᠬᠡᠨ ᠳ᠋ᠡᠬᠢ ᠵᠢᠵᠢᠭ ᠲᠤᠰᠬᠤᠨ ᠳ᠋ᠤ ᠬᠠᠪᠤᠷ ᠰᠠᠭᠠᠳᠠᠬᠰᠨᠨ᠎ᠢ ᠨᠡᠩᠳᠡ ᠮᠡᠳᠡᠷᠡᠭᠦᠯᠦᠨᠠᠮ》ᠬᠡᠮᠡᠬᠦ ᠰᠢᠯᠦᠭ᠎ᠰᠢᠯᠦᠭᠯᠡᠭᠰᠡᠡ ᠪᠠᠢᠳᠠᠭ᠃

《ᠲᠣᠭᠣᠭᠠᠨ᠎ᠳᠠᠬᠢ ᠵᠠᠭᠤᠨ ᠨᠣᠭᠣᠭ᠎ᠠ᠎ᠶ᠋ᠢᠨ ᠠᠩᠬᠢᠯᠤᠮ᠎ᠠ ᠦᠨᠦᠷ ᠰᠡᠩᠬᠢᠨᠡᠬᠦᠢ ᠎ᠳᠤᠷ᠂ ᠲᠠᠪᠤᠰᠤ ᠰᠢᠬᠢᠷ ᠨᠢ ᠨᠡᠩᠳᠡ ᠰᠠᠢᠬᠠᠨ ᠲᠡᠩᠴᠡᠨᠡᠮ᠃ ᠮᠠᠨᠳᠤᠬᠤ ᠨᠡᠷᠡᠨ᠎ᠠ ᠬᠠᠮᠲᠤ ᠰᠠᠭᠤᠯᠴᠡᠵᠤ ᠨᠠᠷᠬᠢᠬᠤ᠎ᠳᠤᠷ᠂ ᠤᠯᠠᠨ᠎ᠤ ᠰᠡᠳᠬᠢᠯ᠎ᠳᠤ ᠳᠤᠯᠠᠭᠠᠬᠠᠨ ᠰᠠᠨᠠᠭᠳᠠᠭᠤᠯᠤᠨᠠᠮ》᠃ ᠴᠢᠩ ᠤᠯᠤᠰ᠎ᠤᠨ ᠦᠶ᠎ᠡ ᠶ᠋ᠢᠨ ᠱᠢᠯᠦᠭ᠌ᠴᠢ ᠸᠠᠩ ᠵᠢᠶ ᠵᠦ᠍᠎ᠶ᠋ᠢᠨ《ᠯᠠ ᠰᠠᠷ᠎ᠠ ᠵᠢᠨ ᠨᠠᠢ᠍ᠮᠠᠨ᠎ᠤ ᠰᠢᠩᠬᠡᠨ ᠪᠤᠳᠠᠭ᠎ᠠ》 ᠬᠡᠮᠡᠬᠦ ᠰᠢᠯᠦᠭ ᠲᠦ᠍ ᠰᠢᠯᠦᠭᠯᠡᠭᠰᠡᠡ ᠮᠡᠳᠤ ᠱᠢᠷᠡᠭᠡ ᠬᠦᠷᠢᠶᠡᠯᠡᠨ ᠰᠠᠭᠤᠵᠤ ᠯᠠ ᠰᠠᠷ᠎ᠠ ᠵᠢᠨ ᠨᠠᠢ᠍ᠮᠡᠨ᠎ᠤ ᠰᠢᠩᠬᠡᠨ ᠪᠤᠳᠠᠭ᠎ᠠ ᠪᠠᠨ ᠢᠳᠡᠵᠤ ᠪᠠᠢᠬᠤ ᠦᠵᠡᠭ᠌ᠳᠡᠯ ᠡᠴᠨ ᠡᠷᠲᠡᠨ᠎ᠦ ᠯᠡ ᠰᠠᠷ᠎ᠠ ᠵᠢᠨ ᠨᠠᠢ᠍ᠮᠠᠠ᠎ᠤ ᠪᠠᠶᠠᠷ᠎ᠤᠨ ᠡᠳᠤᠷ᠎ᠢ ᠬᠥᠷ ᠨᠠᠷᠭᠢᠶᠠᠨ ᠲᠠᠢ ᠪᠦᠬᠡᠳ ᠥᠯᠵᠡᠶ ᠪᠡᠯᠭᠡ ᠲᠠᠢ ᠦᠩᠬᠡᠷᠡᠬᠦᠯᠵᠤ ᠪᠠᠢᠬᠰᠠᠠ᠎ᠢ ᠬᠠᠷᠠᠭᠤᠯᠤᠬᠰᠠᠠ ᠶᠤᠮ᠃

ᠰᠥᠩ  ᠤᠯᠤᠰ᠎ᠤᠨ ᠦᠶ᠎ᠡ᠎ᠶ᠋ᠢᠨ ᠵᠤᠤ ᠸᠠᠨ ᠨᠢᠶᠠᠨ᠎ᠤ 《ᠯᠠ ᠰᠠᠷ᠎ᠠ᠎ᠶ᠋ᠢᠨ ᠨᠠᠢ᠍ᠮᠠᠨ᠎ᠤ ᠱᠢᠩᠭᠡᠨ ᠪᠤᠳᠠᠭ᠎ᠠ ᠪᠠᠨ ᠠᠶᠤᠵᠤ ᠰᠤᠴᠢᠨ ᠪᠠᠢᠵᠤ ᠢᠳᠡᠭᠰᠡᠨ ᠲᠤᠬᠠᠶ ᠲᠦᠷᠦᠭ᠌ᠳᠡᠯ》ᠭᠡᠬᠦ᠌ ᠱᠢᠯᠦᠭ ᠨᠢ ᠬᠥᠮᠦᠰ᠎ᠲᠦ ᠳᠤᠬᠠᠢ ᠵᠢᠨ ᠦᠶ᠎ᠡ᠎ᠶ᠋ᠢᠨ ᠲᠠᠢ᠌ᠨ᠎ᠦ ᠬᠡᠴᠡᠬᠦᠦ ᠪᠠᠢᠳᠠᠯ ᠪᠠ ᠤᠯᠤᠰ ᠭᠡᠷ᠎ᠦᠨ ᠠᠮᠤᠷ ᠲᠦᠪᠱᠢᠨ᠂ ᠭᠡᠷ ᠬᠣᠲᠠᠯᠠᠭᠠᠷ᠎ᠢᠶᠠᠷ᠎ᠢᠶᠠᠨ ᠴᠤᠭ᠍ᠯᠠᠷᠠᠨ ᠨᠡᠢᠯᠡᠵᠤ ᠨᠢᠬᠡ ᠠᠶᠠᠭ᠎ᠠ ᠬᠠᠯᠠᠭᠤᠨ ᠬᠤᠭᠤᠯᠠ ᠵᠢ ᠢᠳᠡᠬᠦ ᠨᠢ ᠬᠢᠯᠪᠠᠷ ᠪᠤᠰᠤ ᠶᠠᠪᠤᠳᠠᠯ᠎ᠪᠠᠢᠬᠰᠠᠠ᠎ᠢ ᠦᠬᠦᠯᠡᠭᠰᠡᠨ ᠠᠵᠢ᠃《ᠱᠢᠶᠠᠩᠶᠠᠩ ᠬᠤᠳᠠ᠎ᠶ᠋ᠢᠨ ᠭᠠᠳᠠᠨ᠎ᠠ ᠲᠤᠲᠤᠨ᠎ᠠ ᠲᠣᠭᠣᠰᠣ ᠳᠡᠭ᠌ᠳᠡᠪᠡᠰᠦ᠂ ᠰᠤᠮᠤ ᠵᠢ ᠴᠢᠯᠠᠭᠤᠨ ᠳᠤᠮᠳᠠ ᠬᠠᠷᠪᠤᠵᠤ ᠦᠯᠤ ᠦᠬᠥᠭ᠌ᠰᠡᠨ ᠪᠤᠯᠠᠢ᠂ ᠡᠵᠡᠨ᠎ᠳ᠋ᠡᠬᠡᠨ ᠰᠢᠩᠬᠡᠨ ᠪᠤᠳᠠᠭ᠎ᠠ ᠡᠷᠬᠦᠵᠤ ᠢᠳᠡᠬᠦᠯᠦᠭᠰᠡᠡ ᠵᠢᠡᠷ ᠡᠨᠡ ᠡᠳᠤᠷ ᠪᠤᠯ ᠯᠠ ᠰᠠᠷ᠎ᠠ᠎ᠶ᠋ᠢᠨ ᠨᠠᠢ᠍ᠮᠠᠨ᠎ᠤ ᠡᠳᠦᠷ ᠪᠣᠯᠬᠤ᠎ᠶ᠋ᠢ ᠮᠡᠳᠡᠮᠤᠢ》 ᠭᠡᠵᠦ᠍ ᠪᠢᠴᠢᠵᠡᠶ᠃

《ᠢᠷᠡᠬᠦ᠌ ᠵᠢᠯ ᠤᠴᠢᠷ ᠪᠦᠲᠦᠬᠦ᠌ ᠡᠰᠡᠬᠦ᠌᠎ᠶ᠋ᠢ ᠤᠷᠢᠳ ᠵᠢᠡᠷ ᠯᠠ ᠰᠠᠷ᠎ᠠ ᠵᠢᠨ ᠨᠠᠢ᠍ᠮᠠᠨ᠎ᠤ ᠮᠥᠰᠥ᠎ᠵᠢ᠎ᠦᠵᠡᠨ᠎ᠠ》ᠭᠡᠳᠡᠭ᠃᠎ᠯᠠ᠎ᠰᠠᠷ᠎ᠠ᠎ᠶ᠋ᠢᠨ᠎ᠨᠠᠢ᠍ᠮᠠᠨ᠎ᠤ᠎ᠡᠳᠦᠷ ᠱᠢᠯᠦᠭ ᠤᠶᠠᠩᠭᠠᠯᠠᠬᠤ᠎ᠠᠴᠠ ᠭᠠᠳᠠᠨ᠎ᠠ᠂ ᠮᠠᠰᠢ ᠣᠯᠠᠨ ᠬᠥᠮᠦᠰ ᠥᠷᠯᠥᠭᠡ᠎ᠡᠷᠳᠡ ᠭᠣᠣᠯ᠎ᠤᠨ ᠬᠥᠪᠡᠭᠡᠨ᠎ᠳᠦ ᠬᠦᠷᠴᠦ᠍ ᠮᠥᠰᠥ᠎ᠶ᠋ᠢ ᠪᠠᠯᠪᠠᠴᠢᠨ ᠭᠡᠷ᠎ᠲᠡᠬᠡᠨ ᠡᠬᠦᠷᠴᠤ ᠬᠠᠷᠢᠳᠠᠭ᠂ ᠡᠭᠦᠨ᠎ᠢ 《ᠯᠠ ᠰᠠᠷ᠎ᠠ᠎ᠶ᠋ᠢᠨ ᠨᠠᠢ᠍ᠮᠠᠨ᠎ᠤ ᠮᠥᠰᠥ᠍》 ᠭᠡᠮᠡᠳᠡᠭ᠃ ᠲᠤᠭᠤᠯᠤᠬᠰᠠᠨ᠎ᠢᠶᠡᠷ᠂ ᠬᠡᠨ ᠬᠦᠮᠦᠨ ᠬᠠᠮᠤᠭ᠎ᠤᠨ ᠲᠦᠷᠦᠭᠦᠨ᠎ᠳᠦ ᠮᠥᠰᠥ ᠵᠢ ᠪᠡᠯᠪᠡᠴᠢᠵᠤ ᠬᠠᠭᠠᠯᠪᠠᠯ᠂ ᠲᠡᠷᠡ ᠬᠦᠮᠤᠨ ᠳᠠᠷᠤᠶ ᠡᠨᠡ ᠵᠢᠯ᠎ᠳ᠋ᠡᠬᠡᠨ ᠬᠠᠮᠤᠭ᠎ᠤᠨ ᠰᠠᠢ᠍ᠢᠨ ᠬᠤᠪᠢ ᠵᠠᠶᠠᠭ᠎ᠠ ᠲᠠᠢ ᠬᠦᠮᠤᠨ ᠪᠤᠯᠤᠨ᠎ᠠ ᠬᠡᠯᠴᠡᠳᠡᠭ᠃

《ᠬᠦᠴᠦ᠍ ᠶᠡᠬᠡ ᠨᠢ ᠮᠦᠰᠦ ᠵᠢ ᠢᠯᠡᠭᠦᠦ ᠬᠡᠳᠦᠨ ᠬᠡᠰᠡᠭ ᠭᠡᠷ᠎ᠲᠡᠬᠡᠨ ᠠᠪᠠᠴᠢᠵᠤ ᠲᠠᠯᠪᠢᠭᠠᠳ ᠬᠡᠦᠬᠡᠳ᠎ᠲᠡᠬᠡᠨ ᠢᠳᠡᠬᠦᠯᠵᠤ᠂ ᠲᠣᠰᠭᠣᠨ᠎ᠤ ᠨᠠᠰᠤᠲᠠᠳ ᠯᠠ ᠰᠠᠷ᠎ᠠ ᠵᠢᠨ ᠨᠠᠢ᠍ᠮᠠᠨ᠎ᠤ ᠮᠦᠰᠦ ᠵᠢ ᠢᠳᠡᠪᠠᠯ ᠢᠷᠡᠬᠦ᠌ ᠵᠢᠯ᠎ᠳᠦ ᠭᠡᠳᠡᠰᠦ ᠡᠪᠡᠳᠬᠦ᠌᠎ᠦᠬᠡᠢ ᠭᠡᠵᠦ᠍ ᠬᠡᠯᠡᠳᠡᠭ》᠃ 《ᠪᠠᠭ᠎ᠠ᠎ᠶ᠋ᠢᠨ ᠦᠶ᠎ᠡ᠎ᠳᠤ ᠡᠪᠦᠯ᠎ᠦᠨ ᠤᠯᠠᠷᠢᠯ᠎ᠤᠨ ᠬᠠᠮᠤᠭ᠎ᠤᠨ ᠪᠠᠶᠠᠷ ᠪᠠᠶᠠᠰᠤᠯ ᠲᠠᠢ ᠴᠠᠭ ᠮᠦᠴᠠ ᠪᠤᠯ ᠲᠠᠷᠤᠢ ᠯᠡ ᠰᠠᠷ᠎ᠠ ᠵᠢᠨ ᠨᠠᠢ᠍ᠮᠠᠨ᠎ᠳᠤ ᠮᠥᠰᠥᠨ ᠲᠡᠬᠡᠷ᠎ᠠ ᠲᠤᠬᠯᠠᠵᠤ ᠮᠦᠰᠤ ᠪᠠᠯᠪᠠᠴᠢᠬᠤ ᠵᠢ ᠦᠵᠡᠬᠦ ᠶᠠᠪᠤᠳᠠᠯ ᠪᠤᠯᠤᠨ᠎ᠠ 》 ᠭᠡᠵᠦ᠍ ᠵᠠᠩ ᠱᠢᠸ᠋ ᠯᠢ ᠢᠨᠢᠶᠡᠨ ᠦᠬᠦᠯᠡᠨ᠎ᠡ᠃

ᠣᠳᠣᠬᠠᠨ᠎ᠳᠤ᠂ ᠬᠥᠮᠦᠰ ᠬᠡᠳᠦᠢᠪᠡᠷ ᠯᠠ ᠰᠠᠷ᠎ᠠ ᠵᠢᠨ ᠨᠡᠢ᠍ᠮᠠᠨ᠎ᠤ ᠮᠥᠰᠥ ᠪᠠᠯᠪᠠᠴᠢᠬᠤ ᠵᠠᠩᠱᠢᠯ᠎ᠢᠶᠠᠨ《ᠦᠯᠦ ᠪᠠᠷᠢᠮᠲᠠᠯᠠᠬᠤ》 ᠪᠤᠯᠤᠬᠰᠠᠨ ᠪᠣᠯᠪᠠᠴᠤ᠌ ᠭᠤᠤᠯ ᠮᠦᠷᠠᠨ ᠪᠤᠶᠤ ᠨᠠᠭᠤᠷ ᠴᠦᠬᠦᠷᠤᠮ ᠮᠥᠰᠥ᠍ ᠪᠤᠯᠵᠤ ᠬᠥᠯᠳᠡᠬᠦ ᠨᠢ ᠮᠥᠰᠥ᠍ ᠴᠠᠰᠤᠨ᠎ᠤ ᠲᠠᠮᠢᠷ᠎ᠤᠨ ᠬᠥᠳᠡᠯᠭᠡᠭᠡᠨ᠎ᠢ ᠦᠷᠨᠢᠬᠦᠯᠬᠦ ᠰᠠᠢᠬᠠᠨ ᠴᠠᠭ ᠦᠶ᠎ᠡ ᠪᠤᠯᠤᠨ᠎ᠠ᠃ ᠮᠥᠰᠥ᠍ ᠲᠡᠱᠢᠬᠦ᠌ ᠶᠤᠮ ᠤᠤ᠂ ᠴᠠᠰᠤᠨ᠎ᠳᠤ ᠭᠤᠯᠭᠤᠬᠤ ᠵᠡᠷᠭᠡ ᠮᠥᠰᠥ᠍ ᠴᠠᠰᠤᠨ᠎ᠤ ᠰᠣᠶᠣᠯ ᠨᠢ ᠱᠢᠨ᠎ᠡ ᠴᠠᠭ ᠦᠶ᠎ᠠ ᠵᠢᠨ ᠤᠷᠤᠰᠬᠠᠯ ᠪᠣᠯᠵᠣ᠂ ᠬᠥᠮᠦᠰ᠎ᠦᠨ ᠠᠮᠠᠷᠠᠵᠤ ᠰᠡᠯᠡᠭᠦᠴᠡᠬᠦ᠌ ᠪᠤᠶᠤ ᠬᠡᠷ ᠪᠦᠯᠢ᠎ᠪᠡᠷ᠎ᠢᠶᠡᠨ ᠨᠠᠭᠠᠳᠴᠤ ᠵᠤᠭᠠᠴᠠᠬᠤ ᠲᠡᠷᠢᠭᠦᠨ ᠰᠣᠩᠭᠣᠯᠲᠠ ᠪᠣᠯᠤᠭ᠍ᠰᠠᠨ ᠪᠠᠢᠨ᠎ᠠ᠃ ᠠᠷᠠᠳ᠎ᠤᠨ ᠵᠠᠩ ᠵᠠᠩᠱᠢᠯ ᠨᠢ ᠣᠨ ᠵᠢᠯ᠎ᠤᠨ ᠤᠯᠠᠷᠢᠯ ᠬᠤᠪᠢᠷᠠᠯᠲᠠ᠎ᠶ᠋ᠢ ᠳᠠᠭᠠᠨ ᠬᠤᠪᠢᠷᠠᠬᠰᠠᠠ ᠪᠤᠯᠪᠠᠴᠤ ᠬᠥᠮᠦᠰ᠎ᠦᠨ ᠰᠡᠳᠭᠢᠯ ᠵᠢᠷᠦᠬᠡᠨ᠎ᠳᠡᠬᠢ ᠵᠣᠯ ᠵᠢᠷᠭᠠᠯ ᠠᠮᠤᠷ ᠠᠮᠤᠭᠤᠯᠠᠩ᠎ᠤᠨ ᠲᠤᠬᠠᠢ ᠬᠥᠭᠡᠭᠡᠴᠡᠯᠳᠦᠯ᠂ ᠰᠠᠢ᠌ᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ ᠬᠤᠪᠢᠷᠠᠭ᠎ᠠ ᠦᠭᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号