ᠡᠯ ᠷᠸᠨ ᠲᠠᠢ ᠵᠦᠴᠦᠭᠡ᠄ ᠬᠠᠲᠣᠨ ᠭᠣᠣᠯ ᠬᠢᠭᠡᠳ ᠴᠡᠯᠡᠭᠡᠷ ᠲᠠᠯ᠎ᠠ᠎ᠶᠢᠨ ᠰᠢᠮ᠎ᠠ ᠪᠡᠷ ᠬᠦᠪᠦᠷᠡᠨ ᠲᠡᠯᠭᠡᠷᠡᠭᠰᠡᠨ ᠣᠷᠠᠯᠢᠬ᠎ᠤᠨ ᠰᠤᠳᠤᠨ ᠴᠡᠴᠡᠭ
2022-01-26 09:27:51
ᠵᠣᠬᠢᠶᠠᠭ᠍ᠴᠢ᠄
​ᠭᠣᠣ ᠷᠦᠢ ᠹᠸᠩ
ᠣᠩᠱᠢᠭ᠍ᠰᠠᠨ ᠣᠳᠠᠭ᠎ᠠ᠄
★★★☆☆

ᠣᠳᠬ᠎ᠠ ᠵᠣᠬᠢᠶᠠᠯ ᠣᠷᠠᠯᠢᠬ ᠨᠢ ᠲᠦᠷᠢ ᠲᠦᠷᠬᠦ ᠵᠢ ᠱᠤᠭᠤᠬᠤ ᠪᠡᠷ ᠠᠮᠵᠢᠯᠳᠠ ᠤᠯᠵᠤ᠂ ᠰᠣᠩᠭᠣᠲᠠᠬ ᠣᠳᠬ᠎ᠠ ᠣᠷᠠᠯᠢᠬ᠎ᠤᠨ ᠲᠦᠷᠢ ᠲᠦᠷᠬᠦ ᠨᠢ ᠨᠢᠭᠡᠨ ᠴᠠᠬ ᠦᠶ᠎ᠡ ᠵᠢᠨ ᠣᠳᠬ᠎ᠠ ᠣᠷᠠᠯᠢᠬ᠎ᠤᠨ ᠴᠢᠬᠣᠯᠠ ᠪᠡᠯᠭᠡ ᠲᠡᠮᠲᠡᠭ ᠪᠣᠯᠳᠠᠭ᠃

  — ᠶᠡᠷᠦᠩᠬᠡᠢ ᠱᠦᠵᠢ ᠰᠢ ᠵᠢᠨ ᠫᠢᠩ᠎ᠤᠨ ᠲᠣᠮᠲᠠᠲᠣ ᠣᠯᠣᠰ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠠᠷᠪᠠᠨ ᠨᠢᠭᠡᠲᠦᠭᠡᠷ ᠣᠲᠠᠭ᠎ᠠ ᠵᠢᠨ ᠪᠦᠬᠦ ᠣᠯᠣᠰ᠎ᠤᠨ ᠲᠦᠯᠦᠭᠡᠯᠡᠭᠴᠢᠳ᠎ᠤᠨ ᠶᠡᠬᠡ ᠬᠣᠷᠠᠯ᠂ ᠲᠣᠮᠲᠠᠲᠣ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ ᠠᠷᠪᠠᠲᠣᠭᠠᠷ ᠣᠲᠠᠭᠠᠨ᠎ᠤ ᠪᠦᠬᠦ ᠣᠯᠣᠰ᠎ᠤᠨ ᠲᠦᠯᠦᠭᠡᠯᠡᠭᠴᠢᠳ᠎ᠤᠨ ᠶᠡᠬᠡ ᠬᠣᠷᠠᠯ᠎ᠤᠨ ᠡᠬᠢᠯᠡᠯᠲᠡ᠎ᠶᠢᠨ ᠶᠣᠰᠣᠯᠠᠯ ᠲᠡᠭᠡᠷᠡᠬᠢ ᠶᠠᠷᠢᠶ᠎ᠠ ᠡᠴᠡ

                    (2021 ᠤᠨ᠎ᠤ 12 ᠰᠠᠷ᠎ᠠ᠎ᠶᠢᠨ 14 ᠤ᠋ ᠡᠳᠦᠷ)



ᠡᠯ ᠷᠧᠨ᠎ᠲᠡᠶ ᠵᠦᠴᠦᠭᠡ᠂ ᠳᠤᠮᠳᠠᠳᠤ ᠤᠯᠤᠰ᠎ᠤᠨ ᠤᠮᠠᠷᠠᠲᠤ ᠣᠷᠣᠨ ᠤ᠋ ᠭᠣᠣᠯ ᠪᠣᠯᠬᠤ ᠣᠷᠣᠨ ᠨᠤᠲᠤᠭ᠎ᠤᠨ ᠰᠢ ᠵᠦᠴᠦᠭᠡ᠎ᠶ᠋ᠢᠨ ᠨᠢᠭᠡ᠂ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠃ ᠲᠡᠷᠡ ᠨᠢ ᠴᠢᠩ ᠤᠯᠤᠰ᠎ᠤᠨ ᠦᠶ᠎ᠡ᠎ᠡᠴᠡ ᠥᠪᠥᠷ ᠮᠣᠩᠭᠣᠯ ᠣᠷᠣᠨ ᠳ᠋ᠦ ᠪᠣᠢ ᠪᠣᠯᠵᠦ᠂ ᠥᠪᠥᠷ ᠮᠣᠩᠭᠣᠯ᠎ᠤᠨ ᠳᠤᠮᠳᠠ ᠪᠠᠷᠠᠭᠤᠨ ᠬᠡᠰᠡᠭ ᠵᠢᠴᠢ ᠱᠠᠨ ᠰᠢ᠂ ᠱᠠᠨᠰᠢ᠂ ᠾᠸᠪᠸᠢ᠂ ᠨᠢᠩᠱᠢᠶᠠ ᠵᠡᠷᠭᠡ ᠮᠤᠵᠢ ᠣᠷᠣᠨ᠎ᠳᠤ ᠥᠷᠭᠡᠨ᠎ᠢᠶᠡᠷ ᠳᠡᠯᠭᠡᠷᠡᠵᠦ᠍᠂ ᠮᠠᠨ᠎ᠤ ᠤᠯᠤᠰ᠎ᠤᠨ 150 ᠭᠠᠷᠤᠶ ᠬᠣᠱᠢᠭᠤ ᠱᠢᠶᠠᠨ᠎ᠢ ᠬᠠᠮᠤᠷᠴᠠᠶ᠃

ᠡᠯ ᠷᠸᠨ ᠲᠠᠢ ᠵᠦᠴᠦᠭᠡ ᠨᠢ ᠮᠣᠩᠭᠣᠯ ᠬᠢᠲᠠᠳ ᠤᠷᠠᠯᠢᠭ᠎ᠤᠨ ᠬᠠᠮᠳᠤ ᠵᠢᠨ ᠣᠨᠴᠠᠯᠢᠭ᠎ᠢ ᠪᠦᠷᠢᠯᠳᠦᠬᠦᠯᠦᠭᠰᠡᠨ᠎ᠤ ᠬᠠᠮᠲᠤ ᠮᠠᠨ᠎ᠤ ᠤᠯᠤᠰ᠎ᠤᠨ ᠤᠮᠠᠷᠠᠲᠤ ᠣᠷᠣᠨ᠎ᠤ ᠠᠷᠠᠳ᠎ᠤᠨ ᠳᠠᠭᠤᠤ᠂ ᠪᠥᠵᠢᠭ᠂ ᠳᠠᠭᠤᠤᠷᠢᠯᠢᠭ ᠵᠡᠷᠭᠡ ᠣᠯᠠᠨ ᠵᠦᠶ᠋ᠯ᠎ᠦᠨ ᠤᠷᠠᠯᠢᠭ᠎ᠤᠨ ᠣᠬᠢ ᠰᠣᠳᠣ᠎ᠶ᠋ᠢ ᠱᠢᠩᠭᠡᠭᠡᠨ ᠠᠪᠴᠤ᠌᠂ ᠤᠮᠠᠷᠠᠲᠤ ᠣᠷᠣᠨ᠎ᠤ ᠲᠠᠷᠢᠶᠠᠯᠠᠬᠤ ᠰᠣᠶᠣᠯ ᠬᠢᠭᠡᠳ ᠨᠡᠭᠦᠳᠡᠯ ᠮᠠᠯᠵᠢᠯ᠎ᠤᠨ ᠰᠣᠶᠣᠯ᠎ᠢ ᠤᠶᠠᠯᠳᠤᠭᠤᠯᠤᠭ᠍ᠰᠠᠨ ᠤᠷᠠᠯᠢᠭ᠎ᠤᠨ ᠭᠡᠷᠡᠴᠢᠯᠠᠯ ᠪᠠᠢᠵᠤ᠂ ᠬᠠᠲᠤᠨ ᠭᠤᠤᠯ᠎ᠤᠨ ᠰᠣᠶᠣᠯ ᠬᠢᠭᠡᠳ ᠴᠡᠯᠡᠭᠡᠷ ᠲᠠᠯ᠎ᠠ᠎ᠶ᠋ᠢᠨ ᠰᠣᠶᠣᠯ ᠡᠴᠡ ᠬᠦᠪᠦᠷᠡᠨ ᠪᠣᠢᠵᠢᠭ᠍ᠰᠠᠨ ᠤᠷᠠᠯᠢᠭ᠎ᠤᠨ ᠰᠤᠳᠤᠨ ᠪᠣᠯᠬᠣ ᠶᠣᠮ᠃


ᠠᠷᠠᠳ᠎ᠤᠨ ᠵᠠᠩᠰᠢᠯ ᠰᠣᠶᠣᠯ᠎ᠤᠨ ᠠᠭᠤᠰᠤᠯᠴᠠᠯ᠎ᠤᠨ ᠲᠡᠯᠡᠰᠳᠤ

ᠳ᠋ᠤᠸᠠᠨ ᠪᠠ ᠸᠠᠩ᠂ ᠤᠯᠤᠰ᠎ᠤᠨ ᠨᠢᠭᠡᠳᠦᠭᠡᠷ ᠳᠡᠰ᠎ᠤᠨ ᠲᠣᠭ᠍ᠯᠠᠭ᠍ᠴᠢ᠂ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠡᠯ ᠷᠧᠨ᠎ᠲᠡᠶ ᠵᠦᠴᠦᠭᠡ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠣᠯᠠᠮᠵᠢᠯᠠᠬᠴᠢ᠃ ᠡᠨᠡ ᠵᠢᠯ 62 ᠨᠠᠰᠤᠲᠠᠢ ᠲᠡᠷᠡ ᠪᠣᠯ ᠤᠯᠤᠰ ᠲᠠᠶᠠᠭᠠᠷ ᠲᠦ᠍ ᠠᠯᠲᠠᠷ ᠶ᠋ᠢᠡᠨ ᠲᠠᠭᠣᠷᠢᠰᠣᠭᠣᠯᠣᠬᠰᠠᠨ ᠡᠯ ᠷᠧᠨ᠎ᠲᠡᠶ ᠵᠦᠴᠦᠭᠡ᠎ᠶ᠋ᠢᠨ ᠤᠷᠠᠯᠢᠭ᠍ᠴᠢᠨ ᠪᠤᠯᠬᠣ ᠶᠣᠮ᠃ ᠬᠥᠬᠡᠬᠣᠲᠠ᠎ᠶ᠋ᠢᠨ ᠡᠯ ᠷᠧᠨ᠎ᠲᠡᠶ ᠤᠷᠠᠯᠢᠭ ᠰᠤᠳᠤᠯᠭᠠᠨ᠎ᠤ ᠬᠦᠷᠢᠶᠡᠯᠡᠩ ᠡᠴᠡ ᠠᠵᠢᠯ᠎ᠤᠨ ᠠᠮᠠᠷᠠᠯᠲᠠ ᠪᠠᠨ ᠠᠪᠣᠬᠰᠠᠨ᠎ᠤ ᠲᠠᠷᠠᠭ᠎ᠠ᠂ ᠰᠣᠳᠣᠨ ᠵᠦᠴᠦᠭᠡ ᠵᠣᠬᠢᠶᠠᠨ ᠲᠣᠭ᠍ᠯᠠᠬᠤ ᠪᠠ ᠬᠣᠢᠴᠢ ᠦᠶ᠎ᠡ᠎ᠶ᠋ᠢᠨ ᠲᠣᠭ᠍ᠯᠠᠭ᠍ᠴᠢ᠎ᠶ᠋ᠢ ᠬᠥᠮᠦᠵᠢᠭᠦᠯᠬᠦ᠌᠎ᠪᠡᠷ ᠬᠦᠴᠦᠯᠡᠨ ᠴᠢᠷᠮᠠᠢᠭ᠍ᠰᠠᠭᠠᠷ ᠢᠷᠡᠵᠠᠢ᠃


QQ截图20220126093451.jpg


ᠲᠣᠮᠣ ᠬᠡᠯᠪᠡᠷᠢ᠎ᠶᠢᠨ ᠣᠲᠣ ᠦᠶ᠎ᠡ᠎ᠶᠢᠨ ᠵᠦᠴᠦᠭᠡ《ᠴᠡᠴᠡᠭ ᠲᠡᠯᠭᠡᠷᠡᠵᠦ ᠴᠡᠴᠡᠭ ᠵᠣᠯᠭᠠᠷᠠᠬᠣᠶ᠎ᠠ》


ᠳ᠋ᠤᠸᠠᠨ ᠪᠠ ᠸᠠᠩ᠎ᠤᠨ ᠪᠠᠬᠰᠢ ᠯᠢᠦ ᠴᠢᠤᠸᠠᠨ ᠬᠡᠵᠤ ᠳᠡᠭᠡᠷ᠎ᠡ ᠵᠠᠭᠤᠨ᠎ᠤ ᠲᠠᠪᠢ ᠵᠢᠷᠠᠭᠠᠳ ᠣᠨ ᠳ᠋ᠦ ᠮᠠᠨ᠎ᠤ ᠣᠷᠣᠨ ᠳ᠋ᠦ ᠠᠯᠳᠠᠷ ᠨᠡᠷ᠎ᠡ ᠲᠠᠢ ᠡᠯ ᠷᠧᠨ᠎ᠲᠡᠶ ᠵᠦᠴᠦᠭᠡ᠎ᠶ᠋ᠢᠨ ᠤᠷᠠᠯᠢᠭ᠍ᠴᠢᠨ ᠪᠠᠢᠬᠰᠠᠨ ᠶᠣᠮ᠃ 《ᠯᠢᠦ ᠴᠢᠤᠸᠠᠨ᠎ᠤ ᠪᠠᠭ᠍ᠰᠢ᠎ᠠᠴᠠ ᠡᠮᠦᠨᠡᠬᠢ ᠭᠤᠷᠪᠠᠨ ᠦᠶ᠎ᠡ ᠬᠦᠷᠲᠡᠯ᠎ᠡ ᠲᠤᠳᠤᠷᠠᠭᠤᠯᠵᠤ ᠬᠡᠯᠡᠪᠡᠯ᠂ ᠬᠠᠮᠤᠭ᠎ᠤᠨ ᠡᠷᠳᠡᠨ᠎ᠤ ᠡᠯ ᠷᠧᠨ᠎ᠲᠡᠶ ᠵᠦᠴᠦᠭᠡ᠎ᠶ᠋ᠢᠨ ᠳᠦᠷᠢ᠎ᠶ᠋ᠢᠨ ᠲᠣᠭ᠍ᠯᠠᠭ᠍ᠴᠢ ᠲᠦᠯᠮᠦᠭ ᠬᠦᠷᠲᠡᠯ᠎ᠡ ᠮᠥᠷᠳᠡᠵᠦ᠍ ᠪᠣᠯᠤᠨ᠎ᠠ᠃ ᠳ᠋ᠤᠸᠠᠨ ᠪᠠ ᠸᠠᠩ ᠬᠡᠯᠡᠬᠦ᠌᠎ᠳᠡᠭᠡᠨ᠂ ᠲᠥᠯᠮᠦᠭ ᠪᠣᠯ ᠮᠣᠩᠭᠣᠯ ᠦᠨᠳᠦᠰᠦᠲᠡᠨ᠂ ᠴᠢᠩ ᠤᠯᠤᠰ᠎ᠤᠨ ᠲᠥᠷᠥ᠍ ᠭᠡᠷᠡᠯᠲᠦ᠍᠎ᠶ᠋ᠢᠨ ᠠᠷᠪᠠᠳᠤᠭᠠᠷ᠎ᠡᠤᠨ(1830 ᠎ᠤᠨ) ᠳ᠋ᠦ ᠳᠦᠷᠦᠵᠡᠶ᠂ ᠲᠡᠭᠦᠨ᠎ᠦ ᠱᠠᠪᠢ ᠶᠦᠨ ᠱᠤᠸᠠᠩ ᠶᠠᠩ ᠪᠣᠯ ᠡᠯ ᠷᠧᠨ᠎ᠲᠡᠶ᠎ᠤᠷᠠᠯᠢᠭ᠎ᠤᠨ ᠰᠠᠭᠤᠷᠢᠯᠠᠭ᠍ᠴᠢ ᠪᠣᠯᠬᠣ ᠶᠣᠮ᠃

ᠴᠢᠩ ᠤᠯᠤᠰ᠎ᠤᠨ ᠪᠦᠷᠢᠨᠲᠦ ᠵᠠᠰᠠᠭ᠍ᠴᠢ᠎ᠶ᠋ᠢᠨ ᠦᠶ᠎ᠡ᠎ᠳᠦ᠂ ᠾᠸᠪᠸᠢ᠂ ᠱᠠᠨ ᠰᠢ᠂ ᠱᠠᠨᠰᠢ ᠵᠡᠷᠭᠡ ᠭᠠᠵᠠᠷ᠎ᠤᠨ ᠠᠷᠠᠳ ᠤᠯᠠᠨ ᠪᠣᠭᠣᠮᠲᠠ᠎ᠶ᠋ᠢᠨ ᠭᠠᠳᠠᠨ᠎ᠠ ᠢᠷᠡᠵᠦ᠍ ᠠᠮᠢ ᠵᠢᠭᠤᠵᠤ᠂ ᠬᠠᠪᠤᠷ ᠢᠷᠡᠵᠦ ᠨᠠᠮᠤᠷ ᠪᠤᠴᠠᠬᠤ《ᠦᠬᠡᠷ ᠬᠥᠯᠭᠡ》ᠶ᠋ᠢᠨ ᠳᠠᠳᠭᠠᠯ᠎ᠢ ᠪᠦᠷᠢᠯᠳᠦᠭᠦᠯᠦᠭᠰᠡᠨ ᠶᠤᠮ᠃

ᠴᠠᠭ ᠬᠤᠭᠤᠴᠠᠭᠠᠨ᠎ᠤ ᠥᠩᠭᠡᠷᠡᠬᠦ᠌᠎ᠶ᠋ᠢ ᠳᠠᠭᠠᠯᠳᠤᠨ ᠦᠷᠭᠡᠨ ᠠᠭᠣᠲᠠᠮ ᠴᠡᠯᠡᠭᠡᠷ ᠲᠠᠯ᠎ᠠ ᠳ᠋ᠦ᠂ ᠦᠯᠡᠮᠵᠢ ᠲᠣᠭᠠᠨ᠎ᠦ ᠬᠥᠮᠦᠰ ᠨᠡᠬᠦᠲᠡᠯᠯᠡᠨ ᠢᠷᠡᠵᠦ ᠨᠣᠲᠣᠬᠰᠢᠨ᠂ ᠬᠢᠲᠠᠳ ᠦᠨᠳᠦᠰᠦᠲᠡᠨ᠎ᠦ ᠠᠷᠠᠳ᠎ᠤᠨ ᠰᠣᠶᠣᠯ ᠴᠤ᠌ ᠣᠯᠠᠮᠵᠢᠯᠠᠬᠲᠠᠨ ᠣᠷᠣᠵᠤ ᠢᠷᠡᠪᠡ᠃ ᠣᠷᠳᠣ ᠬᠤᠭᠤᠴᠠᠭᠠᠨ᠎ᠤ ᠬᠥᠳᠡᠯᠮᠦᠷᠢ ᠠᠮᠢᠳᠤᠷᠠᠯ ᠳᠤᠮᠳᠠ᠂ ᠮᠣᠩᠭᠣᠯ ᠬᠢᠲᠠᠳ ᠦᠨᠳᠦᠰᠦᠲᠡᠨ᠎ᠤ ᠣᠯᠠᠨ ᠲᠦᠮᠡᠨ ᠬᠤᠤᠰᠯᠠᠯ ᠳᠠᠭᠤᠤ᠎ᠶ᠋ᠢᠨ ᠬᠡᠯᠪᠡᠷᠢ᠎ᠪᠡᠷ ᠬᠠᠷᠢᠯᠴᠠᠨ ᠴᠡᠩᠭᠡᠯᠳᠦᠵᠦ᠍᠂ ᠨᠠᠢᠷ ᠨᠠᠭᠠᠳᠤᠮ᠂ ᠠᠷᠠᠳ᠎ᠤᠨ ᠳᠠᠭᠤᠤ᠂ ᠨᠤᠲᠤᠭ᠎ᠤᠨ ᠳᠠᠭᠤᠤ᠂ ᠮᠠᠯᠵᠢᠯ᠎ᠤᠨ ᠳᠠᠭᠤᠤ ᠵᠡᠷᠭᠡ ᠬᠢᠲᠠᠳ ᠦᠨᠳᠦᠰᠦᠲᠡᠨ᠎ᠦ ᠳᠠᠭᠤᠤ ᠬᠥᠭ᠌ᠵᠢᠮ᠎ᠢ ᠮᠣᠩᠭᠣᠯ ᠦᠨᠳᠦᠰᠦᠲᠡᠨ᠎ᠦ ᠣᠷᠳᠣ᠎ᠶ᠋ᠢᠨ ᠳᠠᠭᠤᠤ᠂ ᠪᠣᠭᠣᠨᠢ ᠠᠶᠠᠯᠭᠤ᠂ ᠠᠷᠠᠳ᠎ᠤᠨ ᠳᠠᠭᠤᠤ ᠵᠡᠷᠭᠡ᠎ᠲᠡᠶ ᠠᠭᠤᠰᠤᠯᠴᠠᠭᠤᠯᠵᠤ᠂《ᠰᠠᠭᠣᠵᠦ ᠳᠠᠭᠤᠯᠠᠬᠤ》 ᠪᠣᠯᠭᠠᠵᠠᠶ᠃ ᠡᠭᠦᠨ᠎ᠦ ᠬᠠᠮᠲᠤ᠂ ᠱᠠᠨ ᠰᠢ ᠵᠦᠴᠦᠭᠡ᠂ ᠶᠠᠩᠭᠠᠷ ᠪᠥᠵᠢᠭ᠂ ᠰᠠᠮᠵᠠ ᠲᠣᠬᠯᠠᠭᠣᠯᠬᠣ ᠠᠶᠠᠯᠭᠤ ᠵᠡᠷᠭᠡ ᠰᠢ ᠵᠦᠴᠦᠭᠡ ᠴᠦ᠍ ᠤᠯᠠᠮ᠎ᠠᠴᠠ ᠤᠯᠠᠮ ᠪᠣᠭᠣᠮᠲᠠ᠎ᠶ᠋ᠢᠨ ᠭᠠᠳᠠᠨ᠎ᠠ ᠤᠯᠠᠮᠵᠢᠯᠠᠭ᠍ᠳᠠᠨ ᠣᠷᠣᠵᠤ ᠢᠷᠡᠪᠡ᠃ ᠲᠠᠷᠢᠶᠠᠯᠠᠩ᠎ᠤᠨ ᠰᠡᠯᠡᠭᠦᠦ ᠴᠠᠭ᠎ᠲᠤ᠂ ᠶᠡᠬᠡ ᠪᠠᠭ᠎ᠠ ᠲᠣᠰᠭᠣᠨ ᠪᠦᠷ ᠴᠡᠩᠭᠡᠯᠲᠦᠨ ᠬᠦᠭᠵᠢᠯᠲᠦᠲᠡᠭ᠃


QQ截图20220126093856.jpg


ᠬᠠᠩ ᠸᠸᠨ ᠪᠢᠨ(ᠵᠡᠬᠦᠨᠳᠡᠬᠢ) ᠷᠸᠨ ᠹᠸᠨ ᠵᠸᠨ᠎ᠤ  ᠭᠣᠣᠯᠯᠠᠨ ᠲᠣᠬᠯᠠᠬᠰᠠᠨ ᠡᠯ ᠷᠸᠨ ᠲᠠᠢ᠎ᠣᠯᠠᠮᠵᠢᠯᠠᠯᠲᠣ ᠵᠦᠴᠦᠭᠡ 《ᠲᠢᠳᠢᠮ ᠵᠢᠬᠡᠯᠡᠭᠰᠡᠡ ᠨᠢ》


ᠵᠢᠯ ᠪᠦᠷᠢ᠎ᠶ᠋ᠢᠨ ᠥᠯᠵᠡᠢᠲᠦ ᠡᠳᠦᠷ ᠪᠣᠯᠤᠨ ᠪᠢᠯᠢᠭ᠎ᠤᠨ ᠣᠯᠠᠷᠢᠯ᠎ᠤᠨ ᠬᠣᠶᠠᠲᠣᠭᠠᠷ ᠰᠠᠷ᠎ᠠ᠎ᠶ᠋ᠢᠨ ᠰᠢᠨ᠎ᠡ᠎ᠶᠢᠨ ᠬᠣᠶᠠᠷ᠎ᠤᠨ ᠡᠳᠦᠷ᠂ ᠮᠣᠩᠭᠣᠯ ᠬᠢᠲᠠᠳ ᠦᠨᠳᠦᠰᠦᠲᠡᠨ᠎ᠤ ᠠᠷᠠᠳ ᠲᠦᠮᠡᠨ ᠤᠯᠠᠨ ᠵᠦᠢᠯ᠎ᠤᠨ ᠪᠡᠯᠭᠡᠯᠡᠬᠦ᠌ ᠠᠵᠢᠯᠯᠠᠭ᠎ᠠ ᠥᠷᠨᠢᠭᠦᠯᠵᠦ᠍᠂ ᠨᠡᠯᠢᠶᠡᠳ ᠪᠠᠶᠠᠨ ᠴᠢᠨᠡᠭᠡᠯᠢᠭ ᠬᠡᠰᠡᠨ ᠲᠣᠮᠣ ᠲᠣᠰᠭᠣᠨ ᠨᠢ ᠭᠠᠲᠠᠨ᠎ᠠ ᠡᠴᠡ ᠤᠷᠠᠯᠢᠭ᠍ᠴᠢᠳ ᠣᠷᠢᠵᠦ ᠲᠣᠭ᠍ᠯᠠᠯᠲᠠ ᠭᠠᠷᠭᠠᠵᠤ᠂ ᠪᠠᠭ᠎ᠠ ᠱᠢᠭ᠋ ᠲᠣᠰᠭᠣᠨ ᠨᠢ ᠶᠠᠩᠭᠠᠷ ᠳᠠᠭᠤᠤ᠎ᠪᠠᠷ ᠭᠣᠣᠯᠯᠠᠵᠤ᠂ ᠦᠪᠡᠰᠦᠪᠡᠨ ᠲᠤᠬᠯᠠᠨ ᠪᠠᠶᠠᠰᠤᠨ ᠴᠡᠩᠭᠡᠯᠳᠦᠳᠡᠭ᠃

《ᠬᠢᠲᠠᠳ ᠦᠨᠳᠦᠰᠦᠲᠡᠨ᠎ᠤ ᠣᠯᠠᠨ ᠲᠦᠮᠡᠨ ᠦᠪᠡᠷ᠎ᠤᠨ ᠰᠤᠷᠴᠤ᠌ ᠡᠵᠡᠮᠱᠢᠭ᠌ᠰᠡᠨ ᠮᠣᠩᠭᠣᠯ ᠦᠨᠳᠦᠰᠦᠲᠡᠨ᠎ᠦ ᠳᠠᠭᠤᠤ ᠬᠥᠭ᠌ᠵᠢᠮ᠎ᠢ ᠨᠣᠲᠣᠬ ᠲᠠᠭᠠᠨ ᠣᠯᠠᠮᠵᠢᠯᠠᠬᠣ ᠳ᠋ᠦ᠂ ᠮᠣᠩᠭᠣᠯ ᠦᠨᠳᠦᠰᠦᠲᠡᠨ᠎ᠤ ᠠᠷᠠᠳ ᠲᠦᠮᠡᠨ ᠴᠦ᠍ ᠬᠢᠲᠠᠳ ᠦᠨᠳᠦᠰᠦᠲᠡᠨ᠎ᠦ ᠳᠠᠭᠤᠤ ᠬᠥᠭ᠌ᠵᠢᠮ᠎ᠢ ᠰᠤᠷᠴᠤ᠌᠂ ᠲᠠᠯ᠎ᠠ ᠨᠤᠲᠤᠭ᠎ᠲᠤ ᠤᠯᠠᠮᠵᠢᠯᠠᠨ ᠳᠠᠭᠤᠯᠠᠳᠠᠭ ᠪᠣᠯᠵᠠᠶ》᠃ ᠳ᠋ᠤᠸᠠᠨ ᠪᠠ ᠸᠠᠩ᠎ᠤᠨ᠎ᠲᠠᠨᠢᠯᠴᠠᠭᠤᠯᠤᠬᠰᠠᠨ᠎ᠢᠶᠡᠷ᠂᠎ᠡᠢᠮᠦᠷᠬᠦᠦ ᠣᠷᠴᠢᠨ᠎ᠳᠤ᠂ ᠡᠯ ᠷᠧᠨ᠎ᠲᠡᠶ ᠵᠦᠴᠦᠭᠡ᠎ᠶ᠋ᠢᠨ ᠬᠥᠭ᠌ᠵᠢᠮ ᠨᠢ ᠠᠭᠠᠵᠢᠮ᠎ᠢᠶᠠᠷ ᠮᠣᠩᠭᠣᠯ ᠠᠶᠠᠯᠭᠤ᠂ ᠶᠠᠩᠭᠠᠷ ᠠᠶᠠᠯᠭᠤ᠂ ᠲᠣᠷᠭᠠᠨ ᠬᠥᠪᠴᠢ᠎ᠶ᠋ᠢᠨ ᠠᠶᠠᠯᠭᠤ᠎ᠪᠠᠷ ᠭᠤᠤᠯ ᠪᠣᠯᠭᠠᠭ᠍ᠰᠠᠨ ᠪᠥᠭᠡᠳ ᠪᠤᠰᠤᠳ ᠳᠠᠭᠤᠤ ᠬᠥᠭ᠌ᠵᠢᠮ᠎ᠦᠨ ᠬᠡᠯᠪᠡᠷᠢ᠎ᠶ᠋ᠢᠨ ᠠᠶᠠᠯᠭᠤ᠎ᠪᠠᠷ ᠯᠠᠪᠯᠠᠯᠲᠠ ᠪᠣᠯᠭᠠᠵᠤ᠂ ᠮᠣᠩᠭᠣᠯ ᠠᠶᠠᠯᠭᠤ ᠬᠡᠮᠡᠭ᠌ᠳᠡᠪᠡ᠃

ᠳ᠋ᠤᠸᠠᠨ ᠪᠠ ᠸᠠᠩ᠎ᠤᠨ ᠬᠡᠯᠡᠬᠦ᠌᠎ᠪᠡᠷ᠂ ᠲᠦᠯᠮᠦᠭ ᠪᠣᠯ ᠮᠣᠩᠭᠣᠯ ᠠᠶᠠᠯᠭᠣ ᠳᠠᠭᠤᠯᠠᠳᠠᠭ ᠠᠯᠳᠠᠷᠲᠤ ᠠᠷᠠᠳ᠎ᠤᠨ ᠤᠷᠠᠯᠢᠭ᠍ᠴᠢᠨ ᠮᠥᠨ᠂ ᠴᠡᠯᠡᠭᠡᠷ ᠲᠠᠯ᠎ᠠ ᠪᠠ ᠱᠠᠨ ᠰᠢ᠎ᠶ᠋ᠢᠨ ᠭᠤᠤᠯ᠎ᠤᠨ ᠲᠣᠬᠣᠢ ᠣᠷᠴᠢᠮ ᠮᠣᠩᠭᠣᠯ ᠠᠶᠠᠯᠭᠣ ᠵᠢ ᠳᠠᠭᠤᠯᠠᠬᠰᠠᠨ ᠠᠩᠬᠠᠨ᠎ᠤ ᠬᠥᠮᠦᠨ ᠪᠣᠯᠣᠨ᠎ᠠ᠃ ᠲᠤᠬᠠᠢ ᠵᠢᠨ ᠦᠶ᠎ᠠ ᠳ᠋ᠤ ᠬᠤᠭᠤᠷ᠎ᠤᠨ ᠴᠢᠪᠬᠠᠳᠠᠰᠤ ᠪᠠᠢᠬᠤ ᠦᠭᠡᠶ ᠲᠣᠯᠠ᠂ ᠬᠤᠯᠤ ᠳᠡᠭᠡᠷ᠎ᠡ ᠬᠣᠶᠠᠷ ᠮᠣᠳᠣ ᠲᠠᠭᠠᠷᠠᠭᠤᠯᠤᠭᠠᠳ᠂ ᠬᠣᠨᠢᠨ᠎ᠤ ᠠᠷᠠᠰᠤ ᠪᠠ ᠮᠣᠷᠢᠨ ᠰᠡᠭᠦᠯ᠎ᠢᠶᠡᠷ ᠴᠢᠪᠬᠠᠳᠠᠰᠤ ᠪᠣᠯᠭᠠᠨ ᠴᠢᠪᠬᠠᠳᠠᠵᠤ ᠳᠠᠭᠤᠯᠠᠲᠠᠬ ᠪᠠᠢᠬᠰᠠᠨ᠃

ᠥᠷᠭᠡᠨ ᠠᠭᠤᠳᠠᠮ ᠴᠡᠯᠡᠭᠡᠷ ᠲᠠᠯ᠎ᠠ ᠳ᠋ᠦ᠂ ᠲᠦᠯᠮᠦᠭ ᠤ᠋ᠨ ᠭᠤᠶᠤ ᠰᠠᠢᠬᠠᠨ ᠬᠣᠭᠣᠯᠠᠢ ᠦᠶᠡᠯᠵᠡᠨ ᠲᠣᠯᠬᠢᠶᠠᠯᠠᠬᠣ ᠬᠠᠳᠤᠨ ᠭᠤᠤᠯ᠎ᠤᠨ ᠤᠰᠤ᠎ᠶ᠋ᠢ ᠳᠠᠭᠠᠯᠳᠤᠨ᠂ ᠬᠠᠳᠤᠨ ᠭᠤᠤᠯ᠎ᠤᠨ ᠬᠣᠶᠠᠷ ᠡᠷᠭᠢ ᠳ᠋ᠦ ᠬᠠᠩᠭᠢᠨᠠᠨ ᠲᠠᠭᠣᠷᠢᠰᠴᠦ᠂ ᠮᠣᠩᠭᠣᠯ ᠬᠢᠲᠠᠳ ᠦᠨᠳᠦᠰᠦᠲᠡᠨ᠎ᠤ ᠠᠷᠠᠳ ᠲᠦᠮᠡᠨ᠎ᠦ ᠠᠮᠢᠳᠤᠷᠠᠯ᠎ᠤᠨ ᠪᠠᠶᠠᠷ ᠭᠣᠨᠢᠬ᠎ᠢ ᠪᠦᠷᠢᠨ ᠢᠯᠡᠷᠡᠬᠦᠯᠦᠭᠰᠡᠨ ᠪᠠᠢᠨ᠎ᠠ᠃

ᠶᠦᠨ ᠱᠤᠸᠠᠩ ᠶᠠᠩ᠂ ᠮᠣᠩᠭᠣᠯ ᠦᠨᠳᠦᠰᠦᠲᠡᠨ᠂ ᠲᠦᠯᠮᠦᠭ᠎ᠤᠨ ᠱᠠᠪᠢ ᠪᠣᠯᠣᠨ᠎ᠠ᠂ ᠲᠦᠮᠡᠳ ᠬᠣᠱᠢᠭᠤᠨ᠎ᠤ ᠭᠡᠭᠡᠨ ᠲᠣᠰᠭᠣᠨ᠎ᠤ ᠬᠥᠮᠦᠨ᠂ ᠲᠦᠭᠡᠮᠡᠯ ᠡᠯᠪᠡᠭ᠌ᠲᠦ᠍᠎ᠶ᠋ᠢᠨ ᠳᠣᠯᠣᠳᠤᠭᠠᠷ ᠣᠨ᠎ᠳᠤ ᠳᠦᠷᠦᠵᠦ᠍᠂ ᠢᠷᠭᠡᠨ ᠤᠯᠤᠰ᠎ᠤᠨ 17 ᠣᠨ᠎ᠳᠤ ᠨᠠᠰᠤ ᠪᠠᠷᠠᠪᠠ᠃

ᠶᠦᠨ ᠱᠤᠸᠠᠩ ᠶᠠᠩ ᠱᠦᠭ᠌ᠯᠦ ᠦᠯᠢᠶᠡᠬᠦ᠌ ᠪᠠ ᠡᠯᠬᠦᠵᠦ ᠶᠠᠷᠢᠬᠣ᠎ᠳᠠᠭᠠᠨ ᠴᠢᠳᠠᠮᠠᠭᠠᠶ ᠪᠠᠢᠵᠦ᠂ ᠮᠣᠩᠭᠣᠯ ᠦᠨᠳᠦᠰᠦᠲᠡᠨ᠎ᠦ ᠠᠷᠠᠳ᠎ᠤᠨ ᠳᠠᠭᠤᠤ᠎ᠶ᠋ᠢ ᠳᠠᠭᠤᠯᠠᠬᠣ᠎ᠪᠠᠷ ᠪᠠᠷᠠᠬᠤ ᠥᠬᠡᠶ ᠪᠠᠰᠠ ᠱᠠᠨ ᠰᠢ ᠪᠣᠯᠤᠨ ᠱᠠᠨᠰᠢ᠎ᠶ᠋ᠢᠨ ᠨᠡᠭᠦᠳᠡᠯ ᠠᠷᠠᠳ ᠡᠴᠡ ᠬᠢᠲᠠᠳ ᠦᠨᠳᠦᠰᠦᠲᠡᠨ᠎ᠦ ᠠᠷᠠᠳ᠎ᠤᠨ ᠳᠠᠭᠤᠤ᠎ᠶ᠋ᠢ ᠴᠤ᠌ ᠰᠣᠷᠴᠣ ᠳᠠᠭᠤᠯᠠᠲᠠᠬ᠃ ᠪᠠᠶᠠᠷ ᠳᠤᠷᠠᠰᠭᠠᠯ᠎ᠤᠨ ᠡᠳᠦᠷ ᠪᠣᠯᠬᠤ ᠦᠶ᠎ᠡ᠎ᠳᠦ᠂ ᠮᠠᠯᠴᠢᠨ ᠲᠠᠷᠢᠶᠠᠴᠢᠨ ᠲᠡᠭᠦᠨ᠎ᠢ ᠤᠷᠢᠵᠤ ᠳᠠᠭᠤᠯᠠᠭᠤᠯᠳᠠᠭ᠃ ᠲᠡᠭᠦᠨ᠎ᠦ ᠳᠠᠭᠤᠯᠠᠬᠤ ᠨᠢ ᠤᠷᠠᠨ ᠳᠦᠷᠰᠦᠯᠢᠭ᠂ ᠱᠣᠭ ᠶᠦᠮᠦᠷᠯᠢᠭ ᠪᠠᠢᠳᠠᠭ᠎ᠢᠶᠡᠷ᠎ᠢᠶᠡᠨ ᠬᠥᠮᠦᠰ ᠲᠡᠭᠦᠨ᠎ᠢ 《ᠬᠥᠭ᠌ᠰᠢᠨ ᠢᠬᠡᠷ᠎ᠡ》 ᠭᠡᠳᠡᠭ᠃

ᠣᠷᠳᠣ ᠬᠤᠭᠤᠴᠠᠭᠠᠨ᠎ᠤ ᠤᠷᠠᠯᠢᠭ᠎ᠤᠨ ᠦᠶ᠋ᠯᠡᠳᠦᠯᠭᠡ ᠳᠤᠮᠳᠠ᠂ ᠶᠦᠨ ᠱᠤᠸᠠᠩ ᠶᠠᠩ ᠮᠣᠩᠭᠣᠯ ᠳᠠᠭᠤᠤ᠎ᠶ᠋ᠢᠨ ᠲᠠᠭᠤᠯᠠᠬᠤ ᠬᠡᠯᠪᠡᠷᠢ ᠳ᠋ᠤ ᠵᠣᠷᠢᠭ᠍ᠲᠠᠶ᠎ᠪᠠᠷ ᠰᠢᠨᠡᠴᠢᠯᠡᠯᠲᠡ ᠬᠢᠵᠦ᠂ ᠲᠦᠷᠢ ᠵᠢ ᠲᠣᠬᠯᠠᠨ ᠳᠠᠭᠤᠯᠠᠵᠦ᠂ ᠲᠣᠭ᠍ᠯᠠᠯᠲᠠ᠎ᠳᠤ ᠪᠠᠰᠠ ᠦᠨᠳᠦᠷ ᠮᠣᠳᠣᠨ ᠬᠥᠯ ᠭᠢᠰᠭᠢᠬᠦ᠌᠂ ᠭᠤᠶᠠᠳᠠᠬᠤ ᠪᠠ ᠶᠠᠩᠭᠠᠷ᠎ᠲᠤ ᠲᠣᠭᠣᠷᠢᠬᠤ ᠵᠢᠴᠢ ᠤᠯᠠᠮᠵᠢᠯᠠᠯᠲᠤ ᠮᠣᠩᠭᠣᠯ ᠪᠥᠵᠢᠭ ᠵᠡᠷᠭᠡ ᠬᠥᠳᠡᠯᠦᠯ᠎ᠢ ᠱᠢᠩᠭᠡᠭᠡᠨ ᠠᠭᠤᠰᠬᠠᠵᠠᠢ᠃ ᠭᠣᠶᠣᠯᠠᠵᠤ ᠳᠠᠭᠤᠯᠠᠬᠤ ᠬᠡᠯᠪᠡᠷᠢ ᠨᠢ ᠬᠡᠳᠦᠢᠪᠡᠷ ᠨᠡᠯᠢᠶᠡᠳ ᠲᠠᠩ ᠴᠤᠯᠭᠤᠶ ᠪᠣᠯᠪᠠᠴᠤ᠌ ᠤᠤᠯ᠎ᠡᠴᠡ ᠪᠡᠨ ᠬᠥᠭ᠌ᠵᠢᠶᠡᠨ ᠨᠠᠷᠭᠢᠶᠠᠨ᠎ᠲᠠᠶ ᠪᠠᠢᠳᠠᠭ ᠵᠢᠡᠷ ᠲᠣᠭ᠍ᠯᠠᠯᠲᠠ᠎ᠶ᠋ᠢᠨ ᠪᠦᠯᠬᠦᠮ ᠪᠣᠶ ᠪᠣᠯᠵᠣ᠂ ᠴᠡᠯᠡᠭᠡᠷ ᠲᠠᠯ᠎ᠠ ᠵᠢᠴᠢ ᠪᠣᠷᠣᠲᠣᠬᠣᠶ᠎ᠶ᠋ᠢᠨ ᠲᠠᠯ᠎ᠠ ᠳ᠋ᠤ ᠮᠠᠰᠢ ᠲᠦᠷᠭᠡᠨ ᠤᠯᠠᠮᠵᠢᠯᠠᠭ᠍ᠳᠠᠨ ᠳᠡᠯᠭᠡᠷᠡᠵᠦ᠍᠂ ᠮᠠᠯᠴᠢᠨ ᠲᠠᠷᠢᠶᠠᠴᠢᠳ᠎ᠤᠨ ᠬᠦᠷᠢᠶᠡᠯᠡᠯ᠎ᠢ ᠣᠯᠤᠭ᠍ᠰᠠᠨ ᠪᠠᠢᠨ᠎ᠠ᠃ ᠡᠢᠨ  ᠬᠦ᠌ ᠡᠯ ᠷᠧᠨ᠎ᠲᠡᠶ ᠵᠦᠴᠦᠭᠡ᠎ᠶ᠋ᠢᠨ ᠳᠠᠭᠤᠯᠠᠬᠤ ᠠᠭᠤᠯᠭ᠎ᠠ ᠨᠢ ᠤᠯᠠᠮ᠎ᠢᠶᠠᠷ ᠪᠠᠶᠠᠯᠢᠭ᠍ᠵᠢᠵᠤ᠂ ᠬᠠᠪᠰᠤᠷᠤᠨ ᠬᠥᠭ᠌ᠵᠢᠮᠳᠡᠬᠦ᠌ ᠬᠦᠭ᠌ᠵᠢᠮᠳᠡᠬᠦᠷ ᠨᠢ ᠴᠦ᠍ ᠬᠠᠮᠤᠭ᠎ᠤᠨ ᠠᠩᠬᠠᠨ᠎ᠤ ᠳᠥᠷᠪᠡᠨ ᠤᠲᠠᠰᠤᠲᠤ ᠬᠤᠭᠤᠷ᠂ ᠬᠤᠯᠤᠰᠤᠨ ᠬᠠᠪᠲᠠᠰᠤᠨ᠎ᠠᠴᠠ ᠶᠠᠩᠴᠢᠨ ᠬᠤᠭᠤᠷ᠂ ᠳᠥᠷᠪᠡᠨ ᠤᠲᠠᠰᠤᠲᠤ ᠬᠤᠭᠤᠷ᠂ ᠯᠢᠮᠪᠦ ᠵᠡᠷᠬᠡ ᠤᠯᠠᠨ ᠵᠦᠢᠯ ᠪᠤᠯᠵᠤ ᠨᠡᠮᠡᠭᠳᠡᠭᠰᠡᠡ ᠪᠠᠢᠨ᠎ᠠ ᠃

ᠤᠷᠠᠯᠢᠭ᠎ᠤᠨ ᠲᠡᠭᠵᠢᠨ ᠴᠣᠪᠣᠭᠣᠯᠢᠬ᠎ᠢᠶᠡᠷ᠎ᠢᠶᠡᠨ ᠣᠯᠠᠨ᠎ᠤ ᠬᠦᠷᠢᠶᠡᠯᠡᠯ᠎ᠢ ᠤᠯᠪᠠ

ᠡᠯ᠎ᠷᠧᠨ᠎ᠲᠡᠶ᠎ᠵᠦᠴᠦᠭᠡ᠎ᠶ᠋ᠢᠨ ᠲᠣᠭ᠍ᠯᠠᠯᠲᠠ᠎ᠶ᠋ᠢᠨ ᠬᠡᠯᠪᠡᠷᠢ ᠨᠢ ᠲᠡᠭᠵᠢᠨ ᠴᠣᠪᠣᠭᠣᠯᠢᠭ᠂ ᠲᠣᠭ᠍ᠯᠠᠯᠲᠠ᠎ᠶ᠋ᠢᠨ ᠠᠭᠤᠯᠭ᠎ᠠ ᠨᠢ ᠶᠡᠷᠦ᠍᠎ᠳᠡᠭᠡᠨ ᠨᠢᠭᠡ ᠬᠡᠰᠡᠭ ᠨᠡᠢᠭᠡᠮ᠎ᠦᠨ ᠦᠵᠡᠭ᠌ᠳᠡᠯ᠎ᠢ ᠢᠯᠡᠳᠬᠡᠬᠦ ᠪᠤᠶᠤ ᠮᠣᠩᠭᠣᠯ ᠬᠢᠲᠠᠳ ᠰᠢ ᠵᠦᠴᠦᠭᠡ᠎ᠵᠢᠴᠢ ᠠᠷᠠᠳ᠎ᠤᠨ ᠥᠯᠢᠭᠡᠷ᠎ᠡᠴᠡ ᠨᠢᠭᠡ ᠬᠡᠰᠡᠭ᠎ᠢ ᠠᠪᠴᠤ᠌᠂ ᠡᠯ ᠷᠧᠨ᠎ᠲᠡᠶ ᠵᠦᠴᠦᠭᠡ ᠪᠣᠯᠭᠠᠨ ᠲᠤᠬᠯᠠᠳᠠᠭ;  ᠴᠡᠯᠡᠭᠡᠷ ᠲᠠᠯ᠎ᠠ᠎ᠶ᠋ᠢᠨ ᠨᠤᠲᠤᠭ᠎ᠤᠨ ᠠᠶᠠᠯᠭᠤ᠎ᠶ᠋ᠢ ᠪᠦᠷᠢᠮᠦᠰᠦᠨ ᠬᠡᠷᠡᠭ᠌ᠯᠡᠵᠦ᠍᠂ ᠴᠣᠪᠣᠭᠣ ᠳᠡᠭ᠌ᠵᠢᠨ᠂ ᠱᠣᠭ ᠶᠦᠮᠦᠷᠯᠢᠭ᠂ ᠬᠢᠯᠪᠠᠷ ᠣᠢᠯᠠᠭᠠᠮᠵᠢᠲᠠᠶ᠂ ᠠᠮᠢᠳᠤᠷᠠᠯ᠎ᠤᠨ ᠠᠭᠤᠷ ᠠᠮᠢᠰᠭᠤᠯ᠎ᠢᠶᠠᠷ ᠪᠠᠶᠠᠯᠢᠬ ᠪᠠᠢᠲᠠᠬ᠃ 

ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ ᠡᠯ ᠷᠧᠨ᠎ᠲᠡᠶ᠎ᠶ᠋ᠢ ᠵᠢᠩᠬᠢᠨᠢ᠎ᠪᠡᠷ ᠤᠷᠠᠯᠢᠭ᠎ᠤᠨ ᠲᠠᠢᠰᠠᠨ᠎ᠠ ᠭᠠᠷᠭᠠᠵᠤ᠂ ᠡᠨᠡ ᠬᠦ᠌ ᠲᠣᠭ᠍ᠯᠠᠯᠲᠠ᠎ᠶ᠋ᠢᠨ ᠬᠡᠯᠪᠡᠷᠢ᠎ᠶ᠋ᠢ ᠡᠯ ᠷᠧᠨ᠎ᠲᠡᠶ ᠭᠡᠵᠦ᠍ ᠵᠢᠩᠬᠢᠨᠢ᠎ᠪᠡᠷ ᠨᠡᠷᠡᠢᠳᠪᠡ᠃ 1953 ᠣᠨ᠎ᠳᠤ ᠰᠦᠢᠶᠤᠸᠠᠨ ᠮᠤᠵᠢ᠎ᠶ᠋ᠢᠨ ᠤᠷᠤᠭ᠍ᠰᠢᠯᠠᠯᠲᠠ᠎ᠲᠤᠷᠱᠢᠯᠲᠠ᠎ᠶ᠋ᠢᠨ ᠵᠦᠴᠦᠭᠡ᠎ᠶ᠋ᠢᠨ ᠪᠦᠯᠬᠦᠮ ᠪᠠᠢᠭᠤᠯᠤᠭ᠍ᠳᠠᠪᠠ᠃ ᠲᠡᠭᠦᠨ᠎ᠡᠴᠡ ᠬᠣᠢᠰᠢ᠂ ᠡᠯ ᠷᠧᠨ᠎ᠲᠡᠶ ᠵᠦᠴᠦᠭᠡ ᠦᠷᠨᠢᠬᠦᠨ ᠬᠥᠭ᠌ᠵᠢᠯᠲᠡ᠎ᠶ᠋ᠢᠨ ᠱᠠᠲᠤᠨ᠎ᠳᠠᠭᠠᠨ ᠣᠷᠣᠵᠤ᠂ ᠠᠮᠢᠵᠢᠷᠠᠯ᠎ᠤᠨ ᠬᠦᠴᠦᠨ ᠪᠠᠳᠠᠷᠠᠪᠡ᠃ ᠡᠯ ᠷᠧᠨ᠎ᠲᠡᠶ ᠵᠦᠴᠦᠭᠡ᠎ᠶ᠋ᠢᠨ ᠠᠵᠢᠯᠲᠠᠳ ᠴᠠᠭ ᠦᠶ᠎ᠡ᠎ᠶ᠋ᠢᠨ ᠠᠯᠬᠤᠭ᠎ᠠ᠎ᠶ᠋ᠢ ᠲᠠᠭᠠᠵᠤ᠂ ᠲᠤᠰ ᠪᠡᠶ᠎ᠡ᠎ᠶ᠋ᠢᠨ ᠤᠷᠠᠯᠢᠭ᠎ᠤᠨ ᠣᠨᠴᠠᠯᠢᠭ᠎ᠲᠠᠶ᠎ᠪᠠᠨ ᠤᠶᠠᠯᠳᠤᠭᠤᠯᠵᠤ᠂ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠰᠣᠶᠣᠯ᠎ᠲᠠᠶ ᠠᠭᠤᠰᠤᠯᠴᠠᠵᠤ᠂ 《ᠪᠤᠭᠤᠮᠳᠠ ᠵᠢᠨ ᠭᠠᠳᠠᠨ᠎ᠠ ᠵᠢ ᠵᠤᠷᠢᠨ᠎ᠠ》 ᠬᠡᠬᠦ ᠮᠡᠳᠤ ᠵᠢᠨ ᠨᠢᠭᠡ ᠪᠦᠯᠦᠭ ᠰᠣᠩᠭᠣᠳᠠᠭ ᠤᠯᠠᠮᠵᠢᠯᠠᠯᠲᠤ ᠵᠦᠴᠦᠭᠡ᠎ᠶ᠋ᠢ ᠡᠮᠬᠢᠳᠭᠡᠨ ᠵᠣᠬᠢᠶᠠᠨ ᠪᠦᠲᠦᠭᠡᠵᠦ᠍᠂ 《ᠦᠯᠵᠡᠢᠲᠦ ᠪᠠᠶᠠᠷ᠎ᠢ ᠪᠡᠯᠭᠡᠯᠡᠬᠦ᠌》᠂《ᠪᠤᠭᠤᠷᠤᠯ ᠬᠡᠦᠬᠡᠨ》᠂《ᠵᠢᠶᠠᠩ ᠡᠭᠡᠴᠢ》ᠵᠡᠷᠬᠡ ᠪᠦᠳᠦᠬᠡᠯ᠎ᠢ ᠨᠠᠢᠷᠠᠭᠣᠯᠣᠨ ᠵᠣᠬᠢᠶᠠᠵᠠᠢ᠃

ᠦᠪᠦᠷ ᠮᠤᠩᠭᠤᠯ᠎ᠤᠨ ᠡᠨᠡ ᠬᠦ᠌ ᠦᠷᠬᠡᠨ ᠠᠭᠤᠳᠠᠮ ᠦᠩ ᠰᠢᠮᠡᠯᠢᠭ ᠬᠦᠷᠦᠰᠤᠨ᠎ᠤ ᠰᠢᠮ᠎ᠠ ᠪᠡᠷ ᠴᠡᠴᠡᠭᠯᠡᠨ ᠮᠠᠨᠳᠤᠬᠰᠠᠨ ᠡᠯ ᠷᠧᠨ ᠲᠠᠢ ᠤᠷᠠᠯᠢᠭ ᠨᠢ ᠤᠯᠠᠨ ᠤᠳᠠᠭ᠎ᠠ ᠦᠪᠦᠷ ᠮᠤᠩᠭᠤᠯ᠎ᠢ ᠲᠦᠯᠦᠭᠡᠯᠡᠨ ᠪᠡᠬᠡᠵᠢᠩ ᠳ᠋ᠤ ᠬᠦᠷᠴᠤ ᠲᠤᠬᠯᠠᠭᠠᠳ᠂ ᠲᠤᠭᠯᠠᠬᠴᠢᠳ ᠨᠢ ᠨᠠᠮ ᠪᠠ ᠲᠦᠷᠦ ᠵᠢᠨ ᠤᠳᠤᠷᠢᠳᠬᠤ ᠬᠦᠮᠦᠰ᠎ᠤᠨ ᠠᠭᠤᠯᠵᠠᠯᠳᠠ ᠵᠢ ᠬᠦᠯᠢᠶᠡᠵᠦ᠂ ᠯᠤᠤ ᠱᠧ᠂ ᠲᠢᠶᠠᠨ ᠬᠠᠨ᠂ ᠼᠤᠤ ᠢᠤᠢ ᠵᠡᠷᠬᠡ ᠰᠢ ᠵᠦᠴᠦᠬᠡ ᠵᠢᠨ ᠨᠡᠷᠡᠳᠤ ᠬᠦᠮᠦᠰ ᠲᠤᠬᠯᠠᠯᠳᠠ ᠵᠢ ᠰᠤᠨᠢᠷᠬᠠᠬᠰᠠᠨ᠎ᠤ ᠲᠠᠷᠠᠭ᠎ᠠ ᠦᠨᠳᠦᠷ ᠦᠨᠠᠯᠠᠨ ᠰᠠᠢᠰᠢᠶᠠᠵᠠᠢ᠃ ᠯᠤᠤ ᠱᠧ ᠠᠪᠤᠭᠠᠢ᠄《ᠬᠦᠮᠦᠰ ᠲᠤ᠌ ᠬᠠᠯᠠᠭᠤᠨ ᠲᠤᠳᠤᠨᠤ ᠲᠦᠷᠦᠭᠳᠡᠯ ᠦᠭᠳᠡᠭ ᠡᠯ ᠷᠧᠨ ᠲᠠᠢ ᠵᠦᠴᠦᠬᠡ ᠪᠤᠯ ᠠᠷᠠᠳ᠎ᠤᠨ ᠲᠠᠭᠤᠤ ᠪᠦᠵᠢᠭ ᠪᠤᠯᠬᠤ ᠶᠤᠮ᠂ ᠤᠷᠢᠬᠠᠨ ᠬᠠᠪᠤᠷ᠎ᠤᠨ ᠰᠠᠯᠬᠢ ᠲᠤᠷᠳᠤᠩ ᠠᠯᠴᠢᠭᠤᠷ᠎ᠢ᠎ᠲᠡᠷᠪᠡᠯᠵᠡᠬᠦᠯᠬᠦᠶ᠎ᠠ᠎ᠬᠠᠰ᠎ᠡᠷᠪᠡᠬᠡᠢ᠎ᠴᠡᠴᠡᠭᠡᠰ᠎ᠢ᠎ᠮᠢᠷᠠᠯᠵᠠᠭᠤᠯᠤᠨ ᠲᠡᠯᠬᠡᠷᠡᠬᠦᠯᠵᠤᠬᠦᠢ》ᠬᠡᠵᠦ ᠶᠡᠬᠡ ᠪᠡᠷ ᠮᠠᠬᠳᠠᠨ ᠰᠠᠢᠰᠢᠶᠠᠵᠠᠢ᠃

ᠡᠬᠦᠨ ᠡᠴᠡ ᠭᠠᠳᠠᠨ᠎ᠠ᠂ ᠡᠯ ᠷᠧᠨ ᠲᠠᠢ ᠨᠢ ᠪᠠᠰᠠ ᠱᠠᠨᠳ᠋ᠦ᠍ᠢ᠍ᠩ᠂ ᠾᠧᠨᠠᠨ᠂ ᠰᠧᠴᠤᠧᠠᠨ᠂ ᠭᠤᠧᠠᠩᠳ᠋ᠦᠢ᠍ᠩ᠂ ᠱᠠᠩᠬᠠᠢ᠂ ᠯᠢᠶᠤᠤᠨᠢᠩ᠂ ᠬᠢᠷᠢᠨ᠂ ᠬᠦᠬᠡᠨᠠᠭᠤᠷ᠂ ᠲᠦᠪᠡᠳ ᠵᠡᠷᠬᠡ ᠮᠤᠵᠢ ᠬᠤᠳᠠ ᠦᠪᠡᠷᠳᠡᠬᠡᠨ ᠵᠠᠰᠠᠬᠤ ᠤᠷᠤᠨ ᠵᠢᠴᠢ ᠰᠤᠯᠤᠩᠭᠤᠰ᠂ ᠶᠠᠫᠤᠨ ᠵᠡᠷᠬᠡ ᠤᠯᠤᠰ᠎ᠤᠳ ᠵᠢᠡᠷ ᠲᠤᠬᠯᠠᠯᠳᠠ ᠭᠠᠷᠭᠠᠵᠦ᠂  ᠳᠤᠬᠠᠢ ᠵᠢᠨ ᠭᠠᠵᠡᠷ᠎ᠤᠨ ᠤᠯᠠᠨ ᠲᠦᠮᠡᠨ᠎ᠳᠤ ᠪᠠᠬᠠᠷᠤᠬᠳᠠᠨ ᠰᠠᠢᠰᠢᠶᠠᠬᠳᠠᠬᠰᠠᠨ ᠶᠤᠮ᠃

ᠦᠪᠦᠷ ᠮᠤᠩᠭᠤᠯ᠎ᠤᠨ ᠤᠷᠠᠯᠢᠭ᠎ᠤᠨ ᠬᠦᠷᠦᠰᠦᠨ ᠡᠴᠡ ᠬᠦᠪᠦᠷᠡᠨ ᠬᠦᠭᠵᠢᠭᠰᠡᠨ ᠡᠯ ᠷᠧᠨ ᠲᠠᠢ ᠵᠦᠴᠦᠬᠡ ᠨᠢ ᠪᠦᠵᠢᠭᠯᠡᠨ ᠲᠠᠭᠤᠯᠠᠬᠰᠠᠭᠠᠷ ᠪᠦᠬᠦ ᠤᠯᠤᠰ᠎ᠲᠤ᠌ ᠲᠠᠨᠢᠬᠳᠠᠬᠰᠠᠨ ᠠᠵᠢ᠃ ᠦᠬᠡᠷᠡᠴᠢᠯᠡᠯᠳᠡ ᠨᠡᠬᠡᠬᠡᠯᠳᠡ ᠬᠢᠭᠰᠡᠨ᠎ᠤ ᠲᠠᠷᠠᠭ᠎ᠠ᠂ ᠡᠯ ᠷᠧᠨ ᠲᠠᠢ ᠵᠦᠴᠦᠬᠡ ᠨᠢ ᠴᠠᠬ ᠦᠶ᠎ᠠ ᠲᠠᠢ ᠵᠡᠷᠬᠡ ᠪᠡᠷ ᠤᠷᠤᠬᠰᠢᠯᠠᠨ᠂ ᠦᠪᠦᠷ ᠮᠤᠩᠭᠤᠯ᠎ᠤᠨ ᠪᠠᠷᠠᠭᠤᠨ ᠪᠡᠶ᠎ᠠ ᠵᠢᠨ ᠭᠠᠵᠠᠷ ᠤᠷᠤᠨ ᠵᠢᠴᠢ ᠤᠯᠠᠨ ᠲᠦᠮᠡᠨ᠎ᠤ ᠡᠳᠦᠷ ᠲᠤᠳᠤᠮ᠎ᠤᠨ ᠠᠮᠢᠳᠤᠷᠠᠯ᠎ᠤᠨ ᠲᠤᠭᠤᠷᠢᠨ ᠳ᠋ᠤ《ᠸᠠᠩ ᠮᠠᠨ ᠲᠦᠨ ᠲᠠᠬᠢᠶ᠎ᠠ ᠬᠤᠳᠠᠯᠳᠤᠬᠰᠠᠨ ᠨᠢ》᠂《ᠠᠪᠠᠭ᠎ᠠ ᠪᠡᠷᠬᠡᠨ᠎ᠤ ᠬᠠᠢᠷ᠎ᠠ》ᠵᠡᠷᠬᠡ ᠰᠤᠩᠭᠤᠳᠠᠬ ᠪᠦᠳᠦᠬᠡᠯ᠎ᠵᠢᠴᠢ ᠲᠤᠮᠤ ᠬᠡᠯᠪᠡᠷᠢ ᠵᠢᠨ ᠦᠨᠳᠦᠰᠦᠳᠡᠨ᠎ᠤ ᠲᠡᠤᠬᠡᠳᠤ ᠵᠦᠴᠦᠬᠡ《ᠶᠧᠯᠠᠨ ᠬᠦᠩᠵᠦ》᠂ ᠲᠤᠮᠤ ᠬᠡᠯᠪᠡᠷᠢ ᠵᠢᠨ ᠲᠡᠤᠬᠡᠨ ᠰᠡᠳᠦᠪᠳᠤ ᠵᠦᠴᠦᠬᠡ《ᠯᠢᠦ ᠲᠦᠩ ᠰᠢᠶᠦᠢ᠍ᠨ ᠾᠧ ᠺᠧᠤ ᠪᠠᠯᠭᠠᠰᠤᠨ᠎ᠠ ᠨᠢᠭᠤᠴᠠ ᠪᠡᠷ ᠰᠤᠷᠪᠤᠯᠵᠢᠯᠠᠬᠰᠠᠨ ᠨᠢ》᠂ ᠲᠤᠮᠤ ᠬᠡᠯᠪᠡᠷᠢ ᠵᠢᠨ ᠤᠳᠤ ᠦᠶ᠎ᠠ ᠵᠢᠨ ᠵᠦᠴᠦᠬᠡ《ᠴᠡᠴᠡᠭ ᠲᠡᠯᠬᠡᠷᠡᠵᠤ ᠴᠡᠴᠡᠭ ᠵᠤᠯᠭᠠᠷᠠᠬᠤᠶ᠎ᠠ》ᠵᠡᠷᠬᠡ ᠰᠢᠯᠢᠳᠡᠭ ᠪᠦᠲᠦᠬᠡᠯ᠎ᠤᠳ᠎ᠢ ᠪᠦᠲᠦᠬᠡᠵᠡᠢ᠃



QQ截图20220126093943.jpg


ᠡᠯ ᠷᠸᠨ ᠲᠠᠢ᠎ᠶᠢᠨ ᠬᠢᠯᠪᠢᠭᠡᠨ ᠵᠦᠴᠦᠭᠡ 《ᠮᠠᠵᠢᠶᠠᠩ ᠨᠠᠭᠠᠲᠣᠬᠰᠠᠨ》


ᠰᠤᠳᠤᠨ ᠵᠦᠴᠦᠬᠡ ᠨᠢ ᠡᠷᠬᠡᠪᠰᠢ ᠰᠢᠯᠢᠳᠡᠭ ᠲᠤᠬᠯᠠᠬᠴᠢ ᠲᠤᠬᠯᠠᠬᠰᠠᠨ ᠪᠠᠢᠬᠤ ᠬᠡᠷᠡᠭᠳᠡᠢ᠃ ᠤᠯᠠᠨ ᠵᠢᠯ᠎ᠤᠨ ᠲᠤᠷᠰᠢ᠂ ᠦᠪᠦᠷ ᠮᠤᠩᠭᠤᠯ᠎ᠤᠨ ᠡᠯ ᠷᠧᠨ ᠲᠠᠢ ᠤᠷᠠᠯᠢᠭ᠎ᠤᠨ ᠲᠤᠬᠠᠢ ᠤᠷᠢᠳ ᠬᠤᠵᠢᠳ ᠺᠠᠩ ᠸᠧᠨ ᠪᠢᠨ᠂ ᠯᠢᠤ ᠴᠢᠤᠧᠠᠨ᠂ ᠷᠧᠨ ᠹᠧᠨ ᠵᠧᠨ᠂ ᠳ᠋ᠦᠩ ᠸᠧᠨ᠂ ᠰᠦᠩ ᠵᠧᠨ ᠯᠢᠶᠠᠨ ᠵᠢᠴᠢ ᠦ᠋ ᠯᠢ ᠫᠢᠩ᠂ ᠳ᠋ᠤᠧᠠᠨ ᠪᠠ ᠸᠠᠩ ᠵᠡᠷᠬᠡ ᠠᠷᠠᠳ ᠤᠯᠠᠨ ᠳ᠋ᠤ ᠪᠠᠬᠠᠷᠠᠬᠳᠠᠬᠰᠠᠨ ᠨᠢᠬᠡ ᠪᠦᠯᠦᠭ ᠠᠷᠠᠳ᠎ᠤᠨ ᠰᠢᠯᠢᠳᠡᠭ ᠤᠷᠠᠯᠢᠬᠴᠢᠳ ᠴᠤᠯᠭᠤᠷᠠᠨ ᠭᠠᠷᠴᠠᠢ᠃

2006 ᠤᠨ ᠳ᠋ᠤ᠂ ᠰᠤᠶᠤᠯ᠎ᠤᠨ ᠶᠠᠮᠤᠨ ᠡᠴᠡ ᠡᠯ ᠷᠧᠨ ᠲᠠᠢ ᠵᠦᠴᠦᠬᠡ ᠵᠢ ᠤᠯᠤᠰ᠎ᠤᠨ᠎ᠲᠡᠰ᠎ᠤᠨ᠎ᠪᠤᠳᠠᠰ᠎ᠤᠨ᠎ᠪᠤᠰᠤ ᠰᠤᠶᠦᠯ᠎ᠤᠨ ᠦᠪ ᠵᠢᠡᠷ ᠵᠢᠩᠬᠢᠨᠢ ᠪᠡᠷ ᠲᠤᠬᠳᠠᠭᠠᠪᠠ᠃ 2014 ᠤᠨ ᠳ᠋ᠤ᠂ ᠡᠯ ᠷᠧᠨ ᠲᠠᠢ ᠵᠦᠴᠦᠬᠡ ᠨᠢ ᠵᠢᠩᠬᠢᠨᠢ ᠪᠡᠷ ᠦᠪᠦᠷ ᠮᠤᠩᠭᠤᠯ᠎ᠤᠨ ᠤᠷᠤᠨ ᠨᠤᠳᠤᠬ᠎ᠤᠨ ᠰᠢ ᠵᠦᠴᠦᠬᠡ ᠪᠤᠯᠵᠦ᠂ ᠪᠦᠬᠦ ᠤᠯᠤᠰ᠎ᠤᠨ 36 ᠲᠤᠮᠤ ᠬᠡᠯᠪᠡᠷᠢ ᠵᠢᠨ ᠤᠷᠤᠨ ᠨᠤᠳᠤᠬ᠎ᠤᠨ ᠰᠢ ᠵᠦᠴᠦᠬᠡ ᠪᠡᠷ ᠵᠢᠬᠰᠠᠭᠠᠬᠳᠠᠵᠠᠢ᠃


ᠤᠯᠠᠨ ᠲᠦᠮᠡᠨ ᠲᠠᠢ ᠤᠢᠷᠠᠳᠴᠤ ᠢᠳᠡᠪᠬᠢ ᠬᠦᠴᠦᠨ᠎ᠢ ᠲᠠᠮᠵᠢᠭᠤᠯᠤᠨ᠎ᠠ

ᠦᠨᠦᠳᠦᠷ ᠪᠤᠯᠬᠤ ᠳ᠋ᠤ᠂ ᠡᠯ ᠷᠧᠨ ᠲᠠᠢ ᠵᠦᠴᠦᠬᠡ ᠨᠢ ᠨᠢᠬᠡᠨᠳᠡ 100 ᠭᠠᠷᠤᠢ ᠵᠢᠯ᠎ᠤᠨ ᠲᠡᠤᠬᠡ ᠲᠠᠢ ᠪᠤᠯᠵᠠᠢ᠃ ᠤᠷᠳᠤ ᠬᠤᠭᠤᠴᠠᠭᠠᠨ᠎ᠤ ᠬᠦᠭᠵᠢᠯᠳᠡ ᠵᠢᠨ ᠶᠠᠪᠤᠴᠠ ᠲᠤᠮᠳᠠ᠂《ᠪᠤᠭᠤᠮᠳᠠ ᠵᠢᠨ ᠭᠠᠳᠠᠨ᠎ᠠ ᠵᠢ ᠵᠤᠷᠢᠬᠰᠠᠨ》ᠡᠨᠡ ᠬᠦ᠌ ᠬᠦᠮᠦᠨ ᠠᠮᠠ ᠵᠢᠨ ᠨᠡᠬᠦᠳᠡᠯ᠎ᠤᠨ ᠤᠨᠴᠠᠭᠠᠢ ᠲᠡᠦᠬᠡ ᠵᠢᠨ ᠰᠢᠯᠲᠠᠭᠠᠨ ᠡᠴᠡ ᠪᠤᠯᠵᠦ᠂ ᠴᠡᠯᠡᠬᠡᠷ ᠲᠠᠯ᠎ᠠ ᠵᠢᠨ ᠨᠡᠬᠦᠳᠡᠯ ᠮᠠᠯᠵᠢᠯ᠎ᠤᠨ ᠰᠤᠶᠤᠯ ᠯᠤᠭ᠎ᠠ ᠠᠭᠤᠰᠤᠯᠴᠠᠵᠤ᠂ ᠦᠬᠡᠷ᠎ᠠ ᠪᠤᠰᠤᠳ᠎ᠤᠨ ᠲᠠᠪᠠᠭᠤᠯᠢᠬ᠎ᠢ ᠦᠷᠬᠡᠨ ᠵᠢᠡᠷ ᠰᠢᠩᠬᠡᠬᠡᠨ ᠠᠪᠴᠤ᠂ ᠮᠤᠩᠭᠤᠯ ᠬᠢᠳᠠᠳ ᠬᠦᠭᠵᠢᠮ᠂ ᠪᠦᠵᠢᠭ᠂ ᠲᠠᠭᠤᠤᠷᠢᠯᠢᠬ᠂ ᠰᠢ ᠵᠦᠴᠦᠬᠡ ᠵᠢᠨ ᠤᠬᠢ ᠰᠤᠳᠤ ᠵᠢ ᠰᠢᠩᠬᠡᠬᠡᠨ ᠠᠪᠴᠤ᠂ ᠦᠪᠡᠷ᠎ᠤᠨ ᠦᠪᠡᠷᠮᠢᠴᠡ ᠤᠨᠴᠠᠯᠢᠬ ᠪᠦᠬᠦᠢ ᠤᠷᠠᠯᠢᠭ᠎ᠤᠨ ᠬᠡᠪ ᠨᠠᠮᠪᠠ  ᠵᠢ ᠪᠦᠷᠢᠯᠳᠦᠬᠦᠯᠦᠭᠰᠡᠨ ᠠᠵᠢ᠃


QQ截图20220126094031.jpg


ᠣᠲᠣ ᠦᠶ᠎ᠡ ᠶ᠋ᠢᠨ ᠡᠯ ᠷᠸᠨ ᠲᠠᠢ ᠵᠦᠴᠦᠭᠡ《ᠸᠠᠩ ᠮᠠᠨ ᠲᠦᠨ ᠲᠠᠬᠢᠶ᠎ᠠ ᠬᠣᠲᠠᠯᠲᠣᠬᠰᠠᠠ ᠨᠢ》


ᠤᠢᠷ᠎ᠠ ᠵᠢᠨ ᠵᠢᠯ᠎ᠤᠨ ᠲᠤᠷᠰᠢ᠂ ᠴᠡᠯᠡᠬᠡᠷ ᠲᠠᠯ᠎ᠠ ᠳ᠋ᠤ ᠪᠠᠢᠷᠢᠯᠠᠵᠦ ᠪᠠᠢᠭ᠎ᠠ ᠲᠦᠮᠡᠳ ᠪᠠᠷᠠᠭᠤᠨ ᠬᠤᠰᠢᠭᠤ 4 ᠵᠢᠯ ᠲᠠᠷᠠᠭᠠᠯᠠᠨ《ᠲᠤᠮᠳᠠᠳᠤ ᠤᠯᠤᠰ᠎ᠤᠨ ᠡᠯ ᠷᠧᠨ ᠲᠠᠢ ᠰᠤᠶᠤᠯ ᠤᠷᠠᠯᠢᠬ᠎ᠤᠨ ᠨᠤᠳᠤᠬ》ᠵᠢᠡᠷ ᠦᠨᠡᠯᠡᠭᠳᠡᠵᠡᠢ᠃ 2012 ᠤᠨ ᠳ᠋ᠤ᠂ ᠦᠪᠦᠷ ᠮᠤᠩᠭᠤᠯ᠎ᠤᠨ ᠠᠩᠬᠠᠳᠤᠭᠠᠷ ᠬᠤᠭᠤᠴᠠᠭᠠᠨ᠎ᠤ ᠤᠷᠠᠯᠢᠬ᠎ᠤᠨ ᠨᠠᠢᠷ ᠲᠦᠮᠡᠳ ᠪᠠᠷᠠᠭᠤᠨ ᠬᠤᠰᠢᠭᠤᠨ ᠳ᠋ᠤ ᠶᠠᠪᠤᠬᠳᠠᠵᠦ᠂ ᠲᠦᠮᠡᠳ ᠪᠠᠷᠠᠭᠤᠨ ᠬᠤᠰᠢᠭᠤ ᠨᠢ ᠪᠠᠰᠠ ᠤᠯᠤᠰ ᠡᠴᠨ ᠳᠤᠰ ᠨᠠᠢᠷ᠎ᠢ ᠪᠠᠢᠩᠭᠤ ᠡᠷᠬᠢᠯᠡᠬᠦ ᠭᠠᠵᠠᠷ ᠵᠢᠡᠷ ᠲᠤᠬᠳᠠᠭᠠᠬᠳᠠᠵᠦ᠂ ᠤᠳᠤ ᠪᠤᠯᠳᠠᠯ᠎ᠠ ᠨᠢᠬᠡᠨᠳᠡ ᠲᠠᠪᠤᠨ ᠬᠤᠭᠤᠴᠠᠭ᠎ᠠ ᠡᠷᠬᠢᠯᠡᠵᠡᠢ᠃ ᠡᠨᠡ ᠵᠢᠯ᠂ ᠲᠦᠮᠡᠳ ᠪᠠᠷᠠᠭᠤᠨ ᠬᠤᠰᠢᠭᠤᠨ᠎ᠤ ᠡᠯ ᠷᠧᠨ ᠲᠠᠢ ᠵᠦᠴᠦᠬᠡ ᠨᠢ ᠲᠠᠪᠤᠳᠤᠭᠠᠷ ᠪᠦᠯᠦᠭ᠎ᠤᠨ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠷᠦᠯ ᠵᠦᠢᠯ᠎ᠤᠨ ᠨᠡᠷᠡᠰ ᠲᠦ᠍ ᠵᠢᠬᠰᠠᠭᠠᠬᠳᠠᠵᠠᠢ᠃

ᠰᠢᠨ᠎ᠠ ᠴᠠᠬ ᠦᠶ᠎ᠠ ᠳ᠋ᠤ ᠤᠷᠤᠬᠰᠠᠨ᠎ᠤ ᠲᠠᠷᠠᠭ᠎ᠠ᠂ ᠡᠯ ᠷᠧᠨ ᠲᠠᠢ ᠵᠦᠴᠦᠬᠡ ᠵᠢ ᠬᠡᠷᠬᠢᠨ ᠤᠯᠠᠮᠵᠢᠯᠠᠨ ᠬᠦᠭᠵᠢᠬᠦᠯᠪᠡᠯ ᠵᠤᠬᠢᠬᠤ ᠪᠤᠢ?

ᠳ᠋ᠤᠧᠠᠨ ᠪᠠ ᠸᠠᠩ᠄《ᠬᠦᠭᠵᠢᠮ᠎ᠤᠨ ᠤᠷᠠᠯᠢᠭ ᠲᠤ᠌ ᠪᠠᠰᠠ ᠤᠷᠤᠨ ᠪᠦᠰᠡ ᠵᠢᠨ ᠴᠢᠨᠠᠷᠲᠠᠢ ᠪᠠᠢᠳᠠᠬ᠂ ᠡᠯ ᠷᠧᠨ ᠲᠠᠢ ᠵᠢᠨ ᠤᠤᠯ᠎ᠤᠨ ᠦᠨᠳᠦᠰᠦᠨ ᠬᠦᠭ ᠠᠶᠠᠰ᠎ᠢ ᠪᠠᠳᠤᠯᠠᠬᠰᠠᠨ ᠤᠷᠢᠳᠠᠯ ᠲᠤᠤᠷ᠎ᠠ ᠦᠬᠡᠷᠡᠴᠢᠯᠡᠯᠳᠡ ᠬᠢᠵᠦ᠂ ᠴᠠᠬ ᠦᠶ᠎ᠠ ᠵᠢᠨ ᠬᠦᠭᠵᠢᠯᠳᠡ ᠳ᠋ᠤ ᠵᠤᠬᠢᠴᠠᠭᠤᠯᠤᠨ᠂ ᠭᠤᠤᠯ ᠬᠦᠭ ᠠᠶᠠᠰ᠎ᠢ ᠴᠢᠪᠬᠠᠳᠠᠬᠤ ᠴᠢᠬᠤᠯᠠᠳᠠᠢ》 ᠬᠡᠪᠡ᠃

2011 ᠤᠨ ᠳ᠋ᠤ᠂ ᠳ᠋ᠤᠧᠠᠨ ᠪᠠ ᠸᠠᠩ᠎ᠤᠨ ᠤᠳᠤᠷᠢᠳᠤᠭᠠᠴᠢᠯᠠᠬᠰᠠᠨ ᠡᠯ ᠷᠧᠨ ᠲᠠᠢ ᠬᠦᠭᠵᠢᠮ᠎ᠤᠨ ᠦᠳᠡᠰᠢᠯᠡᠬᠡ 《ᠡᠷᠳᠡᠨ᠎ᠤ ᠵᠠᠮ᠎ᠤᠨ ᠨᠤᠳᠤᠬ᠎ᠤᠨ ᠠᠶᠠᠯᠭᠤ 》 ᠪᠤᠯ ᠲᠠᠷᠤᠢ 《ᠤᠯᠠᠮᠵᠢᠯᠠᠯ + ᠤᠳᠤᠬᠢᠴᠢᠯᠡᠯ》 ᠤ᠋ᠨ ᠠᠭᠤᠰᠤᠯᠴᠠᠯ᠎ᠤᠨ ᠲᠦᠯᠦᠭᠡᠯᠡᠭᠴᠢ ᠪᠦᠲᠦᠬᠡᠯ ᠪᠠᠢᠵᠦ᠂᠎ᠦᠳᠡᠰᠢᠯᠡᠬᠡ ᠨᠢ ᠡᠯ ᠷᠧᠨ ᠲᠠᠢ ᠵᠢᠨ ᠤᠯᠠᠮᠵᠢᠯᠠᠯᠳᠤ ᠬᠦᠭᠵᠢᠮ ᠵᠢᠡᠷ ᠦᠨᠳᠦᠰᠦᠨ ᠬᠦᠭ ᠠᠶᠠᠰ ᠪᠤᠯᠭᠠᠵᠦ᠂ ᠲᠦᠷᠪᠡᠯᠡᠨ ᠲᠠᠭᠤᠯᠠᠬᠤ᠂ ᠬᠤᠤᠰᠯᠠᠨ ᠲᠠᠭᠤᠯᠠᠬᠤ᠂ ᠬᠠᠮᠳᠤ ᠪᠡᠷ ᠲᠠᠭᠤᠯᠠᠬᠤ᠂ ᠬᠠᠪᠰᠤᠷᠤᠨ ᠲᠠᠭᠤᠯᠠᠬᠤ ᠵᠢᠴᠢ ᠲᠤᠮᠤ ᠬᠦᠭᠵᠢᠮ᠎ᠤᠨ ᠠᠩᠬᠢ ᠵᠡᠷᠬᠡ ᠤᠳᠤ ᠦᠶ᠎ᠠ᠎ᠵᠢᠨ᠎ᠬᠦᠭᠵᠢᠮ᠎ᠤᠨ᠎ᠡᠯᠧᠮᠧᠨ᠋ᠲ᠎ᠢ᠎ᠨᠡᠮᠡᠨ᠎ᠤᠷᠤᠭᠤᠯᠵᠦ᠂᠎ᠲᠤᠬᠯᠠᠯᠳᠠ᠎ᠨᠢ ᠦᠵᠡᠭᠴᠢᠳ᠎ᠤᠨ ᠰᠡᠳᠬᠢᠯ ᠳ᠋ᠤ ᠬᠦᠨ ᠰᠠᠭᠤᠬᠳᠠᠵᠠᠢ᠃


QQ截图20220126094124.jpg


ᠬᠣᠪᠢᠰᠬᠠᠯᠲᠣ ᠲᠡᠦᠭᠡᠨ ᠵᠦᠴᠦᠭᠡ 《 ᠳ᠋ᠦᠸᠸ ᠰᠦᠩ ᠨᠢᠶᠠᠨ》


29 ᠨᠠᠰᠤᠳᠠᠢ ᠯᠢ ᠵᠢᠶᠠ ᠴᠢ ᠪᠤᠯ ᠬᠦᠭᠡᠬᠤᠳᠠ ᠵᠢᠨ ᠡᠯ ᠷᠧᠨ ᠲᠠᠢ ᠤᠷᠠᠯᠢᠬ ᠰᠤᠳᠤᠯᠭᠠᠨ᠎ᠤ ᠵᠦᠴᠦᠬᠡ ᠵᠢᠨ ᠬᠦᠷᠢᠶᠡᠯᠡᠩ᠎ᠤᠨ ᠵᠦᠴᠦᠬᠡ ᠵᠢᠨ ᠨᠠᠢᠷᠠᠭᠤᠯᠤᠬᠴᠢ ᠪᠠᠢᠵᠦ᠂ ᠠᠵᠢᠯ ᠳ᠋ᠤ ᠭᠠᠷᠤᠬᠰᠠᠨ 4 ᠵᠢᠯ᠎ᠤᠨ ᠬᠤᠭᠤᠴᠠᠭᠠᠨ ᠳ᠋ᠤ᠂ ᠲᠡᠷᠡ ᠪᠡᠷ ᠵᠠᠯᠠᠭᠤᠴᠤᠳ ᠲᠦ᠍ ᠲᠠᠭᠠᠰᠢᠶᠠᠬᠳᠠᠬᠰᠠᠨ《ᠮᠠᠷᠢᠶ᠎ᠠ ᠲᠠᠢ ᠠᠪᠠᠭ᠎ᠠ ᠡᠵᠢ》 ᠰᠢᠷᠢᠰ ᠡᠯ ᠷᠧᠨ ᠲᠠᠢ ᠵᠦᠴᠦᠬᠡ ᠵᠢᠴᠢ ᠮᠠᠰᠢ ᠰᠠᠢᠨ ᠦᠨᠡᠯᠡᠯᠳᠡ ᠲᠠᠢ ᠬᠤᠪᠢᠰᠬᠠᠯᠳᠤ ᠲᠡᠤᠬᠡᠨ ᠵᠦᠴᠦᠬᠡ《ᠳ᠋ᠦᠧᠧ ᠰᠦᠩ ᠨᠢᠶᠠᠨ》 ᠵᠡᠷᠬᠡ ᠪᠦᠳᠦᠬᠡᠯ᠎ᠢ ᠵᠤᠬᠢᠶᠠᠨ ᠪᠦᠳᠦᠬᠡᠵᠡᠢ᠃

ᠡᠯ ᠷᠧᠨ ᠲᠠᠢ ᠵᠦᠴᠦᠬᠡ ᠨᠢ ᠬᠡᠷᠬᠢᠨ ᠬᠡᠷᠡᠯ ᠰᠠᠴᠤᠷᠠᠩᠭᠤᠢ ᠲᠡᠤᠬᠡ ᠪᠠᠨ ᠦᠷᠬᠦᠯᠵᠢᠯᠡᠬᠦᠯᠦᠨ᠂ ᠵᠠᠯᠠᠭᠤ ᠦᠵᠡᠭᠴᠢᠳ᠎ᠤᠨ ᠬᠦᠷᠢᠶᠡᠯᠡᠯ᠎ᠢ ᠤᠯᠵᠤ ᠴᠢᠳᠠᠬᠤ ᠲᠤᠬᠠᠢ ᠯᠢ ᠵᠢᠶᠠ ᠴᠢ᠄《ᠶᠠᠮᠠᠷ ᠴᠠᠬ ᠲᠦ᠍ ᠴᠦ᠍ ᠬᠡᠰᠡᠨ᠂ ᠰᠢ ᠵᠦᠴᠦᠬᠡ ᠪᠤᠯ ᠪᠦᠷ ᠴᠠᠬ ᠦᠶ᠎ᠠ ᠵᠢ ᠲᠠᠭᠠᠨ ᠵᠡᠷᠬᠡ ᠪᠡᠷ ᠤᠷᠤᠬᠰᠢᠯᠠᠳᠠᠬ᠂ ᠡᠰᠡᠪᠡᠰᠤ ᠲᠠᠶᠠᠬᠳᠠᠬᠳᠠᠬᠤ ᠨᠢ ᠯᠠᠪᠳᠠᠢ》ᠬᠡᠵᠤ ᠦᠪᠡᠷ᠎ᠤᠨ ᠦᠵᠡᠯᠳᠠ ᠪᠠᠨ ᠶᠠᠷᠢᠬᠰᠠᠠ ᠪᠠᠢᠨ᠎ᠠ ᠃


QQ截图20220126094216.jpg


ᠳ᠋ᠣᠸᠠᠨ ᠪᠠ ᠸᠠᠩ (ᠪᠠᠷᠠᠭᠣᠨᠲᠡᠬᠢ) ᠶᠦᠨ ᠯᠢ ᠵᠸᠨ᠎ᠤ ᠭᠣᠣᠯᠯᠠᠨ ᠲᠣᠬᠯᠠᠬᠰᠠᠨ ᠡᠯ ᠷᠸᠨ ᠲᠠᠢ ᠣᠯᠠᠮᠵᠢᠯᠠᠯᠲᠣ ᠵᠦᠴᠦᠭᠡ 《ᠵᠤᠯᠠᠢ ᠵᠢᠨ ᠳ᠋ᠸᠩ》


ᠯᠢ ᠵᠢᠶᠠ ᠴᠢ ᠵᠢᠨ ᠬᠡᠯᠡᠬᠦ ᠪᠡᠷ᠂ ᠪᠢᠳᠡᠨ᠎ᠤ ᠠᠪᠤ ᠡᠵᠢ᠂ ᠡᠪᠦᠬᠡ ᠡᠮᠡᠬᠡ ᠵᠢᠨ ᠲᠡᠷᠡ ᠦᠶ᠎ᠠ ᠳ᠋ᠤ᠂ ᠨᠢᠬᠡ ᠰᠢ ᠵᠦᠴᠦᠬᠡ ᠵᠢ ᠤᠷᠳᠤ ᠬᠤᠭᠤᠴᠠᠭ᠎ᠠ ᠪᠡᠷ᠂ ᠨᠠᠷᠢᠯᠢᠬ ᠲᠤᠭᠯᠠᠵᠦ ᠦᠵᠡᠬᠦᠯᠳᠡᠭ᠂ ᠬᠦᠳᠡᠬᠡ ᠪᠠᠭᠤᠵᠦ ᠲᠤᠬᠯᠠᠬᠤ ᠰᠢ ᠵᠦᠴᠦᠬᠡ ᠵᠢᠨ ᠴᠠᠬ᠎ᠤᠨ ᠤᠷᠳᠤ ᠨᠢ ᠨᠠᠭᠠᠳᠤ ᠵᠠᠬ᠎ᠠ ᠳ᠋ᠠᠭᠠᠨ 3 ᠴᠠᠬ ᠪᠠᠢᠳᠠᠬ᠂ ᠡᠰᠡᠪᠡᠰᠤ ᠤᠯᠠᠨ ᠲᠦᠮᠡᠨ ᠰᠢ ᠵᠦᠴᠦᠬᠡ ᠵᠢ ᠰᠠᠢᠬᠠᠨ ᠲᠤᠬᠯᠠᠬᠰᠠᠨ ᠦᠬᠡᠢ ᠬᠡᠵᠦ ᠬᠡᠯᠡᠳᠡᠭ᠃ ᠤᠳᠤ ᠪᠤᠯ ᠬᠠᠷᠢᠨ ᠠᠳᠠᠯᠢ ᠦᠬᠡᠢ ᠪᠤᠯᠵᠤ᠂ ᠰᠢ ᠵᠦᠴᠦᠬᠡ ᠵᠢᠨ ᠠᠢᠵᠠᠮ ᠲᠦᠷᠬᠡᠳᠴᠤ᠂ ᠵᠦᠴᠦᠬᠡ ᠵᠢᠨ ᠦᠢᠯᠡ ᠶᠠᠪᠤᠳᠠᠯ᠎ᠤᠨ ᠬᠤᠪᠢᠷᠠᠯᠳᠠ ᠲᠦᠷᠬᠡᠨ ᠪᠠᠢᠬᠤ ᠵᠢ ᠱᠠᠭᠠᠷᠳᠠᠵᠦ᠂ ᠤᠬᠤᠷᠬᠠᠨ ᠴᠠᠬ᠎ᠤᠨ ᠲᠤᠳᠤᠷ᠎ᠠ ᠵᠦᠴᠦᠬᠡ ᠵᠢᠨ ᠦᠢᠯᠡ ᠶᠠᠪᠤᠳᠠᠯ᠎ᠬᠤᠪᠢᠷᠠᠯᠳᠠ ᠲᠠᠢ ᠪᠠᠢᠬᠤ ᠮᠦᠷᠳᠡᠬᠡᠨ ᠪᠠᠰᠠ ᠮᠠᠰᠢ ᠤᠯᠠᠨ ᠮᠡᠳᠡᠬᠡ ᠵᠠᠩᠬᠢ ᠵᠢ ᠠᠭᠤᠰᠬᠠᠨ ᠤᠷᠤᠭᠤᠯᠬᠤ ᠬᠡᠷᠡᠭᠳᠡᠢ᠂ ᠶᠠᠬ ᠯᠡ ᠺᠢᠨᠤ᠋ ᠰᠢᠬ ᠬᠡᠯᠪᠡᠷᠢ ᠪᠡᠷ ᠲᠤᠬᠯᠠᠪᠠᠯ ᠰᠠᠶᠢ ᠦᠵᠡᠭᠴᠢᠳ᠎ᠤᠨ ᠬᠠᠷᠠᠭ᠎ᠠ ᠵᠢ ᠪᠤᠯᠢᠶᠠᠵᠤ ᠴᠢᠳᠠᠨ᠎ᠠ᠃

2010 ᠤᠨ ᠡᠴᠡ ᠤᠳᠤ ᠪᠤᠯᠳᠠᠯ᠎ᠠ᠂ ᠬᠦᠬᠡᠬᠤᠳᠠ ᠵᠢᠨ ᠡᠯ ᠷᠧᠨ ᠲᠠᠢ ᠤᠷᠠᠯᠢᠬ ᠰᠤᠳᠤᠯᠭᠠᠨ᠎ᠤ ᠵᠦᠴᠦᠬᠡ ᠵᠢᠨ ᠬᠦᠷᠢᠶᠡᠯᠡᠩ᠎ᠤᠨ ᠪᠦᠲᠦᠬᠡᠭᠰᠡᠨ ᠡᠯ ᠷᠧᠨ ᠲᠠᠢ ᠰᠢ ᠵᠦᠴᠦᠬᠡ《ᠴᠡᠴᠡᠭ ᠲᠡᠯᠬᠡᠷᠡᠵᠤ ᠴᠡᠴᠡᠭ ᠵᠤᠯᠭᠠᠷᠠᠬᠤᠶ᠎ᠠ》ᠨᠢ ᠨᠢᠬᠡᠨᠳᠡ 10 ᠭᠠᠷᠤᠢ ᠵᠢᠯ ᠦᠷᠬᠦᠯᠵᠢᠯᠡᠨ ᠲᠤᠬᠯᠠᠬᠳᠠᠵᠦ᠂ ᠭᠤᠷᠪᠡᠨ ᠦᠶ᠎ᠠ ᠵᠢᠨ ᠲᠤᠬᠯᠠᠬᠴᠢᠳ᠎ᠢ ᠲᠠᠮᠵᠢᠵᠦ᠂ ᠪᠦᠬᠦ ᠤᠯᠤᠰ ᠲᠦ᠍ 600 ᠭᠠᠷᠤᠢ ᠲᠠᠯᠠᠪᠤᠷ ᠤᠳᠠᠭ᠎ᠠ ᠲᠤᠬᠯᠠᠬᠳᠠᠬᠰᠠᠨ ᠶᠤᠮ᠃ ᠲᠤᠰ ᠵᠦᠴᠦᠬᠡ ᠨᠢ ᠦᠷᠬᠦᠯᠵᠢ ᠲᠤᠬᠯᠠᠬᠳᠠᠵᠦ ᠦᠷᠬᠦᠯᠵᠢ ᠰᠢᠨ᠎ᠠ ᠰᠤᠷᠭᠤᠭ ᠬᠡᠪ ᠵᠢᠡᠷ ᠵᠢᠡᠨ ᠪᠠᠢᠵᠦ ᠴᠢᠳᠠᠬᠰᠠᠨ ᠨᠢ ᠬᠡᠳᠦᠨ ᠦᠶ᠎ᠠ ᠵᠢᠨ ᠵᠤᠬᠢᠶᠠᠨ ᠪᠦᠲᠦᠭᠡᠭᠴᠢᠳ ᠡᠴᠡ ᠴᠠᠬ ᠦᠶ᠎ᠠ ᠲᠠᠢ ᠵᠤᠬᠢᠴᠠᠬᠰᠠᠨ ᠰᠢᠨ᠎ᠠ ᠡᠯᠧᠮᠧᠨ᠋ᠲ᠎ᠢ ᠨᠡᠮᠡᠨ ᠤᠷᠤᠭᠤᠯᠵᠦ᠂ ᠤᠳᠤ ᠦᠶ᠎ᠠ ᠵᠢᠨ ᠬᠦᠮᠦᠰ᠎ᠤᠨ ᠠᠮᠢᠳᠤᠷᠠᠯ᠎ᠤᠨ ᠬᠡᠯᠪᠡᠷᠢ ᠲᠠᠢ ᠤᠢᠷᠠᠳᠤᠭᠤᠯᠤᠬᠰᠠᠨ ᠡᠴᠡ ᠪᠤᠯᠤᠬᠰᠠᠨ ᠶᠤᠮ᠃

ᠯᠢ ᠵᠢᠶᠠ ᠴᠢ᠄《ᠵᠦᠴᠦᠬᠡ ᠪᠠᠨ ᠰᠠᠢᠨ ᠲᠤᠬᠯᠠᠶ᠎ᠠ ᠬᠡᠪᠡᠯ ᠡᠩ ᠲᠡᠷᠢᠬᠦᠨ ᠳ᠋ᠤ ᠵᠦᠴᠦᠬᠡ ᠵᠢᠨ ᠲᠡᠪᠳᠡᠷ ᠰᠠᠢᠨ ᠪᠠᠢᠬᠤ ᠬᠡᠷᠡᠭᠳᠡᠢ᠃ ᠦᠵᠡᠭᠴᠢᠳ᠎ᠤᠨ ᠠᠩᠬᠠᠷᠤᠯ᠎ᠢ ᠲᠠᠳᠠᠶ᠎ᠠ ᠬᠡᠪᠡᠯ ᠵᠠᠪᠠᠯ ᠤᠯᠠᠨ ᠲᠦᠮᠡᠨ ᠳ᠋ᠤ ᠤᠢᠷᠠᠳᠴᠤ᠂ ᠲᠡᠳᠡ ᠨᠡᠷ᠎ᠤᠨ ᠦᠬᠡ ᠬᠡᠯᠡ ᠪᠡᠷ ᠶᠠᠷᠢᠬᠤ ᠮᠦᠷᠳᠡᠬᠡᠨ ᠢᠳᠡᠪᠬᠢ ᠬᠦᠴᠦᠨ᠎ᠢ ᠲᠠᠮᠵᠢᠭᠤᠯᠤᠨ᠂ ᠨᠡᠢᠬᠡᠮ ᠵᠢᠷᠤᠮ᠎ᠤᠨ ᠭᠤᠤᠯᠯᠠᠬᠴᠢ ᠦᠷᠳᠡᠭ᠎ᠤᠨ ᠦᠵᠡᠯᠳᠡ ᠵᠢ ᠵᠤᠬᠢᠶᠠᠨ ᠪᠦᠲᠦᠬᠡᠯᠬᠡ ᠵᠢᠨ ᠲᠤᠮᠳᠠ ᠪᠡᠨ ᠢᠯᠡᠷᠡᠬᠦᠯᠵᠦ᠂ ᠡᠷᠡᠬᠦᠯ ᠰᠠᠷᠠᠭᠤᠯ ᠰᠤᠶᠤᠯ᠎ᠤᠨ ᠬᠡᠪ ᠰᠤᠷᠳᠠᠯ᠎ᠢ ᠰᠠᠨᠠᠭᠠᠴᠢᠯᠠᠨ᠂ ᠦᠵᠡᠯ ᠰᠠᠨᠠᠭ᠎ᠠ ᠬᠦᠨᠵᠡᠬᠡᠢ᠂ ᠰᠢᠨ᠎ᠠ ᠰᠡᠪᠡᠬᠦᠨ ᠪᠤᠷᠤᠭᠵᠢᠭᠤᠨ᠂ ᠢᠳᠡᠯᠢᠭ ᠬᠦᠴᠦᠳᠡᠢ ᠰᠢᠯᠢᠳᠡᠭ ᠪᠦᠲᠦᠬᠡᠯ ᠵᠢᠡᠷ ᠠᠷᠠᠳ ᠤᠯᠠᠨ᠎ᠤ ᠭᠤᠤ᠎ᠠ ᠲᠠᠭᠠᠰᠢᠶᠠᠯ ᠳ᠋ᠤ ᠨᠠᠢᠴᠠᠬᠦᠯᠵᠤ᠂ ᠦᠷᠳᠡᠭ᠎ᠤᠨ ᠦᠵᠡᠯᠳᠡ ᠵᠢ ᠪᠤᠢ ᠪᠤᠯᠭᠠᠵᠤ᠂ ᠠᠷᠠᠳ ᠲᠦᠮᠡᠨ᠎ᠤ ᠤᠶᠤᠨ᠎ᠤ ᠠᠮᠢᠳᠤᠷᠠᠯ᠎ᠢ ᠨᠡᠩ ᠪᠠᠶᠠᠯᠢᠬᠵᠢᠭᠤᠯᠬᠤ ᠬᠡᠷᠡᠭᠳᠡᠢ》ᠬᠡᠪᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号