ᠲᠤᠩ ᠬᠤᠯᠠ᠎ᠶ᠋ᠢᠨ ᠰᠠᠨᠰᠠᠷ ᠤᠷᠴᠢᠯᠠᠩ᠎ᠢᠶᠠᠷ
ᠲᠤᠭᠤᠷᠢᠵᠤ ᠶᠡᠷᠤ᠎ᠨᠢ ᠦᠵᠡᠭᠡ ᠦᠬᠡᠢ ᠪᠢᠯᠡ
ᠰᠠᠷ᠎ᠠ ᠨᠠᠷᠠᠲᠠᠢ ᠪᠤᠯᠵᠤᠵᠤ ᠨᠠᠭᠠᠳᠤᠭ᠍ᠰᠠᠨ
ᠰᠠᠨᠰᠠᠷᠴᠢᠨ᠎ᠢ ᠬᠠᠷᠢᠨ ᠦᠵᠡᠭ᠌ᠰᠡᠨ ᠪᠢᠯᠡ
ᠴᠠᠷ ᠲᠠᠬᠤᠯ ᠪᠤᠱᠤᠭᠠᠨ ᠲᠡᠭᠡᠷ᠎ᠡ ᠢᠷᠡᠭ᠌ᠰᠡᠨ ᠴᠦ᠍
ᠴᠢᠮᠠᠯᠠᠵᠤ ᠶᠡᠷᠦ᠎ᠨᠢ ᠠᠩᠵᠠᠭᠠᠷᠠᠭ᠎ᠠ ᠦᠬᠡᠢ ᠶᠠᠪᠤᠯ᠎ᠠ
ᠴᠠᠭ᠎ᠲᠠᠢ ᠤᠷᠤᠯᠳᠤᠨ ᠬᠢᠵᠢᠭ᠎ᠲᠠᠢ ᠲᠡᠮᠡᠴᠡᠭᠡ
ᠴᠠᠭᠠᠨ ᠬᠤᠶᠠᠭ᠎ᠲᠠᠢ ᠪᠠᠢᠯᠳᠤᠭ᠍ᠴᠢ᠎ᠶ᠋ᠢ ᠬᠠᠷᠠᠯ᠎ᠠ
ᠰᠠᠨᠰᠠᠷᠴᠢᠨ᠎ᠤ ᠬᠤᠪᠴᠠᠰᠦ ᠰᠡᠷᠭᠡᠢᠯᠡᠯᠳᠡ᠎ᠶ᠋ᠢᠨ ᠬᠤᠶᠠᠭ
ᠰᠠᠨᠠᠭᠠᠨ᠎ᠳᠤ ᠦᠬᠡᠢ ᠢᠵᠢᠯᠢᠭᠡᠨ ᠬᠠᠷᠠᠭ᠍ᠳᠠᠪᠠ
ᠰᠦᠨ ᠦᠩᠭᠡ᠎ᠲᠠᠢ ᠵᠢᠪᠠᠷ ᠨᠡᠪᠳᠡᠷᠡᠬᠦ᠌ ᠦᠬᠡᠢ
ᠰᠦᠷ ᠬᠦᠴᠦᠨ᠎ᠤ ᠰᠦᠯᠳᠡ ᠪᠠᠢᠪᠠ
ᠰᠠᠨᠰᠠᠷᠴᠢᠨ᠎ᠤ ᠬᠤᠪᠴᠠᠰᠦ᠎ᠶ᠋ᠢ ᠰᠡᠳᠭᠢᠯ ᠲᠤᠭ᠍ᠳᠤᠯᠵᠤ
ᠰᠤᠨᠢᠨ ᠮᠡᠳᠡᠭᠡᠨ᠎ᠠᠴᠠ ᠦᠵᠡᠳᠡᠭ ᠪᠠᠢᠯ᠎ᠠ
ᠰᠡᠷᠭᠡᠢᠯᠡᠯᠳᠡ᠎ᠶ᠋ᠢᠨ ᠬᠤᠶᠠᠭᠢ ᠢᠳᠡᠭᠡᠯ ᠡᠷᠴᠢᠯᠡᠨ
ᠬᠢᠵᠢᠭ᠎ᠤᠨ ᠹᠷᠤᠨᠲ᠎ᠠᠴᠠ ᠬᠠᠷᠠᠵᠤ ᠪᠠᠢᠨ᠎ᠠ
ᠨᠢᠭᠡ᠎ᠨᠢ ᠲᠡᠩᠳᠡᠭᠦᠦ ᠲᠡᠩᠳᠡᠬᠦᠦ ᠠᠯᠤᠰ
ᠬᠡᠮᠵᠢᠬᠦ᠌᠎ᠶ᠋ᠢᠨ ᠠᠷᠭ᠎ᠠ ᠦᠬᠡᠢ ᠬᠤᠯᠠ ᠪᠠᠢᠯ᠎ᠠ
ᠨᠦᠭᠦᠭᠡ᠎ᠨᠢ ᠲᠠᠩᠳᠠ ᠲᠠᠩᠳᠠ ᠦᠢᠷᠠᠬᠠᠨ
ᠨᠢᠭᠡᠯᠭᠡᠨ ᠮᠧᠲᠷ᠎ᠤᠨ ᠵᠠᠢᠲᠠᠢ ᠪᠠᠢᠨ᠎ᠠ
ᠰᠠᠨᠰᠠᠷᠴᠢᠨ᠎ᠤ ᠬᠤᠪᠴᠠᠰᠤ᠎ᠶ᠋ᠢ ᠲᠡᠳᠡ
ᠲᠦᠷᠦ᠍᠎ᠪᠠᠨ ᠮᠠᠨᠳᠤᠭᠤᠯᠬᠤ ᠭᠡᠵᠤ ᠡᠮᠦᠰᠳᠡᠭ ᠶᠤᠮ
ᠰᠡᠷᠭᠡᠢᠯᠡᠯᠳᠡ᠎ᠶ᠋ᠢᠨ ᠬᠤᠶᠠᠭᠢ ᠲᠡᠳᠡ
ᠲᠦᠮᠡᠨ᠎ᠳᠡᠭᠡᠨ ᠦᠢᠯᠡᠴᠢᠯᠡᠬᠦ᠌ ᠭᠡᠵᠤ ᠡᠮᠦᠰᠳᠡᠭ ᠶᠤᠮ
ᠲᠤᠭᠤᠰᠤ᠎ᠳᠦ ᠶᠢᠷᠳᠢᠨᠴᠦ᠍ ᠬᠤᠯᠠ ᠦᠢᠷ᠎ᠠ᠎ᠶ᠋ᠢᠨ ᠵᠠᠢᠲᠠᠢ ᠴᠦ᠍
ᠲᠦᠭᠡᠮᠡᠯ ᠬᠠᠢᠷᠠᠳᠤ ᠦᠶ᠎ᠡ ᠵᠠᠢ ᠪᠠᠢᠳᠠᠭ ᠦᠬᠡᠢ ᠶᠤᠮ
ᠰᠠᠨᠰᠠᠷ᠎ᠤᠨ ᠠᠶᠠᠨᠴᠢᠨ ᠤᠷᠴᠢᠯᠠᠩ᠎ᠢᠶᠠᠷ ᠵᠤᠭᠠᠯᠠᠭ᠍ᠰᠠᠨ ᠴᠦ᠍
ᠲᠦᠷᠦ᠍ ᠤᠯᠤᠰ᠎ᠠᠴᠠ᠎ᠪᠠᠨ ᠬᠤᠯᠠᠳᠠᠭ᠎ᠠ ᠦᠬᠡᠢ ᠶᠤᠮ
ᠰᠠᠢᠨ ᠲᠤᠷᠠᠴᠤᠤᠯ᠂ ᠡᠮᠴᠢ ᠰᠤᠪᠢᠯᠠᠭ᠍ᠴᠢ ᠨᠠᠷ ᠴᠦ᠍
ᠲᠦᠮᠡᠨ ᠤᠯᠠᠨ᠎ᠲᠠᠢ᠎ᠪᠠᠨ ᠬᠤᠯᠪᠤᠭ᠎ᠠ᠎ᠲᠠᠢ ᠶᠤᠮ
ᠬᠤᠯᠠ ᠦᠢᠷ᠎ᠠ᠎ᠶ᠋ᠢᠨ ᠪᠠᠢᠯᠳᠤᠭ᠍ᠴᠢ ᠲᠠ ᠨᠠᠷ
ᠬᠤᠶᠠᠭ᠎ᠢᠶᠠᠨ ᠡᠮᠦᠰᠦᠭᠡᠳ ᠯᠠ ᠭᠠᠷᠬᠤ ᠶᠤᠮ ᠪᠤᠯ
ᠬᠡᠨ ᠠᠯᠢᠨ᠎ᠨᠢ ᠴᠦ᠍ ᠲᠠᠨᠢᠭ᠍ᠳᠠᠬᠤ ᠦᠬᠡᠢ ᠶᠤᠮ
ᠬᠡᠨ᠎ᠤ ᠲᠦᠯᠦᠭᠡ᠎ᠨᠢ ᠬᠠᠷᠢᠨ ᠮᠡᠳᠡᠭ᠌ᠳᠡᠭᠦ᠌ ᠶᠤᠮ
ᠵᠠᠢᠲᠠᠢ ᠬᠤᠷᠸ᠎ᠠ ᠦᠵᠡᠰᠭᠦᠯᠡᠩ ᠲᠡᠭᠦᠯᠳᠡᠷ
ᠵᠠᠢᠲᠠᠢ ᠶᠢᠷᠳᠢᠨᠴᠦ᠍ ᠡᠩᠬᠡ ᠲᠦᠪᠱᠢᠨ
ᠬᠠᠷᠠᠬᠤ᠎ᠳᠤ ᠲᠠᠩᠳᠠ ᠵᠠᠢᠲᠠᠢ ᠪᠠᠢᠪᠠᠴᠦ᠍
ᠰᠠᠨᠠᠬᠤ᠎ᠳᠤ ᠬᠠᠷᠢᠨ ᠵᠠᠢ ᠦᠬᠡᠢ ᠶᠤᠮ