ᠺᠤᠷᠤᠨᠠ ᠭᠡᠨᠡ
《 ᠬᠤᠷᠤᠭᠠᠨᠠ 》 ᠭᠡᠬᠦ᠌ ᠱᠢᠭ ᠰᠤᠨᠤᠰᠳᠠᠬᠤ ᠶᠤᠮ
ᠸᠢᠷᠦ᠋ᠰ ᠭᠡᠨᠡ
《 ᠦᠢ ᠤᠯᠠᠨ 》 ᠢ᠋ᠢᠠᠷᠨᠢ ᠭᠡᠬᠦ᠌ ᠱᠢᠭ ᠰᠠᠨᠠᠭ᠍ᠳᠠᠬᠤ ᠶᠤᠮ
ᠬᠤᠢ ᠰᠠᠯᠬᠢᠨ ᠦᠭᠡᠢ ᠪᠠᠢᠳᠠᠯᠠᠪᠠᠨ
ᠰᠠᠯᠬᠢᠨᠲᠠᠢ ᠶᠤᠮ ᠱᠢᠭ᠋ ᠮᠡᠳᠡᠷᠡᠭ᠌ᠳᠡᠬᠦ᠌ ᠶᠤᠮ
ᠬᠤᠴᠢᠯᠭᠠᠲᠠᠢ ᠳᠤᠭ ᠨᠤᠢᠷᠣᠨᠳ᠋ᠠᠭᠠᠨ ᠪᠠᠢᠯᠠ ᠴᠦ᠍
ᠬᠤᠯᠠᠭᠠᠢ ᠵᠢᠪᠠᠷ ᠭᠦᠶᠦᠬᠦ᠌ ᠶᠤᠮ ᠱᠢᠭ᠋ ᠰᠡᠷᠡᠬᠦ᠌ ᠶᠤᠮ
ᠭᠠᠳᠠᠨᠠ ᠨᠠᠷᠠᠨ ᠲᠤᠨᠤᠷᠠᠭ᠍ᠰᠠᠨ ᠡᠳᠦᠷ ᠪᠠᠢᠯᠠ ᠴᠦ᠍
ᠭᠠᠷᠬᠤᠶ᠋ᠢᠨ ᠴᠡᠭᠡᠷᠢ ᠭᠦᠢᠴᠡᠳᠭᠡᠵᠤ ᠯᠡ ᠰᠠᠭᠤᠨᠠ
ᠭᠠᠷᠤᠭ᠍ᠰᠠᠨ ᠴᠦ᠍ ᠬᠦᠯ ᠮᠢᠨᠢ 《 ᠲᠤᠱᠠ 》 ᠲᠠᠢ
ᠭᠠᠭ᠍ᠴᠠᠬᠠᠨ ᠦᠷᠦᠭᠡ ᠮᠢᠨᠢ ᠮᠢᠨᠤ ᠡᠷᠬᠡ ᠴᠢᠯᠦᠭᠡ
ᠨᠢᠭᠤᠷ ᠨᠢᠳᠤ ᠦᠭᠡᠢ ᠰᠢᠪᠬᠠᠷᠳᠠᠭᠰᠠᠨ ᠪᠤᠷᠤᠭᠠᠨᠠᠴᠠ
ᠨᠢᠳᠤ ᠦᠭᠡᠢ ᠵᠠᠢᠳᠠᠯᠠᠭ᠍ᠰᠠᠨ ᠸᠢᠷᠦ᠋ᠰ ᠬᠡᠴᠡᠭᠦᠤ
ᠨᠢᠳᠦ ᠦᠭᠡᠢ ᠰᠤᠮᠤ ᠮᠡᠳᠦ ᠲᠦᠷᠭᠡᠨ ᠴᠦ᠍
ᠨᠢᠭᠦᠯᠢᠶᠠᠨ ᠨᠢᠭᠤᠵᠤ ᠴᠢᠳᠠᠯ ᠦᠭᠡᠢ
《 ᠠᠢᠯᠴᠢᠯᠠᠬᠤ 》 ᠨᠢ ᠬᠡᠴᠡᠭᠦᠤ
ᠤᠢ ᠮᠤᠳᠦᠨᠤ ᠨᠠᠪᠴᠢ ᠰᠠᠯᠠᠭᠠ ᠤᠯᠠᠨ ᠴᠦ᠍ ᠭᠡᠯᠡ
ᠤᠢ ᠰᠠᠨᠠᠮᠵᠢᠨᠳᠤ ᠢᠪᠡᠯᠡᠮᠡᠷ ᠦᠭᠡᠢ
ᠡᠪᠡᠳᠴᠢᠨ ᠪᠠᠰᠠ ᠪᠠᠢᠬᠤ ᠶᠤᠮ
ᠤᠷᠴᠢᠯᠠᠩᠤᠨ ᠮᠠᠨᠳᠠᠯᠳᠤ ᠤᠯᠠᠨ ᠶᠠᠭᠤᠮᠠ ᠪᠤᠢ ᠴᠦ᠍ ᠭᠡᠯᠡ
ᠤᠢᠷᠠᠲᠣᠵᠤ ᠢᠷᠡᠭ᠌ᠰᠡᠨ 《 ᠳᠠᠢᠨᠤ ᠪᠢᠴᠢᠭ 》 ᠲᠠᠢ
《 ᠨᠢᠭᠦᠯᠤᠨ ᠡᠯᠴᠢᠨ 》 ᠪᠠᠰᠠ ᠪᠠᠢᠬᠤ ᠶᠤᠮ
ᠬᠦᠮᠦᠨ ᠵᠤᠨᠢᠶᠠᠷᠢᠶᠠᠨ ᠭᠠᠷ ᠬᠦᠳᠦᠯᠦᠯᠴᠡᠬᠦ᠌ ᠶᠤᠮ
ᠬᠦᠭᠡᠷᠦᠬᠦᠢ ᠴᠠᠭᠠᠨ ᠬᠤᠶᠠᠬᠳᠤ ᠡᠮᠴᠢ ᠭᠠᠪᠱᠢᠭᠠᠢᠯᠠᠨᠠ
ᠬᠦᠳᠡᠭᠡᠳ᠋ᠡᠭᠡᠨ ᠬᠠᠷᠢᠭ᠍ᠰᠠᠨ ᠪᠤᠯ ᠭᠡᠬᠦ᠌ ᠶᠤᠮ
ᠬᠦᠯ ᠬᠤᠷᠢᠭᠠᠨᠳᠤ ᠯᠡ ᠰᠠᠨᠠᠭ᠍ᠳᠠᠬᠤ ᠬᠦᠳᠡᠭᠡ ᠨᠤᠲᠤᠭ ᠮᠢᠨᠢ
ᠬᠦᠭᠡᠷᠦᠬᠦᠢ ᠁
ᠸᠢᠷᠦ᠋ᠰ ᠴᠤᠴᠢᠷᠳᠠᠬᠤ ᠮᠢᠨᠤ ᠨᠤᠲᠤᠭᠲᠤ
ᠤᠬᠢᠯᠠᠵᠤ ᠤᠨᠵᠢᠵᠤ᠂ ᠠᠶᠤᠵᠤ ᠰᠦᠷᠳᠡᠬᠦ᠌ ᠪᠢᠰᠢ
ᠤᠬᠠᠭᠠᠨ ᠪᠤᠳᠤᠯᠢᠶᠠᠨ ᠠᠭᠤᠵᠢᠭᠤ ᠲᠠᠯᠪᠢᠵᠤ
《 ᠤᠶᠠᠭᠠᠨ 》 ᠡᠴᠡᠪᠠᠨ ᠬᠤᠯᠠᠳᠠᠯ ᠦᠭᠡᠢ
ᠤᠨᠤᠭ᠍ᠰᠠᠨ 《 ᠮᠤᠷᠢ 》 ᠪᠠᠨ
ᠠᠯᠳᠠᠯ ᠦᠭᠡᠢ ᠪᠠᠢᠬᠤ ᠯᠡ ᠴᠢᠬᠣᠯᠠ